ᠪᠠᠲᠤ-ᠣᠴᠢᠷ ᠤᠨ ᠰᠡᠷᠡ-ᠣᠳᠣ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
<td class="" style="">ᠮᠣᠩᠭᠣᠯᠮᠣᠩᠭᠣᠯ (ᠮᠣᠩᠭᠣᠯ ᠤᠯᠤᠰ)</td><tr><th style="">ᠲᠠᠮᠢᠷ᠂ ᠰᠫᠣᠷᠲ</th><td class="" style="">ᠬᠥᠩᠭᠡᠨ ᠠᠲᠯᠧᠲ᠋ᠢᠭ</td></tr><tr><th style="">ᠠᠯᠳᠠᠷ᠂ ᠴᠣᠯᠠ</th><td class="" style="">ᠮᠣᠩᠭᠣᠯ ᠤᠯᠤᠰ ᠤᠨ ᠭᠠᠪᠢᠶᠠᠲᠤ ᠲᠠᠮᠢᠷᠴᠢᠨ (2011)</td></tr><tr><th style="">ᠥᠨᠳᠥᠷ / ᠵᠢᠩ</th><td class="org" style="">170 ᠰᠮ / 60 ᠺᠭ</td></tr><tr><th colspan="2" style="text-align:center; background:
  1. B0C4DE;">
ᠪᠠᠲᠤ-ᠣᠴᠢᠷ ᠤᠨ ᠰᠡᠷᠡ-ᠣᠳᠣ
ᠲᠠᠮᠢᠷᠴᠢᠨ ᠤ ᠲᠤᠬᠠᠢ
ᠲᠦᠷᠦᠭᠰᠡᠨ ᠡᠳᠦᠷ1981 ᠣᠨ ᠤ 10 ᠰᠠᠷ᠎ᠠ ᠶᠢᠨ 7 (1981-10-07) (37 ᠨᠠᠰᠣᠳᠠᠢ)
ᠲᠦᠷᠦᠭᠰᠡᠨ ᠭᠠᠵᠠᠷᠮᠣᠩᠭᠣᠯᠭᠣᠪᠢ-ᠠᠯᠲᠠᠢ
ᠤᠯᠤᠰ᠂ ᠣᠷᠣᠨ </div>
ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ
ᠠᠯᠲᠠ ᠰᠢᠶᠠᠩᠭᠠᠩ 2013 ᠮᠠᠷᠠᠹᠣᠨ᠂ ᠡᠷ᠎ᠡ
</th></tr><tr><td colspan="2" style="text-align:center; color:darkslategray; font-size:82%">2013-10-10 ᠍ ᠤ ᠪᠠᠶᠢᠳᠠᠯ ᠢᠶᠠᠷ ᠮᠡᠳᠡᠭᠡᠯᠡᠪᠡ᠃</td></tr>

