ᠪᠠᠶᠠᠨᠨᠠᠭᠤᠷ ᠬᠣᠲᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠠᠶᠠᠨᠨᠠᠭᠤᠷ ᠬᠣᠯᠪᠣᠭᠠᠰᠤ ᠶᠢ ᠳᠠᠷᠤᠵᠤ ᠠᠳᠠᠯᠢ ᠨᠡᠷᠡᠲᠦ ᠵᠦᠢᠯᠡᠰ ᠡᠴᠡ ᠢᠯᠭᠠᠨ ᠲᠠᠨᠢᠭᠠᠷᠠᠢ᠃
ᠥᠪᠥᠷ ᠮᠣᠩᠭᠣᠯ ᠳᠠᠬᠢ ᠪᠠᠶᠠᠨᠨᠠᠭᠤᠷ ᠬᠣᠲᠠ (ᠰᠢᠷ᠎ᠠ)

ᠪᠠᠶᠠᠨᠨᠠᠭᠤᠷ ᠬᠣᠲᠠᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠍ ᠤ ᠬᠠᠷᠢᠶᠠᠲᠤ ᠠᠶᠢᠮᠠᠭ ᠤᠨ ᠡᠩ ᠲᠡᠢ ᠬᠣᠲᠠ᠃ ᠤᠮᠠᠷᠠᠳᠤ ᠪᠠᠨ ᠮᠣᠩᠭᠣᠯ ᠤᠯᠤᠰ ᠍ ᠤᠨ ᠡᠮᠦᠨᠡᠭᠣᠪᠢᠳᠣᠷᠣᠨᠠᠭᠣᠪᠢ ᠠᠶᠢᠮᠠᠭ ᠲᠠᠢ ᠬᠢᠯᠢᠯᠡᠵᠦ᠂ ᠳᠣᠷᠣᠨᠠᠲᠤ ᠪᠠᠨ ᠪᠤᠭᠤᠳᠤ ᠬᠣᠲᠠ᠂ ᠡᠮᠦᠨ᠎ᠡ ᠳᠦ ᠪᠡᠨ ᠬᠠᠲᠤᠨ ᠭᠣᠣᠯ  ᠢᠶᠠᠷ ᠵᠠᠭᠠᠭᠯᠠᠭᠳᠠᠵᠤ ᠣᠷᠳᠣᠰ ᠬᠣᠲᠠ᠂ ᠥᠷᠥᠨᠡᠲᠦ ᠪᠡᠨ ᠠᠯᠠᠱᠠ ᠠᠶᠢᠮᠠᠭ ᠭᠡᠬᠦ ᠥᠪᠡᠷᠲᠡᠭᠡᠨ ᠵᠠᠰᠠᠬᠤ ᠣᠷᠣᠨ ᠤ ᠪᠠᠨ ᠭᠤᠷᠪᠠᠨ ᠨᠤᠲᠤᠭ ᠢᠶᠠᠷ ᠬᠦᠷᠢᠶᠡᠯᠡᠭᠳᠡᠨ᠎ᠡ᠃ ᠬᠠᠭᠤᠴᠢᠨ ᠤ ᠤᠯᠠᠭᠠᠨᠴᠠᠪ ᠴᠢᠭᠤᠯᠭᠠᠨ ᠤ ᠡᠨᠡ ᠨᠤᠲᠤᠭ ᠠᠶᠢᠮᠠᠭ ᠤᠨ ᠡᠩ ᠲᠡᠢ ᠬᠣᠲᠠ (地级市 dìjí shì) ᠪᠣᠯᠵᠤ ᠥᠭᠡᠷᠡᠴᠢᠯᠡᠭᠳᠡᠬᠦ ᠡᠴᠡ ᠡᠮᠦᠨ᠎ᠡ (2003 ᠣᠨ ᠤ 12 ᠰᠠᠷ᠎ᠠ ᠬᠦᠷᠲᠡᠯ᠎ᠡ) ᠪᠠᠶᠠᠨᠨᠠᠭᠤᠷ ᠠᠶᠢᠮᠠᠭ ᠭᠡᠭᠳᠡᠵᠦ ᠪᠠᠶᠢᠪᠠ᠃ ᠤᠷᠳᠤ ᠲᠠᠯ᠎ᠠ᠂ ᠭᠣᠣᠯ ᠤᠨ ᠡᠷᠭᠢ ᠪᠡᠷ ᠬᠣᠲᠠᠵᠢᠵᠤ ᠬᠢᠲᠠᠳᠵᠢᠭ᠌ᠰᠠᠨ᠂ ᠬᠣᠢᠳᠤ ᠲᠠᠯ᠎ᠠ ᠶᠢᠨ ᠬᠥᠳᠡᠭᠡ ᠭᠠᠵᠠᠷ ᠲᠤ ᠪᠠᠨ ᠮᠣᠩᠭᠣᠯ ᠢᠶᠠᠨ ᠭᠡᠭᠡᠭᠡ ᠦᠭᠡᠢ ᠪᠠᠶᠢᠭ᠎ᠠ 65,788 km2 ᠪᠠᠶᠠᠨᠨᠠᠭᠤᠷ ᠲᠤ 2010 ᠣᠨ ᠳᠤ 1,669,915 ᠬᠦᠮᠦᠨ ᠣᠷᠣᠰᠢᠨ ᠰᠠᠭᠤᠵᠤ ᠪᠠᠶᠢᠭᠰᠠᠨ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠤᠨ ᠵᠢᠷᠤᠭ (ᠬᠦᠰᠦᠨᠦᠭᠲᠦ ᠶᠢᠨ ᠳ᠋ᠤᠭᠠᠷ ᠢᠶᠠᠷ)
# ᠨᠡᠷ᠎ᠡ ᠯᠠᠲ᠋ᠢᠨ ᠬᠢᠲᠠᠳ ᠠᠩᠭᠯᠢ ᠯᠠᠲ᠋ᠢᠨ ᠬᠦᠮᠦᠨ ᠠᠮᠠ (2004) ᠭᠠᠵᠠᠷ ᠨᠤᠲᠤᠭ
1 ᠯᠢᠨᠢᠬᠡ ᠳᠡᠭᠦᠷᠭᠡ Línhé Qū Linhe District 550,000 2,354 ᠺᠦᠸᠠᠳ᠋ ᠺᠢᠯᠣᠮᠧᠲ᠋ᠷ
2 ᠤᠶᠤᠸᠠᠨ ᠰᠢᠶᠠᠨ Wǔyuán Xiàn Wuyuan County 280,000 2,493 ᠺᠦᠸᠠᠳ᠋ ᠺᠢᠯᠣᠮᠧᠲ᠋ᠷ
3 ᠳᠡᠩᠺᠣᠤ ᠰᠢᠶᠠᠨ Dèngkǒu Xiàn Dengkou County 120,000 4,167 ᠺᠦᠸᠠᠳ᠋ ᠺᠢᠯᠣᠮᠧᠲ᠋ᠷ
4 ᠤᠷᠠᠳ ᠤᠨ ᠡᠮᠦᠨᠡᠲᠦ ᠬᠣᠰᠢᠭᠤ Wūlātè Qián Qí Urat Front Banner 340,000 7,476 ᠺᠦᠸᠠᠳ᠋ ᠺᠢᠯᠣᠮᠧᠲ᠋ᠷ
5 ᠤᠷᠠᠳ ᠤᠨ ᠳᠤᠮᠳᠠ ᠬᠣᠰᠢᠭᠤ Wūlātè Zhōng Qí Urat Middle Banner 140,000 22,606 ᠺᠦᠸᠠᠳ᠋ ᠺᠢᠯᠣᠮᠧᠲ᠋ᠷ
6 ᠤᠷᠠᠳ ᠤᠨ ᠬᠣᠶᠢᠳᠤ ᠬᠣᠰᠢᠭᠤ Wūlātè Hòu Qí Urat Rear Banner 60,000 24,925 ᠺᠦᠸᠠᠳ᠋ ᠺᠢᠯᠣᠮᠧᠲ᠋ᠷ
7 ᠬᠠᠩᠭᠢᠨ ᠬᠣᠶᠢᠳᠤ ᠬᠣᠰᠢᠭᠤ Hángjǐn Hòu Qí Hanggin Rear Banner 300,000 1,767 ᠺᠦᠸᠠᠳ᠋ ᠺᠢᠯᠣᠮᠧᠲ᠋ᠷ

