ᠪᠠᠯᠢᠩ ᠤᠨ ᠰᠡᠷᠡᠩᠳᠣᠷᠵᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠠᠯᠢᠩ ᠤᠨ ᠰᠡᠷᠡᠩᠳᠣᠷᠵᠢ

ᠪᠠᠯᠢᠩ ᠤᠨ ᠰᠡᠷᠡᠩᠳᠣᠷᠵᠢ (1868 ᠣᠨ ᠤ 5 ᠰᠠᠷ᠎ᠠ ᠶᠢᠨ 2 - 1928 ᠣᠨ ᠤ 11 ᠰᠠᠷ᠎ᠠ ᠶᠢᠨ 13) ᠨᠢ ᠮᠣᠩᠭᠣᠯ ᠤᠯᠤᠰ ᠍ ᠤᠨ ᠵᠢᠷᠭᠤᠭ᠎ᠠ ᠳᠠᠬᠢ ᠶᠡᠷᠦᠩᠬᠡᠢ ᠰᠠᠶᠢᠳ ᠪᠠᠶᠢᠪᠠ᠃

ᠬᠢᠴᠢᠶᠡᠩᠭᠦᠢ ᠰᠠᠶᠢᠳ ᠬᠡᠮᠡᠬᠦ ᠪᠠᠯᠢᠩ ᠤᠨ ᠰᠡᠷᠡᠩᠳᠣᠷᠵᠢ 1868 ᠣᠨ ᠳᠤ ᠲᠥᠷᠦᠵᠢᠭᠡ᠃ ᠪᠠᠭ᠎ᠠ ᠠᠴᠠ ᠪᠠᠨ ᠭᠡᠷ ᠦᠨ ᠪᠣᠯᠪᠠᠰᠤᠷᠠᠯ ᠡᠵᠡᠮᠰᠢᠭᠰᠡᠨ ᠲᠡᠷᠡᠪᠡᠷ 1865 - 1911 ᠣᠨ ᠳᠤ ᠮᠠᠨᠵᠤ ᠵᠠᠷᠭᠤ ᠶᠢᠨ ᠶᠠᠮᠤᠨ ᠳᠤ ᠪᠢᠴᠢᠭᠡᠴᠢ᠂ ᠣᠷᠴᠢᠭᠤᠯᠤᠭᠴᠢ ᠲᠦᠰᠢᠮᠡᠯ᠂ 1913 - 1915 ᠣᠨ ᠳᠤ ᠭᠠᠳᠠᠭᠠᠳᠤ ᠶᠠᠮᠤᠨ ᠤ ᠳᠡᠳ᠋ ᠰᠠᠶᠢᠳ᠂ 1915-1919 ᠣᠨ ᠳᠤ ᠲᠡᠷᠢᠭᠦᠨ ᠰᠠᠶᠢᠳ᠂ 1921 ᠣᠨ ᠤ 3 ᠰᠠᠷ᠎ᠠ ᠠᠴᠠ ᠭᠠᠳᠠᠭᠠᠳᠤ ᠶᠠᠮᠤᠨ ᠤ ᠡᠷᠬᠢᠯᠡᠭᠰᠡᠨ ᠲᠦᠰᠢᠮᠡᠯ᠂ 1922 - 1923 ᠣᠨ ᠳᠤ ᠭᠠᠳᠠᠭᠠᠳᠤ ᠶᠠᠮᠤᠨ ᠤ ᠰᠠᠶᠢᠳ ᠢᠶᠠᠷ ᠠᠵᠢᠯᠯᠠᠵᠤ ᠪᠠᠶᠢᠴᠠᠢ᠃ 1915 ᠣᠨ ᠳᠤ ᠬᠢᠶᠠᠭᠲᠤ ᠶᠢᠨ ᠭᠡᠷ᠎ᠡ ᠪᠠᠶᠢᠭᠤᠯᠬᠤ 3 ᠤᠯᠤᠰ ᠤᠨ ᠠᠭᠤᠯᠵᠠᠯᠲᠠᠨ ᠳᠤ ᠮᠣᠩᠭᠣᠯ ᠤᠨ ᠲᠥᠯᠥᠭᠡᠯᠡᠭᠴᠢᠳ ᠢ ᠬᠢᠲᠠᠳ ᠤᠨ ᠱᠠᠭᠠᠷᠳᠠᠯᠭ᠎ᠠ ᠪᠠᠷ ᠰᠣᠯᠢᠬᠤ ᠳᠤ ᠲᠤᠬᠠᠶᠢᠯᠠᠨ ᠰᠡᠷᠡᠩᠳᠣᠷᠵᠢ ᠶᠢ ᠨᠡᠷᠡᠯᠡᠨ ᠢᠷᠡᠭᠦᠯᠦᠭᠰᠡᠨ ᠪᠠᠶᠢᠨ᠎ᠠ᠃ ᠮᠥᠨ 1919 ᠣᠨ ᠳᠤ ᠮᠣᠩᠭᠣᠯ ᠤᠨ ᠠᠦ᠋ᠲ᠋ᠣᠨᠣᠮᠢᠲᠤ ᠶᠢ ᠤᠰᠠᠳᠬᠠᠬᠤ ᠭᠡᠷᠢᠶᠡᠨ ᠳᠦ ᠱᠠᠩᠵᠤᠳᠪᠠ ᠪᠠᠳᠮᠠᠳᠣᠷᠵᠢ ᠶᠢᠨ ᠬᠠᠮᠲᠤ ᠢᠳᠡᠪᠬᠢᠯᠡᠨ ᠣᠷᠣᠯᠴᠠᠵᠤ ᠭᠠᠷ ᠤᠨ ᠦᠰᠦᠭ ᠵᠢᠷᠤᠵᠤ ᠪᠠᠲᠤᠯᠠᠭᠠᠵᠢᠭᠤᠯᠤᠭᠰᠠᠨ ᠭᠣᠣᠯ ᠬᠦᠮᠦᠨ ᠦ ᠨᠢᠭᠡ ᠶᠠᠭᠤᠮ᠎ᠠ᠃

1924 ᠣᠨ ᠠᠴᠠ ᠶᠡᠷᠦᠩᠬᠡᠢ ᠰᠠᠶᠢᠳ ᠢᠶᠠᠷ ᠲᠣᠮᠢᠯᠠᠭᠳᠠᠨ ᠠᠵᠢᠯᠯᠠᠵᠤ ᠪᠠᠶᠢᠭᠠᠳ 1928 ᠣᠨ ᠤ 2 ᠰᠠᠷ᠎ᠠ ᠶᠢᠨ 13 ᠍ ᠳᠦ ᠡᠪᠡᠳᠴᠢᠨ ᠦ ᠤᠯᠠᠮ ᠠᠴᠠ ᠨᠠᠰᠤ ᠪᠠᠷᠠᠵᠠᠢ᠃ ᠪ᠃ᠰᠡᠷᠡᠩᠳᠣᠷᠵᠢ ᠶᠢᠨ ᠠᠮᠢᠳᠤᠷᠠᠯ ᠨᠢ ᠬᠣᠶᠠᠷ ᠲᠠᠯ᠎ᠠ ᠲᠠᠢ ᠲᠤᠯᠠ ᠲᠡᠭᠦᠨ ᠢ ᠴᠤᠬᠤᠮ ᠦᠨᠡᠨ ᠳᠦ ᠪᠡᠨ ᠬᠡᠨ ᠪᠠᠶᠢᠭᠰᠠᠨ ᠢ ᠬᠡᠯᠡᠬᠦ ᠠᠷᠭ᠎ᠠ ᠦᠭᠡᠢ ᠬᠦᠮᠦᠨ ᠶᠤᠮ᠃

ᠰᠣᠨᠢᠷᠬᠠᠯᠲᠠᠢ ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1916 ᠣᠨ ᠤ ᠴᠠᠭᠠᠨ ᠰᠠᠷ᠎ᠠ ᠶᠢᠨ ᠰᠢᠨ᠎ᠡ ᠶᠢᠨ 15 ᠍ ᠳᠦ ᠭᠠᠳᠠᠭᠠᠳᠤ ᠮᠣᠩᠭᠣᠯ ᠤᠨ ᠭᠠᠳᠠᠭᠠᠳᠤ ᠬᠠᠷᠢᠯᠴᠠᠭᠠᠨ ᠤ ᠲᠡᠷᠢᠭᠦᠨ ᠰᠠᠶᠢᠳ ᠰᠡᠷᠡᠩᠳᠣᠷᠵᠢ ᠠᠴᠠ ᠬᠢᠲᠠᠳ ᠤᠨ ᠴᠧᠨ ᠯᠤ᠋ ᠍ ᠳᠦ ᠬᠡᠯᠡᠭᠰᠡᠨ ᠢᠶᠡᠷ ᠪᠣᠯ: 《ᠰᠠᠬᠠᠯᠲᠤ ᠯᠠᠮᠠ ᠪᠥᠬᠡᠪᠠᠶᠠᠨ ᠪᠣᠯ ᠭᠠᠳᠠᠭᠠᠳᠤ ᠮᠣᠩᠭᠣᠯ ᠤᠨ ᠲᠤᠰᠠᠭᠠᠷ ᠲᠣᠭᠲᠠᠨᠢᠯ ᠤᠨ ᠦᠢᠯᠡ ᠶᠠᠪᠤᠳᠠᠯ ᠢ ᠬᠠᠮᠤᠭ ᠤᠨ ᠠᠩᠬ᠎ᠠ ᠥᠳᠥᠭᠡᠨ ᠡᠬᠢᠯᠡᠭᠦᠯᠦᠭᠴᠢ ᠮᠥᠨ᠃ ᠭᠦᠨ ᠪ᠃ᠬᠠᠶᠢᠰᠠᠩᠵᠠᠰᠠᠭᠲᠤ ᠸᠠᠩ ᠤᠲᠠᠢ ᠵᠡᠷᠭᠡ ᠪᠤᠷᠤᠭᠤ ᠬᠦᠮᠦᠰ ᠥᠪᠥᠷ ᠮᠣᠩᠭᠣᠯ ᠠᠴᠠ ᠶᠡᠬᠡ ᠬᠦᠷᠢᠶᠡᠨ ᠳᠦ ᠢᠷᠡᠵᠦ᠂ ᠡᠯᠳᠡᠪ ᠵᠦᠢᠯ ᠦᠨ ᠥᠳᠥᠭᠡᠨ ᠬᠠᠳᠬᠤᠯᠭ᠎ᠠ ᠬᠢᠵᠦ ᠪᠠᠶᠢᠭᠰᠠᠨ ᠠᠴᠠ ᠬᠠᠨᠳᠤᠳᠣᠷᠵᠢ ᠸᠠᠩ ᠰᠡᠳᠬᠢᠯ ᠬᠥᠳᠡᠯᠵᠦ…ᠬᠡᠷᠪᠡ ᠤᠲᠠᠢ ᠬᠠᠶᠢᠰᠠᠩ ᠬᠣᠶᠠᠷ ᠬᠦᠷᠢᠶᠡᠨ ᠳᠦ ᠢᠷᠡᠭᠡ ᠦᠭᠡᠢ ᠪᠣᠯ᠂ ᠮᠠᠭᠠᠳ ᠦᠭᠡᠢ ᠭᠠᠳᠠᠭᠠᠳᠤ ᠮᠣᠩᠭᠣᠯ ᠍ ᠤᠨ ᠲᠤᠰᠠᠭᠠᠷ ᠲᠣᠭᠲᠠᠨᠢᠯ ᠭᠡᠭᠴᠢ ᠬᠡᠷᠡᠭ ᠶᠠᠪᠤᠳᠠᠯ ᠭᠠᠷᠬᠤ ᠦᠭᠡᠢ ᠪᠠᠶᠢᠭᠰᠠᠨ》 ᠭᠡᠰᠡᠨ ᠨᠢ ᠪᠢᠴᠢᠭ ᠢᠶᠡᠷ ᠦᠢᠯᠡᠳᠦᠭᠰᠡᠨ ᠠᠭᠤᠯᠵᠠᠯᠲᠠ ᠶᠢᠨ ᠲᠡᠮᠳᠡᠭᠯᠡᠯ ᠢᠶᠡᠷ ᠬᠠᠷ᠎ᠠ ᠭᠡᠷᠡᠴᠢ ᠪᠣᠯᠤᠨ ᠦᠯᠡᠳᠡᠵᠡᠢ᠃