</table>

ᠪᠠᠲᠤ-ᠣᠴᠢᠷ ᠤᠨ ᠰᠡᠷᠡ-ᠣᠳᠣ 1981 ᠣᠨ ᠤ 10 ᠰᠠᠷ᠎ᠠ ᠶᠢᠨ 7 ᠍ ᠳᠦ ᠭᠣᠪᠢ-ᠠᠯᠲᠠᠢ ᠠᠶᠢᠮᠠᠭ ᠲᠤ ᠲᠦᠷᠦᠭᠰᠡᠨ᠃ ᠥᠨᠳᠥᠷ 170 ᠰᠮ᠂ ᠵᠢᠩ 60 ᠺᠭ᠃ 1997 ᠣᠨ ᠠᠴᠠ ᠬᠣᠶᠢᠰᠢ ᠬᠥᠩᠭᠡᠨ ᠠᠲᠯᠧᠲ᠋ᠢᠭ ᠢᠶᠠᠷ ᠬᠢᠴᠢᠶᠡᠯᠯᠡᠭᠰᠡᠨ᠃ 《ᠬᠦᠴᠦ》 ᠰᠫᠣᠷᠲ ᠬᠣᠷᠢᠶᠠᠨ ᠤ ᠲᠠᠮᠢᠷᠴᠢᠨ᠂ ᠴᠠᠭᠳᠠᠭ᠎ᠠ ᠶᠢᠨ ᠣᠹᠢᠼᠧᠷ᠃ ᠠᠩᠬᠠᠨ ᠤ ᠳᠠᠰᠬᠠᠯᠵᠢᠭᠤᠯᠤᠭᠴᠢ ᠨᠢ ᠳᠠᠮᠪᠠ ᠶᠢᠨ ᠭᠣᠮᠪᠣᠰᠦ᠋ᠷᠦᠩ᠃ ᠣᠳᠣ ᠳᠠᠷᠬᠠᠨ ᠬᠣᠲᠠ ᠶᠢᠨ ᠠᠭᠤᠭᠤᠯ᠂ ᠭᠡᠷᠭᠡᠢ ᠣᠳᠤᠩᠰᠦ᠋ᠷᠦᠩ ᠦᠨ ᠣᠶᠤᠨᠲᠤᠶᠠᠭ᠎ᠠ ᠲᠡᠭᠦᠨ ᠢ ᠳᠠᠰᠬᠠᠯᠵᠢᠭᠤᠯᠳᠠᠭ ᠪᠥᠭᠡᠳ ᠥᠪᠡᠷ ᠢᠶᠡᠨ ᠳᠤᠮᠳᠠ ᠶᠢᠨ ᠵᠠᠢ ᠶᠢᠨ ᠭᠦᠶᠦᠭᠴᠢ ᠪᠠᠶᠢᠭᠰᠠᠨ᠃ ᠨᠢᠭᠡ ᠬᠦᠦᠲᠡᠢ᠃ ᠬᠥᠭᠵᠢᠮ ᠰᠤᠨᠤᠰᠬᠤ ᠬᠣᠪᠪᠢ ᠲᠠᠢ᠃ 2010 ᠣᠨ ᠤ ᠬᠣᠹᠦ (ᠶᠠᠫᠣᠨ), ᠪᠷᠠᠶᠢᠲᠠᠨ (ᠶᠡᠬᠡ ᠪᠷᠢᠲ᠋ᠠᠨ(ᠠᠩᠭᠯᠢ)) ᠍ ᠤ ᠮᠠᠷᠠᠹᠣᠨ ᠳᠤ ᠲᠦᠷᠦᠭᠦᠯᠡᠵᠦ᠂ ᠪᠧᠷᠯᠢᠨ ᠳᠦ 10 ᠍ ᠳᠦᠭᠡᠷ ᠪᠠᠶᠢᠷᠢᠨ ᠳᠤ ᠣᠷᠣᠭᠰᠠᠨ᠃[1] 2011 ᠣᠨ ᠳᠤ ᠬᠣᠹᠦ (ᠶᠠᠫᠣᠨ) ᠮᠠᠷᠠᠹᠣᠨ ᠳᠤ ᠲᠦᠷᠦᠭᠦᠯᠡᠵᠦ᠂ ᠯᠣᠨᠳᠣᠨ ᠤ ᠮᠠᠷᠠᠹᠣᠨ ᠳᠤ 9 ᠍ ᠳᠦᠭᠡᠷ ᠪᠠᠶᠢᠷᠢ ᠡᠵᠡᠯᠡᠵᠡᠢ᠃

