ᠪᠠᠯᠠᠷ ᠡᠷᠲᠡᠨ ᠦ ᠮᠣᠩᠭᠣᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
6597318256286261532.jpg

ᠪᠠᠯᠠᠷ ᠡᠷᠲᠡᠨ ᠦ ᠮᠣ᠌ᠨᠭᠭᠤᠯ ᠭᠡᠬᠦ ᠡᠨᠡ ᠬᠦ ᠦᠭᠦᠯᠡᠯ ᠨᠢ ᠭᠤᠤᠯᠳᠠᠭᠤ ᠪᠠᠯᠠᠷ ᠡᠷᠲᠡᠨ ᠦ ᠮᠣᠩᠭᠣᠯ ᠣᠷᠣᠨ ᠤ ᠪᠠᠶᠢᠭᠠᠯᠢ ᠠᠭᠤᠷ ᠠᠮᠢᠰᠬᠤᠯ᠂ ᠪᠠᠯᠠᠷ ᠡᠷᠲᠡᠨ ᠦ ᠬᠦᠮᠦᠰ᠂ᠴᠢᠯᠠᠭᠤᠨ ᠵᠡᠪᠰᠡᠭ ᠦᠨ ᠦᠶ᠎ᠡ᠂ ᠬᠦᠷᠡᠯ ᠵᠡᠪᠰᠡᠭ ᠦᠨ ᠦᠶ᠎ᠡ᠂ ᠲᠡᠮᠦᠷ ᠵᠡᠪᠰᠡᠭ ᠦᠨ ᠦᠶ᠎ᠡ᠂ ᠬᠠᠳᠠᠨ ᠵᠢᠷᠤᠭ᠂ ᠬᠠᠳᠠᠨ ᠤ ᠪᠢᠴᠢᠭᠡᠰᠦ ᠵᠡᠷᠭᠡ ᠬᠡᠳᠦᠨ ᠠᠭᠤᠯᠭ᠎ᠠ ᠡᠴᠡ ᠪᠦᠷᠢᠯᠳᠦᠵᠡᠢ᠃ ᠲᠠ ᠪᠦᠬᠦᠨ ᠲᠠᠭᠠᠯᠠᠨ ᠤᠨᠭᠰᠢᠵᠤ᠂ ᠠᠯᠳᠠᠭ᠎ᠠ ᠪᠤᠷᠤᠭᠤ ᠵᠢ ᠵᠠᠯᠠᠷᠠᠭᠤᠯᠤᠨ ᠵᠠᠰᠠᠵᠤ ᠨᠦᠬᠦᠪᠦᠷᠢᠯᠡᠭᠡᠷᠡᠢ᠃





ᠪᠠᠯᠠᠷ ᠡᠷᠲᠡᠨ ᠦ ᠮᠣᠩᠭᠣᠯ ᠣᠷᠣᠨ ᠤ ᠪᠠᠶᠢᠭᠠᠯᠢ ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠣᠷᠣᠨ ᠤ ᠪᠠᠶᠢᠭᠠᠯᠢ ᠭᠠᠵᠠᠷ ᠵᠦᠢ ᠶᠢᠨ ᠰᠢᠨᠵᠢ ᠲᠥᠷᠬᠥ ᠡᠷᠲᠡ ᠴᠠᠭ ᠲᠤ ᠪᠤᠰᠤᠳ ᠤᠯᠤᠰ ᠣᠷᠣᠨ ᠤ ᠠᠳᠠᠯᠢ ᠪᠠᠷ ᠣᠯᠠᠨᠲᠠ ᠬᠤᠪᠢᠰᠤᠨ ᠥᠭᠡᠷᠡᠴᠢᠯᠡᠭᠳᠡᠵᠦ ᠪᠠᠶᠢᠴᠠᠢ᠃ᠡᠷᠢᠨᠭᠠᠯᠪᠠ ᠰᠣᠯᠢᠭᠳᠠᠬᠤ ᠪᠦᠷᠢ ᠳᠦ ᠨᠢᠭᠡ ᠪᠣᠯ ᠰᠡᠷᠢᠭᠦᠰᠴᠢ ᠡᠰᠡᠪᠡᠯ ᠪᠦᠷ ᠳᠤᠯᠠᠭᠠᠷᠠᠬᠤ᠂ ᠰᠢᠨ᠎ᠡ ᠠᠮᠢᠲᠠᠨ᠂ ᠤᠷᠭᠤᠮᠠᠯ ᠡᠭᠦᠰᠬᠦ ᠡᠰᠡᠬᠦᠯ᠎ᠡ ᠮᠥᠬᠥᠬᠦ᠂ ᠰᠢᠨ᠎ᠡ ᠪᠡᠷ ᠠᠭᠤᠯᠠ ᠨᠢᠷᠤᠭᠤ ᠡᠭᠦᠰᠬᠦ᠂ ᠦᠭᠡᠢ ᠪᠣᠯ ᠲᠧᠺᠲ᠋ᠣᠨᠢᠺ ᠬᠥᠳᠡᠯᠭᠡᠭᠡᠨ ᠢᠶᠡᠷ ᠭᠠᠵᠠᠷ ᠤᠨ ᠭᠠᠳᠠᠷᠭᠤ ᠳᠣᠭᠣᠭᠰᠢ ᠰᠠᠭᠤᠬᠤ ᠦᠢᠯᠡ ᠶᠠᠪᠤᠴᠠ ᠲᠠᠰᠤᠷᠠᠯᠲᠠ ᠦᠭᠡᠢ ᠶᠠᠪᠤᠭᠳᠠᠵᠤ ᠪᠠᠶᠢᠭᠰᠠᠨ ᠨᠢ ᠫᠠᠯᠧᠣᠨᠲ᠋ᠣᠯᠣᠭᠢ᠂ ᠭᠧᠣᠯᠣᠭᠢ ᠶᠢᠨ ᠰᠤᠳᠤᠯᠭ᠎ᠠ ᠪᠠᠷ ᠲᠣᠭᠲᠠᠭᠠᠭᠳᠠᠳᠠᠭ᠃ᠵᠢᠱᠢᠶᠡᠯᠡᠪᠡᠯ ᠣᠳᠣ ᠶᠢᠨ ᠲᠥᠪ ᠣᠷᠣᠰ ᠤᠨ ᠨᠤᠲᠤᠭ ᠪᠤᠶᠤ ᠮᠣᠰᠺᠸᠠ ᠠᠴᠠ ᠰᠠᠨᠺᠲ ᠫᠧᠲ᠋ᠧᠷᠪᠦ᠋ᠷᠡᠭ ᠬᠦᠷᠲᠡᠯᠡᠬᠢ ᠨᠤᠲᠤᠭ ᠡᠯᠡᠰᠦᠨ ᠴᠥᠯ ᠪᠠᠶᠢᠭᠰᠠᠨ ᠪᠣᠯ ᠠᠨᠲ᠋ᠠᠷᠺᠲ᠋ᠢᠳ᠋ ᠲᠢᠪ ᠬᠠᠯᠠᠭᠤᠨ ᠳᠤᠯᠠᠭᠠᠨ ᠴᠢᠭᠢᠭᠯᠢᠭ ᠠᠭᠤᠷ ᠠᠮᠢᠰᠬᠤᠯ ᠲᠠᠢ᠂ ᠲᠥᠷᠥᠯ ᠪᠦᠷᠢ ᠶᠢᠨ ᠤᠷᠭᠤᠮᠠᠯ᠂ ᠠᠮᠢᠲᠠᠨ ᠢᠶᠠᠷ ᠪᠠᠶᠠᠯᠢᠭ ᠪᠠᠶᠢᠴᠠᠢ᠃ᠡᠨᠡ ᠦᠢᠯᠡ ᠶᠠᠪᠤᠴᠠ ᠣᠳᠣ ᠴᠤ ᠦᠷᠭᠦᠯᠵᠢᠯᠡᠭᠰᠡᠭᠡᠷ ᠪᠠᠶᠢᠭ᠎ᠠ ᠪᠥᠭᠡᠳ ᠠᠦᠢᠰᠲ᠋ᠷᠯᠢᠶ᠎ᠠ ᠲᠢᠪ ᠢ ᠵᠡᠭᠦᠨ ᠬᠣᠶᠢᠳᠤ ᠵᠦᠭ ᠲᠤ ᠬᠣᠶᠢᠳᠤ ᠠᠮᠧᠷᠢᠺᠠ ᠷᠤ ᠠᠭᠠᠵᠢᠮ ᠢᠶᠠᠷ ᠰᠢᠯᠵᠢᠵᠦ ᠪᠤᠢ ᠭᠡᠵᠦ ᠦᠵᠡᠳᠡᠭ᠃ᠮᠣᠩᠭᠣᠯ ᠳᠤ ᠠᠮᠠᠲᠤᠰᠢᠹᠡᠢᠯᠵᠠᠯᠮᠪ ᠲᠤᠯᠧᠰᠲ᠋ᠧᠰ ᠲᠠᠷᠪᠦᠽᠠᠸᠷ ᠵᠡᠷᠭᠡ ᠲᠥᠷᠥᠯ ᠪᠦᠷᠢ ᠶᠢᠨ ᠦᠯᠦᠭ ᠭᠦᠷᠪᠡᠯ᠂ ᠬᠥᠬᠥᠲᠡᠨ ᠠᠮᠢᠲᠠᠳ ᠡᠷᠲᠡ ᠦᠶ᠎ᠡ ᠳᠦ ᠪᠠᠶᠢᠴᠠᠢ᠃ᠬᠠᠷᠢᠨ ᠠᠯᠠᠱᠠᠳ ᠠᠯᠠᠱᠠᠽᠠᠸᠷ᠂ ᠵᠦᠩᠭᠠᠷ ᠲᠤ ᠰᠢᠨᠷᠠᠫᠲ᠋ᠣᠷ ᠵᠡᠷᠭᠡ ᠠᠮᠢᠲᠠᠳ ᠪᠠᠶᠢᠴᠠᠢ᠃ᠡᠷᠲᠡᠨ ᠦ ᠡᠯᠡᠰᠦᠨ ᠮᠠᠩᠬᠠᠨ ᠳᠤ ᠳᠠᠷᠤᠭᠳᠠᠭᠰᠠᠨ ᠠᠮᠢᠲᠠᠨ ᠤ ᠶᠠᠰᠤ ᠠᠭᠠᠵᠢᠮ ᠢᠶᠠᠷ ᠴᠢᠯᠠᠭᠤᠵᠢᠨ ᠣᠯᠠᠨ ᠰᠠᠶ᠎ᠠ ᠵᠢᠯ ᠬᠠᠳᠠᠭᠠᠯᠠᠭᠳᠠᠬᠤ ᠪᠣᠯᠤᠮᠵᠢ ᠲᠠᠢ ᠪᠣᠯᠳᠠᠭ᠃ᠡᠶᠢᠮᠦ ᠡᠴᠡ ᠮᠣᠩᠭᠣᠯ ᠪᠣᠯᠤᠨ ᠠᠮᠧᠷᠢᠺᠠ ᠠᠴᠠ ᠦᠯᠦᠭ ᠭᠦᠷᠪᠡᠯ ᠦᠨ ᠣᠯᠳᠠᠪᠤᠷᠢ ᠡᠷᠲᠡᠨ ᠦ ᠡᠯᠡᠰᠦᠨ ᠮᠠᠩᠬᠠᠨ ᠠᠴᠠ ᠣᠯᠳᠠᠳᠠᠭ ᠪᠠᠶᠢᠨ᠎ᠠ᠃

