ᠪᠠᠲᠤᠮᠦ᠋ᠩᠬᠡ ᠳᠠᠶᠠᠩ ᠬᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Dayan.png
ᠪᠠᠲᠤᠮᠦ᠋ᠩᠬᠡ ᠳᠠᠶᠠᠨ ᠬᠠᠭᠠᠨ
ᠮᠣᠩᠭᠣᠯ ᠤᠨ ᠬᠠᠭᠠᠨ
ᠬᠠᠭᠠᠨᠴᠢᠯᠠᠯ 1480-1517
ᠪᠦᠲᠦᠨ ᠨᠡᠷ᠎ᠡ ᠪᠠᠲᠤᠮᠦ᠋ᠩᠬᠡ
ᠲᠦᠷᠦᠭᠰᠡᠨ ᠣᠩᠨᠠᠭ᠎ᠠ 1474
ᠥᠩᠭᠡᠷᠡᠭᠰᠡᠨ ᠣᠩᠨᠠᠭ᠎ᠠ 1517 (1543?)
ᠤᠳᠠᠭᠠᠬᠢ ᠬᠠᠭᠠᠨ ᠪᠠᠷᠰᠪᠣᠯᠣᠳ ᠰᠠᠶᠢᠨ ᠠᠯᠠᠭ ᠬᠠᠭᠠᠨ
ᠶᠡᠬᠡ ᠬᠠᠲᠤᠨ ᠮᠠᠨᠳᠤᠬᠠᠢ ᠰᠡᠴᠡᠨ ᠬᠠᠲᠤᠨ
ᠪᠠᠭ᠎ᠠ ᠬᠠᠲᠤᠨ ᠬᠦᠰᠡᠢ ᠬᠠᠲᠤᠨ︱ᠭᠦᠦᠰᠢ ᠬᠠᠳᠣᠨ
ᠵᠢᠮᠢᠰᠬᠡᠨ᠎ᠡ
ᠬᠠᠭᠠᠨ ᠤ ᠣᠪᠤᠭ ᠪᠣᠷᠵᠢᠭᠢᠨ
ᠤᠯᠤᠰ ᠤᠨ ᠨᠡᠷ᠎ᠡ ᠮᠣᠩᠭᠣᠯ ᠤᠯᠤᠰ
ᠡᠴᠢᠭᠡ ᠪᠠᠶᠠᠨᠮᠦ᠋ᠩᠬᠡ ᠵᠢᠨᠦᠩ
ᠡᠬᠡ ᠰᠢᠬᠢᠷ ᠲᠠᠶᠢᠬᠤ ᠬᠠᠲᠤᠨ

ᠪᠠᠲᠤᠮᠦ᠋ᠩᠬᠡ ᠳᠠᠶᠠᠨ(ᠳᠠᠶᠠᠩ) ᠬᠠᠭᠠᠨ (1474-1517) ᠨᠢ ᠮᠣᠩᠭᠣᠯ ᠍ ᠤᠨ ᠬᠠᠭᠠᠨ ᠪᠥᠭᠡᠳ ᠨᠢᠭᠡ ᠬᠡᠰᠡᠭ ᠲᠠᠷᠬᠠᠢ ᠪᠤᠲᠠᠷᠬᠠᠢ ᠪᠠᠶᠢᠭᠰᠠᠨ ᠮᠣᠩᠭᠣᠯᠴᠤᠳ ᠢ ᠳᠠᠬᠢᠨ ᠨᠢᠭᠡᠳᠬᠡᠵᠦ ᠴᠢᠳᠠᠭᠰᠠᠨ ᠪᠢᠯᠡ᠃

