ᠪᠠᠯᠲᠤ ᠶᠢᠨ ᠲᠡᠩᠭᠢᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠠᠯᠲᠤ ᠶᠢᠨ ᠲᠡᠩᠭᠢᠰ ᠳ᠋ᠡᠬᠢ ᠹᠢᠲ᠋ᠣᠫᠯᠠᠨ᠋ᠺᠲ᠋ᠣᠨᠢ ᠲᠠᠷᠬᠠᠯᠲᠠ᠂ 2001 ᠣᠨ᠂ 7 ᠍ ᠳᠦᠭᠡᠷ ᠰᠠᠷ᠎ᠠ ᠶᠢᠨ 3

ᠪᠠᠯᠲᠤ ᠶᠢᠨ ᠲᠡᠩᠭᠢᠰ ᠨᠢ ᠥᠷᠭᠡᠷᠢᠭ ᠦᠨ 53°N - 66°N, ᠤᠷᠲᠤᠷᠢᠭᠡᠶᠢᠨ 20°E - 26°E ᠬᠣᠭᠣᠷᠣᠨᠳᠣ ᠪᠤᠶᠤ ᠬᠣᠶᠢᠳᠤ ᠧᠦ᠋ᠷᠣᠫᠠ ᠳᠤ ᠪᠠᠶᠢᠷᠢᠯᠠᠬᠤ ᠲᠡᠩᠩᠭᠢᠰ ᠶᠤᠮ᠃ ᠤᠭ ᠲᠡᠩᠭᠢᠰ ᠨᠢ ᠰᠺᠠᠨᠳᠢᠨᠠᠪ ᠤᠨ ᠬᠣᠶᠢᠭ᠂ ᠧᠦᠢᠷᠣᠫᠢ᠂ ᠳ᠋ᠠᠨᠮᠠᠷᠺ ᠍ ᠶᠢᠨ ᠠᠷᠠᠯ ᠤᠳ ᠢᠶᠠᠷ ᠬᠦᠷᠢᠶᠡᠯᠡᠭᠳᠡᠨ᠎ᠡ᠃ ᠪᠠᠯᠲᠤ ᠶᠢᠨ ᠲᠡᠩᠭᠢᠰ ᠨᠢ ᠴᠠᠭᠠᠨ ᠲᠡᠩᠭᠢᠰᠲᠡᠢ ᠴᠠᠭᠠᠨ ᠲᠡᠩᠭᠢᠰ ᠦᠨ ᠰᠤᠪᠠᠭ ᠢᠶᠠᠷ᠂ ᠬᠣᠶᠢᠳᠤ ᠲᠡᠩᠭᠢᠰᠲᠡᠢ ᠺᠧᠯ ᠦᠨ ᠰᠤᠪᠠᠭ ᠢᠶᠠᠷ ᠲᠤᠰ ᠲᠤᠰ ᠬᠣᠯᠪᠣᠭᠳᠠᠨ᠎ᠠ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠯᠲᠤ ᠶᠢᠨ ᠲᠡᠩᠭᠢᠰ᠂ ᠡᠪᠦᠯ

ᠪᠠᠯᠲᠤ ᠶᠢᠨ ᠲᠡᠩᠭᠢᠰ ᠨᠢ ᠬᠠᠷᠢᠴᠠᠩᠭᠤᠢ ᠪᠠᠭ᠎ᠠ ᠳᠠᠪᠤᠰᠤᠵᠢᠯᠲᠠ ᠲᠠᠢ (brackish), ᠡᠬᠡ ᠭᠠᠵᠠᠷ ᠤᠨ ᠳᠤᠮᠳᠠᠳᠤ ᠲᠡᠩᠭᠢᠰ ᠶᠤᠮ᠃ ᠤᠭ ᠲᠡᠩᠭᠢᠰ ᠦᠨ ᠰᠠᠪᠠ ᠭᠠᠵᠠᠷ ᠨᠢ ᠮᠥᠰᠥᠲᠥᠯᠭᠡᠥᠭᠡᠷ᠎ᠡ ᠡᠭᠦᠰᠦᠭᠰᠡᠨ ᠪᠠᠶᠢᠨ᠎ᠠ᠃

ᠬᠡᠮᠵᠢᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠯᠲᠤ ᠶᠢᠨ ᠲᠡᠩᠭᠢᠰ ᠨᠢ 1600km ᠥᠷᠭᠡᠨ᠂ ᠳᠤᠮᠳᠠᠴᠢ ᠪᠠᠷ 193 ᠺᠢᠯᠣᠮᠧᠲ᠋ᠷ ᠥᠷᠭᠡᠨ᠂ 55 ᠮᠧᠲ᠋ᠷ ᠳᠤᠮᠳᠠᠴᠢ ᠭᠦᠨ ᠲᠡᠢ ᠪᠣᠯᠤᠨ᠎ᠠ᠃ ᠬᠠᠮᠤᠭ ᠤᠨ ᠭᠦᠨ ᠨᠢ 459 ᠮᠧᠲ᠋ᠷ ᠬᠦᠷᠡᠨ᠎ᠡ᠃ ᠭᠠᠳᠠᠷᠭᠤ ᠶᠢᠨ ᠲᠠᠯᠠᠪᠠᠢ ᠨᠢ 377,000 ᠺᠦᠸᠠᠳ᠋ ᠺᠢᠯᠣᠮᠧᠲ᠋ᠷ᠂ ᠡᠵᠡᠯᠡᠬᠦᠨ ᠨᠢ 21,000 ᠺᠢᠯᠣᠮᠧᠲ᠋ᠷ ᠺᠦᠪ᠃ ᠡᠷᠭᠢ ᠶᠢᠨ ᠤᠷᠲᠤ ᠨᠢ 8000 ᠺᠢᠯᠣᠮᠧᠲ᠋ᠷ ᠣᠷᠴᠢᠮ [1].

ᠮᠥᠰᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠯᠲᠤ ᠶᠢᠨ ᠲᠡᠩᠭᠢᠰ ᠦᠨ ᠭᠠᠳᠠᠷᠭᠤ ᠶᠢᠨ 45% ᠨᠢ ᠶᠡᠬᠡᠩᠬᠢ ᠡᠪᠦᠯ ᠬᠥᠯᠳᠡᠨ᠎ᠡ᠃ 11 ᠍ ᠳᠦᠭᠡᠷ ᠰᠠᠷ᠎ᠠ ᠠᠴᠠ ᠡᠬᠢᠯᠡᠨ ᠬᠣᠶᠢᠳᠤ ᠡᠷᠭᠢ ᠣᠷᠴᠢᠮ ᠨᠢ ᠬᠥᠯᠳᠡᠵᠦ ᠡᠬᠢᠯᠡᠬᠦ ᠪᠠ 3, 4 ᠍ ᠳᠦᠭᠡᠷ ᠰᠠᠷ᠎ᠠ ᠳᠤ ᠮᠥᠰᠦᠨ ᠦ ᠬᠡᠮᠵᠢᠶ᠎ᠡ ᠬᠠᠮᠤᠭ ᠤᠨ ᠶᠡᠬᠡ ᠪᠣᠯᠤᠨ᠎ᠠ᠃ ᠵᠤᠵᠠᠭᠠᠨ ᠨᠢ ᠬᠣᠶᠢᠳᠤ ᠬᠡᠰᠡᠭ ᠢᠶᠡᠷ ᠢᠶᠡᠨ 70 ᠰᠮ ᠬᠦᠷᠬᠦ ᠪᠣᠯᠪᠠᠴᠤ ᠤᠷᠤᠭᠰᠢᠯᠠᠬᠤ ᠲᠤᠰᠤᠮ ᠢᠶᠠᠨ ᠪᠠᠭᠠᠰᠤᠨ᠎ᠠ᠃

ᠬᠠᠷᠢᠴᠠᠩᠭᠤᠢ ᠳᠤᠯᠠᠭᠠᠨ ᠡᠪᠦᠯ ᠵᠥᠪᠬᠡᠨ ᠳ᠋ᠠᠨᠮᠠᠷᠺᠰᠸᠸᠳᠡᠨᠡᠶᠢᠨ ᠡᠷᠭᠢ ᠣᠷᠴᠢᠮ ᠬᠥᠯᠳᠡᠬᠦ ᠪᠠ ᠬᠣᠪᠣᠷ ᠲᠣᠬᠢᠶᠠᠯᠳᠤᠯ ᠳᠤ᠂ ᠵᠢᠱᠢᠶᠡᠯᠡᠪᠡᠯ 1942 ᠣᠨ ᠳᠤ ᠲᠡᠩᠭᠢᠰ ᠪᠦᠲᠦᠨ᠂ 1987 ᠣᠨ ᠳᠤ 96% ᠨᠢ ᠬᠥᠯᠳᠡᠭᠰᠡᠨ ᠪᠣᠯᠤᠨ᠎ᠠ᠃

ᠳᠠᠪᠤᠰᠤᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠯᠲᠤ ᠶᠢᠨ ᠲᠡᠩᠭᠢᠰ ᠦᠨ ᠤᠰᠤᠨ ᠤ ᠳᠠᠪᠤᠰᠤᠵᠢᠯᠲᠠ ᠨᠢ ᠳᠠᠯᠠᠢᠨ ᠤᠰᠤᠨ ᠤ ᠬᠢ ᠠᠴᠠ ᠪᠠᠭ᠎ᠠ ᠳᠠᠪᠤᠰᠤᠵᠢᠯᠲᠠ ᠲᠠᠢ (ᠳᠠᠯᠠᠢ ᠶᠢᠨ ᠤᠰᠤᠨ ᠤ ᠳᠠᠪᠤᠰᠤᠵᠢᠯᠲᠠ ᠳᠤᠮᠳᠠᠴᠢ ᠪᠠᠷ 3.5% ᠪᠤᠶᠤ 35 ppt - parts per thousand) ᠪᠠᠶᠢᠳᠠᠭ ᠨᠢ ᠡᠬᠡ ᠭᠠᠵᠠᠷ ᠠᠴᠠ ᠶᠡᠬᠡᠬᠡᠨ ᠬᠡᠮᠵᠢᠶᠡᠨ ᠦ ᠴᠡᠩᠭᠡᠭ ᠤᠰᠤ ᠴᠢᠳᠬᠤᠳᠠᠭ ᠲᠠᠢ ᠬᠣᠯᠪᠣᠭ᠎ᠠ ᠲᠠᠢ ᠶᠤᠮ᠃ ᠵᠢᠯ ᠳᠤ ᠡᠬᠡ ᠭᠠᠵᠠᠷ ᠠᠴᠠ᠂ ᠪᠠᠯᠲᠤ ᠶᠢᠨ ᠲᠡᠩᠭᠢᠰ ᠦᠨ ᠤᠰᠤᠨ ᠤ ᠡᠵᠡᠯᠡᠬᠦᠨᠢᠢ ᠬᠣᠷᠢᠨ ᠤ ᠨᠢᠭᠡᠲᠡᠢ ᠲᠡᠩᠴᠡᠬᠦ ᠬᠡᠮᠵᠢᠶᠡᠨ ᠦ ᠪᠤᠶᠤ 500 ᠺᠢᠯᠣᠮᠧᠲ᠋ᠷ ᠺᠦᠪ ᠤᠰᠤ ᠴᠢᠳᠬᠤᠨ᠎ᠠ᠃ ᠲᠡᠩᠭᠢᠰ ᠦᠨ ᠲᠥᠪ ᠬᠡᠰᠡᠭ ᠲᠦ ᠤᠰᠤᠨ ᠤ ᠳᠠᠪᠤᠰᠤᠵᠢᠯᠲᠠ 6 - 8 ppt, ᠬᠠᠷᠢᠨ ᠭᠦᠨ ᠷᠦᠦ ᠪᠡᠨ ᠳᠠᠪᠤᠰᠤᠵᠢᠯᠲᠠ ᠨᠢ ᠨᠡᠮᠡᠭᠳᠡᠵᠦ᠂ 40-70 ᠮ ᠭᠦᠨᠳᠡ 10-15 ppt ᠪᠣᠯᠤᠨ᠎ᠠ᠃

ᠪᠢᠣᠯᠣᠭᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠳᠥᠷ ᠳᠠᠪᠤᠰᠤᠵᠢᠯᠲᠠ ᠲᠠᠢ ᠤᠰᠤ ᠨᠢ ᠲᠡᠩᠭᠢᠰ ᠦᠨ ᠢᠷᠤᠭᠠᠷ ᠲᠤ ᠬᠤᠷᠠᠮᠲᠤᠯᠠᠭᠳᠠᠳᠠᠭ ᠤᠴᠢᠷ ᠪᠠᠯᠲᠤ ᠶᠢᠨ ᠲᠡᠩᠭᠢᠰ ᠦᠨ ᠢᠷᠤᠭᠠᠯ ᠤᠨ 100,000 ᠺᠦᠸᠠᠳ᠋ ᠺᠢᠯᠣᠮᠧᠲ᠋ᠷ ᠣᠷᠴᠢᠮ ᠲᠠᠯᠠᠪᠠᠢ (ᠨᠡᠶᠢᠲᠡ ᠲᠠᠯᠠᠪᠠᠢ ᠶᠢᠨ ᠳᠥᠷᠪᠡᠨ ᠦ ᠨᠢᠭᠡ) ᠨᠢ ᠥᠨᠳᠥᠷ ᠳᠠᠪᠤᠰᠤᠵᠢᠯᠲᠠ ᠲᠠᠢ᠂ ᠬᠦᠴᠢᠯᠲᠥᠷᠦᠭᠴᠢᠡᠶᠢᠨ ᠠᠭᠤᠯᠭ᠎ᠠ ᠪᠠᠭ᠎ᠠ ᠲᠠᠢ᠂ ᠠᠮᠢᠳᠤᠷᠠᠯ ᠦᠭᠡᠢ ᠪᠠᠶᠢᠨ᠎ᠠ᠃ ᠤᠭ ᠪᠥᠰᠡ ᠳᠦ ᠶᠡᠬᠡᠪᠴᠢᠯᠡᠨ ᠠᠶᠢᠷᠣᠪᠢᠺ ᠪᠠᠺᠲ᠋ᠧᠷᠢ ᠦᠷᠡᠵᠢᠬᠦ ᠪᠠ ᠬᠦᠬᠦᠷᠲᠦ ᠤᠰᠤᠲᠥᠶᠢᠷᠦᠭᠴᠢ ᠡᠭᠦᠰᠦᠨ᠎ᠡ᠃

ᠲᠡᠩᠭᠢᠰ ᠦᠨ ᠪᠤᠰᠤᠳ ᠬᠡᠰᠡᠭ ᠲᠦ ᠳᠠᠪᠤᠰᠤᠵᠢᠯᠲᠠ ᠪᠠᠭᠠᠲᠠᠢ ᠲᠤᠯᠠ᠂ ᠠᠲ᠋ᠯᠠᠨᠲ ᠤᠨ ᠳᠠᠯᠠᠢᠭᠠ ᠠᠴᠠ ᠠᠷᠠᠢ ᠥᠭᠡᠷ᠎ᠡ ᠲᠥᠷᠥᠯ ᠦᠨ ᠡᠺᠣᠰᠢᠰᠲ᠋ᠧᠮᠲ᠋ᠡᠢ᠂ ᠥᠭᠡᠷ᠎ᠡ ᠪᠡᠷ ᠬᠡᠯᠡᠪᠡᠯ ᠴᠡᠩᠭᠡᠭ ᠤᠰᠤᠨ ᠤ ᠬᠢ ᠲᠠᠢ ᠢᠯᠡᠭᠦᠦ ᠲᠥᠰᠲᠡᠢ ᠠᠮᠢᠲᠠᠨᠤᠷᠭᠤᠮᠠᠯ ᠲᠠᠷᠬᠠᠭᠰᠠᠨ ᠪᠠᠶᠢᠳᠠᠭ᠃

ᠤᠯᠤᠰ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠯᠲᠤ ᠶᠢᠨ ᠲᠡᠩᠭᠢᠰ ᠲᠡᠢ ᠬᠢᠯᠢ ᠵᠠᠯᠭᠠᠭ᠎ᠠ ᠣᠷᠣᠨ ᠨᠤᠭᠤᠳ:


ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • Fairbridge, Rhodes. The Encyclopedia of Oceanography. Pentti Alhonen, 《Baltic Sea》, pp. 87-91. New York: Van Nostrand Reinhold Company, 1966.


ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

<br/

ᠪᠢᠴᠢᠭᠡᠰᠦ