ᠪᠠᠭᠠᠷᠢᠨ ᠪᠠᠷᠠᠭᠤᠨ ᠬᠤᠰᠢᠭᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠪᠠᠭᠠᠷᠢᠨ ᠪᠠᠷᠠᠭᠤᠨ ᠬᠤᠰᠢᠭᠤ  ᠨᠢ ᠦᠪᠦᠷ ᠮᠣᠩᠭᠣᠯ  ᠤᠨ ᠦᠪᠡᠷᠲᠡᠭᠡᠨ ᠵᠠᠰᠠᠬᠣ ᠣᠷᠣᠨ  ᠤ ᠤᠯᠠᠭᠠᠨᠬᠠᠳᠠ ᠬᠣᠲᠠ    ᠶᠢᠨ   ᠬᠣᠢ᠋ᠲᠦ ᠬᠡᠰᠡᠭ  ᠲᠤ ᠪᠠᠢ᠋ᠷᠢᠯᠠᠵᠦ ᠂ ᠰᠢᠷᠠᠮᠦᠷᠡᠨ ᠭᠣᠣᠯ    ᠤᠨ ᠣᠮᠠᠷᠠᠲᠦ ᠡᠷᠬᠢ ᠂  ᠶᠡᠬᠡ ᠬᠢᠩᠭᠠᠨ ᠳᠠᠪᠠᠭᠠᠨ    ᠤ ᠡᠮᠦᠨ᠎ᠡ ᠬᠣᠷᠮᠣᠢ ᠳᠠᠭᠠᠣ ᠂ ᠵᠡᠭᠦᠨ ᠣᠷᠲᠣᠷᠢᠭ  ᠤᠨ 118o15'--- 120o05' ᠂ ᠤᠮᠠᠷᠠᠲᠦ ᠦᠷᠭᠡᠷᠢᠭ  ᠤᠨ 43o12' --- 44o27' ᠲᠦ ᠪᠠᠢ᠋ᠷᠢᠰᠢᠵᠦ ᠪᠣᠢ ᠃

5f9e93b1c4e5324808230237.jpg


 ᠶᠡᠷᠦᠨᠭᠬᠢ ᠲᠠᠯᠠᠪᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠬᠦ ᠬᠣᠰᠢᠭᠣᠨ  ᠤ  ᠶᠡᠷᠦᠩᠬᠡᠢ ᠲᠠᠯᠠᠪᠠᠢ  ᠨᠢ 10256 ᠲᠡᠭᠰᠢ ᠳᠦᠷᠪᠡᠯᠵᠢᠨ ᠺᠢᠯᠣᠮᠧᠲᠷ ᠪᠠᠢ᠋ᠵᠦ ᠂ ᠵᠡᠭᠦᠨᠰᠢ ᠪᠠᠷᠠᠭᠣᠨᠰᠢ 154 ᠺᠢᠯᠣᠮᠧᠲᠷ ᠣᠷᠲᠦ ᠂ ᠡᠮᠦᠨᠡᠰᠢ ᠬᠣᠢ᠋ᠰᠢ 139 ᠺᠢᠯᠣᠮᠧᠲᠷ ᠦᠷᠭᠡᠨ ᠪᠠᠢᠳᠠᠭ᠃

== ᠰᠤᠮᠤ ᠪᠠᠯᠭᠠᠰᠤ == ᠨᠡᠢ᠋ᠲᠡ 4 ᠰᠣᠮᠣ ( ᠪᠠᠶᠠᠨᠳᠠᠯ᠎ᠠ ᠰᠤᠮᠤᠰᠢᠷᠠᠮᠦ᠋ᠷᠡᠨ ᠰᠤᠮᠤᠵᠢᠷᠭᠠᠯ  ᠤᠨ ᠵᠠᠮ ᠰᠤᠮᠤᠴᠠᠭᠠᠨᠮᠦ᠋ᠷᠡᠨ ᠰᠤᠮᠤ ) ᠂ 5 ᠪᠠᠯᠭᠠᠰᠣ ( ᠳ᠋ᠠᠪᠠᠨ ᠪᠠᠯᠭᠠᠰᠤᠰᠤᠪᠤᠷᠭ᠎ᠠ ᠪᠠᠯᠭᠠᠰᠤᠪᠠᠶᠠᠨᠬᠤᠰᠢᠭᠤ ᠪᠠᠯᠭᠠᠰᠤᠴᠠᠭᠠᠨᠨᠠᠭᠤᠷ ᠪᠠᠯᠭᠠᠰᠤᠪᠤᠷᠤᠠᠤᠰᠤ ᠪᠠᠯᠭᠠᠰᠤ ) ᠂ 2 ᠵᠡᠭᠡᠯᠢ ᠭᠣᠳᠣᠮᠵᠢ ( ᠲᠠᠷᠬᠠᠨ ᠵᠡᠭᠡᠯᠢ ᠭᠤᠳᠤᠮᠵᠢᠰᠠᠶᠢᠬᠠᠨ ᠵᠡᠭᠡᠯᠢ ᠭᠤᠳᠤᠮᠵᠢ ) ᠶᠢᠨ ᠬᠡᠷᠡᠭ ᠡᠷᠬᠢᠯᠡᠬᠦ ᠭᠠᠵᠠᠷ  ᠢ ᠬᠠᠷᠢᠶᠠᠯᠠᠵᠦ ᠪᠠᠢᠳᠠᠭ᠃