ᠪᠠᠭ᠎ᠠ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠲᠤᠮᠦ᠋ᠩᠬᠡ ᠨᠢ 1474 ᠤᠨ ᠳᠤ ᠪᠠᠶᠠᠨᠮᠦ᠋ᠩᠬᠡ ᠵᠢᠨᠦᠩ  ᠤᠨ ᠭᠠᠭᠴᠠ ᠬᠦᠥ ᠪᠣᠯᠤᠨ ᠮᠡᠨᠳᠦᠯᠡᠵᠡᠢ᠃ ᠲᠡᠭᠦᠨ ᠦ ᠡᠬᠡ ᠨᠢ ᠤᠷᠢᠶᠠᠩᠬᠠᠢ  ᠶᠢᠨ ᠰᠢᠬᠢᠷ ᠲᠠᠶᠢᠬᠤᠪᠠᠶᠠᠨᠮᠦ᠋ᠩᠬᠡ ᠵᠢᠨᠦᠩ  ᠤᠨ ᠬᠦᠦ ᠂ ᠲᠡᠷᠡᠪᠡᠷ 5 ᠨᠠᠰᠤᠲᠠᠢ ᠳᠤ ᠪᠠᠨ ᠥᠨᠦᠴᠢᠷᠡᠴᠥ ᠬᠣᠴᠣᠷᠤᠭᠰᠠᠨ ᠪᠠᠶᠢᠨ᠎ᠠ᠃ ᠡᠨᠡ ᠦᠶ᠎ᠡ ᠳᠦ ᠢᠰᠮᠠᠨ ᠲᠠᠶᠢᠰᠢ ᠳᠣᠪᠲᠣᠯᠤᠨ ᠡᠬᠡ ᠰᠢᠬᠢᠷ ᠲᠠᠶᠢᠬᠤ ᠶᠢ ᠣᠯᠵᠠᠯᠠᠨ ᠠᠪᠤᠭᠰᠠᠨ᠃ ᠬᠠᠷᠢᠨ ᠲᠡᠭᠦᠨ ᠢ ᠪᠠᠯᠭᠠᠴᠢᠨ ᠬᠡᠮᠡᠬᠦ ᠬᠦᠮᠦᠨ ᠳᠦ ᠥᠭᠴᠦ ᠠᠰᠠᠷᠠᠭᠤᠯᠤᠭᠰᠠᠨ᠃ ᠮᠠᠨᠳᠤᠭᠤᠯ ᠬᠠᠭᠠᠨ 1479 ᠤᠨ ᠳᠤ ᠨᠠᠰᠤ ᠪᠠᠷᠠᠬᠤ ᠳᠤ᠂ ᠲᠡᠷᠡ ᠪᠡᠷ ᠠᠯᠲᠠᠨ ᠤᠷᠤᠭ ᠤᠨ ᠰᠡᠭᠦᠯᠴᠢ ᠶᠢᠨ ᠡᠷ᠎ᠡ ᠬᠦᠮᠦᠨ ᠪᠣᠯᠤᠭᠰᠠᠨ᠃ ᠶᠠᠭ ᠡᠨᠡ ᠦᠶ᠎ᠡ ᠳᠦ ᠲᠠᠩᠭᠤᠳ ᠤᠨ ᠲᠡᠮᠦᠷ ᠬᠠᠳᠠᠭ ᠪᠤᠯᠢᠶᠠᠨ ᠠᠪᠴᠤ ᠥᠰᠬᠡᠨ ᠪᠡᠶ᠎ᠡ ᠶᠢ ᠨᠢ ᠲᠡᠩᠬᠡᠷᠡᠭᠦᠯᠦᠭᠰᠡᠨ ᠦ ᠳᠠᠷᠠᠭ᠎ᠠ ᠮᠠᠨᠳᠤᠬᠠᠢ ᠰᠡᠴᠡᠨ ᠬᠠᠲᠤᠨ ᠳᠤ ᠠᠪᠴᠤ ᠣᠴᠢᠭᠰᠠᠨ᠎ᠠ ᠪᠠᠷ 1480 ᠤᠨ ᠳᠤ ᠪᠠᠲᠤᠮᠦ᠋ᠩᠬᠡ ᠶᠢ ᠮᠣᠩᠭᠣᠯ ᠤᠨ ᠶᠡᠬᠡ ᠬᠠᠭᠠᠨ ᠪᠣᠯᠭᠠᠵᠤ᠂ ᠲᠡᠭᠦᠨ ᠳᠦ ᠳᠠᠶᠠᠭᠠᠷ ᠢ ᠨᠢᠭᠡᠳᠬᠡᠬᠦ ᠪᠣᠯᠲᠤᠭᠠᠢ ᠬᠡᠮᠡᠨ ᠳᠠᠶᠠᠨ (ᠲᠠᠶᠠᠩ) ᠬᠠᠭᠠᠨ ᠴᠣᠯᠠ ᠣᠯᠭᠤᠵᠤ᠂ ᠮᠠᠨᠳᠤᠬᠠᠢ ᠬᠠᠲᠤᠨ ᠤᠷᠤᠭ ᠬᠣᠯᠪᠣᠭᠰᠠᠨ᠃

ᠬᠠᠭᠠᠨᠴᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠭᠦᠨ ᠦ ᠬᠠᠭᠠᠨᠴᠢᠯᠠᠯ ᠤᠨ ᠡᠬᠢᠨ ᠦ ᠵᠢᠯ ᠤᠨ ᠳᠤ ᠮᠠᠨᠳᠤᠬᠠᠢ ᠰᠡᠴᠡᠨ ᠬᠠᠲᠤᠨ ᠭᠣᠣᠯ ᠡᠭᠦᠷᠭᠡ ᠶᠢ ᠭᠦᠢᠴᠡᠳᠭᠡᠵᠡᠢ᠃ ᠮᠠᠨᠳᠤᠬᠠᠢ ᠬᠠᠲᠤᠨ ᠳᠠᠶᠠᠨ ᠬᠠᠭᠠᠨ ᠢ ᠳᠠᠭᠠᠭᠤᠯᠤᠨ ᠠᠪᠴᠤ ᠶᠠᠪᠤᠵᠤ᠂ ᠣᠶᠢᠷᠠᠳ ᠤᠳ ᠢ ᠳᠠᠶᠢᠯᠠᠵᠤ ᠨᠢᠭᠡᠲᠡᠭᠡᠭᠰᠡᠨ ᠢᠶᠡᠷ ᠪᠠᠷᠠᠭᠤᠨ᠂ ᠵᠡᠭᠦᠨ ᠮᠣᠩᠭᠣᠯᠴᠤᠳ ᠳᠠᠬᠢᠨ ᠨᠢᠭᠡᠳᠦᠭᠰᠡᠨ᠃ 1483 ᠤᠨ ᠳᠤ ᠳᠠᠶᠠᠩ ᠬᠠᠭᠠᠨ ᠲᠣᠭᠣᠴᠢ ᠰᠢᠭᠦᠰᠢ ᠳᠦ ᠴᠡᠷᠢᠭ ᠥᠭᠴᠦ ᠢᠰᠮᠠᠨ ᠲᠠᠶᠢᠰᠢ ᠣᠷᠣᠭᠣ ᠢᠯᠡᠭᠡᠨ ᠲᠡᠭᠦᠨ ᠢ ᠤᠰᠠᠳᠬᠠᠨ ᠡᠬᠡ ᠰᠢᠬᠢᠷᠡ ᠲᠠᠶᠢᠬᠤ ᠶᠢ ᠣᠯᠵᠤ ᠠᠪᠤᠭᠰᠠᠨ᠃ 1490 ᠍ ᠊ᠭᠠᠳ ᠤᠨ ᠤ ᠦᠶ᠎ᠡ ᠳᠦ ᠣᠶᠢᠷᠠᠳ ᠪᠣᠯᠤᠨ ᠪᠠᠷᠠᠭᠤᠨ ᠲᠦᠮᠡᠨ ᠢ ᠳᠣᠪᠲᠣᠯᠤᠨ ᠡᠵᠡᠯᠡᠭᠰᠡᠨ ᠢᠶᠡᠷ ᠮᠣᠩᠭᠣᠯ ᠣᠷᠣᠨ ᠨᠢᠭᠡᠳᠴᠦ ᠡᠬᠢᠯᠡᠭᠰᠡᠨ᠃ ᠤᠳᠠᠲᠠᠯ᠎ᠠ ᠪᠠᠷᠠᠭᠤᠨ ᠲᠦᠮᠡᠨ ᠲᠣᠯᠣᠭᠠᠶᠢᠯᠠᠬᠤ ᠡᠵᠡᠨ ᠦᠭᠡᠢ ᠪᠠᠶᠢᠭᠰᠠᠨ ᠤᠴᠢᠷ᠂ ᠳᠠᠶᠠᠨ ᠬᠠᠭᠠᠨ 2 ᠍ ᠳ᠋ᠤᠭᠡᠷ ᠬᠦᠦ ᠤᠯᠤᠰᠪᠣᠯᠥᠳ ᠢᠶᠡᠨ ᠪᠠᠷᠠᠭᠤᠨ ᠭᠤᠷᠪᠠᠨ ᠲᠦᠮᠡᠨ ᠦ ᠵᠠᠬᠢᠷᠤᠭᠴᠢ ᠪᠠᠷ ᠲᠣᠮᠢᠯᠠᠵᠤ ᠶᠠᠪᠤᠭᠤᠯᠬᠤ ᠳᠤ ᠨᠢ ᠬᠠᠷᠠᠴᠢᠨ  ᠦ ᠢᠪᠷᠠᠢ ᠲᠠᠶᠢᠰᠢ ᠪᠠᠷᠢᠵᠤ ᠠᠯᠠᠭᠰᠠᠨ ᠪᠠᠶᠢᠨ᠎ᠠ᠃ ᠡᠭᠦᠨ ᠳᠦ ᠬᠢᠯᠢᠩᠨᠡᠭᠰᠡᠨ ᠪᠠᠲᠤᠮᠦ᠋ᠩᠬᠡ ᠪᠠᠷᠠᠭᠤᠨ ᠭᠤᠷᠪᠠᠨ ᠲᠦᠮᠡᠨ ᠢ ᠳᠠᠶᠢᠯᠠᠷ᠎ᠠ ᠮᠣᠷᠳᠠᠵᠤ᠂ ᠢᠪᠷᠠᠢ ᠶᠢ ᠢᠯᠠᠵᠠᠢ᠃

ᠪᠠᠲᠤᠮᠦ᠋ᠩᠬᠡ ᠮᠢᠩ ᠤᠯᠤᠰᠲᠠᠢ ᠰᠠᠶᠢᠨ ᠬᠠᠷᠢᠯᠴᠠᠭ᠎ᠠ ᠶᠢ ᠬᠠᠳᠠᠭᠠᠯᠠᠬᠤ ᠵᠠᠮ ᠢᠶᠠᠷ ᠳᠣᠲᠣᠭᠠᠳᠤ ᠠᠰᠠᠭᠤᠳᠠᠯ ᠤᠳ ᠢᠶᠠᠨ ᠰᠢᠢᠳᠬᠦ ᠪᠣᠳᠣᠯᠭ᠎ᠠ ᠪᠠᠷᠢᠮᠲᠠᠯᠠᠵᠤ ᠪᠠᠶᠢᠪᠠ᠃ ᠲᠡᠷᠡ ᠪᠡᠷ ᠴᠢᠯᠦᠭᠡᠲᠦ ᠬᠤᠳᠠᠯᠳᠤᠭᠠᠨ ᠤ ᠭᠡᠷ᠎ᠡ ᠬᠢᠬᠦ ᠡᠯᠴᠢ ᠢᠯᠡᠭᠡᠭᠰᠡᠨ ᠴᠤ ᠮᠢᠩ ᠦᠨ ᠬᠠᠭᠠᠨ ᠡᠯᠴᠢ ᠶᠢ ᠨᠢ ᠠᠯᠠᠭᠰᠠᠨ ᠲᠤᠯᠠ ᠴᠡᠷᠢᠭ ᠬᠥᠳᠡᠯᠭᠡᠵᠦ ᠪᠠᠶᠢᠭᠰᠠᠨ ᠠᠵᠢ᠃