ᠮᠣᠩᠭᠣᠯ ᠨᠤᠲᠤᠭ ᠤᠨ ᠣᠳᠣ ᠶᠢᠨ ᠴᠠᠭ ᠠᠭᠤᠷ ᠤᠨ ᠰᠢᠨᠵᠢ ᠲᠥᠷᠬᠥ ᠨᠢ ᠫᠯᠧᠢᠰᠲ᠋ᠣᠼᠧᠨ ᠤ ᠦᠶ᠎ᠡ ᠳᠦ ᠪᠥᠷᠢᠯᠳᠦᠨ ᠪᠤᠢ ᠪᠣᠯᠤᠭᠰᠠᠨ ᠪᠥᠭᠡᠳ ᠫᠯᠧᠢᠰᠲ᠋ᠣᠼᠧᠨ ᠤ ᠦᠶ᠎ᠡ ᠳᠦ ᠳᠡᠯᠡᠬᠡᠢ ᠶᠢᠨ ᠠᠭᠤᠷ ᠠᠮᠢᠰᠬᠤᠯ ᠣᠯᠠᠨᠲᠠ ᠬᠦᠢᠲᠡᠷᠡᠴᠢ ᠪᠠᠶᠢᠪᠠ᠃ᠭᠡᠪᠡᠴᠦ ᠮᠥᠰᠥᠲᠥᠯᠭᠡ ᠶᠢᠨ ᠦᠶ᠎ᠡ ᠶᠢᠨ ᠳᠤᠮᠳᠠᠭᠤᠷ ᠵᠠᠪᠰᠠᠷ ᠤᠨ ᠰᠢᠨᠵᠢᠲᠡᠢ ᠳᠤᠯᠠᠭᠠᠨ ᠦᠶ᠎ᠡ ᠨᠦᠭᠦᠳ ᠴᠤ ᠲᠣᠬᠢᠶᠠᠯᠳᠤᠵᠤ ᠪᠠᠶᠢᠴᠠᠢ᠃

ᠨᠧᠣᠭᠧᠨ ᠦ ᠭᠠᠯᠪᠠ ᠶᠢᠨ ᠰᠡᠭᠦᠯ4 ᠍ ᠳᠡᠭᠴᠢ ᠭᠠᠯᠪᠠ ᠶᠢᠨ ᠡᠬᠢ ᠪᠡᠷ ᠮᠣᠩᠭᠣᠯ ᠤᠨ ᠭᠠᠵᠠᠷ ᠤᠨ ᠭᠠᠳᠠᠷᠭᠤ ᠳᠡᠭᠡᠭᠰᠢ ᠡᠷᠭᠦᠭᠳᠡᠭᠰᠡᠨ ᠢᠶᠡᠷ ᠣᠯᠠᠨ ᠠᠭᠤᠯᠠ ᠨᠢᠷᠤᠭᠤᠨ ᠨᠤᠭᠤᠳ ᠡᠭᠦᠰᠴᠡᠢ᠃ᠬᠢᠩᠭᠠᠨ ᠤ ᠨᠢᠷᠤᠭᠤ᠂ ᠭᠢᠮᠠᠯᠢᠶ ᠠ ᠶᠢᠨ ᠨᠢᠷᠤᠭᠤ ᠬᠣᠶᠠᠷ ᠡᠭᠦᠰᠴᠢ ᠳᠠᠯᠠᠢ ᠠᠴᠠ ᠢᠷᠡᠬᠦ ᠴᠢᠭᠢᠭᠯᠢᠭ ᠠᠭᠤᠷ ᠠᠮᠢᠰᠬᠤᠯ ᠢ ᠬᠠᠭᠠᠭᠰᠠᠨ ᠨᠢ ᠮᠣᠩᠭᠣᠯ ᠤᠨ ᠴᠠᠭ ᠠᠭᠤᠷ ᠬᠦᠢᠲᠡᠷᠡᠴᠢ᠂ ᠡᠬᠡ ᠭᠠᠵᠠᠷ ᠤᠨ ᠡᠷᠡᠰ ᠲᠡᠰᠦ᠂ ᠬᠠᠭᠤᠷᠠᠢ ᠠᠭᠤᠷ ᠠᠮᠢᠰᠬᠤᠯ ᠲᠠᠢ ᠪᠣᠯᠬᠤ ᠳᠤ ᠲᠣᠮᠣᠬᠠᠨ ᠨᠥᠯᠥᠭᠡ ᠦᠵᠡᠭᠦᠯᠦᠭᠰᠡᠨ ᠶᠤᠮ᠃ᠭᠡᠪᠡᠴᠦ ᠲᠡᠷᠡ ᠦᠶ᠎ᠡ ᠳᠦ ᠮᠣᠩᠭᠣᠯ ᠣᠷᠣᠨ ᠣᠳᠣ ᠶᠢᠨ ᠬᠢ ᠠᠴᠠ ᠢᠯᠡᠭᠦᠦ ᠴᠢᠭᠢᠭᠯᠢᠭ ᠬᠤᠷ᠎ᠠ ᠲᠤᠨᠤᠳᠠᠰᠤ ᠲᠠᠢ ᠪᠠᠶᠢᠭᠰᠠᠨ ᠪᠠ ᠮᠥᠰᠦᠨ ᠭᠣᠣᠯ ᠠᠴᠠ ᠡᠬᠢ ᠲᠡᠢ ᠣᠯᠠᠨ ᠲᠣᠭᠠᠨ ᠤ ᠶᠡᠬᠡ ᠤᠰᠤ ᠲᠠᠢ ᠭᠣᠣᠯ ᠮᠥᠷᠡᠨ ᠤᠷᠤᠰᠴᠤ ᠲᠣᠮᠣᠬᠠᠨ ᠬᠡᠮᠵᠢᠶᠡᠨ ᠦ ᠨᠠᠭᠤᠷ ᠨᠠᠮᠤᠭ ᠲᠣᠭᠲᠠᠵᠤ ᠪᠠᠶᠢᠴᠠᠢ᠃

ᠣᠳᠣ ᠠᠴᠠ 100 000-40 000 ᠵᠢᠯ ᠦᠨ ᠬᠣᠭᠣᠷᠣᠨᠳᠣ ᠪᠣᠯᠤᠭᠰᠠᠨ ᠮᠥᠰᠥᠲᠥᠯᠭᠡ ᠪᠡᠷ ᠠᠯᠲᠠᠢ᠂ ᠬᠠᠩᠭᠠᠢ᠂ ᠬᠡᠨᠲᠡᠢ ᠶᠢᠨ ᠨᠢᠷᠤᠭᠤᠨ ᠤ ᠵᠠᠷᠢᠮ ᠬᠡᠰᠡᠭ᠂ ᠬᠥᠪᠰᠥᠭᠥᠯ ᠦᠨ ᠠᠤᠯᠠᠯᠠᠰ ᠪᠥᠬᠥᠯᠢᠳᠡᠭᠡ ᠮᠥᠰᠥ ᠪᠡᠷ ᠬᠤᠴᠢᠭᠳᠠᠵᠠᠢ᠃ᠬᠠᠷᠢᠨ 40 000 ᠵᠢᠯ ᠦᠨ ᠡᠮᠦᠨ᠎ᠡ ᠡᠴᠡ ᠴᠠᠭ ᠠᠭᠠᠷ ᠳᠤᠯᠠᠭᠠᠷᠠᠵᠤ 15 000-10 000 ᠵᠢᠯ ᠦᠨ ᠡᠮᠦᠨ᠎ᠡ ᠮᠥᠰᠥᠲᠥᠯᠭᠡ ᠶᠢᠨ ᠦᠶ᠎ᠡ ᠪᠦᠷᠢᠨ ᠳᠠᠭᠤᠰᠴᠠᠢ᠃ᠲᠥᠪ ᠠᠽᠢᠶ᠎ᠠ ᠬᠠᠬᠢᠷ ᠬᠠᠲᠠᠭᠤ᠂ ᠬᠦᠢᠲᠡᠨ᠂ ᠬᠠᠭᠤᠷᠠᠢ ᠠᠭᠤᠷ ᠠᠮᠢᠰᠬᠤᠯ ᠲᠠᠢ ᠪᠣᠯᠤᠭᠰᠠᠨ ᠨᠢ ᠡᠨᠡ ᠪᠥᠰᠡ ᠨᠤᠲᠤᠭ ᠤᠨ ᠪᠦᠬᠦ ᠠᠮᠢᠲᠠᠨ᠂ ᠤᠷᠭᠤᠮᠠᠯ ᠳᠤ ᠨᠥᠯᠦᠭᠡᠯᠡᠵᠦ ᠬᠠᠯᠠᠭᠤᠨ᠂ ᠴᠢᠭᠢᠭᠯᠢᠭ ᠣᠷᠣᠨ ᠤ ᠠᠮᠢᠲᠠᠨ᠂ ᠤᠷᠭᠤᠮᠠᠯ ᠠᠴᠠ ᠣᠪᠣᠷ ᠬᠡᠮᠵᠢᠶ᠎ᠡ ᠪᠡᠷ ᠠᠷᠠᠢ ᠪᠠᠭ᠎ᠠ᠂ ᠬᠦᠢᠲᠡᠨ᠂ ᠭᠠᠨᠳᠠᠭᠤ ᠨᠥᠬᠥᠴᠡᠯ ᠳᠦ ᠲᠡᠰᠪᠦᠷᠢᠲᠡᠢ ᠪᠣᠯᠵᠠᠢ᠃ᠡᠶᠢᠮᠦ ᠬᠠᠬᠢᠷ ᠬᠠᠲᠠᠭᠤ ᠨᠥᠬᠥᠴᠡᠯ ᠳᠦ ᠪᠠᠶᠢᠳᠠᠭ ᠮᠣᠩᠭᠣᠯ ᠣᠷᠣᠨ ᠤ ᠮᠣᠳᠣ ᠬᠠᠯᠠᠭᠤᠨ ᠣᠷᠣᠨ ᠤ ᠬᠢ ᠠᠴᠠ ᠤᠳᠠᠭᠠᠨ ᠤᠷᠭᠤᠳᠠᠭ ᠨᠢ ᠣᠢ ᠮᠣᠳᠣ ᠶᠢ ᠨᠥᠬᠥᠨ ᠲᠥᠯᠵᠢᠬᠦ ᠳᠦ ᠶᠡᠬᠡᠬᠡᠨ ᠬᠤᠭᠤᠴᠠᠭ᠎ᠠ ᠵᠠᠷᠤᠴᠠᠭᠤᠯᠬᠤ ᠳᠤ ᠬᠦᠷᠭᠡᠳᠡᠭ᠃

ᠲᠥᠪ ᠠᠽᠢᠶ᠎ᠠ ᠨᠢ ᠤᠷᠢᠳᠤ ᠵᠦᠭ ᠦᠨ ᠬᠠᠯᠠᠭᠤᠨ ᠳᠤᠯᠠᠭᠠᠨ ᠪᠥᠰᠡ ᠡᠴᠡ ᠠᠮᠢᠲᠠᠨ᠂ ᠤᠷᠭᠤᠮᠠᠯ ᠤᠨ ᠠᠶᠢᠮᠠᠭ ᠤᠨ ᠬᠤᠪᠢ ᠳᠤ ᠶᠠᠳᠠᠮᠠᠭ ᠴᠥᠭᠡᠨ ᠲᠥᠷᠥᠯ ᠲᠡᠢ᠂ ᠡᠪᠡᠰᠦ ᠤᠷᠭᠤᠮᠠᠯ ᠨᠢ ᠨᠠᠮᠬᠠᠨ ᠲᠠᠴᠢᠷ ᠪᠣᠯᠪᠠᠴᠤ ᠬᠣᠶᠢᠳᠤ ᠵᠦᠢᠭ ᠲᠤ ᠲᠦᠨᠳ᠋ᠷ ᠷᠤ ᠳᠥᠬᠥᠬᠦ ᠲᠤᠲᠤᠮ ᠠᠭᠤᠷ ᠠᠮᠢᠰᠬᠤᠯ ᠪᠦᠷ ᠢᠯᠡᠭᠦᠦ ᠬᠠᠬᠢᠷ ᠬᠦᠢᠲᠡᠨ ᠪᠣᠯᠳᠠᠭ ᠠᠴᠠ ᠤᠮᠠᠷᠠᠳᠤ ᠠᠽᠢᠶ᠎ᠠ ᠨᠢ ᠲᠥᠪ ᠠᠽᠢᠶ᠎ᠠ ᠠᠴᠠ ᠴᠤ ᠴᠥᠭᠡᠨ ᠲᠣᠭᠠᠨ ᠤ ᠠᠮᠢᠲᠠᠨ᠂ ᠤᠷᠭᠤᠮᠠᠯ ᠲᠠᠢ ᠪᠠᠶᠢᠳᠠᠭ᠃

ᠮᠣᠩᠭᠣᠯ ᠳᠤ ᠲᠡᠮᠡᠭᠡᠨ ᠬᠢᠷᠭᠤᠤᠯ᠂ ᠠᠷᠰᠯᠠᠨ ᠵᠠᠭᠠᠨ᠂ ᠠᠷᠰᠯᠠᠨ᠂ ᠰᠡᠯᠡᠮᠡᠨ ᠰᠣᠶᠣᠭᠠᠲᠤ ᠪᠠᠷᠰ᠂ ᠬᠢᠷᠡᠰ ᠵᠡᠷᠭᠡ ᠣᠯᠠᠨ ᠲᠥᠷᠥᠯ ᠦᠨ ᠠᠮᠢᠲᠠᠨ ᠬᠡᠳᠦᠨ 10 000 ᠵᠢᠯ ᠦᠨ ᠡᠮᠦᠨ᠎ᠡ ᠠᠮᠢᠳᠤᠷᠠᠵᠤ ᠪᠠᠶᠢᠭᠰᠠᠨ ᠴᠤ ᠮᠥᠰᠥᠲᠥᠯᠭᠡ ᠶᠢᠨ ᠰᠡᠭᠦᠯᠡᠷ ᠪᠦᠭᠦᠳᠡ ᠮᠥᠬᠦᠵᠡᠢ᠃ᠡᠷᠳᠡᠮᠲᠡᠳ ᠠᠽᠢᠶ᠎ᠠ ᠠᠴᠠ ᠪᠤᠭᠤ᠂ ᠠᠷᠭᠠᠯᠢ ᠵᠡᠷᠭᠡ ᠠᠮᠢᠲᠠᠳ ᠤᠮᠠᠷᠠᠳᠤ ᠠᠮᠧᠷᠢᠺᠠ ᠷᠤ ᠨᠡᠭᠦᠨ ᠣᠴᠢᠭᠰᠠᠨ ᠭᠡᠵᠦ ᠦᠵᠡᠳᠡᠭ ᠪᠠ ᠡᠭᠦᠨ ᠡᠴᠡ ᠤᠯᠪᠠᠭᠠᠯᠠᠨ ᠮᠣᠩᠭᠣᠯ ᠳᠤ ᠬᠦᠮᠦᠨ ᠠᠩᠬ᠎ᠠ ᠡᠭᠦᠰᠦᠭᠰᠡᠨ ᠭᠡᠰᠡᠨ ᠲᠠᠭᠠᠮᠠᠭ ᠭᠠᠷᠤᠭᠰᠠᠨ ᠴᠤ ᠪᠠᠲᠤᠯᠠᠭᠳᠠᠭ᠎ᠠ ᠦᠭᠡᠢ᠃

ᠮᠣᠩᠭᠣᠯ ᠣᠷᠣᠨ ᠨᠢ ᠮᠣᠩᠭᠣᠯ ᠤᠨ ᠲᠡᠭᠰᠢ ᠥᠨᠳᠥᠷᠯᠢᠭ ᠲᠦ ᠣᠷᠣᠰᠢᠳᠠᠭ ᠪᠥᠭᠡᠳ ᠮᠣᠩᠭᠣᠯ ᠤᠨ ᠲᠡᠭᠰᠢ ᠥᠨᠳᠥᠷᠯᠢᠭ ᠲᠧᠺᠲ᠋ᠣᠨᠢᠺ ᠤᠨ ᠮᠠᠰᠢ ᠠᠯᠭᠤᠷ ᠬᠡᠳᠦᠨ ᠰᠠᠶ᠎ᠠ ᠵᠢᠯ ᠦᠷᠭᠦᠯᠵᠢᠯᠡᠭᠰᠡᠨ ᠬᠥᠳᠡᠯᠭᠡᠭᠡᠨ ᠢᠶᠡᠷ ᠲᠥᠪ ᠠᠽᠢᠶ᠎ᠠ ᠳᠤ ᠪᠤᠢ ᠪᠣᠯᠤᠭᠰᠠᠨ ᠶᠤᠮ᠃ᠮᠣᠩᠭᠣᠯ ᠤᠨ ᠲᠡᠭᠰᠢ ᠥᠨᠳᠥᠷᠯᠢᠭ ᠨᠢ ᠲᠥᠪ ᠠᠽᠢᠶ᠎ᠠ ᠶᠢᠨ ᠪᠤᠰᠤᠳ ᠬᠡᠰᠡᠭ᠂ ᠰᠢᠪᠸᠷᠢᠶ ᠠ ᠡᠴᠡ ᠢᠯᠡᠭᠦᠦ ᠥᠨᠳᠥᠷ ᠭᠠᠵᠠᠷ ᠲᠤ ᠪᠠᠶᠢᠳᠠᠭ ᠲᠤᠯᠠ ᠮᠣᠩᠭᠣᠯ ᠠᠴᠠ ᠡᠬᠢ ᠠᠪᠴᠤ ᠪᠤᠢ ᠪᠦᠬᠦ ᠭᠣᠣᠯ ᠮᠥᠷᠡᠨ ᠳᠣᠭᠣᠭᠰᠢ ᠪᠠᠨ ᠪᠤᠶᠤ ᠳᠠᠯᠠᠢ ᠷᠤ ᠴᠢᠭᠯᠡᠨ ᠤᠷᠤᠰᠳᠠᠭ᠃ᠡᠶᠢᠮᠦ ᠡᠴᠡ ᠮᠣᠩᠭᠣᠯ ᠤᠨ ᠨᠤᠲᠤᠭ ᠨᠢ ᠲᠥᠪ ᠠᠽᠢᠶ᠎ᠠ᠂ ᠰᠢᠪᠸᠷᠢᠶ ᠠ ᠶᠢᠨ ᠪᠠᠷᠤᠭ ᠪᠦᠬᠦ ᠲᠣᠮᠣ ᠭᠣᠣᠯ ᠮᠥᠷᠡᠨ ᠦ ᠡᠬᠢ ᠪᠣᠯᠳᠠᠭ ᠪᠥᠭᠡᠳ ᠮᠣᠩᠭᠣᠯ ᠨᠢ ᠲᠥᠪ᠂ ᠤᠮᠠᠷᠠᠳᠤ ᠠᠽᠢᠶ᠎ᠠ ᠶᠢᠨ ᠡᠺᠣᠯᠣᠭ ᠤᠨ ᠠᠶᠤᠯ ᠦᠭᠡᠢ ᠪᠠᠶᠢᠳᠠᠯ᠂ ᠴᠡᠪᠡᠷ ᠤᠰᠤᠨ ᠤ ᠨᠥᠭᠡᠴᠡ ᠶᠢ ᠬᠠᠳᠠᠭᠠᠯᠠᠬᠤ᠂ ᠬᠠᠮᠠᠭᠠᠯᠠᠬᠤ ᠳᠤ ᠮᠠᠰᠢ ᠴᠢᠬᠤᠯᠠ ᠪᠠᠶᠢᠷᠢ ᠰᠠᠭᠤᠷᠢ ᠲᠠᠢ ᠪᠠᠶᠢᠯᠳᠣᠬᠣ ᠪᠣᠳᠣᠯᠭ᠎ᠠ ᠶᠢᠨ ᠣᠨᠴᠠᠭᠠᠢ ᠪᠥᠰᠡ ᠨᠤᠲᠤᠭ ᠶᠤᠮ᠃

ᠪᠠᠯᠠᠷ ᠡᠷᠲᠡᠨ ᠦ ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠣᠷᠣᠨ ᠳᠤ 850,000 ᠵᠢᠯ ᠦᠨ ᠲᠡᠷᠲᠡᠭᠡ ᠬᠦᠮᠦᠨᠢᠢ ᠡᠪᠦᠭᠡ ᠠᠮᠢᠳᠤᠷᠠᠵᠤ ᠪᠠᠶᠢᠴᠠᠢ᠃[1] ᠭᠡᠪᠡᠴᠦ ᠴᠢᠯᠠᠭᠤᠨ ᠵᠡᠪᠰᠡᠭ ᠦᠨ ᠳᠡᠭᠡᠳᠦ ᠦᠶ᠎ᠡ ᠶᠢᠨ ᠬᠦᠮᠦᠨ ᠦ ᠶᠠᠰᠤ ᠮᠣᠩᠭᠣᠯ ᠠᠴᠠ  ᠴᠤ᠂ ᠲᠥᠪ ᠠᠽᠢᠶ᠎ᠠ ᠠᠴᠠ ᠴᠤ ᠪᠠᠷᠤᠭ ᠣᠯᠳᠠᠳᠠᠭ ᠦᠭᠡᠢ ᠪᠥᠭᠡᠳ ᠵᠥᠪᠬᠡᠨ ᠬᠦᠮᠦᠨ ᠠᠮᠢᠳᠤᠷᠠᠵᠤ ᠪᠠᠶᠢᠰᠤᠨ ᠤ ᠭᠡᠷᠡᠴᠢ ᠪᠣᠯᠬᠤ ᠴᠢᠯᠠᠭᠤᠨ ᠵᠡᠪᠰᠡᠭ᠂ ᠰᠠᠭᠤᠴᠠ᠂ ᠬᠠᠳᠠᠨ ᠤ ᠰᠦᠭ ᠵᠢᠷᠤᠭ ᠯᠠ ᠣᠯᠳᠠᠳᠠᠭ᠃ᠡᠭᠦᠨ ᠢ ᠲᠥᠪ ᠠᠽᠢᠶ᠎ᠠ ᠶᠢᠨ ᠬᠠᠬᠢᠷ ᠬᠠᠲᠠᠭᠤ ᠠᠭᠤᠷ ᠠᠮᠢᠰᠬᠤᠯ ᠳᠤ ᠬᠦᠮᠦᠨ ᠦ ᠶᠠᠰᠤ ᠥᠭᠢᠷᠡᠰᠢᠨ ᠠᠯᠠᠭ᠎ᠠ ᠪᠣᠯᠳᠠᠭ ᠲᠠᠢ ᠬᠣᠯᠪᠣᠨ ᠲᠠᠶᠢᠯᠪᠤᠷᠢᠯᠠᠳᠠᠭ᠃ᠡᠷᠲᠡ ᠴᠠᠭ ᠲᠤ ᠠᠮᠧᠷᠢᠺᠠ ᠲᠢᠪ ᠲᠦ ᠠᠽᠢᠶ᠎ᠠ ᠠᠴᠠ ᠣᠯᠠᠨ ᠲᠣᠭᠠᠨ ᠤ ᠠᠮᠢᠲᠠᠨ ᠨᠡᠭᠦᠨ ᠣᠴᠢᠭᠰᠠᠨ ᠪᠠᠶᠢᠳᠠᠭ ᠪᠠ ᠠᠮᠧᠷᠢᠺᠠ ᠶᠢᠨ ᠡᠷᠳᠡᠮᠲᠡᠨ ᠭ᠃ᠣᠰᠪᠣᠷᠨᠨᠷ᠃ᠡᠨᠳᠡᠷᠢᠶᠦ᠋ᠰ ᠬᠣᠶᠠᠷ ᠡᠷᠲᠡᠨ ᠦ ᠬᠦᠮᠦᠨ ᠮᠣᠩᠭᠣᠯ ᠳᠤ ᠡᠭᠦᠰᠦᠭᠰᠡᠨ ᠭᠡᠵᠦ ᠦᠵᠡᠨ 1920 ᠍ ᠢᠤᠳ᠋ ᠤᠨ ᠤ ᠦᠶ᠎ᠡ ᠳᠦ ᠮᠣᠩᠭᠣᠯ ᠤᠨ ᠭᠣᠪᠢ ᠳᠤ ᠰᠤᠳᠤᠯᠭ᠎ᠠ ᠬᠢᠭᠰᠡᠨ ᠴᠤ ᠡᠭᠦᠨ ᠢ ᠪᠠᠲᠤᠯᠠᠬᠤ ᠨᠣᠲᠠᠯᠠᠭ᠎ᠠ ᠣᠯᠤᠭ᠎ᠠ ᠦᠭᠡᠢ᠃ᠭᠡᠪᠡᠴᠦ ᠲᠡᠳᠡ ᠣᠯᠠᠨ ᠲᠣᠭᠠᠨ ᠤ ᠦᠯᠦᠭ ᠭᠦᠷᠪᠡᠯ ᠦᠨ ᠣᠯᠳᠠᠪᠤᠷᠢ ᠣᠯᠤᠭᠰᠠᠨ ᠨᠢ ᠫᠠᠯᠧᠣᠨᠲ᠋ᠣᠯᠣᠭ ᠤᠨ ᠰᠢᠨᠵᠢᠯᠡᠬᠦ ᠤᠬᠠᠭᠠᠨ ᠤ ᠲᠣᠮᠣᠬᠠᠨ ᠨᠡᠭᠡᠭᠡᠯᠲᠡ ᠪᠣᠯᠵᠠᠢ᠃

ᠪᠠᠶᠠᠨᠬᠣᠩᠭᠣᠷ ᠠᠶᠢᠮᠠᠭ ᠤᠨ ᠨᠠᠷᠢᠨ ᠭᠣᠣᠯ ᠤᠨ 17 ᠪ ᠳᠠᠷᠬᠠᠨ ᠤ ᠭᠠᠵᠠᠷ ᠤᠨ ᠴᠢᠯᠠᠭᠤᠨ ᠵᠡᠪᠰᠡᠭ ᠦᠳ ᠪᠠᠷᠠᠭᠤᠨ ᠬᠣᠶᠢᠳᠤ ᠬᠢᠲᠠᠳ ᠤᠨ ᠰᠢᠬᠤ ᠳᠤᠤ ᠰᠠᠭᠤᠷᠢᠩ ᠦᠨ 800,000 ᠵᠢᠯ ᠦᠨ ᠡᠮᠦᠨᠡᠬᠢ ᠳᠤᠷᠠᠰᠬᠠᠯ ᠲᠠᠢ ᠲᠥᠰᠲᠡᠢ ᠪᠣᠯᠬᠤ ᠶᠢ ᠡᠷᠳᠡᠮᠲᠡᠳ ᠲᠣᠭᠲᠠᠭᠠᠭᠰᠠᠨ ᠪᠠᠶᠢᠨ᠎ᠠ᠃[2]

ᠣᠶᠢᠷᠠᠯᠴᠠᠭ᠎ᠠ ᠪᠠᠷ 6,000 ᠵᠢᠯ ᠦᠨ ᠡᠮᠦᠨ᠎ᠡ ᠡᠷᠲᠡᠨ ᠦ ᠡᠪᠦᠭᠡ ᠤᠭᠰᠠᠭᠠᠲᠠᠨ ᠨᠤᠭᠤᠳ ᠵᠠᠳᠠᠷᠠᠬᠤ ᠦᠶ᠎ᠡ ᠳᠦ ᠣᠳᠣ ᠶᠢᠨ ᠪᠡᠶ᠎ᠡ ᠳᠠᠭᠠᠭᠰᠠᠨ ᠤᠭᠰᠠᠭᠠᠲᠠᠨ ᠡᠭᠦᠰᠴᠡᠢ᠃ᠡᠨᠡ ᠦᠶ᠎ᠡ ᠳᠦ ᠠᠯᠲᠠᠢ ᠶᠢᠨ ᠡᠪᠦᠭᠡ ᠤᠭᠰᠠᠭᠠᠲᠠᠨ ᠠᠴᠠ ᠮᠣᠩᠭᠣᠯ᠂ ᠲᠦᠷᠦᠭ᠂ ᠲ᠋ᠦᠩᠬᠦᠰ ᠤᠳ , ᠡᠷᠲᠡᠨ ᠦ ᠧᠦᠢᠷᠣᠫᠠᠴᠤᠳ ᠠᠴᠠ ᠭᠧᠷᠮᠠᠨ᠂ ᠺᠧᠯᠲ ᠦᠳ᠂ ᠠᠷᠠᠴᠤᠳ (ᠢᠷᠡᠨ᠂ ᠡᠨᠡᠳᠬᠡᠭᠴᠢ ᠨᠦᠭᠦᠳ), ᠰᠯᠠᠸᠶᠠᠨᠴᠤᠳ ᠲᠤᠰ ᠲᠤᠰ ᠪᠡᠶ᠎ᠡ ᠳᠠᠩ ᠭᠠᠷᠴᠠᠢ᠃ᠬᠡᠯᠡᠨ ᠦ ᠢᠵᠠᠭᠤᠷ ᠨᠢ ᠦᠨᠳᠦᠰᠦᠲᠡᠨ ᠨᠦᠭᠦᠳ ᠦᠨ ᠭᠠᠷᠤᠯ ᠢ ᠲᠣᠳᠣᠷᠬᠠᠶᠢᠯᠠᠳᠠᠭ᠃

