ᠪᠠᠶᠠᠨ᠍ᠠ᠋ᠭᠤᠯᠠ ᠪᠠᠯᠭᠠᠰᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠠᠶᠠᠨ ᠠᠭᠤᠯᠠ ᠪᠠᠯᠭᠠᠰᠤ
ᠰᠤᠮᠤ
ᠪᠠᠭᠠᠷᠢᠨ ᠵᠡᠭᠦᠨ ᠬᠣᠰᠢᠭᠤ ᠳᠡᠬᠢ ᠪᠠᠶᠠᠨ ᠠᠭᠤᠯᠠ ᠪᠠᠯᠭᠠᠰᠤ(ᠤᠯᠠᠭᠠᠨ)
ᠤᠯᠤᠰ ᠤᠷᠤᠨ Flag of the People's Republic of China.svg ᠬᠢᠲᠠᠳ
ᠮᠤᠵᠢ᠂ ᠣᠷᠣᠨ ᠥᠪᠥᠷ ᠮᠤᠩᠭᠤᠯ
ᠠᠶᠢᠮᠠᠭ᠂ ᠬᠤᠳᠠ ᠤᠯᠠᠭᠠᠨᠬᠠᠳᠠ ᠬᠤᠲᠠ
ᠬᠣᠰᠢᠭᠤ᠂ ᠰᠢᠶᠠᠨ ᠪᠠᠭᠠᠷᠢᠨ ᠵᠡᠭᠦᠨ ᠬᠤᠰᠢᠭᠤ
ᠰᠤᠮᠤ᠂ ᠰᠢᠶᠠᠩ᠂ ᠪᠠᠯᠭᠠᠰᠤ᠂ᠵᠡᠭᠡᠯᠢ ᠪᠠᠶᠠᠨ ᠠᠭᠤᠯᠠ ᠪᠠᠯᠭᠠᠰᠤ
ᠭᠠᠴᠠᠭ᠎ᠠ 1.ᠨᠠᠶᠢᠯᠵᠤᠤᠷ ᠭᠠᠴᠠᠭ᠎ᠠ(ᠨᠤᠲᠤᠭ ᠤᠨ ᠲᠥᠪ ᠤᠨ ᠰᠠᠭᠤᠭ᠎ᠠ ᠭᠠᠵᠠᠷ)
2. ᠰᠠᠶᠢᠨᠬᠤᠳᠳᠤᠭ ᠭᠠᠴᠠᠭ᠎ᠠ
3. ᠴᠠᠭᠠᠨᠪᠠᠶᠢᠴᠠ ᠭᠠᠴᠠᠭ᠎ᠠ
4.ᠤᠯᠠᠭᠠᠨᠪᠠᠶᠢᠴᠠ ᠭᠠᠴᠠᠭ᠎ᠠ
5.ᠨᠠᠷᠢᠨᠳᠠᠪᠠᠭ᠎ᠠ ᠭᠠᠴᠠᠭ᠎ᠠ
6.ᠶᠣᠯᠣ ᠶᠢᠨ ᠠᠷᠤ ᠭᠠᠴᠠᠭ᠎ᠠ
7.1ᠲᠣᠭᠣᠷᠢᠭ
8.2ᠲᠣᠭᠣᠷᠢᠭ
9.3 ᠲᠣᠭᠣᠷᠢᠭ
ᠭᠠᠵᠠᠷ ᠨᠤᠲᠤᠭ 265 км²
ᠬᠦᠮᠦᠨ ᠠᠮᠠ (ᠲᠣᠭᠠᠯᠠᠯ) 2010 ᠤᠨ ᠳᠤ 6888 ᠬᠦᠮᠦᠨ[1]
ᠠᠷᠠᠳ ᠲᠦᠮᠡᠨ ᠮᠣᠩᠭᠣᠯ ᠦᠨᠳᠦᠰᠦᠲᠡᠨ
ᠴᠠᠭ ᠤᠨ ᠪᠥᠰᠡ ᠪᠡᠭᠡᠵᠢᠩ ᠤᠨ ᠴᠠᠭ
20300543524553144904229972220 s.jpg

ᠪᠠᠶᠠᠨ᠍ᠠ᠋ᠭᠤᠯᠠ ᠪᠠᠯᠭᠠᠰᠤ ᠭᠠᠵᠠᠷ ᠣᠷᠣᠨ ᠤ ᠪᠠᠷᠢᠮᠵᠢᠶ᠎ᠠ ᠪᠢᠴᠢᠯᠭᠡ ᠨᠢ Bayan.agvla.png ᠃ ᠵᠡᠭᠦᠨ ᠤᠷᠲᠤᠷᠢᠭ ᠤᠨ118°51′30″--118°54′30″ᠤᠮᠠᠷᠠᠳᠤ ᠦᠷᠭᠡᠷᠢᠭ ᠤᠨ 43°26′00″--44°27′30″。