ᠬᠡᠳᠦᠨ ᠵᠢᠯ ᠦᠨ ᠳᠠᠷᠠᠭ᠎ᠠ ᠪᠠᠷᠠᠭᠤᠨ ᠲᠦᠮᠡᠨ ᠢ ᠨᠢᠭᠡᠳᠬᠡᠵᠦ ᠴᠢᠳᠠᠭᠰᠠᠨ ᠢᠶᠠᠷ ᠳᠠᠶᠠᠨ ᠬᠠᠭᠠᠨ ᠴᠣᠯᠠ ᠳᠤ ᠡᠷᠭᠦᠮᠵᠢᠯᠡᠭᠳᠡᠭᠰᠡᠨ ᠪᠠᠶᠢᠨ᠎ᠠ᠃ ᠮᠣᠩᠭᠣᠯ ᠤᠨ ᠡᠬᠢ ᠰᠤᠷᠪᠤᠯᠵᠢ ᠨᠤᠭᠤᠳ ᠲᠤ ᠲᠡᠭᠦᠨ ᠦ ᠬᠠᠭᠠᠨᠴᠢᠯᠠᠯ ᠤᠨ ᠵᠢᠯ ᠤᠨ ᠳᠤ  ᠮᠣᠩᠭᠣᠯ ᠳᠤ ᠡᠩᠬᠡ ᠠᠮᠤᠭᠤᠯᠠᠩ ᠪᠠᠶᠢᠳᠠᠯ ᠲᠣᠭᠲᠠᠭᠰᠠᠨ ᠭᠡᠳᠡᠭ᠃

ᠴᠡᠷᠢᠭ ᠲᠠᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠶᠢᠷᠠᠳ ᠢ ᠲᠠᠶᠢᠯᠠᠭᠰᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠳᠣᠬᠠᠢ ᠰᠡᠴᠡᠨ ᠬᠠᠳᠣᠨ ᠨᠢᠯᠬ᠎ᠠ ᠪᠠᠭ᠎ᠠ ᠪᠠᠲᠤᠮᠦ᠋ᠩᠬᠡ ᠵᠢ ᠦᠭᠡᠭᠳᠦ ᠲᠡᠷᠭᠡᠨ ᠳᠦ ᠰᠠᠭᠣᠯᠭᠠᠵᠣ ᠣᠶᠢᠷᠠᠳ ᠢ ᠳᠠᠶᠢᠯᠠᠬᠣ ᠪᠡᠷ ᠮᠣᠷᠳᠠᠵᠣ ᠪᠠᠶᠢᠵᠠᠢ᠃ ᠲᠠᠰ ᠪᠦᠷᠢᠳᠥ ᠭᠡᠮᠡᠬᠦ ᠭᠠᠵᠠᠷ ᠲᠣᠯᠭᠠᠷᠠᠨ ᠪᠠᠶᠢᠯᠳᠣᠵᠣ ᠣᠶᠢᠷᠠᠳ ᠤᠳ ᠢᠯᠠᠭᠳᠠᠵᠣ ᠲᠠᠶᠢᠨ ᠵᠣᠭᠰᠣᠬᠣ ᠵᠢ ᠭᠣᠶᠣᠴᠢᠯᠠᠭᠰᠠᠨ ᠳᠤ ᠂ ᠮᠠᠨᠳᠣᠬᠠᠢ ᠰᠡᠴᠡᠨ ᠪᠠᠲᠤᠮᠦ᠋ᠩᠬᠡ ᠬᠣᠶᠠᠷ ᠵᠦᠪᠰᠢᠶᠡᠷᠡᠵᠥ ᠂ ᠠᠩᠬ᠎ᠠ ᠣᠳᠠᠭ᠎ᠠ ᠡᠪ ᠦᠨ ᠭᠡᠷ᠎ᠡ ᠲᠣᠭᠳᠠᠭᠠᠵᠣ ᠂ ᠲᠠᠪᠣᠨ ᠵᠠᠰᠠᠭ ᠬᠠᠣᠯᠢ ᠵᠢ ᠭᠠᠷᠭᠠᠵᠣ ᠪᠣᠴᠠᠵᠣ ᠪᠠᠶᠢᠵᠠᠢ᠃ ᠲᠡᠷᠡᠨ ᠲᠠᠪᠣᠨ ᠵᠠᠰᠠᠭ ᠬᠠᠣᠯᠢ ᠨᠢ ᠄ ᠨᠢᠭᠡ ᠂ ᠭᠡᠷ ᠢ ᠣᠷᠳᠣᠨ ᠭᠡᠬᠦ ᠪᠠᠨ ᠪᠣᠯᠢᠵᠣ ᠡᠷᠦᠭᠡ ᠭᠡᠷ ᠭᠡᠮᠡᠨ ᠨᠡᠷᠡᠯᠡᠵᠥ ᠪᠠᠢ᠃ ᠬᠣᠶᠠᠷ᠂ ᠮᠠᠯᠠᠭᠠᠢ ᠶᠢᠨ ᠵᠠᠯᠠᠭ᠎ᠠ ᠶᠢ ᠬᠣᠶᠠᠷ ᠬᠣᠷᠣᠭᠣ ᠬᠡᠮᠵᠢᠶᠡᠨ ᠡᠴᠡ ᠢᠯᠡᠬᠦᠦ ᠣᠷᠳᠣ ᠪᠣᠣ ᠭᠠᠷᠭᠠᠵᠣ ᠪᠠᠢ᠃ ᠭᠣᠷᠪᠠ᠂ ᠵᠠᠪᠢᠯᠠᠵᠣ ᠰᠠᠭᠣᠵᠣ ᠦᠯᠥ ᠪᠣᠯᠣᠨ᠎ᠠ᠃ ᠲᠦᠷᠪᠡ᠂ ᠭᠡᠬᠦᠦ ᠶᠢᠨ ᠠᠶᠢᠷᠠᠭ ᠢ ᠴᠡᠭᠡ ᠬᠡᠮᠡᠨ ᠨᠡᠷᠡᠯᠡᠵᠥ ᠪᠠᠢ᠃ ᠲᠠᠪᠣ᠂ ᠮᠢᠬ᠎ᠠ ᠵᠢ ᠬᠢᠳᠣᠭ᠎ᠠ ᠪᠡᠷ ᠪᠣᠣ ᠢᠳᠡ᠂ ᠵᠦᠪᠡᠨ ᠰᠢᠳᠣ ᠪᠡᠷ ᠢᠳᠡᠵᠥ ᠪᠠᠢ ᠭᠡᠵᠡᠢ᠃

ᠲᠦᠮᠡᠳ ᠶᠦᠩᠰᠢᠶᠠᠪᠥ ᠶᠢ ᠳᠠᠶᠢᠯᠠᠭᠰᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠷᠪᠡᠨ ᠣᠶᠢᠷᠠᠳ ᠢ ᠲᠦᠪᠰᠢᠳᠭᠡᠭᠰᠡᠨ ᠦ ᠲᠠᠷᠠᠭ᠎ᠠ ᠂ ᠪᠠᠲᠤᠮᠦ᠋ᠩᠬᠡ ᠲᠦᠮᠡᠳ ᠦᠨ ᠬᠣᠰᠣᠢ ᠵᠢ ᠳᠠᠶᠢᠯᠠᠵᠣ ᠂ ᠲᠦᠮᠡᠳ ᠦᠨ ᠲᠦᠷᠭᠡᠨ ᠭᠣᠣᠯ ᠤᠨ ᠬᠦᠪᠡᠭᠡᠨ᠎ᠡ ᠲᠦᠮᠡᠳ ᠦᠨ ᠴᠡᠷᠢᠭ ᠢ ᠪᠣᠳᠠ ᠴᠣᠬᠢᠵᠣ ᠬᠣᠰᠣᠢ ᠶᠢ ᠪᠠᠷᠢᠵᠣ ᠠᠯᠠᠪᠠ᠃ ᠲᠡᠬᠦᠨ ᠦ ᠲᠠᠷᠠᠭ᠎ᠠ ᠢᠰᠮᠠᠨ ᠲᠠᠶᠢᠰᠢ ᠲᠠᠢ ᠲᠣᠯᠣᠯᠳᠣᠨ ᠲᠡᠬᠦᠨ ᠢ ᠬᠦᠨᠦᠭᠡᠵᠥ᠂ ᠲᠡᠬᠦᠨ ᠦ ᠣᠯᠠᠮ ᠡᠴᠡ ᠶᠦᠩᠰᠢᠶᠠᠪᠥ ᠵᠢ ᠲᠦᠪᠰᠢᠳᠭᠡᠵᠡᠢ᠃

