ᠪᠠᠯ ᠠᠷᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
«ᠪᠠᠯ» ᠦᠭᠡ ᠪᠡᠷ ᠡᠨᠳᠡ ᠬᠣᠯᠪᠣᠭᠳᠠᠯ᠎ᠠ᠃ ᠥᠭᠡᠷ᠎ᠡ ᠵᠦᠢᠯ ᠦᠨ ᠬᠠᠭᠤᠳᠠᠰᠤ ᠶᠢ «ᠪᠠᠯ (ᠰᠠᠯᠠᠭ᠎ᠠ ᠤᠳᠬ᠎ᠠ)» ᠍ ᠠᠴᠠ ᠣᠯᠵᠤ ᠪᠣᠯᠤᠨ᠎ᠠ᠃
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠪᠠᠯ ᠠᠷᠠᠯ(巴厘岛) ᠨᠢ ᠵᠡᠭᠦᠨ ᠡᠮᠦᠨᠡᠲᠦ ᠠᠽᠢᠶ᠎ᠠ ᠍ ᠶᠢᠨ ᠢᠨᠳᠣᠨᠧᠰᠢᠶ᠎ᠠ  ᠳᠤ ᠬᠠᠷᠢᠶᠠᠯᠠᠭᠳᠠᠬᠤ ᠠᠷᠠᠯ᠃ ᠪᠠᠯ ᠠᠷᠠᠯ ᠨᠢ ᠢᠨᠳᠣᠨᠧᠰᠢᠶ᠎ᠠ ᠶᠢᠨ 17000 ᠭᠠᠷᠤᠶ ᠠᠷᠠᠯ ᠬᠣᠶᠢᠭ ᠳᠣᠲᠣᠷ᠎ᠠ ᠬᠠᠮᠤᠭ ᠤᠨ ᠨᠢᠳᠦ ᠭᠢᠯᠠᠰᠤᠮ᠎ᠠ ᠨᠢᠭᠡᠨ ᠠᠷᠠᠯ ᠂ ᠡᠨᠡᠳᠬᠡᠭ ᠳᠠᠯᠠᠶ ᠶᠢᠨ ᠳᠡᠯᠡᠬᠡᠶ ᠶᠢᠨ ᠪᠦᠰᠡᠯᠡᠭᠦᠷ ᠦᠨ ᠡᠮᠦᠨᠡᠲᠦ ᠵᠦᠭ ᠤᠨ 8 ᠭᠷᠠᠳᠦ᠋ᠰ ᠲᠤ  ᠪᠠᠶᠢᠷᠢᠯᠠᠵᠤ ᠪᠠᠶᠢᠭ᠎ᠠ ᠂ ᠵᠠᠸᠠ ᠠᠷᠠᠯ ᠤᠨ ᠵᠡᠭᠦᠨ ᠬᠡᠰᠡᠭ ᠲᠤ ᠪᠠᠢᠵᠤ᠂ ᠠᠷᠠᠯ ᠳᠡᠭᠡᠷᠡᠬᠢ ᠵᠡᠭᠦᠨᠰᠢ ᠪᠠᠷᠠᠭᠤᠨᠰᠢ ᠥᠷᠭᠡᠨ ᠨᠢ 140 ᠺᠢᠯᠣᠮᠧᠲ᠋ᠷ ᠂ ᠡᠮᠦᠨ᠎ᠡ ᠤᠮᠠᠷ᠎ᠠ ᠶᠢᠨ ᠬᠣᠭᠣᠷᠣᠨᠳᠣᠬᠢ ᠵᠠᠶ ᠨᠢ 80 ᠺᠢᠯᠣᠮᠧᠲ᠋ᠷ ᠂ ᠪᠦᠬᠦ ᠠᠷᠠᠯ ᠤᠨ ᠶᠡᠷᠦᠩᠬᠡᠶ ᠲᠠᠯᠠᠪᠠᠶ ᠨᠢ 5620㎞²᠃ ᠳᠡᠯᠡᠬᠡᠶ  ᠳᠤ ᠠᠯᠳᠠᠷᠲᠠᠶ ᠵᠢᠭᠤᠯᠴᠢᠯᠠᠯ ᠤᠨ ᠠᠷᠠᠯ ᠂ ᠢᠨᠳᠣᠨᠧᠰᠢᠶ᠎ᠠ ᠶᠢᠨ 33  ᠨᠢᠭᠡᠳᠦᠭᠡᠷ ᠳᠡᠰ ᠤᠨ ᠵᠠᠰᠠᠭ ᠵᠠᠬᠢᠷᠭᠠᠨ ᠤ ᠣᠷᠣᠨ ᠤ ᠨᠢᠭᠡ ᠨᠢ ᠪᠣᠯᠤᠨ᠎ᠠ ᠃