᠃ ᠪᠠᠶᠠᠨ᠍ᠠ᠋ᠭᠤᠯᠠ ᠨᠤᠲᠤᠭ ᠨᠢ ᠪᠠᠭᠠᠷᠢᠨ ᠵᠡᠭᠦᠨ ᠬᠤᠰᠢᠭᠤᠨ  ᠤ ᠬᠣᠶᠢᠨ᠎ᠠ ᠵᠠᠬ᠎ᠠ ᠳ᠋ᠤ ᠬᠤᠰᠢᠭᠤᠨ ᠲᠥᠪ ᠯᠢᠨᠳ᠋ᠦ᠋ᠩ ᠪᠠᠯᠭᠠᠰᠤᠨ ᠡᠴᠡ 60 ᠺᠢᠯᠣᠮᠧᠲ᠋ᠷ ᠵᠠᠶᠢᠳᠠᠢ ᠪᠠᠶᠢᠷᠢᠰᠢᠵᠤ ᠪᠠᠶᠢᠭ᠎ᠠ ᠬᠠᠭᠠᠰ ᠮᠠᠯᠵᠢᠬᠤ ᠬᠠᠭᠠᠰ ᠲᠠᠷᠢᠶᠠᠯᠠᠬᠤ ᠣᠷᠣᠨ ᠶᠤᠮ᠃ ᠵᠡᠭᠦᠨᠰᠢ ᠪᠠᠷᠠᠭᠤᠨᠰᠢ ᠪᠠᠨ 66 ᠺᠢᠯᠣᠮᠧᠲ᠋ᠷ᠂ ᠡᠮᠦᠨᠡᠰᠢ ᠤᠮᠠᠷᠠᠰᠢ ᠪᠠᠨ 25 ᠺᠢᠯᠣᠮᠧᠲ᠋ᠷ ᠂ ᠪᠦᠬᠦ ᠲᠠᠯᠠᠪᠠᠢ 265 ᠲᠡᠭᠰᠢ ᠳᠥᠷᠪᠡᠯᠵᠢᠨ ᠺᠢᠯᠣᠮᠧᠲ᠋ᠷ᠃ ᠬᠣᠶᠢᠲᠤ ᠲᠠᠯ᠎ᠠ ᠪᠠᠷ ᠢᠶᠡᠨ ᠰᠢᠯᠢ ᠶᠢᠨ ᠭᠣᠣᠯ ᠠᠶᠢᠮᠠᠭ  ᠤᠨ ᠪᠠᠷᠠᠭᠤᠨ ᠦᠵᠦᠮᠦᠴᠢᠨ ᠬᠣᠰᠢᠭᠤ ᠲᠠᠢ ᠬᠦᠷᠰᠢᠯᠡᠵᠦ᠂ ᠪᠠᠷᠠᠭᠤᠨ ᠲᠠᠯ᠎ᠠ ᠪᠠᠷ ᠢᠶᠡᠨ ᠪᠠᠭᠠᠷᠢᠨ ᠪᠠᠷᠠᠭᠤᠨ ᠬᠤᠰᠢᠭᠤᠨ ᠤ ᠵᠢᠷᠭᠠᠯ ᠵᠠᠮ ᠰᠤᠮᠤ ᠲᠠᠢ ᠵᠠᠯᠭᠠᠯᠳᠤᠨ᠂ ᠡᠮᠦᠨ᠎ᠡ ᠲᠠᠯ᠎ᠠ ᠪᠡᠷ ᠢᠶᠡᠨ ᠲᠤᠰ ᠬᠣᠰᠢᠭᠤᠨ ᠤ ᠬᠠᠷᠠᠬᠠᠳᠠ ᠪᠠᠯᠭᠠᠰᠤᠪᠢᠯᠡᠭᠦᠦᠲᠡᠢ ᠪᠠᠯᠭᠠᠰᠤ ᠲᠠᠢ ᠵᠠᠬ᠎ᠠ ᠨᠡᠶᠢᠯᠡᠵᠦ᠂ ᠵᠡᠭᠦᠨ ᠲᠠᠯ᠎ᠠ ᠪᠠᠷ  ᠢᠶᠡᠨ ᠪᠢᠯᠡᠭᠦᠦᠲᠡᠢ ᠪᠠᠯᠭᠠᠰᠤᠬᠦᠬᠦᠭᠡ ᠪᠠᠯᠭᠠᠰᠤ(ᠹᠦ᠋ ᠾᠧ) ᠲᠠᠢ ᠬᠢᠯᠢ ᠨᠡᠶᠢᠯᠡᠨ ᠂ ᠬᠣᠶᠢᠭᠤᠷ ᠢᠶᠠᠨ ᠡᠷᠳᠡᠨᠢ ᠡᠪᠦᠷᠯᠡᠭᠰᠡᠨ ᠪᠠᠶᠠᠨ ᠬᠠᠢᠷᠬᠠᠨ ᠢ ᠲᠦᠰᠢᠵᠦ᠂ ᠡᠮᠦᠨ᠎ᠡ ᠪᠡᠨ ᠤᠰᠤᠨ ᠲᠦᠷᠦᠭᠦᠦ ᠬᠠᠨ ᠠᠭᠤᠯᠠ ᠶᠢ ᠢᠰᠭᠦᠯᠵᠦ᠂ ᠪᠠᠷᠠᠭᠤᠨ᠂ ᠵᠡᠭᠦᠨ ᠲᠠᠯ᠎ᠠ ᠪᠠᠷ ᠢᠶᠠᠨ ᠪᠠᠭᠠᠷᠢᠨ ᠰᠠᠶᠢᠬᠠᠨ ᠬᠠᠨ ᠠᠭᠤᠯᠠ ᠪᠣᠯᠣᠨ ᠬᠥᠬᠡ ᠨᠢᠷᠤᠭᠤ ᠬᠠᠨ ᠢᠶᠠᠷ ᠬᠦᠷᠢᠶᠡᠯᠡᠭᠳᠡᠭᠰᠡᠨ ᠠᠭᠤᠯᠠᠷᠬᠠᠭ ᠣᠷᠣᠨ ᠶᠤᠮ᠃ ᠮᠣᠩᠭᠣᠯ ᠦᠨᠳᠦᠰᠦᠲᠡᠨ ᠢᠶᠡᠷ ᠭᠣᠣᠯ ᠪᠣᠯᠭᠠᠨ ᠬᠢᠲᠠᠳ᠂ᠮᠠᠨᠵᠤ᠂ ᠰᠢᠪᠡᠭᠡ ᠵᠡᠷᠭᠡ ᠦᠨᠳᠦᠰᠦᠲᠡᠨ ᠲᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠠᠨ᠍ᠠ᠋ᠭᠤᠯᠠ ᠪᠠᠯᠭᠠᠰᠤ ᠢᠢᠨ ᠰᠠᠭᠤᠭᠠᠯᠢ ᠠᠷᠠᠳ ᠨᠢ ᠭᠣᠣᠯᠳᠠᠭᠤ ᠪᠠᠭᠠᠷᠢᠨ ᠮᠣᠩᠭᠣᠯᠴᠤᠳ᠂ ᠡᠷᠲᠡᠨ ᠳ᠋ᠤ ᠪᠠᠨ ᠡᠨᠡ ᠨᠤᠲᠤᠭ ᠨᠢ ᠬᠢᠲᠠᠨ ᠤ ᠲᠠᠬᠢᠯᠭ᠎ᠠ ᠲᠠᠢ ᠬᠣᠷᠢᠭᠠᠳᠤ ᠣᠷᠣᠨ ᠪᠠᠶᠢᠭᠰᠠᠨ ᠢᠶᠠᠨ ᠂ ᠠᠯᠲᠠᠨ ᠤᠯᠤᠰ ᠤᠨ ᠦᠶ᠎᠎ᠡ ᠳ᠋ᠤ ᠲᠤᠰ ᠨᠤᠲᠤᠭ ᠲᠤ ᠬᠡᠷᠡᠮ ᠴᠠᠶᠢᠵᠠ ᠪᠠᠶᠢᠭᠤᠯᠤᠨ ᠠᠷᠤ ᠲᠠᠯ᠎ᠠ  ᠢᠢᠨ ᠮᠣᠩᠭᠣᠯ ᠠᠶᠢᠮᠠᠭ ᠤᠳ ᠢ ᠰᠡᠷᠭᠡᠶᠢᠯᠡᠵᠦ ᠪᠠᠶᠢᠵᠠᠢ᠃16 ᠳ᠋ᠤᠭᠠᠷ ᠵᠠᠭᠤᠨ ᠤ ᠦᠶ᠎ᠡ ᠳ᠋ᠤ ᠥᠪᠥᠷ ᠬᠠᠯᠬ᠎ᠠ ᠢᠢᠨ ᠠᠯᠴᠤᠪᠣᠯᠣᠳ ᠪᠠᠭᠠᠷᠢᠨ ᠠᠶᠢᠮᠠᠭ ᠢ ᠠᠪᠴᠤ ᠡᠮᠦᠨᠡᠰᠢ ᠨᠡᠭᠦᠭᠰᠡᠨ ᠡᠴᠡ ᠡᠨᠡ ᠨᠤᠲᠤᠭ ᠪᠠᠭᠠᠷᠢᠨ ᠮᠣᠩᠭᠣᠯᠴᠤᠳ ᠤᠨ ᠬᠠᠷᠢᠶᠠᠨ ᠳ᠋ᠤ ᠣᠷᠣᠵᠠᠢ᠃ ᠴᠢᠩ ᠤᠯᠤᠰ ᠤᠨ ᠦᠶ᠎ᠡ ᠳ᠋ᠤ ᠡᠨᠡ ᠨᠤᠲᠤᠭ ᠨᠢ ᠪᠠᠭᠠᠷᠢᠨ ᠵᠡᠭᠦᠨ ᠭᠠᠷᠤᠨ ᠬᠤᠰᠢᠭᠤ ᠢᠢᠨ ᠡᠪᠦᠯᠵᠢᠶᠡᠨ ᠨᠤᠲᠤᠭ ᠪᠠᠶᠢᠵᠠᠢ᠃ ᠳᠤᠮᠳᠠᠳᠤ ᠢᠷᠭᠡᠨ ᠤᠯᠤᠰ ᠤᠨ ᠦᠶ᠎ᠡ ᠳ᠋ᠤ ᠪᠠᠭᠠᠷᠢᠨ ᠵᠡᠭᠦᠨ ᠬᠤᠰᠢᠭᠤᠨ ᠤ ᠨᠤᠲᠤᠭ ᠲᠤ ᠬᠢᠲᠠᠳ ᠢᠷᠭᠡᠳ ᠣᠷᠣᠵᠤ ᠢᠷᠡᠨ ᠠᠲᠠᠷ ᠬᠠᠭᠠᠨᠯᠪᠦᠷᠢᠯᠠᠨ᠂ ᠨᠤᠲᠤᠭ ᠤᠨ ᠮᠣᠩᠭᠣᠯᠴᠤᠳ ᠨᠤᠲᠤᠭ ᠢᠶᠠᠨ ᠠᠯᠳᠠᠨ ᠡᠪᠦᠯᠵᠢᠶᠡᠨ ᠨᠤᠲᠤᠭ ᠪᠠᠢᠭᠰᠠᠨ ᠪᠠᠶᠠᠨ᠍ᠠ᠋ᠭᠤᠯᠠ ᠳ᠋ᠤ ᠰᠢᠬᠠᠭᠳᠠᠨ ᠢᠷᠡᠵᠡᠢ᠃ 1933ᠣᠨ ᠳ᠋ᠤ ᠪᠠᠶᠠᠨ᠍ᠠ᠋ᠭᠤᠯᠠ᠂ ᠪᠢᠯᠡᠭᠦᠦᠲᠡᠢ ᠣᠷᠣᠨ ᠤ ᠮᠣᠩᠭᠣᠯᠴᠤᠳ ᠢ ᠪᠠᠶᠠᠨ᠍ᠠ᠋ᠭᠤᠯᠠ ᠪᠢᠯᠡᠭᠦᠦᠲᠡᠢ ᠨᠤᠲᠤᠭ ᠭᠡᠵᠦ ᠨᠠᠷᠡᠶᠢᠳᠵᠠᠢ ᠃ 1947ᠤᠨ ᠳ᠋ᠤ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠪᠠ ᠵᠤᠤ ᠤᠳᠠ ᠠᠶᠢᠮᠠᠭ ᠤᠨ ᠵᠠᠰᠠᠭ ᠤᠨ ᠣᠷᠳᠣᠨ ᠪᠠᠶᠢᠭᠤᠯᠤᠭᠳᠠᠵᠤ᠂ ᠪᠢᠯᠡᠭᠦᠦᠲᠠᠢ ᠨᠤᠲᠤᠭ  ᠢ ᠥᠭᠡᠷᠡᠴᠢᠯᠡᠨ ᠬᠠᠮᠢᠶᠠᠷᠠᠪᠠ᠃ 1958ᠣᠨ ᠳ᠋ᠤ ᠴᠠᠭᠠᠨᠪᠠᠶᠢᠴᠠ ᠰᠤᠮᠤ ᠪᠠᠶᠢᠭᠤᠯᠤᠭᠳᠠᠵᠠᠢ᠃ 1959 ᠤᠨ ᠳ᠋ᠤ ᠪᠠᠶᠠᠨ᠍ᠠ᠋ᠭᠤᠯᠠ ᠠᠷᠠᠳ ᠤᠨ ᠨᠢᠭᠡᠳᠦᠯ ᠭᠡᠵᠦ ᠬᠠᠯᠠᠪᠠ᠃ 1984ᠣᠨ ᠳ᠋ᠤ ᠪᠠᠶᠠᠨ᠍ᠠ᠋ᠭᠤᠯᠠ ᠰᠤᠮᠤ ᠭᠡᠵᠦ ᠬᠠᠯᠠᠵᠠᠢ᠃ 1992ᠤᠨ ᠳ᠋ᠤ ᠨᠠᠷᠢᠨᠳᠠᠪᠠᠭ᠎ᠠ ᠂ ᠶᠣᠯᠣ ᠢᠢᠨ ᠠᠷᠤ ᠢᠢ ᠪᠠᠶᠠᠨᠨᠢᠷᠤᠭᠤ ᠴᠠᠶᠢᠷ ᠲᠤᠭᠤᠯᠭ᠎ᠠ ᠶᠢᠨ ᠠᠭᠤᠷᠬᠠᠢ ᠲᠠᠢ ᠨᠡᠶᠢᠯᠡᠭᠦᠯᠦᠨ ᠪᠠᠶᠠᠨᠨᠢᠷᠤᠭᠤ ᠪᠠᠯᠭᠠᠰᠤ ᠭᠡᠵᠦ ᠂ ᠪᠠᠶᠠᠨ᠍ᠠ᠋ᠭᠤᠯᠠ ᠡᠴᠡ ᠲᠠᠰᠤᠯᠤᠨ ᠭᠠᠷᠭᠠᠵᠠᠢ᠃ ᠰᠡᠭᠦᠯᠡᠷ ᠨᠢ ᠪᠠᠶᠠᠨᠨᠢᠷᠤᠭᠤ ᠪᠠᠯᠭᠠᠰᠤ ᠶᠢ ᠳᠠᠬᠢᠨ ᠪᠠᠶᠠᠨ ᠠᠭᠤᠯᠠ ᠰᠤᠮᠤ ᠲᠠᠢ ᠨᠢᠭᠡᠳᠤᠭᠦᠯᠦᠨ ᠪᠠᠶᠠᠨᠨᠢᠷᠤᠭᠤ ᠪᠠᠯᠭᠠᠰᠤ ᠭᠡᠵᠦ ᠪᠠᠶᠢᠭᠰᠠᠨ ᠢᠶᠠᠨ ᠂ 2010 ᠤᠨ ᠳᠤ ᠪᠠᠶᠠᠨ᠍ᠠ᠋ᠭᠤᠯᠠ ᠪᠠᠯᠭᠠᠰᠤ ᠭᠡᠵᠦ ᠦᠭᠡᠷᠡᠴᠢᠯᠡᠨ ᠪᠠᠶᠢᠭᠤᠯᠵᠠᠢ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠡ ᠬᠠᠭᠤᠷᠠᠢ ᠢᠢᠨ ᠴᠢᠨᠠᠷᠲᠠᠢ ᠤᠯᠠᠷᠢᠯ ᠤᠨ ᠴᠢᠨᠠᠷᠲᠠᠢ ᠠᠭᠤᠷ ᠠᠮᠢᠰᠬᠤᠯ᠃ ᠵᠢᠯ ᠤᠨ ᠬᠤᠷ᠎ᠠ ᠲᠤᠨᠤᠳᠠᠰᠤ  ᠢᠢᠨ ᠳᠤᠮᠳᠠᠴᠢ ᠬᠡᠮᠵᠢᠶ᠎ᠡ 366.4 ᠮᠢᠯᠢᠯᠢᠲ᠋ᠷ᠂ ᠡᠪᠦᠯ ᠤᠨ ᠬᠠᠮᠤᠭ ᠤᠨ ᠥᠨᠳᠥᠷ ᠬᠦᠢᠲᠡᠨ ᠤ ᠬᠡᠮᠵᠢᠶ᠎ᠡ -35 ᠲᠦ ᠬᠦᠷᠴᠦ᠂ ᠬᠠᠨ ᠠᠭᠤᠯᠠ ᠢᠢᠨ ᠴᠠᠰᠤ ᠮᠥᠰᠥᠨ ᠳ᠋ᠤ ᠬᠤᠴᠢᠭᠳᠠᠬᠤ ᠬᠤᠭᠤᠴᠠᠭ᠎ᠠ 6 ᠰᠠᠷ᠎ᠠ ᠦᠷᠭᠦᠯᠵᠢᠯᠡᠳᠡᠭ᠂ ᠵᠢᠯ ᠤᠨ ᠳᠤᠮᠳᠠᠴᠢ ᠳᠤᠯᠠᠭᠠᠨ ᠤ ᠬᠡᠮᠵᠢᠶ᠎ᠡ3.4 ᠭᠷᠠᠳᠦ᠋ᠰ᠂ ᠵᠢᠯ ᠤᠨ ᠬᠢᠷᠠᠭᠤ ᠦᠭᠡᠢ ᠬᠤᠭᠤᠴᠠᠭ᠎ᠠ ᠪᠠᠷᠤᠭ 110ᠡᠳᠦᠷ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠬᠦ ᠨᠤᠲᠤᠭ ᠠᠭᠤᠯᠠᠷᠬᠠᠭ ᠣᠷᠣᠨ ᠢᠶᠠᠷ ᠭᠣᠣᠯᠯᠠᠵᠤ᠂ ᠠᠭᠤᠯᠠ ᠨᠢᠷᠤᠭᠤ ᠨᠤᠭᠤᠳ ᠨᠢ ᠭᠣᠣᠯᠳᠠᠭᠤ ᠬᠢᠩᠭᠠᠨ ᠳᠠᠪᠠᠭᠠᠨ ᠤ ᠰᠠᠯᠪᠤᠷᠢ ᠨᠢᠷᠤᠭᠤ ᠨᠤᠭᠤᠳ ᠪᠠᠶᠢᠵᠤ ᠂ ᠠᠭᠤᠯᠠᠨ ᠳᠤᠮᠳᠠ ᠪᠠᠨ ᠬᠦᠨᠳᠡᠢ ᠲᠠᠯ᠎ᠠ ᠲᠠᠢ᠃ ᠨᠡᠷᠡᠲᠡᠢ ᠰᠠᠶᠢᠬᠠᠨ ᠠᠭᠤᠯᠠ ᠨᠢᠷᠤᠭᠤᠳ ᠰᠠᠶᠢᠬᠠᠨ ᠬᠠᠨ ᠠᠭᠤᠯᠠ (ᠳᠠᠯᠠᠢ ᠢᠢᠨ ᠲᠦᠪᠰᠢᠨ ᠡᠴᠡ 2483 ᠮᠧᠲ᠋ᠷ ᠥᠨᠳᠥᠷ)᠂ ᠪᠠᠶᠠᠨ ᠬᠠᠶᠢᠷᠬᠠᠨ (ᠳᠠᠯᠠᠢ ᠢᠢᠨ ᠲᠦᠪᠰᠢᠨ ᠡᠴᠡ 1734.3 ᠮᠧᠲ᠋ᠷ ᠡᠷᠭᠦᠳᠡᠴᠡ ᠲᠠᠢ)᠂ ᠶᠣᠯᠣ ᠢᠢᠨ ᠬᠦᠮᠦᠷᠢᠭᠦᠦ (ᠳᠠᠯᠠᠢ ᠢᠢᠨ ᠲᠦᠪᠰᠢᠨ ᠡᠴᠡ 1319 ᠮᠧᠲ᠋ᠷ ᠡᠷᠭᠦᠳᠡᠴᠡ ᠲᠠᠢ)᠂ ᠪᠠᠶᠠᠨᠳᠡᠯᠭᠡᠷ ᠵᠡᠷᠭᠡ ᠪᠠᠶᠢᠨ᠎ᠠ᠃

ᠬᠡᠷᠦᠬᠦ ᠶᠢᠨ ᠳᠠᠪᠠᠭ᠎ᠠ ᠂ ᠨᠠᠷᠢᠨ ᠳᠠᠪᠠᠭ᠎ᠠ᠂ ᠰᠠᠩ ᠤᠨ ᠳᠠᠪᠠᠭ᠎ᠠ᠂ ᠤᠯᠠᠭᠠᠨ ᠳᠠᠪᠠᠭ᠎ᠠ᠂ ᠬᠤᠷᠠᠭ᠎ᠠ ᠶᠢᠨ ᠳᠠᠪᠠᠭ᠎ᠠ ᠵᠡᠷᠭᠡ ᠳᠠᠪᠠᠭ᠎ᠠ ᠨᠤᠭᠤᠳ ᠲᠠᠢ᠃

ᠭᠣᠣᠯ ᠮᠥᠷᠡᠨ ᠨᠠᠷᠢᠨ ᠭᠣᠣᠯ᠂ ᠭᠠᠨᠠᠭ ᠤᠨ ᠭᠣᠣᠯ᠂ ᠤᠯᠠᠭᠠᠨᠪᠠᠶᠢᠴᠠ ᠢᠢᠨ ᠭᠣᠣᠯ᠂ ᠴᠠᠭᠠᠨᠪᠠᠶᠢᠴᠠ ᠢᠢᠨ ᠭᠣᠣᠯ(ᠨᠣᠭᠤᠭᠠᠨ ᠪᠤᠯᠠᠭ)᠂ ᠨᠦᠬᠡᠲᠦ ᠢᠢᠨ ᠭᠣᠣᠯ ᠵᠡᠷᠭᠡ ᠪᠠᠶᠢᠨ᠎ᠠ᠃ ᠨᠦᠬᠡᠲᠦ ᠢᠢᠨ ᠬᠦᠨᠳᠡᠢ ᠂ ᠰᠢᠷᠭᠤᠭ᠎ᠠ ᠢᠢᠨ ᠬᠦᠨᠳᠡᠢ ᠂ ᠠᠭᠳᠠ ᠢᠢᠨ ᠲᠠᠯ᠎ᠠ᠂ ᠪᠠᠶᠠᠨ ᠡᠩᠭᠡᠷ ᠵᠡᠷᠭᠡ ᠬᠦᠨᠳᠡᠢ ᠲᠠᠯ᠎ᠠ ᠲᠠᠢ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