ᠪᠠᠷᠠᠭᠣᠨ ᠭᠣᠷᠪᠠᠨ ᠲᠦᠮᠡᠨ ᠲᠠᠢ ᠲᠠᠬᠢᠨᠳᠠ ᠪᠠᠶᠢᠯᠳᠣᠭᠰᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠠᠶᠠᠨ ᠬᠠᠭᠠᠨ 1505 ᠤᠨ ᠳᠤ ᠭᠡᠷᠥᠯᠥᠨ ᠭᠣᠣᠯ ᠤᠨ ᠬᠦᠪᠡᠭᠡᠨ᠎ᠡ ᠬᠣᠷᠠᠯᠳᠣᠭᠠᠨ ᠬᠢᠵᠣ ᠪᠦᠬᠦ ᠮᠣᠩᠭᠣᠯ ᠢ ᠨᠢᠭᠡᠳᠭᠡᠭᠰᠡᠨ ᠦᠶᠢᠯᠡ ᠵᠢ ᠲᠡᠮᠳᠡᠭᠯᠡᠪᠡ ᠃ 1506 ᠤᠨ ᠳᠤ ᠬᠣᠶᠠᠳᠣᠭᠠᠷ ᠬᠦᠪᠡᠭᠥᠨ ᠣᠯᠣᠰᠪᠣᠯᠣᠳ ᠢ ᠪᠠᠷᠠᠭᠣᠨ ᠭᠣᠷᠪᠠᠨ ᠲᠦᠮᠡᠨ ᠦ ᠵᠢᠨᠣᠩ ᠢᠶᠠᠷ ᠲᠣᠮᠢᠯᠠᠵᠣ ᠶᠠᠪᠣᠭᠣᠯᠣᠭᠰᠠᠨ ᠳᠤ ᠶᠦᠩᠰᠢᠶᠠᠪᠥ ᠶᠢᠨ ᠢᠪᠷᠠᠢ ᠲᠠᠶᠢᠵᠢ ᠂ ᠣᠷᠳᠣᠰ ᠤᠨ ᠮᠠᠨᠳᠣᠯᠠᠢ ᠠᠬᠠᠯᠠᠬᠣ ᠬᠣᠶᠠᠷ ᠣᠯᠣᠰᠪᠣᠯᠣᠳ ᠢ ᠬᠦᠨᠦᠭᠡᠪᠡ ᠃ ᠡᠬᠦᠨ ᠳᠦ 1508 ᠤᠨ ᠳᠤ ᠪᠠᠲᠤᠮᠦ᠋ᠩᠬᠡ ᠳᠠᠶᠠᠨ ᠬᠠᠭᠠᠨ ᠪᠠᠷᠠᠭᠣᠨ ᠭᠣᠷᠪᠠᠨ ᠲᠦᠮᠡᠨ ᠲᠠᠢ ᠲᠠᠬᠢᠨ ᠪᠠᠶᠢᠯᠳᠣᠵᠣ ᠪᠣᠳᠠ ᠴᠣᠬᠢᠵᠠᠢ᠃

ᠣᠷᠢᠶᠠᠩᠬᠠᠢ ᠶᠢ ᠳᠠᠶᠢᠯᠠᠭᠰᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠲᠤᠮᠦ᠋ᠩᠬᠡ ᠪᠠᠷᠠᠭᠣᠨ ᠭᠣᠷᠪᠠᠨ ᠲᠦᠮᠡᠨ ᠢ ᠲᠦᠪᠰᠢᠳᠭᠡᠭᠰᠡᠨ ᠦ ᠲᠠᠷᠠᠭ᠎ᠠ ᠴᠡᠷᠢᠭ ᠳᠠᠶᠢᠴᠢᠯᠠᠨ ᠣᠷᠢᠶᠠᠩᠬᠠᠢᠴᠣᠳ ᠢ ᠪᠣᠳᠠ ᠴᠣᠬᠢᠨ ᠦᠪᠡᠷ ᠦᠨ ᠵᠠᠬᠢᠷᠭᠠᠨ ᠳᠤ ᠣᠷᠣᠭᠣᠯᠵᠠᠢ᠃

ᠮᠢᠩ ᠣᠯᠣᠰ ᠲᠠᠢ ᠳᠠᠶᠢᠳᠣᠭᠰᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

1501 ᠤᠨ ᠳᠤ ᠮᠢᠩ ᠣᠯᠣᠰ ᠣᠷᠳᠣᠰ ᠢ ᠭᠡᠨᠡᠳᠡᠭᠦᠯᠦᠨ ᠲᠣᠪᠳᠣᠯᠵᠣ ᠮᠢᠩᠭ᠎ᠠ ᠭᠠᠷᠣᠢ ᠠᠳᠣᠭᠣ ᠮᠠᠯ ᠢ ᠲᠠᠭᠡᠷᠡᠮᠳᠡᠨ ᠠᠪᠠᠴᠢᠵᠠᠢ᠃ ᠲᠡᠭᠡᠬᠦ ᠪᠡᠷ ᠪᠠᠲᠤᠮᠦ᠋ᠩᠬᠡ ᠲᠠᠶᠠᠨ ᠬᠠᠭᠠᠨ 10 ᠲᠦᠮᠡᠨ ᠴᠡᠷᠢᠭ ᠳᠠᠶᠢᠴᠢᠯᠠᠨ ᠮᠢᠩ ᠣᠯᠣᠰ ᠤᠨ ᠬᠡᠥ ᠶᠣᠸᠠᠨ᠂ ᠨᠢᠩᠱᠠᠨ ᠵᠡᠷᠭᠡ ᠭᠠᠵᠠᠷ ᠢ ᠲᠣᠪᠳᠣᠯᠵᠠᠢ᠃

