ᠪᠠᠲᠤᠰᠢᠷᠡᠭᠡᠲᠦ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠠᠲᠤᠰᠢᠷᠡᠭᠡᠲᠦ ᠰᠤᠮᠤ
ᠪᠠᠲᠤᠰᠢᠷᠡᠭᠡᠲᠦ ᠰᠣᠮᠣ
ᠰᠤᠮᠤ

ᠡᠭᠡ
ᠮᠣᠩᠭᠣᠯ ᠣᠷᠣᠨ ᠳᠠᠬᠢ ᠡᠭᠡ ᠰᠠᠭᠤᠷᠢᠨ ᠤ ᠪᠠᠶᠢᠷᠢᠰᠢᠯ
ᠤᠯᠤᠰ᠂ᠣᠷᠣᠨ ᠮᠣᠩᠭᠣᠯ ᠮᠣᠩᠭᠣᠯ (ᠮᠣᠩᠭᠣᠯ ᠤᠯᠤᠰ)
ᠳᠡᠭᠡᠷᠡᠬᠢ ᠨᠤᠲᠤᠭ ᠬᠡᠨᠲᠡᠢ ᠠᠶᠢᠮᠠᠭ
ᠨᠤᠲᠤᠭ ᠤᠨ
ᠬᠤᠪᠢᠶᠠᠷᠢ
(4)
ᠳᠥᠷᠪᠡᠨ ᠪᠠᠭ
1. ᠬᠤᠷᠬ᠎ᠠ
2. ᠪᠠᠷᠬ᠎ᠠ
3. ᠣᠨᠣᠨ
4. ᠨᠣᠷᠪᠯᠢᠩ
ᠭᠠᠵᠠᠷ ᠨᠤᠲᠤᠭ 7017.87 ᠺᠦᠸᠠᠳ᠋ ᠺᠢᠯᠣᠮᠧᠲ᠋ᠷ [1]
ᠬᠦᠮᠦᠨ ᠠᠮᠠ (2014) 2,162 ᠬᠦᠮᠦᠨ [2]
ᠠᠷᠠᠳ ᠲᠦᠮᠡᠨ ᠮᠣᠩᠭᠣᠯ ᠦᠨᠳᠦᠰᠦᠲᠡᠨ (~100%)
ᠨᠤᠲᠤᠭ ᠤᠨ ᠣᠯᠠᠨ ᠬᠡᠨᠲᠡᠢ ᠶᠢᠨ ᠪᠠᠲᠤᠰᠢᠷᠡᠭᠡᠲᠦ ᠶᠢᠨ ᠬᠢᠨ
1952 ᠣᠨ ᠡᠭᠦᠰᠦᠨ ᠪᠠᠶᠢᠭᠤᠯᠤᠭᠳᠠᠭᠰᠠᠨ
ᠰᠢᠤᠳᠠᠨ ᠳᠤᠭᠠᠷ 23160 [3]
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠬᠢᠷᠠᠭ᠎ᠠ
ᠪᠢᠨᠳᠦᠷ
ᠡᠮᠦᠨᠡᠳᠡᠯᠭᠡᠷ
ᠬᠣᠲᠠ ᠬᠦᠷᠬᠦ
ᠵᠠᠮ ᠤᠨ ᠤᠷᠲᠤ
ᠤᠯᠠᠭᠠᠨᠪᠠᠭᠠᠲᠤᠷ (413 ᠺᠢᠯᠣᠮᠧᠲ᠋ᠷ)
ᠥᠨᠳᠥᠷ ᠬᠠᠨ (186 ᠺᠢᠯᠣᠮᠧᠲ᠋ᠷ) [1]

ᠪᠠᠲᠤᠰᠢᠷᠡᠭᠡᠲᠦᠬᠡᠨᠲᠡᠢ ᠠᠶᠢᠮᠠᠭ ᠤᠨ ᠰᠤᠮᠤ᠃ ᠪᠠᠷᠠᠭᠤᠨ ᠪᠠ ᠡᠮᠦᠨ᠎ᠡ ᠲᠠᠯ᠎ᠠ ᠪᠠᠷ ᠢᠶᠠᠨ ᠡᠮᠦᠨᠡᠳᠡᠯᠭᠡᠷ ᠰᠤᠮᠤᠲᠠᠢ᠂ ᠬᠣᠶᠢᠳᠤ ᠲᠠᠯ᠎ᠠ ᠪᠠᠷ ᠢᠶᠠᠨ ᠣᠷᠣᠰ ᠬᠣᠯᠪᠣᠭᠠᠨ ᠤ ᠤᠯᠤᠰ ᠍ ᠲᠠᠢ 100 ᠣᠷᠴᠢᠮ km ᠭᠠᠵᠠᠷ ᠢᠶᠠᠷ᠂ ᠵᠡᠭᠦᠨ ᠲᠠᠯ᠎ᠠ ᠪᠠᠷ ᠢᠶᠠᠨ ᠪᠢᠨᠳᠦᠷ ᠰᠤᠮᠤᠲᠠᠢ ᠬᠢᠯᠢᠯᠡᠳᠡᠭ᠃ ᠨᠤᠲᠤᠭ ᠳᠡᠪᠢᠰᠬᠡᠷ: 7018 ᠠᠮᠠ ᠺᠮ᠃ ᠮᠣᠩᠭᠣᠯ ᠤᠯᠤᠰ ᠤᠨ ᠬᠠᠷᠢᠶᠠᠲᠤ ᠰᠠᠭᠤᠷᠢᠨ ᠬᠦᠮᠦᠨ ᠠᠮᠠ - 2,086[4]᠃ ᠡᠨᠡ ᠲᠣᠭᠠᠯᠠᠯᠭ᠎ᠠ ᠪᠠᠷ ᠪᠣᠯ ᠠᠶᠢᠮᠠᠭ ᠤᠨ ᠢᠶᠠᠨ 9 ᠍ ᠳᠦᠭᠡᠷ ᠣᠯᠠᠨ ᠬᠦᠮᠦᠨ ᠠᠮᠠ ᠲᠠᠢ ᠰᠤᠮᠤ ᠭᠡᠵᠦ ᠦᠵᠡᠭᠳᠡᠨ᠎ᠡ᠃ ᠰᠤᠮᠤ ᠶᠢᠨ ᠨᠤᠲᠤᠭ ᠵᠠᠬᠢᠷᠭᠠᠨ ᠤ 4 ᠪᠠᠭ ᠲᠤ ᠬᠤᠪᠢᠶᠠᠭᠳᠠᠳᠠᠭ᠃

ᠪᠠᠭ ᠤᠳ ᠤᠨ ᠬᠦᠮᠦᠨ ᠠᠮᠠ[5]
ᠪᠠᠭ ᠤᠨ ᠨᠡᠷ᠎ᠡ ᠬᠦᠮᠦᠨ ᠠᠮᠠ (2010 ᠣᠨ)
1 ᠬᠤᠷᠬ᠎ᠠ 346
2 ᠪᠠᠷᠬ᠎ᠠ 375
3 ᠣᠨᠣᠨ 413
4 ᠨᠣᠷᠪᠯᠢᠩ 952