2010 ᠤᠨ ᠤ ᠲᠤᠭᠠᠯᠠᠯᠭ᠎ᠠ ᠪᠠᠷ ᠪᠠᠶᠠᠨ ᠠᠭᠤᠯᠠ ᠪᠠᠯᠭᠠᠰᠤᠨ ᠤ ᠪᠦᠬᠦ ᠬᠦᠮᠦᠨ ᠠᠮᠠ 6888᠂ ᠡᠭᠦᠨ ᠳᠤ ᠮᠣᠩᠭᠣᠯ ᠦᠨᠳᠦᠰᠦᠲᠡᠨ 5766᠂ ᠬᠢᠲᠠᠳ ᠦᠨᠳᠦᠰᠦᠲᠡᠨ 1051 ᠂ ᠮᠠᠨᠵᠤ ᠦᠨᠳᠦᠰᠦᠲᠡᠨ 57 ᠃ [1]

ᠵᠠᠰᠠᠭ ᠤᠨ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

BAYAN-UUL-jsg.jpg ᠪᠠᠶᠠᠨ᠍ᠠ᠋ᠭᠤᠯᠠ ᠪᠠᠯᠭᠠᠰᠤ ᠣᠳᠣ ᠳ᠋ᠤ ᠪᠠᠨ 6 ᠭᠠᠴᠠᠭ᠎ᠠ᠂ 3 ᠠᠭᠤᠷᠬᠠᠢ ᠢᠢᠨ ᠲᠣᠭᠣᠷᠢᠭ ᠲᠠᠢ᠃ ᠰᠠᠶᠢᠨᠬᠤᠳᠳᠤᠭ ᠭᠠᠴᠠᠭ᠎ᠠ᠂ ᠴᠠᠭᠠᠨᠪᠠᠶᠢᠴᠠ ᠭᠠᠴᠠᠭ᠎ᠠ᠂ ᠨᠠᠶᠢᠯᠵᠤᠤᠷ ᠭᠠᠴᠠᠭ᠎ᠠ᠂ ᠤᠯᠠᠭᠠᠨᠪᠠᠶᠢᠴᠠ ᠭᠠᠴᠠᠭ᠎ᠠ᠂ ᠨᠠᠷᠢᠨᠳᠠᠪᠠᠭ᠎ᠠ ᠭᠠᠴᠠᠭ᠎ᠠ᠂ ᠶᠣᠯᠣ ᠶᠢᠨ ᠠᠷᠤ ᠭᠠᠴᠠᠭ᠎ᠠ ᠵᠢᠴᠢ 1᠂2᠂3 ᠳ᠋ᠤᠭᠠᠷ ᠠᠭᠤᠷᠬᠠᠢ ᠢᠢᠨ ᠰᠠᠭᠤᠭᠠᠯᠢ ᠠᠷᠠᠳ ᠤᠨ ᠲᠣᠭᠣᠷᠢᠭ ᠲᠠᠢ ᠂ 2016 ᠤᠨ ᠳ᠋ᠤ 4 ᠳ᠋ᠦᠭᠡᠷ ᠲᠣᠭᠣᠷᠢᠭ ᠢ ᠶᠣᠯᠣ ᠶᠢᠨ ᠠᠷᠤ ᠭᠠᠴᠠᠭ᠎ᠠ ᠭᠡᠬᠦ ᠤᠭ ᠨᠡᠷ ᠡ ᠶᠢ ᠨᠢ ᠰᠡᠷᠭᠦᠭᠡᠵᠡᠢ᠃ ᠰᠠᠶᠢᠨᠬᠤᠳᠳᠤᠭ᠂ ᠮᠣᠷᠢᠨᠬᠣᠰᠢᠭᠤ᠂ ᠬᠠᠷᠠᠪᠠᠶᠢᠴᠠ᠂ ᠤᠯᠠᠭᠠᠨᠲᠣᠯᠣᠭᠠᠢ᠂ ᠴᠠᠭᠠᠨᠪᠠᠶᠢᠴᠠ ᠂ ᠬᠥᠬᠡᠬᠠᠳᠠ ᠂ ᠨᠠᠶᠢᠯᠵᠤᠤᠷ ᠂ ᠰᠢᠨᠡᠲᠠᠯ᠎ᠠ᠂ ᠬᠠᠶᠢᠯᠠᠰᠤ ᠂ ᠡᠰᠡᠷᠡᠭ᠂ ᠤᠯᠠᠭᠠᠨᠪᠠᠶᠢᠴᠠ᠂ ᠰᠢᠪᠠᠭᠲᠤ ᠂ ᠶᠣᠯᠣ ᠢᠢᠨ ᠠᠷᠤ ᠂ ᠨᠠᠷᠢᠨᠳᠠᠪᠠᠭ᠎ᠠ ᠵᠡᠷᠭᠡ ᠳᠤᠭᠤᠶᠢᠯᠠᠩ ᠲᠠᠢ᠃

ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠠᠨ᠍ᠠ᠋ᠭᠤᠯᠠ ᠪᠠᠯᠭᠠᠰᠤ ᠢᠢᠨ ᠬᠣᠶᠢᠳᠤ ᠬᠡᠰᠡᠭ ᠤᠨ ᠪᠠᠶᠠᠨᠨᠢᠷᠤᠭᠤ ᠨᠢ ᠠᠭᠤᠷᠬᠠᠢ ᠢᠢᠨ ᠨᠡᠭᠡᠭᠡᠯᠲᠡ ᠪᠠᠷ ᠭᠣᠣᠯ ᠪᠣᠯᠭᠠᠵᠤ ᠂ ᠪᠠᠶᠠᠨᠨᠢᠷᠤᠭᠤ ᠴᠠᠶᠢᠷ ᠲᠤᠭᠤᠯᠭ᠎ᠠ  ᠢᠢᠨ ᠠᠭᠤᠷᠬᠠᠢ ᠲᠠᠢ᠃ ᠪᠤᠰᠤᠳ ᠭᠠᠵᠠᠷ ᠨᠢ ᠮᠠᠯ ᠠᠵᠤ ᠠᠬᠤᠢ ᠪᠠᠷ ᠭᠣᠣᠯ ᠪᠣᠯᠭᠠᠵᠤ᠂ ᠡᠮᠦᠨ᠎ᠡ ᠬᠡᠰᠡᠭ ᠲᠤ ᠮᠠᠯ ᠲᠠᠷᠢᠶᠠᠯᠠᠩ  ᠢ ᠳᠠᠭᠠᠤ ᠳ᠋ᠤ ᠨᠢ ᠡᠷᠬᠢᠯᠡᠵᠦ ᠪᠠᠶᠢᠨ᠎ᠠ᠃ 14695 ᠲᠣᠯᠣᠭᠠᠢ ᠪᠤᠳᠠ ᠮᠠᠯ᠂ 93633ᠲᠣᠯᠣᠭᠠᠢ ᠪᠤᠭ ᠮᠠᠯ ᠲᠠᠢ(2010)[2] ᠃


ᠰᠣᠶᠣᠯ ᠤᠨ ᠦᠯᠡᠳᠡᠭᠳᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠨᠤᠲᠤᠭ ᠤᠨ ᠬᠢᠵᠠᠭᠠᠷ ᠲᠦ ᠬᠢᠲᠠᠨ ᠤ ᠣᠩᠭᠣᠨ ᠰᠦᠷᠦᠭ ᠣᠯᠠᠨ ᠲᠠᠷᠬᠠᠵᠤ᠂ ᠠᠯᠲᠠᠨ ᠤᠯᠤᠰ ᠤᠨ ᠤᠳᠠᠰᠤᠨ ᠬᠡᠷᠡᠮ᠂ ᠨᠦᠬᠡᠲᠦ ᠪᠠᠶᠢᠴᠠ ᠢᠢᠨ ᠡᠷᠲᠡᠨ ᠤ ᠴᠠᠶᠢᠵᠠ᠂ ᠴᠠᠭᠠᠨᠪᠠᠶᠢᠴᠠ ᠢᠢᠨ ᠳᠠᠷᠴᠤᠭᠲᠤ ᠢᠢᠨ ᠬᠠᠳᠠᠨ ᠪᠢᠴᠢᠭ ᠵᠡᠷᠭᠡ ᠡᠷᠲᠡ ᠤ ᠰᠣᠶᠣᠯ ᠤᠨ ᠪᠠᠭᠤᠷᠢ ᠦᠯᠡᠳᠡᠭᠳᠡᠯ ᠲᠠᠢ᠃ ᠪᠭᠠᠷᠢᠨ ᠠᠷᠠᠳ ᠤᠨ ᠳᠠᠭᠤᠤ

ᠬᠥᠬᠡ ᠨᠢᠷᠤᠭᠤ ᠬᠠᠨ ᠠᠭᠤᠯᠠ
ᠵᠦᠭ ᠵᠦᠭ ᠡᠴᠡ ᠮᠥᠷᠭᠥᠯ ᠲᠡᠢ
ᠵᠦᠩᠳᠡᠷ ᠤᠨ ᠣᠪᠣᠭᠠᠨ ᠤ ᠰᠠᠢᠬᠠᠨ ᠨᠠ
ᠵᠦᠢᠯ ᠤᠨ ᠬᠤᠶᠠᠷ ᠢᠶᠠᠷ ᠳᠣᠩᠭᠣᠳᠣᠭᠠᠳ ᠪᠠᠶᠢᠬᠤ ᠨᠢ
ᠵᠢᠷᠦᠬᠡᠨ ᠠᠯᠠᠭ ᠰᠢᠪᠠᠭᠤ
ᠳᠠᠯᠠᠨ ᠬᠠᠶᠢᠯᠠᠰᠤ ᠢᠢᠨ ᠠᠷᠤ ᠪᠠᠷ
ᠳᠠᠪᠬᠤᠷ ᠤᠨ ᠣᠪᠣᠭᠠᠨ ᠤ ᠰᠠᠶᠢᠬᠠᠨ ᠨᠠ