ᠪᠠᠯ ᠠᠷᠠᠯ ᠳᠡᠭᠡᠷ᠎ᠡ ᠣᠯᠠᠩᠬᠢ ᠨᠢ ᠠᠭᠤᠯᠠᠷᠬᠠᠭ ᠭᠠᠵᠠᠷ ᠪᠠᠶᠢᠵᠤ ᠂ ᠪᠥᠬᠥ ᠠᠷᠠᠯ ᠤᠨ ᠠᠭᠤᠯᠠ ᠨᠢᠷᠤᠭᠤ ᠬᠥᠨᠳᠡᠯᠡᠨ ᠭᠤᠯᠳᠤ ᠂ ᠭᠠᠵᠠᠷ ᠤᠨ ᠪᠠᠶᠢᠴᠠ ᠨᠢ ᠵᠡᠭᠦᠨ ᠢᠶᠡᠨ ᠥᠨᠳᠥᠷ ᠪᠠᠷᠠᠭᠤᠨ ᠢᠶᠠᠨ ᠳᠣᠣᠷ᠎ᠠ ᠪᠠᠶᠢᠳᠠᠭ ᠃ ᠠᠷᠠᠯ ᠳᠡᠭᠡᠷᠡᠬᠢ ᠬᠠᠮᠤᠭ ᠥᠨᠳᠥᠷ ᠣᠷᠭᠢᠯ ᠨᠢ ᠠ ᠭᠦᠩ ᠭᠠᠯᠲᠤ ᠠᠭᠤᠯᠠ᠂ ᠳᠠᠯᠠᠶ ᠶᠢᠨ ᠲᠦᠪᠰᠢᠨ ᠡᠴᠡ 3142 ᠮᠧᠲ᠋ᠷ ᠪᠠᠶᠢᠳᠠᠭ ᠃ ᠪᠠᠯ ᠠᠷᠠᠯ ᠪᠣᠯ ᠢᠨᠳᠣᠨᠧᠰᠢᠶ᠎ᠠ ᠶᠢᠨ ᠴᠤᠷ ᠤᠨ ᠭᠠᠭᠴᠠ ᠡᠨᠡᠳᠬᠡᠭ ᠦᠨ ᠱᠠᠰᠢᠨ ᠢ ᠰᠢᠲᠦᠵᠦ ᠭᠠᠵᠠᠷ ᠣᠷᠣᠨ ᠪᠣᠯᠤᠨ᠎ᠠ ᠃ 80% ᠵᠢᠨ ᠬᠥᠮᠦᠨ ᠨᠢ ᠡᠨᠡᠳᠬᠡᠭ ᠦᠨ ᠱᠠᠰᠢᠨ ᠢ ᠰᠢᠲᠦᠳᠡᠭ ᠃ ᠭᠣᠣᠯᠳᠠᠭᠤ ᠬᠡᠷᠡᠭᠯᠡᠵᠦ ᠪᠠᠶᠢᠭ᠎ᠠ ᠦᠭᠡ ᠬᠡᠯᠡ ᠪᠣᠯ ᠢᠨᠳᠣᠨᠧᠰᠢᠶ᠎ᠠ ᠬᠡᠯᠡ ᠪᠠ ᠠᠩᠭ᠍ᠯᠢ ᠬᠡᠯᠡ ᠪᠣᠯᠤᠨ᠎ᠠ ᠃

2015 ᠤᠨ ᠳᠤ ᠠᠮᠧᠷᠢᠺᠠ ᠶᠢᠨ ᠠᠯᠳᠠᠷᠲᠤ ᠵᠤᠭᠠᠴᠠᠯ ᠤᠨ ᠰᠡᠳᠬᠦᠯ 《ᠵᠢᠭᠤᠯᠴᠢᠯᠠᠯ + ᠰᠡᠯᠡᠭᠦᠴᠡᠯ 》 ᠤᠨ ᠨᠢᠭᠡᠨ ᠪᠠᠶᠢᠴᠠᠭᠠᠯᠲᠠ ᠶᠢᠨ ᠡᠴᠦᠰ ᠲᠡᠬᠡᠨ ᠢᠨᠳᠣᠨᠧᠰᠢᠶ᠎ᠠ ᠶᠢᠨ ᠪᠠᠯ ᠠᠷᠠᠯ  ᠢ ᠳᠡᠯᠡᠬᠡᠶ ᠳᠡᠭᠡᠷᠡᠬᠢ ᠬᠠᠮᠤᠭ ᠰᠠᠢᠬᠠᠨ ᠠᠷᠠᠯ ᠤᠨ ᠨᠢᠭᠡ  ᠪᠡᠷ ᠦᠨᠡᠯᠡᠭᠰᠡᠨ ᠪᠣᠯᠤᠨ᠎ᠠ ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠯ ᠠᠷᠠᠯ ᠳᠤ ᠡᠷᠲᠡᠨ ᠡᠴᠡ ᠬᠦᠮᠦᠨ ᠠᠮᠢᠳᠤᠷᠠᠵᠤ ᠪᠠᠶᠢᠭᠰᠠᠨ ᠤ ᠤᠯᠠ ᠮᠥᠷ ᠡᠯᠪᠡᠭ ᠣᠯᠳᠠᠳᠠᠭ ᠪᠥᠭᠡᠳ 4 ᠳ᠋ᠤᠭᠡᠷ ᠵᠠᠭᠤᠨ ᠳᠤ ᠡᠨᠡᠳᠬᠡᠭ ᠱᠠᠰᠢᠨ ᠲᠠᠨ ᠨᠤᠭᠤᠳ ᠨᠡᠭᠦᠳᠡᠯᠯᠡᠵᠦ ᠢᠷᠡᠭᠰᠡᠨ ᠢᠶᠡᠷ ᠠᠷᠠᠯ ᠨᠢ ᠬᠥᠭᠵᠢᠯ ᠴᠡᠴᠡᠭᠯᠡᠯ ᠦᠨ ᠵᠠᠮ ᠳᠤ ᠪᠠᠨ ᠣᠷᠣᠵᠠᠢ᠃