ᠭᠠᠷᠭᠠᠭᠰᠠᠨ ᠠᠮᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪ᠃ᠰᠡᠷᠡ-ᠣᠳᠣ ᠨᠢ ᠮᠣᠩᠭᠣᠯ ᠤᠨ ᠬᠥᠩᠭᠡᠨ ᠠᠲᠯᠧᠲ᠋ᠢᠭ ᠤᠨ ᠲᠠᠮᠢᠷᠴᠢᠳ ᠠᠴᠠ ᠬᠠᠮᠤᠭ ᠤᠨ ᠠᠩᠭ ᠤ ᠣᠯᠢᠮᠫᠣᠳ ᠤᠷᠤᠯᠴᠠᠬᠤ ᠡᠷᠬᠡ ᠠᠪᠤᠭᠰᠠᠨ ᠠᠩᠬᠠᠨ ᠤ ᠲᠠᠮᠢᠷᠴᠢᠨ᠃ ᠮᠣᠩᠭᠣᠯ ᠤᠨ ᠲᠠᠮᠢᠷᠴᠢᠳ ᠠᠴᠠ ᠡᠮᠦᠨ᠎ᠡ ᠣᠯᠢᠮᠫᠣᠳ ᠣᠷᠣᠵᠤ ᠪᠠᠶᠢᠭᠰᠠᠨ ᠲᠠᠮᠢᠷᠴᠢᠳ ᠪᠥᠭᠥᠳᠡᠭᠡᠷ ᠢᠶᠡᠨ ᠤᠷᠢᠯᠭ᠎ᠠ ᠪᠠᠷ ᠪᠤᠶᠤ ᠴᠠᠭᠠᠨ ᠬᠠᠭᠤᠳᠠᠰᠤ ᠪᠠᠷ ᠣᠷᠣᠵᠤ ᠪᠠᠶᠢᠭᠰᠠᠨ᠃ 2008 ᠣᠨ 2 ᠰᠠᠷ᠎ᠠ ᠳᠤ ᠰᠢᠶᠠᠩᠭᠠᠩ ᠬᠣᠳᠠ ᠳᠤ ᠪᠣᠯᠤᠭᠰᠠᠨ ᠮᠠᠷᠠᠹᠣᠨ ᠭᠦᠶᠦᠯᠲᠡ ᠶᠢᠨ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠮᠣᠩᠭᠣᠯ ᠤᠯᠤᠰ ᠢᠶᠠᠨ ᠲᠥᠯᠥᠭᠡᠯᠡᠨ ᠣᠷᠣᠯᠴᠠᠵᠤ 2 ᠴᠠᠭ 20 ᠮᠢᠩ 23 ᠰᠧᠺ ᠠᠮᠵᠢᠯᠲᠠ ᠪᠠᠷ ᠮᠥᠩᠭᠥᠨ ᠮᠧᠳᠠᠯ ᠠᠪᠤᠭᠰᠠᠨ᠃ ᠡᠨᠡ ᠮᠧᠳᠠᠯ ᠮᠥᠨ ᠯᠠ ᠮᠣᠩᠭᠣᠯ ᠤᠨ ᠬᠥᠩᠭᠡᠨ ᠠᠲᠯᠧᠲ᠋ᠢᠭ ᠤᠨ ᠲᠡᠦᠬᠡᠨ ᠳ᠋ᠡᠬᠢ ᠠᠽᠢᠶ᠎ᠠ ᠲᠢᠪ ᠦᠨ ᠠᠪᠤᠷᠭᠤ ᠠᠴᠠ ᠠᠪᠤᠭᠰᠠᠨ ᠠᠩᠬᠠᠨ ᠤ ᠮᠥᠩᠭᠥᠨ ᠮᠧᠳᠠᠯ᠃ ᠪ᠃ᠰᠡᠷᠡ-ᠣᠳᠣ ᠨᠢ ᠬᠥᠩᠭᠡᠨ ᠠᠲᠯᠧᠲ᠋ᠢᠺ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠨᠦᠭᠦᠳ ᠲᠦ ᠮᠣᠩᠭᠣᠯ ᠤᠯᠤᠰ ᠢᠶᠠᠨ ᠲᠥᠯᠥᠭᠡᠯᠡᠨ 2003 ᠣᠨ᠂ 2005 ᠣᠨ᠂ 2007 ᠣᠨ᠂ 2009 ᠣᠨ᠂ 2011 ᠣᠨ ᠨᠤᠭᠤᠳ ᠲᠤ ᠣᠷᠣᠯᠴᠠᠵᠤ ᠪᠠᠶᠢᠭᠰᠠᠨ᠃ ᠡᠭᠦᠨ ᠡᠴᠡ 2009 ᠣᠨ ᠤ ᠭᠧᠷᠮᠠᠨ ᠤᠯᠤᠰ ᠤᠨ ᠪᠧᠷᠯᠢᠨ ᠬᠣᠲᠣᠩ ᠢᠶᠠᠨ ᠵᠣᠬᠢᠶᠠᠭᠳᠠᠭᠰᠠᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ 12 ᠳᠠᠬᠢ ᠤᠳᠠᠭ᠎ᠠ ᠶᠢᠨ ᠲᠡᠮᠡᠴᠡᠭᠡᠨ 29 ᠍ ᠳᠦᠭᠡᠷ ᠪᠠᠶᠢᠷᠢ ᠡᠵᠡᠯᠡᠭᠰᠡᠨ᠃ 2011 ᠣᠨ ᠤ ᠰᠣᠯᠣᠩᠭᠣᠰ ᠤᠯᠤᠰ ᠤᠨ ᠳᠢᠭᠦ ᠬᠣᠳᠠ ᠳᠤ ᠵᠣᠬᠢᠶᠠᠭᠳᠠᠭᠰᠠᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ 13 ᠳᠠᠬᠢ ᠤᠳᠠᠭ᠎ᠠ ᠶᠢᠨ ᠲᠡᠮᠡᠴᠡᠭᠡᠨ 20 ᠍ ᠳᠦᠭᠡᠷ ᠪᠠᠶᠢᠷᠢ ᠡᠵᠡᠯᠡᠭᠰᠡᠨ᠃ ᠡᠨᠡ ᠠᠮᠵᠢᠯᠲᠠ ᠨᠤᠭᠤᠳ ᠨᠸ ᠮᠥᠨ ᠮᠣᠩᠭᠣᠯ ᠤᠨ ᠬᠥᠩᠭᠡᠨ ᠠᠲᠯᠧᠲ᠋ᠢᠭ ᠤᠨ ᠰᠫᠣᠷᠲ ᠤᠨ ᠲᠡᠦᠬᠡᠨ ᠳ᠋ᠡᠬᠢ ᠠᠩᠬᠠᠨ ᠤ ᠲᠣᠮᠣᠬᠠᠨ ᠠᠮᠵᠢᠯᠲᠠ ᠨᠤᠭᠤᠳ ᠤᠨ ᠨᠢᠭᠡ ᠶᠤᠮ᠃ 2013 ᠣᠨ ᠤ 2 ᠰᠠᠷ᠎ᠠ ᠶᠢᠨ 24 ᠡᠳᠦᠷ ᠰᠢᠶᠠᠩᠭᠠᠩ ᠬᠣᠳᠠ ᠳᠤ ᠵᠣᠬᠢᠶᠠᠭᠳᠠᠭᠰᠠᠨ ᠮᠠᠷᠠᠹᠣᠨ ᠭᠦᠶᠦᠯᠲᠡ ᠶᠢᠨ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠮᠣᠩᠭᠣᠯ ᠤᠯᠤᠰ ᠢᠶᠠᠨ ᠲᠥᠯᠥᠭᠡᠯᠡᠨ ᠣᠷᠣᠯᠴᠠᠵᠤ 2 ᠴᠠᠭ 17 ᠮᠢᠩ 47 ᠰᠧᠺ ᠠᠮᠵᠢᠯᠲᠠ ᠪᠠᠷ ᠠᠯᠲᠠᠨ ᠮᠧᠳᠠᠯ ᠠᠪᠤᠭᠰᠠᠨ᠃ ᠡᠨᠡ ᠮᠧᠳᠠᠯ ᠮᠥᠨ ᠯᠠ ᠮᠣᠩᠭᠣᠯ ᠤᠨ ᠬᠥᠩᠭᠡᠨ ᠠᠲᠯᠧᠲ᠋ᠢᠭ ᠤᠨ ᠲᠡᠦᠬᠡᠨ ᠳ᠋ᠡᠬᠢ ᠠᠽᠢᠶ᠎ᠠ ᠲᠢᠪ ᠦᠨ ᠠᠩᠬᠠᠨ ᠤ ᠠᠯᠲᠠᠨ ᠮᠧᠳᠠᠯ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]