ᠰᠤᠮᠤ ᠶᠢᠨ ᠲᠥᠪ ᠡᠭᠡ ᠨᠢ ᠬᠡᠨᠲᠡᠢ ᠶᠢᠨ ᠨᠢᠷᠤᠭᠤᠨ ᠤ ᠵᠡᠭᠦᠨ ᠬᠡᠰᠡᠭ ᠦᠨ ᠠᠤᠯᠠᠯᠠᠰ ᠤᠨ ᠳᠤᠮᠳᠠ ᠡᠭ ᠦᠨ ᠭᠣᠣᠯ ᠍ ᠤᠨ ᠬᠥᠪᠡᠭᠡᠨ ᠳᠤ ᠳᠠᠯᠠᠢ ᠶᠢᠨ ᠲᠦᠪᠰᠢᠨ ᠡᠴᠡ ᠳᠡᠭᠡᠭᠰᠢ 1100 ᠭᠠᠷᠤᠢ ᠮᠧᠲ᠋ᠷ ᠥᠨᠳᠥᠷ ᠲᠦ ᠬ᠃ᠥ 48°41', ᠽ᠃ᠤ 110°10' ᠍ ᠶᠢᠨ ᠰᠣᠯᠪᠢᠴᠠᠯᠳᠤ ᠥᠨᠳᠥᠷ ᠬᠠᠨᠠ ᠠᠴᠠ ᠬᠣᠶᠢᠰᠢ 186 ᠺᠢᠯᠣᠮᠧᠲ᠋ᠷ᠂ ᠤᠯᠠᠭᠠᠨᠪᠠᠭᠠᠲᠤᠷᠠ ᠠᠴᠠ 414 ᠺᠢᠯᠣᠮᠧᠲ᠋ᠷ ᠵᠠᠶᠢᠲᠠᠢ ᠣᠷᠣᠰᠢᠨ᠎ᠠ᠃

2300 ᠣᠷᠴᠢᠮ ᠬᠦᠮᠦᠨ ᠠᠮᠠ ᠲᠠᠢ᠃ ᠪᠤᠷᠢᠶᠠᠳ ᠶᠠᠰᠤᠲᠠᠨ ᠠᠮᠢᠳᠤᠷᠠᠳᠠᠭ᠃ ᠲᠠᠬᠢᠯᠭᠠᠲᠤ ᠠᠭᠤᠯᠠ ᠨᠢ ᠪᠢᠨᠳᠦᠷ ᠣᠪᠣᠭ᠎ᠠ.

ᠰᠤᠮᠤ ᠶᠢᠨ ᠨᠤᠲᠤᠭ ᠨᠢ ᠪᠦᠬᠦᠯᠢ ᠳᠦ ᠪᠡᠨ ᠬᠡᠨᠲᠡᠢ ᠶᠢᠨ ᠨᠢᠷᠤᠭᠤᠨ ᠤ ᠵᠡᠭᠦᠨ ᠵᠠᠬ᠎ᠠ ᠶᠢᠨ ᠥᠨᠳᠥᠷ ᠠᠤᠯᠠᠯᠠᠰ ᠲᠤ ᠣᠷᠣᠰᠢᠨ᠎ᠠ᠃ ᠬᠡᠨᠲᠡᠢ ᠶᠢᠨ ᠨᠢᠷᠤᠭᠤᠨ ᠤ ᠨᠢᠭᠡᠨ ᠣᠷᠭᠢᠯ ᠪᠣᠯᠬᠤ 2275 ᠮ ᠥᠨᠳᠥᠷ ᠰᠡᠦᠬᠡᠯᠡᠭ ᠠᠭᠤᠯᠠ ᠣᠷᠣᠰᠢᠨ᠎ᠠ᠃

ᠠᠤᠯᠠᠯᠠᠰ ᠤᠨ ᠬᠣᠭᠣᠷᠣᠨᠳᠣᠭᠤᠷ ᠣᠨᠣᠨ ᠵᠡᠷᠭᠡ ᠲᠣᠮᠣ ᠭᠣᠣᠯ ᠤᠨ ᠬᠥᠨᠳᠡᠢ᠂ ᠳᠤᠮᠳᠠ ᠨᠣᠮᠣᠭᠠᠨ ᠤ ᠬᠥᠨᠳᠡᠢ᠂ ᠪᠠᠷᠠᠭᠤᠨ ᠶᠣᠭᠣᠯ ᠤᠨ ᠳᠠᠪᠠᠭ᠎ᠠ᠂ ᠡᠭᠡ᠂ ᠳᠥᠲᠡᠯᠡᠭᠦᠷ᠂ ᠥᠯᠵᠡᠶᠢᠲᠦ ᠶᠢᠨ ᠵᠡᠷᠭᠡ ᠳᠠᠪᠠᠭᠠᠨ ᠨᠤᠭᠤᠳ ᠪᠠᠶᠢᠨ᠎ᠠ᠃ ᠰᠤᠮᠤ ᠶᠢᠨ ᠨᠤᠲᠤᠭ ᠤᠨ ᠬᠠᠮᠤᠭ ᠤᠨ ᠨᠠᠮ ᠴᠡᠭ ᠨᠢ ᠬᠤᠷᠬ᠎ᠠ ᠶᠢᠨ ᠭᠣᠣᠯ ᠤᠨ ᠬᠥᠨᠳᠡᠢ ᠶᠢᠨ ᠠᠳᠠᠭ ᠲᠤ ᠳᠠᠯᠠᠢ ᠶᠢᠨ ᠲᠦᠪᠰᠢᠨ ᠡᠴᠡ ᠳᠡᠭᠡᠭᠰᠢ 1170 ᠮ ᠥᠨᠳᠥᠷ ᠲᠦ ᠣᠷᠣᠰᠢᠨ᠎ᠠ᠃ ᠡᠨᠡ ᠬᠠᠪᠢ ᠳᠤ ᠤᠷᠤᠰᠢᠬᠤ ᠵᠢᠷᠤᠭ ᠪᠢᠴᠢᠭᠡᠰᠦ ᠳᠦ ᠷᠠᠰᠢᠶᠠᠨ ᠬᠠᠳᠠ ᠨᠢ ᠤᠯᠤᠰ ᠤᠨ ᠬᠠᠮᠠᠭᠠᠯᠠᠯᠲᠠ ᠲᠠᠢ ᠲᠡᠦᠬᠡ ᠰᠤᠶᠤᠯ ᠤᠨ ᠳᠤᠷᠠᠰᠬᠠᠯ ᠮᠥᠨ᠃ ᠰᠤᠮᠤ ᠶᠢᠨ ᠨᠤᠲᠤᠭ ᠳᠡᠭᠡᠳᠦ ᠺᠦ᠋ᠮ ᠤᠷ ᠭᠣᠣᠯ ᠤᠨ ᠰᠠᠪᠠ ᠳᠤ ᠴᠠᠭᠠᠨ ᠲᠤᠭᠤᠯᠭ᠎ᠠ᠂ ᠣᠨᠣᠨ ᠭᠣᠣᠯ ᠤᠨ ᠰᠠᠪᠠ᠂ ᠠᠯᠠᠭ ᠤᠨ ᠨᠢᠷᠤᠭᠤᠨᠳ ᠴᠠᠭᠠᠨ ᠲᠤᠭᠤᠯᠭ᠎ᠠᠠᠯᠲᠠᠭᠢᠨᠲᠪᠣᠯ ᠳᠤ ᠍ ᠤᠨ ᠪᠠᠶᠠᠯᠢᠭ ᠪᠤᠢ᠃ ᠮᠥᠨ ᠲᠡᠮᠦᠷ ᠦᠨ ᠬᠥᠳᠡᠷ ᠵᠡᠷᠭᠡ ᠠᠰᠢᠭᠲᠤ ᠮᠠᠯᠲᠠᠮᠠᠯ ᠲᠠᠢ᠃

ᠰᠤᠮᠤ ᠶᠢᠨ ᠲᠥᠪ ᠲᠦ ᠨᠢᠭᠡᠳᠦᠭᠡᠷ ᠰᠠᠷ᠎ᠠ ᠶᠢᠨ ᠳᠤᠮᠳᠠᠴᠢ ᠲᠣᠯᠠᠭᠠᠨ ᠤ ᠬᠡᠮᠵᠢᠶ᠎ᠡ -15°ᠰ -25°ᠰ᠂ ᠳᠣᠯᠣᠭᠠᠳᠤᠭᠠᠷ ᠰᠠᠷ ᠤᠨ ᠬᠢ 20°ᠰ-28°ᠰ᠂ ᠵᠢᠯ ᠳᠤ ᠳᠤᠮᠳᠠᠴᠢ ᠪᠠᠷ 300-400 ᠮᠢᠯᠯᠢᠮᠧᠲ᠋ᠷ ᠲᠤᠨᠤᠳᠠᠰᠤ ᠤᠨᠠᠨ᠎ᠠ᠃

