ᠪᠠᠭᠴᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠪᠠᠭᠴᠠ ᠭᠡᠳᠡᠭ ᠨᠢ ᠲᠣᠳᠣᠷᠬᠠᠢ ᠵᠣᠷᠢᠯᠭ᠎ᠠ ᠳᠤ ᠬᠦᠷᠬᠦ ᠳᠦ ᠴᠢᠭᠯᠡᠭᠰᠡᠨ ᠰᠠᠩᠬᠦᠦ ᠶᠢᠨ ᠬᠡᠷᠡᠭᠰᠡᠯ ᠦᠨ ᠴᠣᠭᠴᠠ ᠶᠤᠮ᠃ ᠪᠠᠭᠴᠠ ᠶᠢᠨ ᠣᠨᠣᠯ ᠢ ᠮᠠᠷᠺᠣᠸᠢᠼ 1950 ᠍ ᠊ᠭᠠᠳ ᠣᠨ ᠤ ᠦᠶ᠎ᠡ ᠳᠦ ᠦᠨᠳᠦᠰᠦᠯᠡᠭᠰᠡᠨ᠃ ᠮᠠᠷᠺᠣᠸᠢᠼ ᠤᠨ ᠵᠠᠭᠪᠤᠷ ᠨᠢ ᠦᠨᠡᠲᠦ ᠴᠠᠭᠠᠰᠤᠨ ᠤ ᠬᠦᠯᠢᠶᠡᠭᠳᠡᠵᠦ ᠪᠤᠢ ᠥᠭᠭᠦᠭᠡᠴᠢ ᠪᠣᠯᠤᠨ ᠡᠷᠦᠰᠳᠡᠯ ᠳᠦ ᠦᠨᠳᠦᠰᠦᠯᠡᠭᠳᠡᠭᠰᠡᠨ ᠪᠠ ᠡᠷᠦᠰᠳᠡᠯ᠂ ᠥᠭᠭᠦᠭᠡᠴᠢ ᠶᠢᠨ ᠰᠣᠩᠭᠣᠯᠲᠠ ᠨᠤᠭᠤᠳ ᠢ ᠰᠢᠨᠵᠢᠯᠡᠬᠦ ᠳᠦ ᠮᠥᠨ ᠴᠢᠨᠠᠷ ᠨᠢ ᠣᠷᠣᠰᠢᠨ᠎ᠠ᠃ ᠮᠠᠷᠺᠣᠸᠢᠼ ᠨᠢ ᠦᠷ᠎ᠡ ᠠᠰᠢᠭ ᠲᠠᠢ ᠪᠠᠭᠴᠠ ᠭᠡᠬᠦ ᠦᠵᠡᠯ ᠢ ᠠᠩᠬ᠎ᠠ ᠭᠠᠷᠭᠠᠭᠰᠠᠨ᠃ ᠦᠷ᠎ᠡ ᠠᠰᠢᠭ ᠲᠠᠢ ᠪᠠᠭᠴᠠ ᠭᠡᠳᠡᠭ ᠨᠢ ᠥᠭᠭᠦᠭᠳᠡᠭᠰᠡᠨ ᠡᠷᠦᠰᠳᠡᠯ ᠦᠨ ᠲᠦᠪᠰᠢᠨ ᠳ᠋ᠡᠬᠢ ᠬᠠᠮᠤᠭ ᠤᠨ ᠶᠡᠬᠡ ᠬᠦᠯᠢᠶᠡᠭᠳᠡᠵᠦ ᠪᠤᠢ ᠥᠭᠭᠦᠭᠡᠴᠢ ᠡᠰᠡᠪᠡᠯ ᠥᠭᠭᠦᠭᠳᠡᠭᠰᠡᠨ ᠥᠭᠭᠦᠭᠡᠴᠢ ᠶᠢᠨ ᠲᠦᠪᠰᠢᠨ ᠳ᠋ᠡᠬᠢ ᠬᠠᠮᠤᠭ ᠤᠨ ᠪᠠᠭ᠎ᠠ ᠡᠷᠦᠰᠳᠡᠯ ᠲᠡᠢ ᠪᠠᠭᠴᠠ ᠶᠢ ᠬᠡᠯᠡᠨ᠎ᠡ᠃ ᠮᠠᠷᠺᠣᠸᠢᠼ ᠥᠪᠡᠷ ᠦᠨ ᠵᠠᠭᠪᠤᠷ ᠢᠶᠠᠨ ᠬᠥᠭᠵᠢᠭᠦᠯᠬᠦ ᠳᠤ ᠬᠡᠳᠦᠨ ᠦᠨᠳᠦᠰᠦᠨ ᠲᠠᠭᠠᠮᠠᠭᠯᠠᠯ ᠢ ᠬᠢᠭᠰᠡᠨ᠃