ᠣᠯᠣᠰ ᠲᠦᠷᠦ ᠶᠢᠨ ᠦᠭᠡᠷᠴᠢᠯᠡᠯᠳᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠲᠤᠮᠦ᠋ᠩᠬᠡ ᠬᠠᠭᠠᠨ ᠪᠦᠬᠦ ᠮᠣᠩᠭᠣᠯ ᠢ ᠨᠢᠭᠡᠳᠭᠡᠭᠰᠡᠨ ᠦ ᠲᠠᠷᠠᠭ᠎ᠠ ᠂ ᠲᠠᠶᠢᠵᠢ ᠂ ᠴᠢᠩᠰᠠᠩ ᠭᠡᠬᠦ ᠮᠡᠳᠦ ᠴᠣᠯᠠ ᠭᠡᠷᠬᠢᠮ ᠢ ᠬᠦᠴᠦᠨ ᠦᠭᠡᠢ ᠪᠣᠯᠭᠠᠵᠣ ᠵᠠᠰᠠᠭ ᠲᠦᠷᠦ ᠵᠢ ᠣᠳᠣᠷᠢᠳᠬᠣ ᠬᠠᠭᠠᠨ ᠬᠦᠮᠦᠨ ᠦ ᠵᠠᠶᠢᠯᠠᠰᠢ ᠦᠭᠡᠢ ᠡᠳ᠋ᠯᠡᠬᠦ ᠲᠡᠭᠡᠳᠦ ᠡᠷᠭᠡ ᠵᠢ ᠪᠠᠳᠣᠯᠭᠠᠵᠢᠭᠣᠯᠵᠠᠢ᠃ ᠡᠬᠦᠨ ᠦ ᠵᠡᠷᠭᠡᠴᠡᠭᠡ ᠪᠡᠷ ᠰᠠᠶᠢᠳ ᠨᠠᠷ ᠤᠨ ᠡᠵᠡᠮᠰᠢᠯ ᠭᠠᠵᠠᠷ ᠢ ᠦᠨᠳᠦᠰᠦᠨ ᠳᠦ ᠨᠢ ᠦᠭᠡᠢᠰᠭᠡᠵᠥ ᠪᠦᠬᠦ ᠵᠡᠬᠦᠨ ᠮᠣᠩᠭᠣᠯ ᠢ 6 ᠲᠦᠮᠡᠨ ᠪᠣᠯᠭᠠᠭᠠᠳ ᠲᠡᠳᠡᠭᠡᠷ 6 ᠲᠦᠮᠡᠨ ᠢᠶᠡᠨ ᠲᠣᠳᠣᠷ᠎ᠠ ᠨᠢ ᠵᠡᠬᠦᠨ ᠪᠠᠷᠠᠭᠣᠨ ᠭᠠᠷ ᠭᠡᠵᠥ ᠬᠣᠪᠢᠶᠠᠵᠠᠢ ᠃ ᠡᠭᠦᠨ ᠳᠦ ᠵᠡᠭᠦᠨ ᠭᠠᠷ ᠭᠣᠷᠪᠠᠨ ᠲᠦᠮᠡᠨ ᠨᠢ ᠄ ᠴᠠᠬᠠᠷ ᠲᠦᠮᠡᠨ ᠂ ᠣᠷᠢᠶᠠᠩᠬᠠᠢ ᠲᠦᠮᠡᠨ ᠂ ᠬᠠᠯᠬ᠎ᠠ ᠲᠦᠮᠡᠨ ᠃ ᠪᠠᠷᠠᠭᠣᠨ ᠭᠠᠷ ᠭᠣᠷᠪᠠᠨ ᠲᠦᠮᠡᠨ ᠨᠢ ᠣᠷᠳᠣᠰ ᠲᠦᠮᠡᠨ ᠂ ᠲᠦᠮᠡᠳ ᠲᠦᠮᠡᠨ ᠂ ᠶᠥᠩᠰᠢᠶᠠᠪᠥ ᠲᠦᠮᠡᠨ ᠭᠡᠵᠥ ᠬᠣᠪᠢᠶᠠᠵᠠᠢ᠃ ᠪᠠᠲᠤᠮᠦ᠋ᠩᠬᠡ ᠬᠠᠭᠠᠨ ᠦᠪᠡᠷ ᠢᠶᠡᠨ ᠴᠠᠬᠠᠷ ᠲᠦᠮᠡᠨ ᠦ ᠲᠣᠮᠳᠠ ᠦᠪᠡᠷ ᠦᠨ ᠶᠡᠭᠡ ᠣᠷᠳᠣ ᠵᠢ ᠪᠠᠶᠢᠭᠣᠯᠣᠨ ᠵᠡᠭᠦᠨ ᠭᠠᠷ ᠤᠨ ᠭᠣᠷᠪᠠᠨ ᠲᠦᠮᠡᠨ ᠢ ᠦᠪᠡᠷ ᠢᠶᠡᠨ ᠵᠠᠬᠢᠷᠴᠠᠢ᠃ ᠣᠷᠳᠣᠰ ᠲᠦᠮᠡᠨ ᠳᠦ ᠵᠢᠨᠣᠩ ᠤᠨ ᠣᠷᠳᠣᠨ ᠢ ᠪᠠᠶᠢᠭᠣᠯᠵᠣ ᠦᠪᠡᠷ ᠦᠨ ᠬᠦᠪᠡᠭᠦᠨ ᠪᠠᠷᠰᠪᠣᠯᠣᠳ ᠢᠶᠠᠷ ᠵᠠᠬᠢᠷᠣᠭᠣᠯᠵᠠᠢ ᠃