== ᠬᠦᠮᠦᠨ ᠠᠮᠠ ==  ᠨᠡᠢ᠋ᠲᠡ ᠬᠦᠮᠦᠨ ᠠᠮᠠ 183507 ᠪᠠᠢ᠋ᠵᠦ ᠂ ᠬᠣᠲᠣᠩᠮᠠᠨᠵᠣᠳᠠᠭᠣᠷᠰᠣᠯᠣᠩᠭᠣᠰᠲᠦᠵᠢᠶᠠᠮᠢᠶᠣᠣᠵᠣᠸᠠᠩᠡᠧᠩᠬᠢ ᠵᠡᠷᠭᠡ ᠦᠨᠳᠦᠰᠦᠲᠡᠨ  ᠲᠠᠢ ᠂ ᠡᠭᠦᠨ  ᠳᠦ ᠮᠣᠩᠭᠣᠯ ᠦᠨᠳᠦᠰᠦᠲᠡᠨ  ᠤ ᠬᠦᠮᠦᠨ ᠠᠮᠠ 87802 ᠪᠠᠢ᠋ᠵᠦ ᠂ ᠪᠦᠬᠦ ᠬᠦᠮᠦᠨ ᠠᠮᠠ  ᠶᠢᠨ 47.8%  ᠢ ᠡᠵᠡᠯᠡᠵᠦ ᠂ ᠡᠯ᠎ᠡ ᠦᠨᠳᠦᠰᠦᠲᠡᠨ  ᠤ ᠠᠷᠠᠳ ᠲᠦᠮᠡᠨ ᠡᠪ  ᠨᠠᠢ᠋ᠷᠠᠮᠳᠠᠭᠣ ᠵᠡᠷᠭᠡᠴᠡᠨ ᠣᠷᠣᠰᠢᠭᠰᠠᠨ ᠦᠨᠳᠦᠰᠦᠲᠡᠨ  ᠤ ᠣᠷᠣᠨ ᠪᠣᠯᠬᠣ  ᠶᠤᠮ ᠃

ᠴᠠᠭ ᠠᠭᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠬᠦ ᠬᠣᠰᠢᠭᠣᠨ  ᠤ ᠦᠩᠭᠡᠷᠡᠭᠰᠡᠨ ᠵᠢᠯ  ᠤᠨ ᠲᠡᠭᠰᠢᠳᠬᠡᠭᠰᠡᠨ ᠠᠭᠠᠷ  ᠤᠨ ᠳᠣᠯᠠᠭᠠᠨ 4.9 ᠭᠷᠠᠳᠤᠶᠰ ᠂  ᠨᠠᠷᠠᠨ  ᠤ ᠳᠣᠰᠣᠯᠲᠠ 3000 --- 3200 ᠴᠠᠭ ᠂ ᠬᠣᠷᠠᠮᠳᠣᠭᠣᠯᠣᠭᠰᠠᠨ ᠳᠣᠯᠠᠭᠠᠨ  ᠤ ᠬᠡᠮᠵᠢᠶ᠎ᠡ 2400 ᠭᠷᠠᠳᠤᠶᠰ ᠂ ᠬᠢᠷᠠᠭᠣ ᠦᠭᠡᠢ ᠬᠣᠭᠣᠴᠠᠭ᠎ᠠ ᠪᠠᠷᠣᠭ 125 ᠡᠳᠦᠷ ᠪᠠᠢ᠋ᠳᠠᠭ