ᠠᠷᠠᠳ ᠲᠦᠮᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

2000 ᠣᠨ ᠤ ᠲᠣᠭᠠᠯᠠᠯᠭ᠎ᠠ ᠪᠠᠷᠬ ᠬᠦᠮᠦᠨ ᠠᠮᠠ ᠶᠢᠨ ᠲᠣᠭ᠎ᠠ
ᠠᠷᠠᠳ ᠲᠦᠮᠡᠨ ᠬᠦᠮᠦᠨ ᠦ ᠲᠣᠭ᠎ᠠ ᠡᠵᠡᠯᠡᠬᠦ ᠬᠤᠪᠢ
ᠬᠢᠲᠠᠳ ᠦᠨᠳᠦᠰᠦᠲᠡᠨ 1,579,969 93.9%
ᠮᠣᠩᠭᠣᠯ ᠦᠨᠳᠦᠰᠦᠲᠡᠨ 76,368 4.5%
ᠬᠣᠲᠣᠩ ᠦᠨᠳᠦᠰᠦᠲᠡᠨ 19,835 1.2%
ᠮᠠᠨᠵᠤ ᠦᠨᠳᠦᠰᠦᠲᠡᠨ 4,231 0.3%
ᠪᠤᠰᠤᠳ ᠠᠷᠠᠳ ᠲᠦᠮᠡᠨ 2,259 0.1%
ᠪᠦᠭᠦᠳᠡ 1,682,662 100.0%

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