9 ᠍ᠳ᠋ᠤᠭᠡᠷ ᠵᠠᠭᠤᠨ  ᠤ ᠦᠶᠡᠰ ᠥᠪᠡᠷ ᠦᠨ ᠭᠡᠰᠡᠨ ᠲᠥᠷᠥ ᠤᠯᠤᠰ ᠢᠶᠠᠨ ᠪᠠᠶᠢᠭᠤᠯᠵᠤ ᠪᠠᠶᠢᠭᠰᠠᠨ ᠪᠣᠯᠪᠠᠴᠤ ᠲᠡᠦᠬᠡ ᠶᠢᠨ ᠶᠡᠬᠡᠩᠬᠢ ᠬᠤᠭᠤᠴᠠᠭᠠᠨ ᠳᠤ ᠬᠥᠷᠰᠢ ᠵᠡᠷᠭᠡᠯᠡᠳᠡᠭᠡ ᠤᠷᠤᠰᠢᠬᠤ ᠵᠢᠪᠠ ᠠᠷᠠᠯ ᠢ ᠵᠠᠬᠢᠷᠴᠢ ᠪᠠᠶᠢᠭᠰᠠᠨ ᠤᠯᠤᠰ ᠤᠨ ᠨᠥᠯᠦᠭᠡᠨ ᠳᠣᠣᠷ᠎ᠠ ᠣᠷᠣᠰᠢᠵᠤ ᠢᠷᠡᠭᠰᠡᠨ ᠪᠠᠶᠢᠨ᠎ᠠ᠃ 1342 ᠤᠨ ᠳᠤ ᠮᠠᠵᠠᠫᠠᠬᠢᠲ ᠤᠨ ᠬᠠᠭᠠᠨᠲᠤ ᠤᠯᠤᠰ ᠍ ᠤᠨ ᠳᠣᠪᠲᠣᠯᠭᠠᠨ ᠳᠤ ᠥᠷᠲᠥᠨ᠂ ᠡᠵᠡᠮᠰᠢᠯ ᠳᠦ ᠨᠢ ᠣᠷᠣᠵᠠᠢ᠃ 16 ᠍ ᠳ᠋ᠤᠭᠠᠷ ᠵᠠᠭᠤᠨ ᠳᠤ ᠮᠠᠵᠠᠫᠠᠬᠢᠲ ᠤᠨ ᠬᠠᠭᠠᠨᠲᠤ ᠤᠯᠤᠰ ᠨᠢ ᠢᠰᠯᠠᠮ ᠤᠨ ᠱᠠᠰᠢᠨᠲᠠᠨ ᠨᠤᠭᠤᠳ ᠤᠨ ᠳᠣᠪᠲᠣᠯᠭᠠᠨ ᠤ ᠦᠷ᠎ᠡ ᠳ᠋ᠦᠩ ᠳᠦ ᠮᠥᠬᠥᠬᠦ ᠳᠦ ᠵᠢᠪᠠ ᠠᠷᠠᠯ ᠠᠴᠠ ᠲᠤᠰᠠᠭᠠᠷᠯᠠᠵᠤ᠂ ᠭᠧᠺᠭᠧᠷ ᠤᠨ ᠬᠠᠭᠠᠨᠲᠤ ᠤᠯᠤᠰ ᠍ ᠢ ᠪᠠᠶᠢᠭᠤᠯᠤᠨ᠂ ᠵᠡᠭᠦᠨ ᠲᠡᠰᠢ ᠲᠡᠯᠡᠬᠦ ᠢᠰᠯᠠᠮ ᠤᠨ ᠬᠦᠴᠦᠨ ᠦ ᠡᠰᠡᠷᠬᠦ ᠰᠥᠷᠥᠨ ᠵᠣᠭᠰᠣᠭᠰᠠᠨ ᠶᠤᠮ᠃ 17 ᠍ ᠳ᠋ᠤᠭᠠᠷ ᠵᠠᠭᠤᠨ ᠳᠤ ᠬᠣᠯᠠᠨᠳ᠋ ᠍ ᠤᠨ ᠣᠰ ᠲᠤ-ᠢᠩ ᠳᠦ ᠺᠣᠮᠫᠠᠨᠢ  ᠡᠴᠡ ᠡᠬᠢᠯᠡᠨ᠂ ᠧᠦᠢᠷᠣᠫᠠᠴᠤᠳ ᠲᠤᠰ ᠪᠥᠰᠡ ᠨᠤᠲᠤᠭ ᠲᠤ  ᠨᠡᠪᠲᠡᠷᠡᠵᠦ ᠡᠬᠢᠯᠡᠭᠰᠡᠨ ᠪᠣᠯᠪᠠᠴᠤ ᠥᠪᠡᠷ ᠦᠨ ᠭᠡᠰᠡᠨ ᠣᠨᠴᠠᠯᠢᠭᠲᠤ ᠪᠦᠲᠦᠭᠡᠭᠳᠡᠬᠦᠨ᠂ ᠠᠰᠢᠭᠲᠤ ᠮᠠᠯᠲᠠᠮᠠᠯ ᠦᠭᠡᠢ ᠪᠠᠯ ᠠᠷᠠᠯ ᠢ ᠴᠢᠬᠤᠯᠠ ᠳᠤ ᠲᠣᠭᠠᠴᠠᠯ ᠦᠭᠡᠢ᠂ ᠡᠵᠡᠯᠡᠬᠦ ᠶᠢ ᠴᠢᠷᠮᠠᠶᠢᠭ᠎ᠠ ᠦᠭᠡᠢ ᠲᠤᠯᠠ ᠪᠠᠯ ᠠᠷᠠᠯ ᠤᠨ ᠬᠢᠨ ᠥᠪᠡᠷᠰᠡᠳ ᠦᠨ ᠵᠠᠰᠠᠭ ᠲᠥᠷᠥ ᠶᠢ ᠬᠠᠳᠠᠭᠠᠯᠠᠭᠰᠠᠭᠠᠷ ᠢᠷᠡᠵᠡᠢ᠃