ᠭᠡᠷ ᠪᠦᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠶᠠᠠ ᠬᠠᠭᠠᠨ ᠨᠢ 3 ᠬᠠᠲᠤᠨ ᠲᠠᠢ᠃ ᠰᠤᠷᠪᠤᠯᠵᠢ ᠳᠤ ᠪᠢᠴᠢᠭᠰᠡᠨ ᠢᠶᠡᠷ ᠲᠡᠳᠡᠭᠡᠷ 3 ᠬᠠᠲᠤᠳ ᠤᠨ ᠨᠡᠷ᠎ᠡ ᠨᠢ ᠣᠨᠳᠣᠣ ᠪᠠᠶᠢᠳᠠᠭ ᠴᠤ ᠭᠡᠰᠡᠨ ᠠᠳᠠᠯᠢ ᠨᠡᠷᠡᠨ ᠦ ᠰᠠᠯᠠᠭ᠎ᠠ ᠤᠳᠬ᠎ᠠ ᠨᠤᠭᠤᠳ ᠪᠠᠶᠢᠳᠠᠭ᠃

ᠲᠡᠷᠡ ᠥᠪᠡᠷ ᠦᠨ 11 ᠬᠦᠦ ᠳᠦ ᠪᠡᠨ ᠬᠠᠷᠢᠶᠠᠲᠤ ᠠᠶᠢᠮᠠᠭ ᠤᠳ ᠢᠶᠠᠨ ᠬᠤᠪᠢᠶᠠᠷᠢᠯᠠᠵᠤ ᠣᠯᠭᠤᠭᠰᠠᠨ ᠪᠥᠭᠡᠳ ᠣᠳᠬᠣᠨ ᠬᠦᠦ ᠭᠡᠷᠰᠠᠨᠵᠠ ᠳᠦ ᠬᠠᠯᠬ᠎ᠠ ᠲᠦᠮᠡᠨ ᠦ 7 ᠬᠣᠰᠢᠭᠤ ᠣᠨᠣᠭᠳᠠᠭᠰᠠᠨ ᠨᠢ ᠬᠠᠯᠬ᠎ᠠ 7 ᠬᠣᠰᠢᠭᠤᠨ ᠤ ᠡᠬᠢᠯᠡᠯ ᠪᠣᠯᠵᠠᠢ᠃ ᠳᠠᠶᠠᠠ ᠬᠠᠭᠠᠨ ᠥᠪᠡᠷ ᠦᠨ 11 ᠬᠦᠦ ᠳᠦ ᠪᠡᠨ ᠳᠠᠷᠠᠭᠠᠬᠢ ᠠᠶᠢᠮᠠᠭ ᠤᠳ ᠢ ᠬᠤᠪᠢᠳᠠᠨ ᠥᠭᠭᠦᠭᠰᠡᠨ᠃ ᠡᠭᠦᠨ ᠳᠦ:

ᠲᠡᠷᠡ ᠮᠣᠩᠭᠣᠯ ᠢ ᠳᠠᠬᠢᠨ ᠵᠣᠬᠢᠶᠠᠨ ᠪᠠᠶᠢᠭᠤᠯᠤᠯᠲᠠ ᠳᠤ ᠣᠷᠣᠭᠤᠯᠵᠤ ᠵᠢᠷᠭᠤᠭᠠᠨ ᠲᠦᠮᠡᠨ ᠪᠣᠯᠭᠠᠵᠠᠢ᠃

ᠵᠡᠭᠦᠨ ᠲᠦᠮᠡᠨ: ᠬᠠᠯᠬ᠎ᠠᠴᠠᠬᠠᠷᠤᠷᠢᠶᠠᠩᠬᠠᠢ

ᠪᠠᠷᠠᠭᠤᠨ ᠲᠦᠮᠡᠨ: ᠣᠷᠳᠣᠰᠲᠦᠮᠡᠳᠶᠦᠩᠰᠢᠶᠡᠪᠦ ᠳᠣᠲᠣᠷ᠎ᠠ ᠠᠰᠤᠳᠬᠠᠷᠠᠴᠢᠨ ᠠᠶᠢᠮᠠᠭ ᠤᠳ ᠢ ᠨᠡᠮᠡᠵᠦ ᠨᠢᠭᠡ ᠲᠦᠮᠡᠨ

ᠡᠮᠦᠨᠡᠬᠢ
ᠮᠠᠨᠳᠤᠭᠤᠯ ᠬᠠᠭᠠᠨ
ᠮᠣᠩᠭᠣᠯ ᠤᠯᠤᠰ ᠍ ᠤᠨ ᠬᠠᠭᠠᠨ
{{{on}}}
ᠳᠠᠷᠠᠭᠠᠬᠢ
ᠪᠠᠷᠰᠪᠣᠯᠣᠳ ᠰᠠᠶᠢᠨ ᠠᠯᠠᠭ ᠬᠠᠭᠠᠨ

ᠪᠢᠴᠢᠭᠡᠰᠦ