ᠳᠠᠯᠠᠨ ᠬᠡᠯᠡ ᠪᠡᠷ ᠳᠣᠩᠭᠣᠳᠣᠭᠠᠳ ᠪᠠᠶᠢᠬᠤ ᠨᠢ
ᠳᠠᠯᠠᠪᠴᠢᠨ ᠠᠯᠠᠭ ᠰᠢᠪᠠᠭᠤ
ᠬᠥᠬᠡᠷᠡᠨ ᠬᠠᠷᠠᠭᠳᠠᠬᠤ ᠨᠢ
ᠬᠥᠬᠡ ᠨᠢᠷᠤᠭᠤ ᠬᠠᠨ ᠠᠭᠤᠯᠠ
ᠬᠥᠨᠳᠡᠢ ᠴᠡᠭᠡᠵᠢᠨ ᠡᠴᠡ ᠭᠠᠷᠬᠤ ᠦᠭᠡᠢ
ᠬᠦᠭᠰᠢᠨ ᠲᠤᠰᠠᠯᠠᠭᠴᠢ ᠠᠪᠤ ᠮᠢᠨᠢ
ᠪᠤᠷᠵᠠᠩ ᠦᠭᠡᠢ ᠤᠷᠤᠰᠬᠤ ᠨᠢ
ᠪᠤᠶᠠᠨ ᠭᠣᠣᠯ ᠤᠨ ᠤᠰᠤ
ᠪᠣᠳᠣᠯᠭ᠎ᠠ ᠴᠡᠭᠡᠵᠢᠨ ᠡᠴᠡ ᠭᠠᠷᠬᠤ ᠦᠭᠡᠢ
ᠪᠣᠷᠣ ᠲᠤᠰᠠᠯᠠᠭᠴᠢ ᠠᠪᠤ ᠮᠢᠨᠢ

ᠨᠤᠲᠤᠭ ᠤᠨ ᠠᠯᠳᠠᠷᠲᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠣᠷᠣ ᠨᠣᠶᠠᠨ ᠮᠢᠰᠢᠭᠷᠠᠪᠳᠠᠨ
ᠳ᠋ᠠᠷᠮᠠᠳᠠᠯᠠᠢ (1828-?) ᠲᠡᠦᠬᠡᠴᠢ᠃
ᠰᠢᠨᠢᠨᠢᠭᠡᠨ (1901-1953) ᠬᠤᠭᠤᠷᠴᠢ᠃
ᠠᠯᠲᠠᠨᠭᠡᠷᠡᠯ (1912-1974) ᠤᠷᠲᠤ ᠢᠢᠨ ᠳᠠᠭᠤᠴᠢ᠃
ᠠ᠊᠂ ᠣᠳᠽᠠᠷ(1924-2013.02) ᠠᠯᠳᠠᠷᠲᠤ ᠵᠣᠬᠢᠶᠠᠯᠴᠢ᠃
ᠬ ᠳ᠋ᠠᠮᠪᠢᠵᠠᠯᠰᠠᠨ(1933-2004.10) ᠠᠯᠳᠠᠷᠲᠤ ᠵᠣᠬᠢᠶᠠᠯᠴᠢ᠃
ᠭ ᠰᠢᠷᠠᠪᠵᠠᠮᠰᠤ(1953-) ᠠᠯᠳᠠᠷᠲᠤ ᠵᠣᠬᠢᠶᠠᠯᠴᠢ᠃

ᠡᠬᠡ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 2010 ᠤᠨ ᠤ ᠪᠠᠭᠠᠷᠢᠨ ᠵᠡᠭᠦᠨ ᠬᠣᠰᠢᠭᠤᠨ ᠤ ᠪᠦᠬᠦ ᠵᠢᠯ ᠤᠨ ᠲᠤᠭᠠᠯᠠᠯᠭ᠎ᠠ ᠂ ᠬᠦᠮᠦᠨ ᠠᠮᠠ ᠶᠢᠨ ᠲᠣᠭᠠᠯᠠᠯᠭ᠎ᠠ ᠶᠢᠨ ᠳ᠋ᠦᠩ
  2. 2010 ᠤᠨ ᠤ ᠪᠠᠭᠠᠷᠢᠨ ᠵᠡᠭᠦᠨ ᠬᠣᠰᠢᠭᠤᠨ ᠤ ᠪᠦᠬᠦ ᠵᠢᠯ ᠤᠨ ᠲᠤᠭᠠᠯᠠᠯᠭ᠎ᠠ ᠶᠢᠨ ᠳ᠋ᠦᠩ

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠪᠠᠶᠠᠨ ᠠᠭᠤᠯᠠ ᠨᠤᠲᠤᠭ ᠤᠨ ᠤᠢᠯᠠᠯᠭ᠎ᠠ

ᠪᠢᠴᠢᠭᠡᠰᠦ