19 ᠍ ᠳ᠋ᠤᠭᠡᠷ ᠵᠠᠭᠤᠨ ᠳᠤ ᠢᠮᠫᠧᠷᠢᠶᠠᠯᠢᠰᠮ ᠍ ᠤᠨ ᠳᠠᠪᠠᠯᠭᠠᠨ ᠳᠣᠣᠷ᠎ᠠ ᠬᠣᠯᠠᠨᠳ᠋ ᠤᠯᠤᠰ ᠪᠠᠯ ᠠᠷᠠᠯ ᠢ ᠺᠣᠯᠣᠨᠢᠴᠢᠯᠠᠬᠤ ᠪᠣᠳᠣᠯᠭ᠎ᠠ ᠶᠠᠪᠤᠭᠤᠯᠵᠤ ᠡᠬᠢᠯᠡᠨ᠂ 1908 ᠤᠨ ᠳᠤ ᠲᠤᠰ ᠠᠷᠠᠯ ᠳᠡᠭᠡᠷ᠎ᠡ ᠣᠷᠣᠰᠢᠨ ᠲᠣᠭᠲᠠᠨᠢᠵᠤ ᠪᠠᠶᠢᠭᠰᠠᠨ ᠺᠯᠤᠩ ᠢᠬᠦᠩ ᠦᠨ ᠬᠠᠨᠯᠢᠭ ᠢ ᠮᠥᠬᠥᠭᠡᠵᠦ᠂ ᠠᠷᠠᠯ ᠤᠨ ᠪᠦᠬᠦ ᠨᠤᠲᠤᠭ ᠢ ᠡᠵᠡᠯᠡᠵᠡᠢ᠃ ᠲᠡᠳᠡ ᠠᠷᠠᠯ ᠢ ᠢᠵᠠᠭᠤᠷᠲᠠᠨ ᠨᠤᠭᠤᠳ ᠢᠶᠠᠷ ᠳᠠᠮᠵᠢᠭᠤᠯᠠᠨ ᠵᠠᠬᠢᠷᠠᠵᠤ᠂ ᠤᠰᠤᠵᠢᠭᠤᠯᠤᠯᠲᠠ᠂ ᠵᠠᠮ ᠬᠠᠷᠢᠯᠴᠠᠭ᠎ᠠ ᠶᠢ ᠬᠥᠭᠵᠢᠭᠦᠯᠦᠨ᠂ ᠬᠠᠷ᠎ᠠ ᠲᠠᠮᠠᠬᠢ᠂ ᠺᠣᠹᠧ ᠲᠠᠷᠢᠶᠠᠯᠠᠵᠤ᠂ ᠪᠣᠭᠣᠯᠴᠢᠯᠠᠬᠤ ᠶᠣᠰᠣ ᠶᠢ ᠬᠠᠯᠠᠵᠤ᠂ ᠰᠤᠷᠭᠠᠭᠤᠯᠢ ᠰᠤᠶᠤᠯ ᠪᠠᠶᠢᠭᠤᠯᠤᠨ᠂ ᠬᠦᠮᠦᠨ ᠠᠷᠠᠳ ᠢ ᠬᠤᠪᠴᠠᠰᠤ ᠡᠮᠦᠰᠭᠡᠵᠦ ᠰᠤᠷᠭᠠᠨ᠂ ᠣᠷᠴᠢᠨ ᠦᠶ᠎ᠡ ᠶᠢᠨ ᠧᠦᠢᠷᠣᠫᠠ ᠶᠢᠨ ᠰᠤᠶᠤᠯ ᠢ ᠨᠡᠪᠲᠡᠷᠡᠭᠦᠯᠦᠭᠰᠡᠨ ᠶᠤᠮ᠃

ᠳᠡᠯᠡᠬᠡᠢ ᠶᠢᠨ ᠬᠣᠶᠠᠳᠤᠭᠠᠷ ᠳᠠᠶᠢᠨ  ᠤ ᠦᠶ᠎ᠡ ᠳᠦ ᠲᠤᠰ ᠠᠷᠠᠯ ᠢ ᠶᠠᠫᠣᠨ ᠤ ᠠᠷᠮᠢ ᠡᠵᠡᠯᠡᠭᠰᠡᠨ ᠪᠥᠭᠡᠳ ᠳᠠᠶᠢᠨ ᠤ ᠳᠠᠷᠠᠭ᠎ᠠ ᠳᠠᠬᠢᠵᠤ ᠡᠷᠬᠡ ᠮᠡᠳᠡᠯ ᠢᠶᠡᠨ ᠲᠣᠭᠲᠠᠭᠠᠬᠤ ᠭᠡᠰᠡᠨ ᠬᠣᠯᠠᠨᠳ᠋ ᠍ ᠤᠨ ᠡᠰᠡᠷᠬᠦ ᠬᠥᠳᠡᠯᠭᠡᠭᠡᠨ ᠡᠨᠳᠡ ᠲᠡᠨᠳᠡ  ᠦᠭᠡᠢ ᠥᠷᠨᠢᠵᠦ᠂ 1949 ᠤᠨ ᠳᠤ ᠢᠨᠳᠣᠨᠧᠰᠢᠶ᠎ᠠ ᠤᠯᠤᠰ ᠲᠤᠰᠠᠭᠠᠷ ᠲᠣᠭᠲᠠᠨᠢᠬᠤ ᠳᠤ᠂ ᠳᠠᠷᠠᠭ᠎ᠠ ᠵᠢᠯ ᠨᠢ ᠪᠤᠶᠤ 1950 ᠤᠨ ᠳᠤ ᠪᠠᠯ ᠠᠷᠠᠯ ᠢᠨᠳᠣᠨᠧᠰᠢᠶ᠎ᠠ ᠳᠤ ᠨᠢᠭᠡᠳᠴᠡᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠯ ᠤᠨ ᠲᠠᠯᠠᠪᠠᠢ ᠨᠢ 5.633 ᠺᠢᠯᠣᠮᠧᠲ᠋ᠷ᠃ ᠪᠠᠭ᠎ᠠ ᠵᠣᠨᠳᠣ ᠶᠢᠨ ᠠᠷᠠᠯ ᠤᠳ ᠍ ᠤᠨ ᠪᠠᠷᠠᠭᠤᠨ ᠵᠠᠬ᠎ᠠ ᠶᠢᠨ ᠠᠷᠠᠯ ᠪᠥᠭᠡᠳ ᠶᠡᠬᠡ ᠵᠣᠨᠳᠣ ᠶᠢᠨ ᠠᠷᠠᠯ ᠤᠳ ᠠᠳᠠ ᠬᠠᠷᠢᠶᠠᠯᠠᠭᠳᠠᠬᠤ ᠵᠢᠪᠠ ᠠᠷᠠᠯ ᠲᠠᠢ ᠵᠡᠷᠭᠡᠴᠡᠵᠦ ᠪᠠᠶᠢᠷᠢᠯᠠᠳᠠᠭ᠃ᠪᠠᠷᠠᠭᠤᠨ ᠲᠠᠯ᠎ᠠ ᠳᠤ ᠨᠢ ᠪᠠᠯ ᠤᠨ ᠬᠣᠭᠣᠯᠠᠢ ᠪᠠᠷ ᠲᠤᠰᠠᠭᠠᠷᠯᠠᠭᠳᠠᠭᠰᠠᠨ ᠵᠢᠪᠠ ᠠᠷᠠᠯ᠂ ᠵᠡᠭᠦᠨ ᠲᠠᠯ᠎ᠠ ᠳᠤ ᠨᠢ ᠯᠣᠮᠪᠣᠺ ᠤᠨ ᠬᠣᠭᠣᠯᠠᠢ ᠶᠢ ᠢᠶᠠᠷ ᠲᠤᠰᠠᠭᠠᠷᠯᠠᠭᠳᠠᠭᠰᠠᠨ ᠯᠣᠮᠪᠣᠺ ᠠᠷᠠᠯ ᠣᠷᠣᠰᠢᠨ᠎ᠠ᠃ ᠪᠠᠯ ᠠᠷᠠᠯ ᠤᠨ ᠡᠷᠭᠢ ᠡᠴᠡ ᠵᠢᠪᠠ ᠠᠷᠠᠯ ᠬᠠᠷᠠᠭᠳᠠᠳᠠᠭ (ᠪᠠᠯ ᠤᠨ ᠬᠣᠭᠣᠯᠠᠢ ᠨᠢ ᠬᠠᠮᠤᠭ ᠤᠨ ᠨᠠᠷᠢᠨ ᠬᠡᠰᠡᠭ ᠢᠶᠡᠷ ᠢᠶᠡᠨ 3 ᠺᠢᠯᠣᠮᠧᠲ᠋ᠷ ᠥᠷᠭᠡᠨ) ᠭᠡᠳᠡᠭ᠃

ᠪᠠᠯ ᠤᠨ ᠡᠨᠡᠳᠬᠡᠭ ᠱᠠᠰᠢᠨ ᠤ ᠠᠷᠢᠭᠤᠨ ᠠᠭᠤᠯᠠ ᠭᠡᠭᠡ ᠳᠦ ᠬᠢ ᠠᠭᠤᠩ ᠢ ᠠᠭᠤᠯᠠ (3,142 ᠮ ᠥᠨᠳᠥᠷ) ᠪᠣᠯᠤᠨ ᠪᠠ ᠳᠤᠷ ᠠᠭᠤᠯᠠ ᠵᠡᠷᠭᠡ ᠣᠯᠠᠨ ᠭᠠᠯᠲᠤ ᠠᠭᠤᠯᠠ ᠲᠠᠢ᠃ ᠪᠠ ᠳᠤᠷ ᠠᠭᠤᠯᠠ ᠶᠢᠨ ᠣᠷᠴᠢᠮ ᠳᠤ ᠬᠠᠯᠠᠭᠤᠨ ᠷᠠᠰᠢᠶᠠᠨ ᠡᠯᠪᠡᠭ ᠲᠡᠢ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠠᠭᠤᠨ ᠪᠥᠰᠡ ᠲᠤ ᠪᠠᠭᠲᠠᠳᠠᠭ ᠪᠥᠭᠡᠳ ᠪᠣᠷᠣᠭᠠᠨ ᠤ ᠤᠯᠠᠷᠢᠯ (10-3 ᠰᠠᠷ᠎ᠠ)᠂ ᠬᠠᠭᠤᠷᠠᠢ ᠤᠯᠠᠷᠢᠯ (4-9 ᠰᠠᠷ᠎ᠠ) ᠨᠢ ᠡᠷᠡᠰ ᠲᠡᠰᠦ ᠢᠯᠭᠠᠭ᠎ᠠ ᠲᠠᠢ᠃