ᠣᠨᠣᠨ ᠭᠣᠣᠯ 160 ᠍ ᠊ᠭᠠᠳ km ᠤᠷᠤᠰᠤᠨ ᠥᠩᠭᠡᠷᠡᠨ᠎ᠡ᠃ ᠣᠨᠣᠨ ᠭᠣᠣᠯ ᠤᠨ ᠵᠡᠭᠦᠨ ᠭᠠᠷ ᠤᠨ ᠴᠢᠳᠬᠤᠯᠠ᠂ ᠬᠤᠷᠬ᠎ᠠ᠂ ᠪᠠᠷᠬ᠎ᠠ᠂ ᠡᠭᠡ᠂ ᠪᠠᠶᠠᠨ᠂ ᠴᠡᠭᠡᠨ ᠬᠣᠭᠣᠯᠠᠢ ᠶᠢᠨ ᠭᠣᠣᠯ᠂ ᠬᠠᠶᠢᠷᠬᠠᠨ᠂ ᠰᠢᠵᠠᠷᠠᠭᠤᠨ᠂ ᠵᠡᠭᠦᠨ᠂ ᠪᠠᠷᠠᠭᠤᠨ ᠲᠠᠷᠠᠰᠤ ᠶᠢᠨ ᠭᠣᠣᠯ᠂ ᠠᠮᠤᠭᠤᠯᠠᠩᠲᠤ᠂ ᠬᠥᠷᠥᠰᠥᠲᠡᠢ᠂ ᠰᠠᠶᠢᠬᠠᠨ ᠭᠣᠣᠯ ᠤᠳ ᠪᠣᠯᠤᠨ ᠣᠨᠣᠨ ᠮᠥᠷᠡᠨ ᠦ ᠪᠠᠷᠠᠭᠤᠨ ᠭᠠᠷ ᠤᠨ ᠴᠢᠳᠬᠤᠯ᠂ ᠳᠤᠮᠳᠠ᠂ ᠳ᠋ᠣᠣ ᠳᠤ ᠰᠡᠦᠬᠡᠯᠡᠭ ᠭᠣᠣᠯ᠂ ᠬᠦᠵᠡ᠂ ᠵᠡᠭᠦᠨ ᠭᠦᠩᠭᠡᠭᠦᠷᠢᠲᠡᠢ᠂ ᠬᠦᠰᠢᠩᠭᠡᠨ᠂ ᠠᠰᠢᠩᠭ᠎ᠠ᠂ ᠬᠠᠰᠯᠢᠭ᠂ ᠬᠦᠮᠦᠨᠲᠠᠩᠬᠠᠭᠠᠨ᠂ ᠲᠣᠷᠭᠣᠶᠢᠲᠤᠬᠠᠨ᠂ ᠠᠷᠠᠩᠭᠠᠲᠤ ᠵᠡᠷᠭᠡ ᠭᠣᠣᠯ ᠭᠣᠷᠭᠢ ᠨᠤᠭᠤᠳ ᠪᠠᠶᠢᠨ᠎ᠠ᠃ ᠮᠥᠨ ᠪᠠᠶᠠᠨᠪᠦᠷ ᠲᠦ᠂ ᠳᠠᠭᠤᠲᠤ᠂ ᠪᠠᠶᠠᠨᠬᠤᠲᠤᠭ᠂ ᠪᠢᠨᠳᠦᠷ᠂ ᠴᠡᠭᠡᠨ᠂ ᠶᠣᠯᠣ ᠶᠢᠨ᠂ ᠬᠣᠩᠬᠣᠷ ᠤᠨ ᠵᠡᠷᠭᠡ ᠨᠠᠭᠤᠷ ᠤᠳ ᠲᠠᠢ᠃ ᠰᠤᠮᠤ ᠶᠢᠨ ᠨᠤᠲᠤᠭ ᠲᠤ ᠭᠢᠳ᠋ᠷᠣᠺᠠᠷᠪᠶᠣᠨᠠᠲ ᠺᠠᠯᠼᠢ ᠶᠢᠨ ᠨᠠᠶᠢᠷᠠᠯᠭ᠎ᠠ ᠲᠠᠢ ᠲᠠᠷᠠᠰᠤ᠂ ᠠᠷᠠᠩᠭᠠᠲᠤ ᠵᠡᠷᠭᠡ ᠷᠠᠰᠢᠶᠠᠨ ᠲᠠᠢ᠃