ᠠᠨ ᠠᠩᠨᠠᠨ ᠠᠮᠢᠳᠤᠷᠠᠵᠤ ᠪᠠᠶᠢᠭᠰᠠᠨ ᠡᠷᠲᠡᠨ ᠦ ᠬᠦᠮᠦᠰ ᠶᠠᠪᠤᠭᠠᠨ ᠳᠠᠭᠠᠨ ᠵᠡᠷᠯᠢᠭ ᠠᠮᠢᠲᠠᠳ ᠢ ᠭᠠᠷᠰᠢᠭᠤᠯᠬᠤ ᠪᠣᠯᠰᠠᠨ᠎ᠠ ᠪᠠᠷ ᠮᠠᠯ ᠠᠵᠤ ᠠᠬᠤᠢ ᠡᠭᠦᠰᠴᠡᠢ᠃ᠡᠷᠲᠡᠨ ᠦ ᠬᠦᠮᠦᠰ ᠬᠣᠩ ᠢ ᠠᠩᠬ᠎ᠠ ᠮᠠᠨ ᠤ ᠡᠷᠡᠨ ᠦ ᠡᠮᠦᠨ᠎ᠡ 11 000-9 000 ᠵᠢᠯ ᠦᠨ ᠡᠮᠦᠨ᠎ᠡ ᠪᠠᠷᠠᠭᠤᠨ ᠠᠽᠢᠶ᠎ᠠ ᠳᠤ᠂ᠢᠮᠠᠭ᠎ᠠ ᠶᠢ ᠮᠠᠨ ᠤ ᠡᠷᠡᠨ ᠦ ᠡᠮᠦᠨ᠎ᠡ 8000 ᠵᠢᠯ ᠦᠨ ᠡᠮᠦᠨ᠎ᠡ ᠢᠷᠠᠨ ᠳᠤ᠂ ᠰᠠᠷᠯᠤᠭ ᠢ ᠮᠠᠨ ᠤ ᠡᠷᠡᠨ ᠦ ᠡᠮᠦᠨ᠎ᠡ 2500 ᠵᠢᠯ ᠦᠨ ᠡᠮᠦᠨ᠎ᠡ ᠲᠥᠪᠡᠳ ᠲᠦ᠂ ᠮᠣᠷᠢ ᠶᠢ ᠮᠠᠨ ᠤ ᠡᠷᠡᠨ ᠦ ᠡᠮᠦᠨ᠎ᠡ 4 000 ᠵᠢᠯ ᠦᠨ ᠡᠮᠦᠨ᠎ᠡ ᠲᠥᠪ ᠠᠽᠢᠶ᠎ᠠ ᠳᠤ᠂ᠨᠢᠭᠡ ᠪᠥᠬᠡ ᠳᠦ ᠲᠡᠮᠡᠭᠡ ᠶᠢ ᠮᠠᠨ ᠤ ᠡᠷᠡᠨ ᠦ ᠡᠮᠦᠨ᠎ᠡ 4 000 ᠵᠢᠯ ᠦᠨ ᠡᠮᠦᠨ᠎ᠡ ᠠᠷᠠᠪ ᠲᠤ᠂ 2 ᠪᠥᠬᠡ ᠳᠦ ᠲᠡᠮᠡᠭᠡ ᠶᠢ ᠮᠠᠨ ᠤ ᠡᠷᠡᠨ ᠦ ᠡᠮᠦᠨ᠎ᠡ 2500 ᠵᠢᠯ ᠦᠨ ᠡᠮᠦᠨ᠎ᠡ ᠲᠥᠪ ᠠᠽᠢᠶ᠎ᠠ ᠳᠤ ᠵᠡᠭᠦᠨ ᠬᠣᠶᠢᠳᠤ ᠠᠹᠬᠠᠨᠨ᠂ ᠣᠳᠣ ᠶᠢᠨ ᠤᠶᠢᠭᠤᠷ ᠤᠨ ᠵᠡᠭᠦᠨ ᠡᠮᠦᠨᠡᠲᠦ ᠨᠤᠲᠤᠭ ᠲᠤ ᠠᠩᠬ᠎ᠠ ᠭᠠᠷᠰᠢᠭᠤᠯᠤᠨ ᠠᠵᠤ ᠠᠬᠤᠢ ᠳᠤ ᠬᠡᠷᠡᠭᠯᠡᠬᠦ ᠪᠣᠯᠵᠠᠢ᠃ᠮᠣᠷᠢ ᠶᠢ ᠭᠠᠷᠰᠢᠭᠤᠯᠤᠭᠰᠠᠨ ᠨᠢ ᠨᠡᠭᠦᠳᠡᠯ ᠦᠨ ᠮᠠᠯ ᠠᠵᠤ ᠠᠬᠤᠢ ᠡᠭᠦᠰᠬᠦ ᠳᠦ ᠭᠣᠣᠯ ᠨᠥᠯᠥᠭᠡ ᠦᠵᠡᠭᠦᠯᠦᠭᠰᠡᠨ ᠪᠣᠯ ᠬᠠᠷᠢᠨ ᠲᠡᠷᠭᠡ ᠡᠭᠦᠰᠦᠭᠰᠡᠨ ᠢᠶᠡᠷ ᠨᠡᠭᠦᠳᠡᠯ ᠦᠨ ᠮᠠᠯ ᠠᠵᠤ ᠠᠬᠤᠢ ᠢᠯᠡᠭᠦᠦ ᠳᠡᠪᠰᠢᠯᠲᠡᠲᠦ ᠬᠡᠯᠪᠡᠷᠢ ᠳᠦ ᠰᠢᠯᠵᠢᠨ ᠣᠷᠣᠭᠰᠠᠨ ᠪᠥᠭᠡᠳ ᠡᠭᠦᠨ ᠢ "ᠰᠣᠩᠭᠣᠳᠠᠭ ᠨᠡᠭᠦᠳᠡᠯ ᠦᠨ ᠮᠠᠯ ᠠᠵᠤ ᠠᠬᠤᠢ" ᠭᠡᠵᠦ ᠨᠡᠷᠡᠯᠡᠳᠡᠭ ᠪᠥᠭᠡᠳ ᠮᠣᠩᠭᠣᠯᠴᠤᠳ ᠭᠣᠣᠯ ᠲᠥᠯᠥᠭᠡᠯᠡᠭᠴᠢᠳ ᠦᠨ ᠨᠢᠭᠡ ᠲᠡᠳᠦᠢ ᠦᠭᠡᠢ ᠰᠡᠭᠦᠯᠴᠢ ᠶᠢᠨ ᠭᠣᠯᠣᠮᠲᠠ ᠨᠢ ᠪᠣᠯᠤᠭᠠᠳ ᠪᠠᠶᠢᠭ᠎ᠠ ᠪᠢᠯᠡ᠃

ᠲᠥᠪ ᠠᠽᠢᠶ᠎ᠠ ᠶᠢᠨ ᠬᠥᠷᠦᠰᠦᠨ ᠦ ᠳᠠᠪᠬᠤᠷᠭ᠎ᠠ ᠪᠤᠶᠤ ᠦᠷᠡᠵᠢᠯ ᠰᠢᠮᠡᠲᠦ ᠬᠡᠰᠡᠭ ᠨᠢ ᠮᠠᠰᠢ ᠨᠢᠮᠭᠡᠨ ᠪᠠᠶᠢᠳᠠᠭ ᠤᠴᠢᠷ ᠲᠠᠷᠢᠶᠠᠯᠠᠩ ᠡᠷᠬᠢᠯᠡᠬᠦ ᠳᠦ ᠲᠣᠬᠢᠷᠠᠮᠵᠢ ᠦᠭᠡᠢ ᠪᠠᠶᠢᠳᠠᠭ ᠪᠠ ᠬᠥᠷᠦᠰᠦᠨ ᠦ ᠦᠷᠡᠵᠢᠯ ᠰᠢᠮᠡᠲᠦ ᠳᠠᠪᠬᠤᠷᠭ᠎ᠠ ᠨᠢ ᠬᠠᠮᠢᠶ᠎ᠠ ᠦᠭᠡᠢ ᠵᠤᠵᠠᠭᠠᠨ ᠪᠠᠶᠢᠳᠠᠭ ᠧᠦ᠋ᠷᠣᠫᠠ᠂ ᠵᠡᠭᠦᠨ᠂ ᠵᠡᠭᠦᠨ ᠡᠮᠦᠨᠡᠲᠦ ᠠᠽᠢᠶ᠎ᠠ᠂ ᠪᠠᠷᠠᠭᠤᠨ ᠠᠽᠢᠶ᠎ᠠ᠂ ᠡᠮᠦᠨᠡᠲᠦ ᠠᠽᠢᠶ᠎ᠠ ᠶᠢ ᠪᠣᠳᠣᠪᠠᠯ ᠲᠥᠪ ᠠᠽᠢᠶ᠎ᠠ ᠶᠢᠨ ᠬᠥᠷᠦᠰ ᠠᠮᠠᠷᠬᠠᠨ ᠡᠯᠡᠭᠳᠡᠵᠦ ᠦᠷᠡᠵᠢᠯ ᠰᠢᠮ᠎ᠡ ᠦᠭᠡᠢ ᠪᠣᠯᠤᠨ ᠴᠥᠯᠵᠢᠬᠦ ᠠᠶᠤᠯ ᠲᠠᠢ ᠪᠠᠶᠢᠳᠠᠭ᠃ᠡᠶᠢᠮᠦ ᠤᠴᠢᠷ ᠠᠴᠠ ᠲᠥᠪ ᠠᠽᠢᠶ᠎ᠠ ᠶᠢᠨ ᠬᠢᠨ ᠡᠷᠲᠡᠨ ᠡᠴᠡ ᠨᠡᠭᠦᠳᠡᠯ ᠦᠨ ᠮᠠᠯ ᠠᠵᠤ ᠠᠬᠤᠢ ᠡᠷᠬᠢᠯᠡᠬᠦ ᠪᠣᠯᠤᠭᠰᠠᠨ ᠪᠠᠶᠢᠨ᠎ᠠ᠃ᠬᠠᠷᠢᠨ ᠬᠥᠷᠦᠰᠦᠨ ᠦ ᠦᠷᠡᠵᠢᠯ ᠰᠢᠮ᠎ᠡ ᠰᠠᠶᠢᠲᠠᠢ᠂ ᠪᠣᠷᠣᠭ᠎ᠠ ᠬᠤᠷ᠎ᠠ ᠶᠡᠬᠡ ᠣᠷᠣᠳᠠᠭ ᠧᠦ᠋ᠷᠣᠫᠠ᠂ ᠵᠡᠭᠦᠨ᠂ ᠵᠡᠭᠦᠨ ᠡᠮᠦᠨᠡᠲᠦ ᠠᠽᠢᠶ᠎ᠠ᠂ ᠡᠮᠦᠨᠡᠲᠦ ᠠᠽᠢᠶ᠎ᠠ ᠶᠢᠨ ᠬᠢᠨ᠂ ᠪᠠᠭ᠎ᠠ ᠠᠽᠢᠬᠠᠨ᠂ ᠺᠠᠸᠬᠠᠰᠴᠤᠳ᠂ ᠬᠣᠶᠠᠷ ᠮᠥᠷᠦᠨ ᠦ ᠬᠢᠨ ᠲᠠᠷᠢᠶᠠᠯᠠᠩ ᠤᠨ ᠠᠵᠤ ᠠᠬᠤᠢ ᠡᠷᠬᠢᠯᠡᠵᠦ ᠭᠠᠷᠰᠢᠭᠤᠯᠵᠤ ᠲᠡᠵᠢᠭᠡᠵᠦ ᠪᠣᠯᠬᠣᠷ ᠠᠮᠢᠲᠠᠨ ᠪᠠᠶᠢᠬᠤ ᠦᠭᠡᠢ ᠤᠮᠠᠷᠠᠳᠤ ᠠᠽᠢᠶ᠎ᠠ ᠶᠢᠨ ᠬᠢᠨ᠂ ᠠᠮᠧᠷᠢᠺᠠ ᠶᠢᠨ ᠠᠭᠤᠭᠤᠯ ᠢᠷᠭᠡᠳ᠂ ᠠᠦᠢᠰᠲᠷᠠᠯᠢᠴᠢ ᠨᠤᠭᠤᠳ᠂ ᠨᠣᠮᠣᠬᠠᠨ ᠳᠠᠯᠠᠢ ᠶᠢᠨ ᠠᠷᠠᠯ ᠤᠨ ᠣᠷᠣᠨ ᠨᠤᠭᠤᠳ ᠠᠩᠴᠢᠨ ᠲᠡᠭᠦᠪᠦᠷᠢᠯᠡᠭᠴᠢᠳ ᠪᠣᠯᠵᠠᠢ᠃