ᠭᠠᠵᠠᠷ ᠲᠠᠷᠢᠶᠠᠯᠠᠩ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠯᠢᠭ᠎ᠠ ᠶᠢᠨ ᠬᠦᠨᠡᠰᠦᠨ ᠦ ᠵᠠᠬ᠎ᠠ
ᠪᠧᠰᠠᠺᠢ ᠰᠦᠮ᠎ᠡ ᠶᠢᠨ ᠪᠠᠶᠢᠳᠠᠯ

ᠤᠰᠤᠵᠢᠭᠤᠯᠤᠯᠲᠠ

ᠲᠤᠰ ᠠᠷᠠᠯ ᠨᠢ ᠡᠷᠲᠡ ᠴᠠᠭ ᠲᠤ ᠴᠥᠯ ᠪᠠᠶᠢᠭᠰᠠᠨ ᠭᠡᠳᠡᠭ ᠪᠥᠭᠡᠳ ᠠᠷᠠᠯ ᠤᠨ ᠲᠥᠪᠡᠳ ᠤᠷᠤᠰᠢᠬᠤ ᠠᠭᠤᠯᠠᠨ ᠳᠤ ᠨᠠᠭᠤᠷ ᠪᠠᠶᠢᠭᠰᠠᠨ ᠪᠣᠯᠪᠠᠴᠤ ᠤᠰᠤ ᠨᠢ ᠪᠦᠭᠦᠳᠡ ᠬᠣᠶᠢᠳᠤ ᠵᠦᠭ ᠤᠷᠤᠭᠤ ᠤᠷᠤᠰᠤᠨ ᠣᠳᠴᠤ᠂ ᠡᠮᠦᠨᠡᠲᠦ ᠬᠡᠰᠡᠭ ᠨᠢ ᠬᠠᠭᠤᠷᠠᠢ ᠠᠭᠤᠷ ᠠᠮᠢᠰᠬᠤᠯ ᠲᠠᠢ ᠪᠠᠢᠵᠠᠢ᠃ ᠲᠡᠷᠡᠬᠦ ᠨᠠᠭᠤᠷ ᠤᠨ ᠤᠰᠤ ᠶᠢ ᠲᠤᠩᠨᠧᠯ ᠤᠬᠠᠨ ᠡᠮᠦᠨ᠎ᠡ ᠵᠦᠭ ᠤᠷᠤᠭᠤ ᠲᠠᠲᠠᠵᠤ᠂ ᠤᠰᠤᠨ ᠤ ᠤᠷᠤᠰᠬᠠᠯ ᠢ ᠵᠣᠬᠢᠴᠠᠭᠤᠯᠬᠤ ᠪᠣᠯᠤᠭᠰᠠᠨ ᠢᠶᠠᠷ ᠠᠷᠠᠯ ᠤᠨ ᠡᠮᠦᠨᠡᠲᠦ ᠬᠡᠰᠡᠭ ᠨᠣᠭᠣᠭᠠᠨ ᠤᠷᠭᠤᠮᠠᠯ ᠢᠶᠠᠷ ᠪᠦᠷᠬᠦᠭᠳᠡᠵᠦ᠂ ᠳᠦᠷᠢ ᠲᠥᠷᠬᠥ ᠪᠡᠨ ᠥᠭᠡᠷᠡᠴᠢᠯᠡᠭᠰᠡᠨ ᠶᠤᠮ᠃
ᠡᠶᠢᠨᠬᠦᠦ ᠪᠠᠯ ᠠᠷᠠᠯ ᠨᠢ ᠭᠠᠵᠠᠷ ᠲᠠᠷᠢᠶᠠᠯᠠᠩ ᠡᠷᠬᠢᠯᠡᠬᠦ ᠳᠦ ᠲᠤᠩ ᠲᠣᠬᠢᠷᠠᠮᠵᠢᠲᠠᠢ ᠪᠣᠯᠵᠠᠢ᠃ ᠵᠢᠱᠢᠶ᠎ᠡ ᠨᠢ᠂ ᠵᠢᠯ ᠳᠤ 2-3 ᠤᠳᠠᠭ᠎ᠠ ᠴᠠᠭᠠᠨ ᠪᠤᠳᠠᠭ᠎ᠠ ᠤ ᠤᠷᠭᠤᠴᠠ ᠬᠤᠷᠢᠶᠠᠵᠤ ᠠᠪᠳᠠᠭ ᠲᠤᠯᠠ ᠬᠣᠭᠣᠯᠠ ᠬᠦᠨᠡᠰᠦ ᠡᠯᠪᠡᠭ ᠳᠡᠯᠪᠡᠭ᠃ ᠲᠡᠶᠢᠮᠦ ᠡᠴᠡ ᠨᠤᠲᠤᠭ ᠤᠨ ᠲᠠᠷᠢᠶᠠᠴᠢᠳ ᠡᠳᠦᠷ ᠲᠦ 5-6 ᠴᠠᠭ ᠢ ᠯᠠ ᠭᠠᠵᠠᠷ ᠲᠠᠷᠢᠶᠠᠯᠠᠩ ᠤᠨ ᠠᠵᠢᠯ ᠳᠤ ᠪᠠᠨ ᠵᠠᠷᠤᠴᠠᠭᠤᠯᠤᠨ᠂ ᠦᠯᠡᠳᠡᠭᠰᠡᠨ ᠴᠠᠭ ᠢᠶᠠᠨ ᠤᠷᠠᠨ ᠵᠢᠷᠤᠭ᠂ ᠰᠡᠶᠢᠯᠪᠦᠷᠢ᠂ ᠳᠠᠭᠤᠤ ᠬᠥᠭᠵᠢᠮ᠂ ᠪᠦᠵᠢᠭ ᠵᠡᠷᠭᠡ ᠤᠷᠠᠯᠢᠭ ᠲᠤ ᠵᠣᠷᠢᠭᠤᠯᠬᠤ ᠪᠣᠯᠤᠮᠵᠢ ᠲᠠᠢ ᠪᠠᠶᠢᠳᠠᠭ᠃ ᠡᠶᠢᠮᠦ ᠡᠴᠡ ᠲᠤᠰ ᠠᠷᠠᠯ ᠨᠢ ᠤᠷᠠᠯᠢᠭ ᠤᠨ ᠠᠷᠠᠯ ᠬᠡᠮᠡᠨ ᠳᠡᠯᠡᠬᠡᠢ ᠳᠦ ᠠᠯᠳᠠᠷᠰᠢᠵᠠᠢ᠃ ᠪᠠᠯ ᠪᠦᠵᠢᠭ᠂ ᠲᠡᠭᠦᠨ ᠦ ᠠᠶ᠎ᠠ ᠶᠢ ᠲᠣᠭᠯᠠᠬᠤ ᠳᠤ ᠬᠡᠷᠡᠭᠯᠡᠭᠳᠡᠳᠡᠭ ᠬᠥᠭᠵᠢᠮ ᠦᠨ ᠵᠢᠮᠰᠡᠭ ᠭᠠᠮᠧᠯᠠᠨᠺᠧᠴᠠᠺ ᠵᠡᠷᠭᠡ ᠨᠢ ᠶᠡᠬᠡᠬᠡᠨ ᠠᠯᠳᠠᠷᠲᠠᠢ᠃

ᠠᠶᠠᠯᠠᠯ ᠵᠢᠭᠤᠯᠴᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠠᠯᠢᠭ ᠤᠨ ᠠᠷᠠᠯ ᠭᠡᠳᠡᠭ ᠨᠡᠷ᠎ᠡ ᠪᠡᠷ ᠢᠶᠡᠨ ᠳᠡᠯᠡᠬᠡᠢ ᠳᠦ ᠡᠷᠲᠡᠨ ᠡᠴᠡ ᠠᠯᠳᠠᠷᠰᠢᠭᠰᠠᠨ᠂ ᠮᠥᠨ ᠳᠠᠯᠠᠢ ᠶᠢᠨ ᠡᠷᠭᠢ ᠶᠢᠨ ᠨᠠᠷᠠᠨ ᠰᠢᠷᠠᠯᠭ᠎ᠠ ᠶᠢᠨ ᠭᠠᠵᠠᠷ ᠤᠳ ᠣᠯᠠᠨ ᠢᠶᠠᠷ ᠪᠠᠶᠢᠭᠤᠯᠤᠭᠳᠠᠭᠰᠠᠨ ᠲᠤᠯᠠ ᠵᠢᠭᠤᠯᠴᠢᠳ ᠤᠨ ᠲᠣᠭ᠎ᠠ ᠪᠠᠷ ᠡᠳᠦᠭᠡ ᠳᠡᠯᠡᠬᠡᠢ ᠳᠦ ᠳᠡᠭᠡᠭᠦᠷ ᠬᠡᠮᠵᠢᠶᠡᠨ ᠳᠦ ᠣᠷᠤᠵᠤ᠂ ᠠᠶᠠᠯᠠᠯ ᠵᠢᠭᠤᠯᠴᠢᠯᠠᠯ ᠬᠥᠭᠵᠢᠵᠡᠢ᠃ ᠲᠤᠰ ᠠᠷᠠᠯ ᠤᠨ ᠲᠥᠰᠥᠪ ᠦᠨ ᠶᠡᠬᠡᠩᠬᠢ ᠬᠤᠪᠢ ᠶᠢ ᠠᠶᠠᠯᠠᠯ ᠵᠢᠭᠤᠯᠴᠢᠯᠠᠯ ᠤᠨ ᠰᠠᠯᠪᠤᠷᠢ ᠪᠦᠷᠢᠳᠦᠭᠦᠯᠳᠡᠭ ᠭᠡᠵᠦ ᠬᠡᠯᠡᠬᠦ ᠳᠦ ᠬᠢᠯᠢᠰᠳᠡᠬᠦ ᠦᠭᠡᠢ᠃ ᠪᠠᠯ ᠠᠷᠠᠯ ᠳᠤ ᠮᠥᠨ ᠳᠡᠯᠡᠬᠡᠢ ᠶᠢᠨ ᠥᠨᠴᠥᠭ ᠪᠤᠯᠤᠩ ᠪᠦᠷᠢ ᠡᠴᠡ ᠵᠢᠯ ᠦᠨ ᠠᠯᠢ ᠴᠤ ᠤᠯᠠᠷᠢᠯ ᠳᠤ ᠰᠧᠷᠹᠢᠩᠭᠴᠢᠳ(冲浪者) ᠴᠤᠭᠯᠠᠷᠠᠳᠠᠭ᠃