  1. ᠥᠭᠭᠦᠭᠡᠴᠢ ᠳᠦ ᠳᠤᠷᠠᠲᠠᠢ᠂ ᠡᠷᠦᠰᠳᠡᠯ ᠳᠦ ᠳᠤᠷ᠎ᠠ ᠦᠭᠡᠢ ᠪᠠᠶᠢᠬᠤ
  2. ᠰᠢᠢᠳᠪᠦᠷᠢ ᠭᠠᠷᠭᠠᠬᠤ ᠳᠤ ᠤᠬᠠᠭᠠᠯᠢᠭ ᠪᠠᠶᠢᠬᠤ
  3. ᠬᠦᠯᠢᠶᠡᠭᠳᠡᠵᠦ ᠪᠤᠢ ᠠᠰᠢᠭ ᠢᠶᠠᠨ ᠬᠠᠮᠤᠭ ᠤᠨ ᠶᠡᠬᠡ ᠪᠣᠯᠭᠠᠬᠤ ᠦᠨᠳᠦᠰᠦ ᠳᠡᠭᠡᠷ᠎ᠡ ᠰᠢᠢᠳᠪᠦᠷᠢ ᠭᠠᠷᠭᠠᠬᠤ

ᠮᠠᠷᠺᠣᠸᠢᠼ ᠤᠨ ᠰᠢᠨᠵᠢᠯᠡᠭᠡ ᠪᠡᠷ ᠬᠥᠷᠥᠩᠭᠡ ᠣᠷᠣᠭᠤᠯᠤᠭᠴᠢ ᠶᠢᠨ (ᠡᠰᠡᠪᠡᠯ ᠦᠨᠡᠲᠦ ᠴᠠᠭᠠᠰᠤᠨ ᠤ ᠰᠢᠨᠵᠢᠭᠡᠴᠢᠳ ᠦᠨ) ᠨᠡᠶᠢᠯᠡᠭᠦᠯᠦᠭᠰᠡᠨ ᠣᠷᠣᠴᠠ ᠶᠢᠨ ᠲᠣᠬᠢᠷᠠᠨ ᠤ ᠦᠨᠳᠦᠰᠦᠨ ᠳᠡᠭᠡᠷ᠎ᠡ ᠦᠷ᠎ᠡ ᠠᠰᠢᠭ ᠲᠠᠢ ᠪᠠᠭᠴᠠ ᠶᠢ ᠡᠭᠦᠰᠬᠡᠳᠡᠭ᠃

  1. ᠦᠨᠡᠲᠦ ᠴᠠᠭᠠᠰᠤ ᠪᠦᠷᠢ ᠶᠢᠨ ᠬᠦᠯᠢᠶᠡᠭᠳᠡᠵᠦ ᠪᠤᠢ ᠥᠭᠭᠦᠭᠡᠴᠢ E(R)
  2. ᠦᠨᠡᠲᠦ ᠴᠠᠭᠠᠰᠤ ᠪᠦᠷᠢ ᠶᠢᠨ ᠷᠢᠰᠺ ᠢ ᠬᠡᠮᠵᠢᠳᠡᠭ ᠥᠭᠭᠦᠭᠡᠴᠢ ᠶᠢᠨ ᠰᠲ᠋ᠠᠨᠳᠠᠷᠲ ᠬᠡᠯᠪᠡᠯᠵᠡᠯ SD(R)
  3. ᠦᠨᠡᠲᠦ ᠴᠠᠭᠠᠰᠤᠨ ᠤ ᠥᠭᠭᠦᠭᠡᠴᠢ ᠶᠢᠨ ᠲᠦᠪᠰᠢᠨ ᠦ ᠬᠣᠭᠣᠷᠣᠨᠳᠣᠬᠢ ᠬᠣᠯᠪᠣᠭ᠎ᠠ ᠶᠢ ᠬᠡᠮᠵᠢᠳᠡᠭ ᠺᠣᠸᠠᠷᠶᠠᠴᠢpl:Efektywny portfel

pt:Portfólio sv:Portfolio

http://wiki.uhaan.com/index.php?title=ᠪᠠᠭᠴᠠ&oldid=356937》 ᠍  ᠡᠴᠡ ᠠᠪᠤᠭᠰᠠᠨ

ᠪᠢᠴᠢᠭᠡᠰᠦ