ᠮᠠᠨ ᠤ ᠡᠷᠡᠨ ᠦ ᠡᠮᠦᠨ᠎ᠡ 4 000-3 000 ᠵᠢᠯ ᠦᠨ ᠡᠮᠦᠨ᠎ᠡ ᠠᠮᠤᠷ ᠮᠥᠷᠡᠨ ᠦ ᠬᠠᠪ ᠤᠨ ᠣᠪᠤᠭ ᠠᠶᠢᠮᠠᠭ ᠤᠳ ᠭᠣᠣᠯᠴᠢᠯᠠᠨ ᠠᠨ ᠠᠩᠨᠠᠭᠤᠷ ᠤᠨ ᠠᠵᠤ ᠠᠬᠤᠢ ᠡᠷᠬᠢᠯᠡᠵᠦ ᠪᠠᠶᠢᠭᠰᠠᠨ ᠪᠣᠯ ᠲᠡᠭᠦᠨ ᠡᠴᠡ ᠵᠡᠭᠦᠨ ᠵᠦᠭ ᠪᠠᠶᠢᠭᠰᠠᠨ ᠮᠣᠩᠭᠣᠯᠴᠤᠳ ᠪᠠ ᠪᠤᠰᠤᠳ ᠲᠥᠪ ᠠᠽᠢᠶ᠎ᠠ ᠶᠢᠨ ᠬᠢᠨ ᠬᠡᠳᠦᠶᠢᠨ᠎ᠡ ᠭᠠᠵᠠᠷ ᠲᠠᠷᠢᠶᠠᠯᠠᠩ᠂ ᠮᠠᠯ ᠠᠵᠤ ᠠᠬᠤᠢ ᠡᠷᠬᠢᠯᠡᠵᠦ ᠪᠠᠶᠢᠪᠠ᠃ᠡᠨᠡ ᠦᠶ᠎ᠡ ᠳᠦ ᠪᠠᠶᠢᠭᠠᠯᠢ ᠨᠠᠭᠤᠷ ᠤᠨ ᠬᠠᠪ ᠤᠨ ᠠᠶᠢᠮᠠᠭ ᠤᠳ ᠤᠨ ᠵᠠᠷᠢᠮ ᠨᠢ ᠠᠩᠴᠢᠨ ᠵᠠᠷᠢᠮ ᠨᠢ ᠮᠠᠯᠴᠢᠨ᠂ ᠲᠠᠷᠢᠶᠠᠯᠠᠩᠴᠢ ᠳᠤ ᠪᠠᠶᠢᠭᠰᠠᠨ ᠪᠠᠶᠢᠨ᠎ᠠ᠃

ᠤᠭᠰᠠᠭᠠᠲᠠᠨ ᠤ ᠬᠠᠮᠤᠭ ᠤᠨ ᠡᠷᠲᠡᠨ ᠦ ᠪᠥᠭᠡᠳ ᠵᠢᠵᠢᠭ ᠪᠦᠯᠦᠭ ᠪᠣᠯᠬᠤ ᠣᠪᠤᠭ ᠨᠢ ᠪᠠᠯᠠᠷ ᠡᠷᠲᠡᠨ ᠦ ᠦᠶ᠎ᠡ ᠳᠤ ᠡᠭᠦᠰᠦᠭᠰᠡᠨ ᠪᠠ ᠬᠦᠢ ᠨᠢᠭᠡᠳᠦᠯ ᠦᠨ ᠪᠠᠶᠢᠭᠤᠯᠤᠯ ᠵᠠᠳᠠᠷᠠᠵᠤ ᠠᠩᠬᠠᠨ ᠤ ᠲᠥᠷᠥ ᠤᠯᠤᠰ ᠪᠠᠶᠢᠭᠤᠯᠤᠭᠳᠠᠵᠤ ᠪᠠᠶᠢᠬᠤ ᠦᠶ᠎ᠡ ᠳᠦ ᠣᠪᠤᠭ ᠤᠳ ᠨᠡᠶᠢᠯᠡᠵᠦ ᠠᠶᠢᠮᠠᠭ ᠪᠦᠷᠢᠳᠦᠭᠦᠯᠬᠦ ᠪᠣᠯᠵᠠᠢ᠃ᠳᠠᠷᠠᠭ᠎ᠠ ᠳᠤ ᠨᠢ ᠣᠯᠠᠨ ᠲᠣᠭᠠᠨ ᠤ ᠠᠶᠢᠮᠠᠭ ᠤᠳ ᠨᠢ ᠨᠢᠭᠡᠳᠦᠨ ᠨᠡᠶᠢᠯᠡᠭᠰᠡᠨ ᠢᠶᠡᠷ ᠤᠭᠰᠠᠭᠠᠲᠠᠨ ᠤ ᠠᠷᠠᠢ ᠲᠣᠮᠣᠬᠠᠨ ᠪᠦᠯᠦᠭ ᠪᠣᠯᠬᠤ ᠶᠠᠰᠤᠲᠠᠨ ᠪᠥᠷᠢᠯᠳᠦᠨ ᠪᠤᠢ ᠪᠣᠯᠤᠭᠰᠠᠨ ᠪᠥᠭᠡᠳ ᠨᠢᠭᠡ ᠭᠠᠷᠤᠯ ᠲᠠᠢ ᠶᠠᠰᠤᠲᠠᠨ ᠨᠤᠭᠤᠳ ᠦᠨᠳᠦᠰᠦᠲᠡᠨ ᠢ ᠪᠦᠷᠢᠯᠳᠦᠭᠦᠯᠳᠡᠭ᠃

ᠣᠳᠣ ᠠᠴᠠ ᠬᠡᠳᠦᠨ 1000 ᠵᠢᠯ ᠦᠨ ᠡᠮᠦᠨ᠎ᠡ ᠮᠣᠷᠢ ᠶᠢ ᠭᠠᠷᠰᠢᠭᠤᠯᠵᠤ ᠳᠠᠷᠠᠭ᠎ᠠ ᠳᠤ ᠨᠢ ᠮᠣᠳᠣᠨ ᠲᠡᠷᠭᠡ ᠶᠢ ᠵᠣᠬᠢᠶᠠᠨ ᠪᠦᠲᠦᠭᠡᠵᠦ ᠬᠡᠷᠡᠭᠯᠡᠬᠦ ᠪᠣᠯᠰᠠᠨ᠎ᠠ ᠪᠠᠷ ᠬᠦᠮᠦᠰ ᠨᠠᠰᠢ ᠴᠠᠰᠢ ᠨᠡᠭᠦᠳᠡᠯᠯᠡᠬᠦ ᠨᠢ ᠤᠯᠠᠮ ᠶᠡᠬᠡᠰᠦᠵᠡᠢ᠃ᠲᠤᠬᠠᠶᠢᠯᠠᠪᠠᠯ ᠲᠠᠲ᠋ᠠᠷ ᠠᠶᠢᠮᠠᠭ ᠨᠢᠭᠡ ᠬᠡᠰᠡᠭ ᠲᠤᠸᠠ ᠳᠤ ᠪᠠᠶᠢᠵᠤ ᠪᠠᠶᠢᠭᠠᠳ ᠬᠠᠮᠤᠭ ᠤᠨ ᠰᠡᠭᠦᠯ ᠳᠦ ᠪᠤᠶᠢᠷ ᠨᠠᠭᠤᠷ ᠲᠤ ᠣᠴᠢᠭᠰᠠᠨ ᠪᠠᠶᠢᠳᠠᠭ᠃  ᠨᠡᠭᠦᠳᠡᠯᠴᠢᠳ ᠡᠶᠢᠨᠬᠦᠦ ᠪᠠᠶᠢᠩᠭᠤ ᠨᠡᠭᠦᠵᠦ ᠪᠠᠶᠢᠭᠰᠠᠨ ᠨᠢ ᠶᠠᠮᠠᠷ ᠠᠶᠢᠮᠠᠭ᠂ ᠤᠭᠰᠠᠭᠠᠲᠠᠨ ᠬᠡᠵᠢᠶ᠎ᠡ᠂ ᠬᠠᠮᠢᠭ᠎ᠠ ᠪᠠᠶᠢᠭᠰᠠᠨ ᠢ ᠲᠣᠭᠲᠠᠭᠠᠬᠤ ᠳᠤ ᠪᠡᠷᠬᠡᠲᠡᠢ ᠪᠣᠯᠭᠠᠳᠠᠭ᠃ᠡᠭᠦᠨ ᠢ ᠲᠣᠭᠲᠠᠭᠠᠬᠤ ᠶᠢᠨ ᠲᠤᠯᠠᠳᠠ ᠠᠷᠬᠧᠣᠯᠣᠭᠢ ᠶᠢᠨ ᠰᠤᠶᠤᠯᠡᠲᠨᠣᠯᠣᠭᠢᠠᠨᠲᠷᠣᠫᠣᠯᠣᠭᠢᠰᠤᠶᠤᠯ ᠰᠤᠳᠤᠯᠤᠯᠭᠧᠨᠧᠲ᠋ᠢᠭᠡᠶᠢᠨ ᠰᠤᠳᠤᠯᠭ᠎ᠠ᠂ ᠲᠡᠦᠬᠡᠡᠶᠢᠨ ᠰᠤᠷᠪᠤᠯᠵᠢ ᠮᠡᠳᠡᠭᠡ ᠪᠡᠷ ᠬᠥᠭᠡᠭᠡᠵᠦ ᠦᠵᠡᠳᠡᠭ᠃

ᠤᠪᠰᠤ ᠠᠶᠢᠮᠠᠭ ᠤᠨ ᠴᠢᠨᠳᠠᠮᠠᠨᠢ ᠤᠤᠯ ᠤᠨ ᠰᠤᠶᠤᠯ ᠢ ᠬᠢᠷᠭᠢᠰᠬᠡᠭᠦᠷᠡᠶᠢᠨ ᠰᠤᠶᠤᠯ ᠲᠠᠢ ᠬᠣᠯᠪᠣᠳᠠᠭ᠃ ᠴᠢᠨᠳᠠᠮᠠᠨᠢ ᠠᠭᠤᠯᠠ ᠶᠢᠨ ᠰᠤᠶᠤᠯ ᠤᠨ ᠬᠦᠮᠦᠰ ᠮᠣᠩᠭᠣᠯᠣᠶᠢᠳ᠋, ᠧᠦᠢᠷᠣᠫᠣᠶᠢᠳ᠋ ᠬᠣᠯᠢᠮᠠᠭ ᠭᠧᠨ ᠲᠡᠢ ᠬᠦᠮᠦᠰ ᠪᠠᠶᠢᠭᠰᠠᠨ ᠪᠥᠭᠡᠳ ᠴᠡᠪᠡᠷ ᠮᠣᠩᠭᠣᠯᠣᠶᠢᠳ᠋ ᠡᠰᠡᠪᠡᠯ ᠧᠦ᠋ᠷᠣᠫᠠ ᠭᠧᠨ ᠲᠡᠢ ᠬᠦᠮᠦᠨ ᠲᠡᠳᠡᠨ ᠦ ᠳᠤᠮᠳᠠ ᠬᠣᠪᠣᠷ ᠪᠠᠶᠢᠴᠠᠢ᠃[3]