ᠳᠤᠷᠠᠰᠬᠠᠯᠲᠤ ᠭᠠᠵᠠᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠠᠷᠠᠯᠲᠠ ᠶᠢᠨ ᠭᠠᠵᠠᠷ ᠂ ᠨᠠᠷᠠᠨ ᠰᠢᠷᠠᠯᠭ᠎ᠠ ᠶᠢᠨ ᠭᠠᠵᠠᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠮ ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠨᠤᠷᠠ ᠷᠠᠢ ᠣᠯᠠᠨ ᠤᠯᠤᠰ ᠤᠨ ᠨᠢᠰᠬᠦ ᠣᠩᠭᠣᠴᠠᠨ ᠤ ᠪᠠᠭᠤᠳᠠᠯ ᠨᠢ ᠠᠷᠠᠯ ᠤᠨ ᠡᠮᠦᠨᠡᠲᠦ ᠬᠡᠰᠡᠭ ᠲᠦ ᠪᠠᠶᠢᠳᠠᠭ᠃
  • ᠮᠠᠰᠢᠨ ᠵᠠᠮ - ᠲᠣᠮᠣᠬᠠᠨ ᠬᠣᠲᠠ ᠨᠤᠭᠤᠳ ᠢ ᠬᠣᠯᠪᠣᠨ᠂ ᠠᠷᠠᠯ ᠢ ᠪᠦᠲᠦᠨ ᠲᠤᠭᠤᠷᠢᠬᠤ ᠮᠠᠰᠢᠨ ᠵᠠᠮ ᠪᠤᠢ᠃ ᠨᠤᠲᠤᠭ ᠤᠨ ᠢᠷᠭᠡᠳ ᠦᠨ ᠶᠡᠬᠡᠩᠬᠢ ᠨᠢ ᠮᠣᠲ᠋ᠣᠷ ᠢᠶᠠᠷ ᠵᠣᠷᠴᠢᠳᠠᠭ᠃
  •  ᠨᠠᠢᠲᠡ ᠶᠢᠨ ᠮᠠᠰᠢᠨ ᠲᠡᠷᠭᠡ - ᠡᠳᠦᠷ ᠪᠦᠷᠢ ᠵᠢᠭᠤᠯᠴᠢᠳ ᠲᠤ ᠵᠣᠷᠢᠭᠤᠯᠤᠭᠰᠠᠨ  ᠨᠠᠢᠲᠡ ᠶᠢᠨ ᠮᠠᠰᠢᠨ ᠲᠡᠷᠭᠡ ᠲᠠᠢ᠃
  • ᠲᠠᠺᠰᠢ - ᠳᠧᠨᠫᠠᠰᠠᠷ ᠤᠨ ᠣᠷᠴᠢᠮ ᠳᠤ ᠲᠣᠭᠠᠯᠠᠭᠤᠷ ᠲᠠᠢ ᠲᠠᠺᠰᠢᠨ ᠨᠤᠭᠤᠳ ᠡᠯᠪᠡᠭ᠃ ᠮᠥᠨ ᠬᠤᠪᠢ ᠤᠨ ᠲᠠᠺᠰᠢᠨ ᠨᠤᠭᠤᠳ ᠲᠠᠢ ᠦᠨ᠎ᠡ ᠬᠥᠯᠦᠰᠦ ᠲᠣᠬᠢᠷᠠᠯᠴᠠᠭᠠᠳ ᠦᠢᠯᠡᠴᠢᠯᠡᠭᠦᠯᠵᠦ ᠪᠣᠯᠳᠠᠭ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠪᠠᠯ ᠠᠷᠠᠯ»

ᠵᠠᠭᠪᠤᠷ:Wikitravel

http://wiki.uhaan.com/index.php?title=ᠪᠠᠯ_ᠠᠷᠠᠯ&oldid=484555》 ᠍  ᠡᠴᠡ ᠠᠪᠤᠭᠰᠠᠨ

ᠪᠢᠴᠢᠭᠡᠰᠦ