ᠲᠡᠦᠬᠡᠨ ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠦᠨᠳᠦᠰᠦᠨ ᠦ ᠠᠷᠬᠢᠸ ᠲᠤ 1919 ᠣᠨ ᠳᠤ ᠨᠡᠶᠢᠰᠯᠡᠯ ᠬᠦᠷᠢᠶ᠎ᠡᠨᠳ ᠰᠠᠭᠤᠵᠤ ᠪᠠᠶᠢᠭᠰᠠᠨ ᠪᠦᠷᠢᠨ ᠡᠷᠬᠡ ᠲᠥᠯᠥᠭᠡᠯᠡᠭᠴᠢ ᠴᠢᠨ-ᠢ ᠪᠠ ᠪᠣᠭᠳᠠ ᠬᠠᠭᠠᠨᠲᠤ ᠮᠣᠩᠭᠣᠯ ᠤᠨ ᠤᠯᠤᠰ ᠍ ᠤᠨ ᠤᠳᠤᠷᠢᠳᠤᠯᠭ᠎ᠠ ᠲᠠᠢ ᠬᠢᠭᠰᠡᠨ ᠬᠡᠯᠡᠯᠴᠡᠭᠡᠨ ᠦ ᠦᠶ᠎ᠡ ᠶᠢᠨ ᠲᠡᠮᠳᠡᠭᠯᠡᠯ ᠦᠨ ᠬᠡᠰᠡᠭ ᠬᠠᠳᠠᠭᠠᠯᠠᠭᠳᠠᠵᠤ ᠪᠠᠶᠢᠨ᠎ᠠ᠃ ᠲᠡᠷᠬᠡᠦ ᠲᠡᠮᠳᠡᠭᠯᠡᠯ ᠳᠦ ᠮᠣᠩᠭᠣᠯ ᠤᠨ ᠠᠦ᠋ᠲ᠋ᠣᠨᠣᠮᠢᠲᠤ ᠲᠥᠷᠥᠡᠶᠢᠭ ᠤᠰᠠᠳᠬᠠᠭᠰᠠᠨ ᠤ ᠲᠥᠯᠥᠭᠡ ᠮᠣᠩᠭᠣᠯ ᠍ ᠤᠨ ᠨᠣᠶᠠᠳ᠂ ᠲᠣᠮᠣ ᠯᠠᠮᠠ᠂ ᠬᠤᠲᠤᠭᠲᠤ ᠨᠠᠷ ᠲᠤ ᠮᠥᠩᠭᠥᠨ ᠱᠠᠩᠨᠠᠯ ᠣᠯᠭᠣᠬᠤ ᠠᠰᠠᠭᠤᠳᠠᠯ ᠢ ᠬᠡᠯᠡᠯᠴᠡᠭᠰᠡᠨ ᠪᠠᠶᠢᠬᠤ ᠪᠥᠭᠡᠳ 138 ᠬᠦᠮᠦᠨ ᠦ ᠨᠡᠷ᠎ᠡ᠂ ᠴᠣᠯᠠ ᠬᠡᠷᠭᠡᠮ ᠪᠣᠯᠤᠨ ᠣᠯᠭᠣᠬᠤ ᠮᠥᠩᠭᠥᠨ ᠱᠠᠩᠨᠠᠯ ᠤᠨ ᠬᠡᠮᠵᠢᠶ᠎ᠡ ᠶᠢ ᠵᠢᠭᠠᠭᠰᠠᠨ ᠵᠢᠭ᠌ᠰᠠᠭᠠᠯᠳᠠ ᠶᠢ ᠦᠢᠯᠡᠳᠦᠭᠰᠡᠨ ᠨᠢ ᠬᠠᠳᠠᠭᠠᠯᠠᠭᠳᠠᠨ ᠦᠯᠡᠳᠡᠵᠡᠢ᠃ ᠵᠢᠭ᠌ᠰᠠᠭᠠᠯᠳᠠ ᠶᠢᠨ ᠡᠬᠢᠨ ᠳᠦ ᠶᠡᠷᠦᠩᠬᠡᠢ ᠰᠠᠶᠢᠳ᠂ ᠡᠷᠳᠡᠨᠢ ᠱᠠᠨᠵᠠᠪ ᠳᠠ ᠯᠠᠮᠠ ᠭᠣᠨᠴᠣᠭᠵᠠᠯᠼᠠᠨᠠᠭ ᠤᠨ ᠪᠠᠳᠮᠠᠳᠣᠷᠵᠢᠢᠳᠡ 30 ᠮᠢᠩᠭᠠᠨ ᠯᠠᠨ ᠮᠥᠩᠭᠥ᠂ ᠳᠣᠲᠣᠭᠠᠳᠤ ᠶᠠᠮᠤᠨ ᠤ ᠳᠡᠳ᠋ ᠰᠠᠶᠢᠳ ᠳᠠᠷᠬᠠᠨ ᠴᠢᠨ ᠸᠠᠩ ᠫᠦᠨᠴᠢᠬᠰᠡᠷᠡᠩ ᠪᠠ ᠳᠡᠳ᠋ ᠰᠠᠶᠢᠳ ᠳᠠ ᠯᠠᠮᠠ ᠫᠦᠨᠴᠤᠭᠳᠣᠷᠵᠢ ᠨᠠᠷ ᠲᠤ ᠲᠤᠰ ᠪᠦᠷᠢ 15 ᠮᠢᠩᠭᠠᠨ ᠯᠠᠨ ᠮᠥᠩᠭᠥ᠂ ᠭᠠᠳᠠᠭᠠᠳᠤ ᠶᠠᠮᠤᠨ ᠤ ᠰᠠᠶᠢᠳ᠂ ᠬᠢᠴᠢᠶᠡᠩᠭᠦᠢ ᠭᠦᠨ ᠪ᠃ᠰᠡᠷᠡᠩᠳᠣᠷᠵᠢᠢᠳᠡ 20 ᠮᠢᠩᠭᠠᠨ ᠯᠠᠨ ᠮᠥᠩᠭᠥ ᠭᠡᠬᠦ ᠵᠡᠷᠭᠡ ᠪᠡᠷ ᠨᠡᠶᠢᠲᠡ 354 ᠮᠢᠩᠭᠠᠨ ᠯᠠᠨ ᠮᠥᠩᠭᠥ ᠣᠯᠭᠤᠬᠤ ᠪᠠᠷ ᠵᠢᠭᠠᠭᠰᠠᠨ ᠪᠠᠶᠢᠨ᠎ᠠ᠃ 1920 ᠣᠨ ᠳᠤ ᠮᠣᠩᠭᠣᠯ ᠤᠨ ᠨᠣᠶᠠᠳ ᠯᠠᠮᠠ ᠨᠠᠷ ᠤᠨ ᠥᠪᠡᠷ ᠦᠨ ᠬᠦᠰᠡᠯᠲᠦ ᠪᠡᠷ ᠠᠦ᠋ᠲ᠋ᠣᠨᠣᠮᠢᠲᠤ ᠡᠷᠬᠡ ᠶᠢ ᠤᠰᠠᠳᠬᠠᠭᠰᠠᠨ᠃ ᠨᠢᠭᠡᠨᠲᠡ ᠬᠡᠯᠡᠯᠴᠡᠨ ᠲᠣᠬᠢᠷᠠᠭᠰᠠᠨ ᠵᠦᠢᠯ ᠬᠡᠷᠡᠭᠵᠢᠭᠰᠡᠨ ᠲᠤᠯᠠ ᠮᠥᠩᠭᠥᠨ ᠱᠠᠩᠨᠠᠯ ᠢᠶᠠᠨ ᠠᠪᠤᠭᠰᠠᠨ ᠪᠠᠶᠢᠬᠤ ᠮᠠᠭᠠᠳᠯᠠᠯ ᠥᠨᠳᠥᠷ


ᠡᠮᠦᠨᠡᠬᠢ
ᠰᠣᠳᠨᠠᠮ ᠤᠨ ᠳᠠᠮᠳᠢᠨᠪᠠᠽᠠᠷ
ᠮᠣᠩᠭᠣᠯ ᠤᠯᠤᠰ ᠤᠨ ᠶᠡᠷᠦᠩᠬᠡᠢ ᠰᠠᠶᠢᠳ
{{{on}}}
ᠳᠠᠷᠠᠭᠠᠬᠢ
ᠠᠨᠠᠨᠳ ᠤᠨ ᠠᠮᠤᠷ

ᠪᠢᠴᠢᠭᠡᠰᠦ