ᠬᠠᠺᠠᠰ᠂ ᠡᠮᠦᠨᠡᠲᠦ ᠺᠷᠠᠰᠠᠨ ᠠᠢᠷᠰᠺ ᠤᠨ ᠬᠢᠵᠠᠭᠠᠷ ᠲᠤ ᠪᠠᠶᠢᠭᠰᠠᠨ ᠲᠠᠭᠠᠷ ᠤᠨ ᠰᠤᠶᠤᠯ ᠤᠨ ᠬᠦᠮᠦᠰ ᠢ ᠧᠦᠷᠣᠫᠠᠵᠢᠭᠤ ᠲᠥᠷᠬᠥ ᠲᠡᠢ ᠢᠷᠡᠨ ᠬᠦᠮᠦᠰ ᠪᠠᠶᠢᠭᠰᠠᠨ ᠭᠡᠳᠡᠭ ᠪᠠ ᠲᠦᠷᠦᠭ ᠭᠡᠬᠦ ᠬᠤᠪᠢᠯᠪᠤᠷᠢ ᠨᠢ ᠪᠠᠲᠤᠯᠠᠭᠳᠠᠭ᠎ᠠ ᠦᠭᠡᠢ᠃ᠠᠹᠠᠨᠠᠰᠦᠶ ᠡᠪᠠᠨᠳᠠᠷᠤᠨᠤᠪ ᠤᠨ ᠰᠤᠶᠤᠯ ᠢ ᠢᠷᠠᠨᠴᠤᠳ ᠤᠨ ᠬᠢ ᠭᠡᠵᠦ ᠦᠵᠡᠳᠡᠭ᠃

ᠠᠯᠲᠠᠢ ᠶᠢᠨ ᠤᠭᠰᠠᠭᠠᠲᠠᠨ ᠨᠤᠭᠤᠳ ᠲᠠᠢ ᠭᠠᠷᠤᠯ ᠨᠢᠭᠡ ᠹᠢᠨ ᠤᠭᠤᠷ ᠤᠳ᠂ ᠢᠨᠳᠢᠶᠠᠨᠴᠤᠤᠳ᠂ ᠰᠢᠪᠸᠷᠢᠶ ᠠ ᠶᠢᠨ ᠤᠭᠰᠠᠭᠠᠲᠠᠨ ᠨᠤᠭᠤᠳ ᠡᠷᠲᠡ ᠴᠠᠭ ᠲᠤ ᠠᠯᠲᠠᠢ ᠶᠢᠨ ᠤᠭᠰᠠᠭᠠᠲᠠᠨ ᠨᠤᠭᠤᠳ ᠤᠨ ᠬᠣᠶᠢᠳᠤ ᠵᠠᠬ᠎ᠠ ᠪᠠᠷ ᠠᠮᠢᠳᠤᠷᠠᠵᠤ ᠪᠠᠶᠢᠭᠠᠳ ᠰᠠᠯᠵᠤ ᠨᠡᠭᠦᠵᠢ ᠪᠡᠨ᠃ᠬᠠᠰᠠᠭᠰᠲ᠋ᠠᠨᠢ ᠬᠣᠶᠢᠳᠤ ᠨᠤᠲᠤᠭ᠂ ᠤᠤᠯ ᠤᠨ ᠠᠯᠲᠠᠢ᠂ ᠦᠺᠷᠠᠶᠢᠨ᠂ ᠲᠥᠪ ᠣᠷᠣᠰ ᠤᠨ ᠶᠡᠬᠡᠩᠬᠢ ᠪᠤᠶᠤ ᠵᠠᠷᠢᠮ ᠨᠤᠲᠤᠭ ᠲᠤ ᠡᠷᠲᠡ ᠴᠠᠭ ᠲᠤ ᠹᠢᠨ ᠤᠭᠤᠷ ᠤᠳ ᠠᠮᠢᠳᠤᠷᠠᠵᠤ ᠪᠠᠶᠢᠭᠠᠳ ᠶᠡᠬᠡᠩᠬᠢ ᠨᠢ ᠲᠦᠷᠦᠭ᠂ ᠢᠷᠡᠨ᠂ ᠣᠷᠣᠰ᠂ ᠦᠺᠷᠠᠶᠡᠨᠳ ᠤᠤᠭᠤᠭᠰᠠᠨ ᠮᠥᠬᠦᠭᠰᠡᠨ ᠪᠠᠶᠢᠳᠠᠭ᠃ ᠤᠭᠤᠷ ᠤᠳ ᠤᠤᠯ ᠤᠨ ᠠᠯᠲᠠᠢ᠂ ᠤᠮᠠᠷᠠᠳᠤ ᠬᠠᠰᠠᠭᠰᠲ᠋ᠠᠨ᠂ ᠪᠠᠷᠠᠭᠤᠨ ᠰᠢᠪᠸᠷᠢᠶ ᠠ ᠶᠢᠨ ᠡᠮᠦᠨᠡᠲᠦ ᠬᠡᠰᠡᠭ ᠲᠦ ᠪᠠᠶᠢᠭᠰᠠᠨ ᠪᠣᠯᠤᠯᠲᠠᠢ᠃

ᠰᠢᠨᠢᠵᠢᠨ ᠳᠤ ᠲᠥᠪ ᠠᠽᠢᠶ᠎ᠠ ᠶᠢᠨ ᠪᠤᠰᠤᠳ ᠨᠤᠲᠤᠭ ᠠᠴᠠ ᠬᠠᠷᠢᠴᠠᠩᠭᠤᠢ ᠬᠣᠵᠢᠭᠤ ᠪᠤᠶᠤ 4-5,000 ᠵᠢᠯ ᠦᠨ ᠡᠮᠦᠨ᠎ᠡ ᠬᠦᠮᠦᠨ ᠰᠠᠭᠤᠷᠢᠰᠢᠭᠰᠠᠨ ᠪᠥᠭᠡᠳ ᠪᠠᠷᠠᠭᠤᠨ᠂ ᠪᠠᠷᠠᠭᠤᠨ ᠡᠮᠦᠨᠡᠲᠦ᠂ ᠬᠣᠶᠢᠳᠤ᠂ ᠪᠠᠷᠠᠭᠤᠨ ᠬᠣᠶᠢᠳᠤ ᠲᠠᠯ᠎ᠠ ᠠᠴᠠ ᠨᠢ ᠧᠦᠢᠷᠣᠫᠠᠴᠤᠳ ᠪᠠ ᠮᠣᠩᠭᠣᠯᠣᠶᠢᠳ᠋ ᠲᠥᠷᠬᠥ ᠲᠡᠢ ᠠᠽᠢᠶ᠎ᠠ ᠶᠢᠨ ᠬᠢᠨ ᠨᠢᠭᠡᠨ ᠵᠡᠷᠭᠡ ᠰᠢᠬᠠᠭᠤ ᠨᠡᠭᠦᠨ ᠢᠷᠡᠭᠰᠡᠨ ᠴᠤ ᠠᠽᠢᠶ᠎ᠠ ᠬᠦᠮᠦᠰ ᠨᠢ ᠧᠦᠢᠷᠣᠫᠠᠴᠤᠳ ᠲᠤ ᠠᠭᠤᠰᠴᠠᠢ᠃

ᠲᠤᠸᠠ᠂ ᠬᠠᠺᠠᠰ ᠤᠨ ᠡᠷᠲᠡ ᠦᠶ᠎ᠡ ᠶᠢᠨ ᠤᠭᠰᠠᠭᠠᠲᠠᠨ ᠨᠤᠭᠤᠳ ᠤᠨ ᠲᠠᠯ᠎ᠠ ᠪᠠᠷ ᠮᠡᠳᠡᠭᠡ ᠪᠠᠷᠢᠮᠲᠠ ᠬᠠᠩᠭᠠᠯᠲᠠᠲᠠᠢ ᠪᠤᠰᠤ᠂ ᠰᠠᠮᠤᠧᠳᠢ ᠵᠡᠷᠭᠡ ᠮᠣᠩᠭᠣᠯᠵᠢᠭᠤ ᠤᠭᠰᠠᠭᠠᠲᠠᠨ ᠨᠤᠭᠤᠳ ᠪᠠᠶᠢᠭᠰᠠᠨ ᠪᠣᠯᠤᠯᠲᠠᠢ ᠪᠥᠭᠡᠳ ᠲᠤᠸᠠ ᠬᠠᠪᠢᠶᠠᠷᠠ ᠪᠠᠶᠢᠭᠰᠠᠨ ᠰᠠᠮᠤ ᠲᠦᠢᠴᠤᠳ ᠡᠷᠲᠡ ᠪᠣᠯᠤᠨ ᠳᠤᠮᠳᠠᠳᠤ ᠵᠠᠭᠤᠨ ᠤ ᠦᠶ᠎ᠡ ᠳᠦ ᠥᠪᠡᠷ ᠤᠭᠰᠠᠭᠠᠲᠠᠨ ᠨᠤᠭᠤᠳ ᠲᠤ (ᠢᠷᠡᠨ᠂ ᠮᠣᠩᠭᠣᠯ᠂ ᠲᠦᠷᠦᠭ) ᠠᠭᠤᠰᠴᠠᠢ᠃

ᠴᠢᠯᠠᠭᠤᠨ ᠵᠡᠪᠰᠡᠭ ᠦᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠷᠡᠯ ᠵᠡᠪᠰᠡᠭ ᠦᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠮᠦᠷ ᠵᠡᠪᠰᠡᠭ ᠦᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠣᠷᠣᠨ ᠳᠠᠬᠢ ᠲᠡᠮᠦᠷ ᠵᠡᠪᠰᠡᠭ ᠦᠨ ᠦᠶ᠎ᠡ ᠨᠢ ᠮᠠᠨ ᠤ ᠡᠷᠡᠨ ᠦ ᠡᠮᠦᠨ᠎ᠡ 1000- ᠮᠠᠨ ᠤ ᠡᠷᠡᠨ ᠦ ᠡᠮᠦᠨ᠎ᠡ III ᠵᠠᠭᠤᠨ ᠢ ᠬᠠᠮᠤᠷᠬᠤ ᠪᠠ ᠡᠬᠢᠨ ᠳᠦ ᠪᠡᠨ ᠲᠡᠮᠦᠷ ᠬᠣᠪᠣᠷ ᠪᠠᠶᠢᠭᠰᠠᠨ ᠲᠤᠯᠠ ᠬᠦᠷᠡᠯ ᠵᠡᠪᠰᠡᠭ ᠦᠨ ᠵᠠᠷᠢᠮ ᠬᠡᠰᠡᠭ ᠢ ᠲᠡᠮᠦᠷ ᠢᠶᠡᠷ ᠬᠢᠵᠦ ᠪᠠᠶᠢᠪᠠ᠃ᠮᠣᠩᠭᠣᠯᠴᠤᠳ ᠤᠨ ᠡᠷᠲᠡᠨ ᠦ ᠡᠪᠦᠭᠡ ᠬᠤ ᠨᠠᠷ ᠮᠠᠨ ᠤ ᠡᠷᠡᠨ ᠦ ᠡᠮᠦᠨ᠎ᠡ VII ᠵᠠᠭᠤᠨ ᠠᠴᠠ ᠨᠠᠮᠤᠭ ᠤᠨ ᠬᠦᠷᠡᠩ ᠬᠥᠳᠡᠷ ᠡᠴᠡ ᠪᠤᠬ᠎ᠠ ᠳᠠᠷᠤᠬᠤ ᠠᠷᠭ᠎ᠠ ᠪᠠᠷ ᠲᠡᠮᠦᠷ ᠢᠯᠭᠠᠷᠠᠭᠤᠯᠤᠨ ᠠᠪᠴᠤ ᠡᠬᠢᠯᠡᠵᠡᠢ᠃ᠡᠬᠢᠨ ᠦᠶ᠎ᠡ ᠶᠢᠨ ᠲᠡᠮᠦᠷ ᠵᠡᠪᠰᠡᠭ ᠦᠨ ᠭᠣᠣᠯ ᠣᠯᠳᠠᠪᠤᠷᠢ ᠶᠢᠨ ᠲᠣᠭᠠᠨ ᠳᠤ ᠲᠡᠮᠦᠷ ᠠᠮᠠᠭᠠᠢ ᠵᠡᠷᠭᠡ ᠵᠢᠵᠢᠭ ᠬᠡᠷᠡᠭᠯᠡᠯ ᠣᠷᠣᠳᠠᠭ ᠪᠣᠯ ᠶᠠᠪᠤᠭᠠᠨ ᠳᠠᠭᠠᠨ ᠲᠡᠮᠦᠷ ᠢᠶᠡᠷ ᠢᠯᠡᠭᠦᠦ ᠣᠯᠠᠨ ᠲᠥᠷᠥᠯ ᠦᠨ ᠡᠳ᠋ᠯᠡᠯ ᠢ ᠬᠢᠵᠦ ᠰᠤᠷᠠᠵᠠᠢ᠃

"ᠪᠤᠬ᠎ᠠ ᠳᠠᠷᠤᠬᠤ" ᠠᠷᠭ᠎ᠠ ᠲᠡᠮᠦᠷ ᠪᠣᠯᠪᠠᠰᠤᠷᠠᠭᠤᠯᠬᠤ ᠳᠤ ᠴᠢᠬᠤᠯᠠ ᠡᠭᠦᠷᠭᠡ ᠲᠡᠢ ᠪᠠᠶᠢᠭᠰᠠᠨ ᠪᠥᠭᠡᠳ ᠥᠪᠦᠷᠬᠠᠩᠭᠠᠢ ᠠᠶᠢᠮᠠᠭ ᠤᠨ ᠵᠡᠭᠦᠨ ᠪᠠᠶᠠᠨ-ᠤᠯᠠᠭᠠᠨ ᠤ ᠰᠢᠷ᠎ᠠ ᠳᠣᠪᠣ ᠠᠭᠤᠯᠠ ᠶᠢᠨ ᠣᠷᠣᠢ ᠠᠴᠠ ᠨᠠᠭᠤᠷ ᠨᠠᠮᠤᠭ ᠤᠨ ᠬᠥᠳᠡᠷ ᠢ ᠪᠤᠬ᠎ᠠ ᠳᠠᠷᠤᠬᠤ ᠠᠷᠭ᠎ᠠ ᠪᠠᠷ ᠬᠠᠶᠢᠯᠠᠭᠤᠯᠵᠤ ᠲᠡᠮᠦᠷ ᠪᠣᠯᠪᠠᠰᠤᠷᠠᠭᠤᠯᠵᠤ ᠪᠠᠶᠢᠭᠰᠠᠨ ᠵᠤᠤᠬᠠᠨ ᠤ ᠦᠯᠡᠳᠡᠭᠳᠡᠯ ᠣᠯᠳᠠᠵᠠᠢ᠃ᠰᠠᠯᠬᠢᠨ ᠳᠤ ᠲᠠᠭᠤᠭᠳᠠᠭᠰᠠᠨ ᠲᠡᠮᠦᠷ ᠦᠨ ᠦᠷᠳᠡᠰᠦ ᠨᠠᠭᠤᠷ ᠨᠠᠮᠤᠭ ᠤᠨ ᠤᠰᠤᠨ ᠳᠤ ᠣᠷᠣᠨ ᠡᠷᠭᠢ ᠶᠢᠨ ᠢᠷᠤᠭᠠᠷ ᠲᠤ ᠵᠢᠪᠵᠢ ᠶᠠᠪᠤᠭᠠᠨ ᠳᠠᠭᠠᠨ ᠰᠢᠪᠠᠷᠲᠠᠢ ᠬᠤᠳᠬᠤᠯᠳᠤᠨ ᠬᠦᠷᠡᠩ ᠬᠥᠳᠡᠷ ᠡᠭᠦᠰᠬᠡᠳᠡᠭ᠃ᠡᠶᠢᠮᠦ ᠬᠥᠳᠡᠷ ᠢ ᠰᠠᠯᠬᠢ ᠶᠡᠬᠡ ᠲᠡᠢ ᠠᠭᠤᠯᠠ ᠶᠢᠨ ᠣᠷᠣᠢ ᠳᠡᠭᠡᠷ᠎ᠡ ᠠᠪᠠᠴᠢᠨ ᠲᠣᠮᠣ ᠰᠢᠪᠠᠷ ᠵᠤᠤᠬᠠᠨ ᠤ ᠳᠡᠭᠡᠷ᠎ᠡ ᠬᠢᠵᠦ ᠭᠠᠯ ᠠᠰᠠᠭᠠᠬᠤ ᠳᠤ ᠰᠢᠷᠦᠭᠦᠨ ᠰᠠᠯᠬᠢᠨ ᠳᠤ ᠭᠠᠯ ᠤᠨ ᠢᠯᠴᠢ ᠤᠯᠠᠮ ᠬᠦᠴᠦᠲᠡᠢ ᠪᠣᠯᠵᠤ ᠰᠢᠪᠠᠷ ᠠᠴᠠ ᠲᠡᠮᠦᠷ ᠨᠢ ᠬᠠᠶᠢᠯᠠᠨ ᠢᠯᠭᠠᠷᠴᠢ ᠵᠤᠤᠬᠠᠨ ᠤ ᠳ᠋ᠣᠣ ᠳᠤ ᠬᠡᠰᠡᠭ ᠲᠦ ᠲᠤᠨᠳᠠᠭ᠃ᠪᠤᠬ᠎ᠠ ᠳᠠᠷᠤᠬᠤ ᠠᠷᠭ᠎ᠠ ᠠᠴᠠ ᠶᠠᠪᠤᠭᠠᠨ ᠳᠠᠭᠠᠨ ᠢᠯᠡᠭᠦᠦ ᠪᠣᠯᠪᠠᠰᠤᠷᠠᠩᠭᠤᠢ ᠬᠢᠰᠠ᠂ ᠲᠤᠯᠤᠮᠠᠨ ᠬᠥᠭᠡᠷᠭᠡᠷ᠎ᠡ ᠬᠥᠭᠡᠷᠭᠡ ᠳᠤ ᠬᠢ ᠠᠷᠭ᠎ᠠ ᠨᠤᠭᠤᠳ ᠭᠠᠷᠴᠠᠢ᠃

ᠰᠦᠭ ᠵᠢᠷᠤᠭ᠂ ᠬᠠᠳᠠᠨ ᠤ ᠪᠢᠴᠢᠭᠡᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠰᠦᠭ ᠵᠢᠷᠤᠭ

ᠮᠣᠩᠭᠣᠯ ᠤᠨ ᠠᠷᠬᠧᠣᠯᠣᠭᠢᠴᠢ ᠳᠤ ᠡᠷᠲᠡᠨ ᠦ ᠬᠦᠮᠦᠰ ᠦᠨ ᠬᠠᠳᠠᠨ ᠳᠡᠭᠡᠷ᠎ᠡ ᠰᠡᠶᠢᠯᠵᠦ ᠦᠯᠡᠳᠡᠭᠡᠭᠰᠡᠨ ᠰᠡᠷᠡᠭᠡ ᠲᠠᠮᠠᠭ᠎ᠠ᠂ ᠣᠩᠭᠢ ᠲᠠᠮᠠᠭ᠎ᠠ ᠭᠡᠬᠦ ᠮᠡᠲᠦ ᠲᠠᠮᠠᠭᠠᠨ ᠨᠤᠭᠤᠳ ᠨᠢ ᠶᠡᠬᠡ ᠮᠣᠩᠭᠣᠯ ᠤᠯᠤᠰ᠂ ᠴᠠᠭᠠᠳᠠᠢ ᠶᠢᠨ ᠤᠯᠤᠰ ᠵᠡᠷᠭᠡ ᠬᠣᠵᠢᠭᠤ ᠦᠶ᠎ᠡ ᠶᠢᠨ ᠤᠯᠤᠰ ᠤᠳ ᠤᠨ ᠲᠠᠮᠠᠭ᠎ᠠ ᠲᠠᠢ ᠢᠵᠢᠯ ᠪᠣᠯᠬᠤ ᠶᠢ ᠲᠣᠭᠲᠠᠭᠠᠴᠠᠢ᠃[4]

ᠨᠡᠮᠡᠵᠦ ᠤᠩᠰᠢᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠬᠦᠷᠢᠶᠡᠯᠡᠩ ᠦᠨ ᠡᠷᠳᠡᠮ ᠰᠢᠨᠵᠢᠯᠡᠭᠡᠨ ᠦ ᠠᠵᠢᠯ ᠤᠨᠨ ᠣᠯᠤᠯᠲᠠ ᠠᠮᠵᠢᠯᠲᠠ [1]
  2. ᠮᠣᠩᠭᠣᠯ ᠤᠨ ᠠᠷᠬᠧᠣᠯᠣᠭᠢ
  3. [archaeology.ucoz.com/mongolyn_arkheologi-2.pdf МОНГОЛЫН АРХЕОЛОГИ, УБ, 2002]
  4. ᠷᠠᠰᠢᠶᠠᠨ ᠬᠠᠳᠠ ᠪᠠᠷᠢᠮᠲᠠᠲᠤ ᠺᠢᠨᠣ᠋ "Semoon" ᠰᠲ᠋ᠦ᠋ᠳᠢ

ᠪᠢᠴᠢᠭᠡᠰᠦ