ᠪᠠᠭᠳᠤᠳ ᠤᠨ ᠪᠠᠲ᠋ᠠᠷᠧᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠪᠠᠭᠳᠤᠳ ᠤᠨ ᠪᠠᠲ᠋ᠠᠷᠧᠢ ᠭᠡᠵᠦ 1936 ᠣᠨ ᠳᠤ ᠪᠠᠭᠳᠠᠳ᠋ ᠬᠣᠲᠠ ᠶᠢᠨ ᠣᠶᠢᠷᠠᠯᠴᠠᠭᠠᠬᠢ 2000 ᠵᠢᠯ ᠦᠨ ᠨᠠᠰᠤᠲᠠᠢ ᠨᠢᠭᠡᠨ ᠲᠤᠭᠤᠷᠠᠢ ᠠᠴᠠ ᠣᠯᠳᠠᠭᠰᠠᠨ ᠸᠠᠭᠠᠷ ᠍ ᠢ ᠬᠡᠯᠡᠳᠡᠭ ᠪᠠᠶᠢᠨ᠎ᠠ᠃ ᠡᠨᠡ ᠨᠢ 6 ᠢᠨᠴᠢᠡᠶᠢᠨ ᠥᠨᠳᠥᠷ ᠲᠡᠢ ᠰᠢᠪᠠᠷ ᠸᠠᠭᠠᠷ ᠪᠥᠭᠡᠳ ᠳᠣᠲᠣᠷ᠎ᠠ ᠪᠠᠨ ᠣᠷᠢᠶᠠᠬᠤ ᠳᠤ ᠪᠠᠨ ᠭᠠᠩᠨᠠᠵᠤ ᠲᠣᠭᠲᠠᠭᠠᠭᠰᠠᠨ ᠵᠡᠰ ᠢᠯᠲᠠᠰᠤᠨ ᠼᠢᠯᠢᠨᠳ᠋ᠷᠲᠡᠢ᠃ ᠼᠢᠯᠢᠨᠳ᠋ᠷ ᠦᠨ ᠳ᠋ᠣᠣ ᠳᠤ ᠬᠡᠰᠡᠭ ᠨᠢ ᠮᠥᠨ ᠵᠡᠰ ᠢᠯᠲᠠᠰᠤ ᠪᠠᠷ ᠲᠠᠭᠯᠠᠭᠳᠠᠭᠰᠠᠨ ᠪᠥᠭᠡᠳ ᠠᠰᠹᠠᠯᠲ ᠢᠶᠠᠷ ᠪᠦᠷᠬᠦᠭᠳᠡᠭᠰᠡᠨ ᠪᠠᠶᠢᠴᠠᠢ᠃ ᠮᠥᠨ ᠼᠢᠯᠢᠨᠳ᠋ᠷ ᠳᠣᠲᠣᠷ᠎ᠠ ᠲᠥᠪ ᠬᠡᠰᠡᠭ ᠲᠦ ᠨᠢ ᠲᠡᠮᠦᠷ ᠰᠠᠪᠠᠭ᠎ᠠ ᠪᠠᠶᠢᠬᠤ ᠪᠠ ᠳᠡᠭᠡᠳᠦ ᠲᠠᠯ᠎ᠠ ᠠᠴᠠ ᠨᠢ ᠠᠰᠹᠠᠯᠢᠲ ᠢᠶᠠᠷ ᠲᠣᠭᠲᠠᠭᠠᠵᠤ ᠥᠭᠴᠡᠢ᠃ ᠣᠯᠳᠠᠪᠤᠷᠢ ᠶᠢ ᠤᠯᠬᠤ ᠦᠶ᠎ᠡ ᠳᠦ ᠳᠣᠲᠣᠷᠠᠬᠢ ᠲᠡᠮᠦᠷ ᠰᠠᠪᠠᠭ᠎ᠠ ᠨᠢ ᠶᠡᠬᠡᠬᠡᠨ ᠵᠢᠪᠡᠷᠡᠭᠰᠡᠨ ᠪᠠᠶᠢᠭᠰᠠᠨ ᠪᠠᠶᠢᠨ᠎ᠠ᠃ 1940 ᠣᠨ ᠳᠤ ᠠᠷᠬᠧᠣᠯᠣᠭᠢᠴᠢ ᠸᠢᠯᠭᠧᠯᠮ ᠺᠶᠣᠨᠢᠨ ᠢ ᠡᠨᠡᠬᠦ ᠸᠠᠭᠠᠷ ᠢ ᠪᠠᠲ᠋ᠠᠷᠧᠢ ᠪᠠᠶᠢᠭᠰᠠᠨ ᠪᠠᠶᠢᠵᠤ ᠮᠠᠭᠠᠳ ᠦᠭᠡᠢ ᠬᠡᠮᠡᠨ ᠮᠥᠩᠭᠥ ᠶᠢ ᠠᠯᠲᠠ ᠢᠶᠠᠷ ᠪᠥᠷᠢᠬᠦ ᠵᠡᠷᠭᠡ ᠳᠦ ᠠᠰᠢᠭᠯᠠᠭᠳᠠᠳᠠᠭ ᠪᠠᠶᠢᠵᠤ ᠪᠣᠯᠬᠤ ᠲᠤᠬᠠᠢ ᠲᠠᠭᠠᠮᠠᠭᠯᠠᠯ ᠳᠡᠪᠰᠢᠭᠦᠯᠦᠭᠰᠡᠨ᠃ ᠡᠨᠡᠬᠦ ᠲᠠᠭᠠᠮᠠᠭᠯᠠᠯ ᠬᠡᠷᠪᠡ ᠦᠨᠡᠨ ᠪᠣᠯ 19 ᠍ ᠳᠦᠭᠡᠷ ᠵᠠᠭᠤᠨ ᠳᠤ ᠠᠯᠧᠰᠰᠠᠨᠳᠠᠷᠣ ᠸᠣᠯᠲ᠋ᠡᠶᠢᠨ ᠨᠡᠭᠡᠭᠡᠭᠰᠡᠨ ᠡᠯᠧᠺᠲ᠋ᠷᠣᠬᠢᠮᠢ ᠍ ᠶᠢᠨ ᠪᠠᠲ᠋ᠠᠷᠧᠢ ᠶᠢᠨ ᠨᠡᠭᠡᠭᠡᠯᠲᠡ 2000 ᠵᠢᠯ ᠢᠶᠡᠷ ᠤᠷᠤᠭᠰᠢᠯᠠᠬᠤ ᠪᠣᠯᠤᠮᠵᠢ ᠲᠠᠢ᠃ ᠮᠥᠨ ᠲᠡᠷᠡ ᠵᠢᠯ ᠳᠤ ᠪᠡᠨ ᠢᠨᠵᠧᠨᠧᠷ ᠸᠢᠯᠢᠷᠠᠳ ᠭᠷᠡᠢ ᠡᠨᠡᠬᠦ ᠪᠠᠲ᠋ᠠᠷᠧᠢ ᠶᠢ ᠳᠠᠭᠤᠷᠢᠶᠠᠯᠭᠠᠨ ᠬᠢᠭᠡᠳ ᠵᠡᠰ ᠦᠨ ᠰᠤᠯᠢᠹᠠᠲ ᠠᠰᠢᠭᠯᠠᠨ ᠬᠠᠭᠠᠰ ᠸᠣᠯᠲ᠋ ᠍ ᠤᠨ ᠴᠠᠬᠢᠯᠭᠠᠨ ᠭᠠᠷᠭᠠᠵᠤ ᠠᠪᠤᠭᠰᠠᠨ᠃ 1970 ᠣᠨ ᠳᠤ ᠠᠷᠨᠧ ᠡᠭᠡᠭᠪᠦᠷᠡᠬᠦ ᠳᠦ ᠭᠡᠭᠴᠢ ᠶᠸᠵᠠᠫᠲ ᠰᠤᠳᠤᠯᠤᠭᠠᠴᠢ ᠮᠥᠨ ᠡᠳ᠋ ᠍ ᠢ ᠳᠠᠭᠤᠷᠢᠶᠠᠯᠭᠠᠵᠤ ᠬᠢᠭᠡᠳ ᠲᠤᠷᠰᠢᠯᠲᠠ ᠬᠡᠶᠢᠵᠢᠭᠡ᠃ ᠲᠡᠷᠡᠪᠡᠷ ᠡᠷᠲᠡ ᠳᠡᠭᠡᠷ᠎ᠡ ᠦᠶ᠎ᠡ ᠳᠦ ᠤᠤ ᠠᠰᠢᠭᠯᠠᠵᠤ ᠲᠠᠭᠠᠷᠠᠬᠤ ᠪᠤᠢ ᠭᠡᠳᠡᠭ ᠢ ᠪᠣᠳᠣᠯᠴᠠᠨ ᠤᠰᠤᠨ ᠦᠵᠦᠮ ᠦᠨ ᠰᠢᠭᠦᠰᠦᠡᠭᠡᠷᠡ ᠪᠠᠲ᠋ᠠᠷᠧᠢ ᠶᠢ ᠪᠠᠨ ᠳᠦᠭᠦᠷᠭᠡᠵᠡᠢ᠃ ᠡᠭᠦᠨ ᠦ ᠦᠷ᠎ᠡ ᠳ᠋ᠦᠩ ᠳᠦ 0.87 ᠸᠣᠯᠲ᠋ ᠍ ᠶᠢᠨ ᠬᠦᠴᠦᠳᠡᠯ ᠭᠠᠷᠭᠠᠵᠤ ᠠᠪᠴᠤ ᠴᠢᠳᠠᠭᠰᠠᠨ ᠪᠠᠶᠢᠨ᠎ᠠ᠃

ᠬᠡᠳᠦᠢ ᠡᠶᠢᠮᠦ ᠪᠠᠲᠤᠯᠠᠭ᠎ᠠ ᠨᠤᠭᠤᠳ ᠪᠠᠶᠢᠭ᠎ᠠ ᠪᠣᠯᠪᠠᠴᠤ ᠵᠠᠷᠢᠮ ᠨᠢᠭᠡ ᠠᠷᠬᠧᠣᠯᠣᠭᠢᠴᠢᠢᠳᠡ ᠢᠯᠡᠭᠦᠦ ᠨᠤᠬᠤᠴᠠᠲᠠᠢ ᠪᠠᠶᠢᠷᠢ ᠰᠠᠭᠤᠷᠢ ᠲᠠᠢ ᠪᠠᠶᠢᠨ᠎ᠠ᠃ ᠤᠴᠢᠷ ᠨᠢ ᠲᠤᠷᠰᠢᠯᠲᠠ ᠶᠢᠨ ᠦᠷ᠎ᠡ ᠳ᠋ᠦᠩ ᠮᠠᠭᠠᠳ ᠦᠭᠡᠢ ᠵᠥᠪᠬᠡᠨ ᠹᠢᠽᠢᠺ ᠪᠠᠶᠢᠳᠠᠯ ᠢᠶᠠᠷ ᠪᠣᠯᠤᠮᠵᠢ ᠲᠠᠢ ᠭᠡᠳᠡᠭ ᠢ ᠬᠠᠷᠠᠭᠤᠯᠵᠤ ᠪᠠᠶᠢᠨ᠎ᠠ᠃ ᠬᠠᠷᠢᠨ ᠲᠡᠷᠡ ᠦᠶ᠎ᠡ ᠳᠦ ᠶᠠᠭ ᠡᠨᠡ ᠵᠣᠷᠢᠯᠭ᠎ᠠ ᠪᠠᠷ ᠢᠶᠠᠨ ᠠᠰᠢᠭᠯᠠᠳᠠᠭ ᠪᠠᠶᠢᠭᠰᠠᠨ ᠤᠤ᠂ ᠦᠭᠡᠢ ᠤᠤ ᠭᠡᠳᠡᠭ ᠨᠢ ᠢᠯᠡᠭᠦᠦ ᠴᠢᠬᠤᠯᠠ ᠭᠡᠳ ᠴᠢᠨᠠᠭᠰᠢᠳᠠ ᠰᠠᠶᠢᠲᠤᠷ ᠰᠤᠳᠤᠯᠬᠤ ᠬᠡᠷᠡᠭᠲᠡᠢ ᠭᠡᠵᠡᠢ᠃ ᠶᠠᠮᠠᠷ ᠪᠣᠯᠪᠠᠴᠤ ᠪᠠᠭᠳᠤᠳ ᠤᠨ ᠪᠠᠲ᠋ᠠᠷᠧᠢ ᠭᠡᠵᠦ ᠨᠡᠷᠡᠯᠡᠭᠳᠡᠭᠡᠳ ᠪᠠᠶᠢᠭ᠎ᠠ ᠡᠨᠡ ᠣᠯᠳᠠᠪᠤᠷᠢ ᠮᠠᠨᠢ ᠨᠢᠭᠤᠴᠠᠯᠠᠭᠳᠠᠮᠠᠯ ᠣᠨᠢᠰᠤᠭ᠎ᠠ ᠬᠡᠪ ᠢᠶᠡᠷ ᠪᠠᠶᠢᠨ᠎ᠠ᠃

Ironie pile Bagdad.jpg

ᠪᠢᠴᠢᠭᠡᠰᠦ