ᠤᠤᠯ ᠤᠨ ᠲᠠᠶᠢᠭ᠎ᠠ ᠶᠢᠨ ᠰᠢᠷᠢᠭᠢ ᠳᠦ᠂ ᠣᠢ ᠶᠢᠨ ᠪᠠᠷᠠᠭᠠᠨ᠂ ᠠᠭᠤᠯᠠ ᠶᠢᠨ ᠬᠠᠷ᠎ᠠ ᠰᠢᠷᠤᠶᠢᠨ᠂ ᠬᠦᠷᠡᠩ᠂ ᠬᠠᠭᠰᠢᠶᠠᠰᠤ ᠬᠤᠷᠠᠳᠠᠰᠤ ᠳᠤ᠂ ᠨᠤᠭᠤ ᠶᠢᠨ ᠬᠥᠷᠥᠰᠥᠲᠡᠢ᠃ ᠮᠠᠨ ᠤ ᠣᠷᠣᠨ ᠤ ᠬᠠᠮᠤᠭ ᠤᠨ ᠶᠡᠬᠡ ᠣᠢ ᠮᠣᠳᠣ ᠲᠠᠢ ᠰᠤᠮᠤ ᠶᠢᠨ ᠨᠢᠭᠡ᠃ ᠰᠤᠮᠤ ᠶᠢᠨ ᠨᠤᠲᠤᠭ ᠤᠨ ᠶᠡᠬᠡᠩᠬᠢ ᠨᠢ ᠰᠢᠨᠡᠰᠬᠤᠰᠢ ᠭᠣᠣᠯᠯᠠᠭᠰᠠᠨ ᠨᠠᠷᠠᠰᠤᠬᠤᠰᠤ ᠪᠦᠬᠦᠢ ᠣᠢ ᠮᠣᠳᠣ ᠲᠠᠢ᠃ ᠰᠠᠮᠤᠷ ᠵᠢᠮᠢᠰᠡᠮ ᠦᠨ ᠤᠷᠭᠤᠮᠠᠯ ᠶᠡᠬᠡ ᠲᠡᠢ᠃ ᠭᠣᠣᠯ ᠤᠨ ᠬᠥᠨᠳᠡᠢ᠂ ᠨᠠᠮ ᠭᠠᠵᠠᠷ ᠢᠶᠠᠷ ᠢᠶᠠᠨ ᠤᠯᠠᠯᠵᠢ᠂ ᠠᠯᠠᠭ ᠡᠪᠡᠰᠦ ᠭᠣᠣᠯᠯᠠᠭᠰᠠᠨ ᠪᠡᠯᠴᠢᠭᠡᠷ ᠬᠠᠳᠤᠯᠠᠩ ᠤᠨ ᠤᠷᠭᠤᠮᠠᠯ ᠲᠠᠢ᠃ ᠨᠡᠩ ᠬᠣᠪᠣᠷᠠᠮᠢᠲᠠᠨ ᠬᠥᠳᠡᠷᠢᠴᠡᠨ ᠲᠣᠭᠣᠷᠤᠤ᠂ ᠬᠣᠪᠣᠷ ᠠᠮᠢᠲᠠᠨ ᠲᠣᠭᠣᠳᠠᠭᠪᠤᠭᠤᠪᠤᠯᠠᠭ᠎ᠠ ᠪᠣᠯᠤᠨ ᠰᠤᠤᠰᠠᠷᠡᠯᠪᠡᠩᠬᠦᠪᠣᠷᠣ ᠭᠥᠷ ᠡᠴᠡᠭᠠᠬᠠᠢᠰᠢᠯᠦᠭᠦᠰᠦᠴᠢᠨᠣ᠎ᠠᠦᠨᠡᠭᠡᠬᠡᠷᠡᠮᠦᠵᠢᠷᠬᠡ ᠵᠡᠷᠭᠡ ᠠᠮᠢᠲᠠᠨ ᠲᠠᠢ᠃ ᠭᠣᠣᠯ ᠮᠥᠷᠢᠳ ᠲᠦ ᠨᠢ ᠲᠤᠯᠠᠵᠢᠪᠡᠭᠡᠴᠠᠭᠠᠨ ᠬᠠᠳᠤᠷᠠᠮᠤᠷ ᠤᠨ ᠬᠠᠳᠤᠷᠤᠨᠠᠮᠤᠷ ᠤᠨ ᠴᠤᠷᠬᠠᠢᠮᠥᠩᠭᠥᠯᠢᠭ ᠬᠡᠯᠲᠡᠭᠡᠪᠤᠯᠤᠤ ᠴᠠᠭᠠᠨᠴᠤᠯᠪᠤᠭᠤᠷᠭᠤᠲᠤᠷ᠎ᠠ ᠵᠡᠷᠭᠡ ᠵᠢᠭᠠᠰᠤ ᠪᠤᠢ᠃ ᠰᠤᠮᠤ ᠶᠢᠨ ᠨᠤᠲᠤᠭ ᠤᠨ ᠪᠠᠷᠠᠭᠤᠨ ᠬᠣᠶᠢᠳᠤ ᠵᠠᠬ᠎ᠠ ᠨᠢ ᠬᠠᠨ ᠬᠡᠨᠲᠡᠢ ᠶᠢᠨ ᠳᠠᠷᠬᠠᠨ ᠴᠠᠭᠠᠵᠠᠲᠤ ᠭᠠᠵᠠᠷ ᠲᠤ ᠪᠠᠭᠠᠳᠤᠨ᠎ᠠ᠃

ᠬᠣᠨᠢ ᠭᠣᠣᠯᠯᠠᠭᠰᠠᠨ 26 ᠮᠢᠩᠭᠠᠨ ᠮᠠᠯ ᠲᠠᠢ᠃ ᠭᠠᠵᠠᠷ ᠲᠠᠷᠢᠶᠠᠯᠠᠩ ᠡᠷᠬᠢᠯᠡᠨ ᠲᠡᠵᠢᠭᠡᠯ ᠦᠨ ᠤᠷᠭᠤᠮᠠᠯ᠂ ᠦᠷ᠎ᠡ ᠲᠠᠷᠢᠶ᠎ᠠ᠂ ᠲᠥᠮᠥᠰᠥ ᠬᠦᠨᠡᠰᠦᠨ ᠦ ᠨᠣᠭᠣᠭ᠎ᠠ ᠲᠠᠷᠢᠶᠠᠯᠠᠳᠠᠭ᠃ ᠰᠤᠮᠤ ᠶᠢᠨ ᠲᠥᠪ ᠲᠦ 9 ᠵᠢᠯ ᠦᠨ ᠰᠤᠷᠭᠠᠭᠤᠯᠢ᠂ ᠴᠡᠴᠡᠷᠯᠢᠭ᠂ ᠡᠮᠨᠡᠯᠭᠡ᠂ ᠮᠡᠷᠭᠡᠵᠢᠯ ᠦᠨ ᠰᠤᠷᠭᠠᠯᠲᠠ ᠦᠢᠯᠡᠴᠢᠯᠡᠭᠡᠨ ᠦ ᠲᠥᠪ᠂ ᠰᠤᠶᠤᠯ᠂ ᠬᠤᠳᠠᠯᠳᠤᠭ᠎ᠠ ᠦᠢᠯᠡᠴᠢᠯᠡᠭᠡᠨ ᠦ ᠭᠠᠵᠠᠷ ᠤᠳ ᠲᠠᠢ᠃ ᠰᠤᠮᠤ ᠶᠢᠨ ᠨᠤᠲᠤᠭ ᠲᠤ ᠥᠭᠯᠢᠭᠡᠴᠢ ᠶᠢᠨ ᠬᠡᠷᠡᠮ᠂ ᠦᠵᠦᠭᠦᠷ ᠴᠣᠬᠢᠶ᠎ᠠ ᠭᠡᠳᠡᠭ ᠭᠠᠵᠠᠷ ᠤᠷᠤᠰᠢᠬᠤ ᠰᠦᠭ ᠵᠢᠷᠤᠭ ᠲᠠᠢ ᠬᠠᠳᠠ᠂ ᠡᠭ ᠦᠨ ᠵᠢᠪᠬᠡᠭᠡᠰᠦᠲᠡᠢ ᠭᠡᠳᠡᠭ ᠭᠠᠵᠠᠷ ᠤᠷᠤᠰᠢᠬᠤ ᠪᠤᠯᠠᠰᠢ ᠨᠤᠭᠤᠳ ᠢ ᠲᠡᠦᠬᠡ ᠰᠤᠶᠤᠯ ᠤᠨ ᠳᠤᠷᠠᠰᠬᠠᠯ ᠤᠨ ᠬᠢ ᠨᠢ ᠬᠤᠪᠢ ᠳᠤ ᠠᠶᠢᠮᠠᠭ ᠤᠨ ᠬᠠᠮᠠᠭᠠᠯᠠᠯᠲᠠ ᠳᠤ ᠠᠪᠴᠠᠢ᠃

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 ᠬᠡᠨᠲᠡᠢ ᠠᠶᠢᠮᠠᠭ ᠤᠨ ᠠᠯᠪᠠᠨ ᠶᠣᠰᠣᠨ ᠤ ᠴᠠᠬᠢᠮ ᠬᠠᠭᠤᠳᠠᠰᠤ᠃ «ᠪᠠᠲᠤᠰᠢᠷᠡᠭᠡᠲᠦ ᠰᠤᠮᠤ».
  2. ᠬᠡᠨᠲᠡᠢ ᠠᠶᠢᠮᠠᠭ ᠤᠨ ᠰᠲ᠋ᠠᠲ᠋ᠢᠰᠲ᠋ᠢᠭ ᠤᠨ ᠬᠡᠯᠲᠡᠰ᠃ ᠬᠡᠨᠲᠡᠢ ᠠᠶᠢᠮᠠᠭ ᠤᠨ ᠡᠳ᠋ ᠍ ᠦᠨ ᠵᠠᠰᠠᠭ᠂ ᠨᠡᠶᠢᠭᠡᠮ ᠤᠨ ᠪᠠᠶᠢᠳᠠᠯ ᠤᠨ ᠲᠣᠪᠬᠢᠮᠠᠯ. 2013-12-31.
  3. ᠬᠠᠷᠢᠯᠴᠠᠭ᠎ᠠ ᠬᠣᠯᠪᠣᠭᠠᠨ ᠤ ᠵᠣᠬᠢᠴᠠᠭᠤᠯᠬᠤ ᠬᠣᠷᠢᠶ᠎ᠠ᠃ «ᠱᠤᠤᠳᠠᠩ ᠤᠨ ᠨᠢᠭᠡᠳᠦᠭᠰᠡᠨ ᠺᠣᠳ᠋»
  4. ᠮᠣᠩᠭᠣᠯ ᠤᠯᠤᠰ ᠤᠨ 2010 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠳᠦᠩ (ᠰᠤᠮᠤ᠂ ᠳᠡᠭᠦᠷᠭᠡ ᠶᠢᠨ ᠲᠦᠪᠰᠢᠨ ᠢᠶᠡᠷ)
  5. ᠮᠣᠩᠭᠣᠯ ᠤᠯᠤᠰ ᠤᠨ 2010 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠳᠦᠩ (ᠪᠠᠭ᠂ ᠬᠣᠷᠢᠶᠠᠨ ᠤ ᠲᠦᠪᠰᠢᠨ ᠢᠶᠡᠷ)

ᠪᠢᠴᠢᠭᠡᠰᠦ