ᠲᠡᠤᠬᠡ ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠪᠠᠷᠠᠭᠣᠨ ᠬᠣᠰᠢᠭᠣ  ᠨᠢ ᠣᠷᠲᠦ ᠣᠳᠠᠭᠠᠨ ᠲᠡᠦᠬᠡ ᠰᠣᠶᠣᠯ  ᠲᠠᠢ ᠃ ᠳᠣᠯᠣᠭ᠎ᠠ  ᠨᠠᠢᠮᠠᠨ ᠮᠢᠩᠭᠠᠨ ᠵᠢᠯ  ᠤᠨ ᠡᠮᠦᠨ᠎ᠡ ᠬᠦᠮᠦᠨ ᠲᠦᠷᠦᠯᠬᠢᠲᠡᠨ ᠦᠷᠡᠵᠢᠨ ᠲᠣᠭᠲᠠᠨᠢᠵᠦ ᠠᠵᠣ ᠲᠦᠷᠦᠬᠦ ᠦᠶᠡᠰ ᠡᠨᠳᠡ ᠯᠢᠶᠣᠣ ᠣᠯᠣᠰ    ᠤᠨ ᠣᠭ  ᠨᠣᠲᠣᠭ ᠪᠠᠢ᠋ᠵᠦ ᠂ ᠬᠢᠳᠠᠨ ᠦᠨᠳᠦᠰᠦᠲᠡᠨ  ᠤ ᠬᠦᠭᠵᠢᠨ ᠮᠠᠨᠳᠣᠭᠰᠠᠨ ᠭᠠᠵᠠᠷ ᠪᠣᠯᠬᠣ ᠪᠦᠭᠡᠳ ᠤᠯᠠᠭᠠᠨᠬᠠᠳᠠ ᠰᠣᠶᠣᠯ ᠬᠢᠭᠡᠳ ᠯᠢᠶᠣᠣ  ᠶᠢᠨ ᠰᠣᠶᠣᠯ  ᠤᠨ ᠡᠬᠢ ᠡᠭᠦᠰᠦᠯ  ᠤᠨ ᠣᠷᠣᠨ ᠪᠣᠯᠬᠣ  ᠶᠤᠮ ᠃ 1634  ᠤᠨ  ᠳᠦ ᠪᠠᠭᠠᠷᠢᠨ ᠠᠢ᠋ᠮᠠᠭ ᠡᠨᠳᠡ ᠰᠠᠭᠣᠷᠢᠰᠢᠭᠰᠠᠨ  ᠠᠴᠠ ᠴᠢᠩ ᠤᠯᠤᠰ  ᠤᠨ ᠡᠶᠡᠪᠡᠷ ᠵᠠᠰᠠᠭᠴᠢ  ᠶᠢᠨ ᠲᠠᠪᠣᠳᠣᠭᠠᠷ  ᠤᠨ ( 1648  ᠤᠨ )  ᠳᠦ ᠪᠠᠭᠠᠷᠢᠨ ᠪᠠᠷᠠᠭᠣᠨ ᠭᠠᠷ  ᠤᠨ ᠬᠣᠰᠢᠭᠣ ᠪᠠᠢ᠋ᠭᠣᠯᠣᠭᠳᠠᠵᠦ ᠂ ᠣᠷᠢᠳ ᠬᠣᠵᠢᠳ ᠡᠩᠭᠡ ᠠᠮᠣᠭᠣᠯᠠᠩ ᠬᠠᠭᠠᠨ  ᠤ ᠠᠪᠠᠭ᠎ᠠ ᠡᠭᠡᠴᠢ ᠰᠡᠴᠡᠨ ᠳᠡᠭᠡᠳᠦ ᠬᠦᠷᠦᠨ ᠬᠦᠩᠵᠦ ᠂ ᠡᠩᠬᠡ ᠠᠮᠣᠭᠣᠯᠠᠩ ᠬᠠᠭᠠᠨ  ᠤ ᠬᠡᠦᠬᠡᠨ ᠦᠯᠡᠮᠵᠢ ᠳᠡᠭᠡᠳᠦ ᠬᠦᠷᠦᠨ ᠬᠦᠩᠵᠦ ᠪᠠᠭᠠᠷᠢᠨ  ᠳᠦ ᠮᠣᠷᠳᠠᠨ ᠂ ᠡᠩᠭᠡ ᠠᠮᠣᠭᠣᠯᠠᠩ ᠬᠠᠭᠠᠨ  ᠴᠦ ᠡᠭᠦᠪᠡᠷ ᠲᠣᠭᠣᠷᠢᠨ ᠠᠪᠠᠯᠠᠵᠦ ᠦᠩᠭᠡᠷᠡᠭᠰᠡᠨ ᠪᠠᠢ᠋ᠳᠠᠭ ᠃ ᠮᠦᠨ  ᠴᠦ 《 ᠳᠣᠮᠳᠠᠳᠣ ᠤᠯᠤᠰ  ᠤᠨ ᠪᠠᠭᠠᠷᠢᠨ ᠲᠡᠨᠢᠬᠢᠷ ᠤᠨ  ᠨᠡᠢ᠋ᠰᠯᠡᠯ 》 《 ᠪᠦᠬᠦ ᠤᠯᠤᠰ  ᠤᠨ  ᠨᠣᠭᠣᠭᠠᠷᠠᠭᠣᠯᠣᠯᠲᠠ  ᠶᠢᠨ ᠵᠢᠱᠢᠶᠡᠴᠢ ᠬᠣᠰᠢᠭᠣ 》 ᠂ 《 ᠪᠦᠬᠦ ᠤᠯᠤᠰ  ᠤᠨ ᠦᠨᠳᠦᠰᠦᠲᠡᠨ  ᠤ ᠪᠦᠯᠬᠦᠮᠳᠡᠯ ᠳᠠᠪᠰᠢᠯᠲᠠ  ᠶᠢᠨ ᠲᠡᠷᠢᠭᠦᠨ  ᠤ ᠬᠠᠮᠲᠦ  ᠨᠡᠢ᠋ᠲᠡ 》 ᠂ 《 ᠪᠦᠬᠦ ᠤᠯᠤᠰ  ᠤᠨ ᠰᠢᠨᠵᠢᠯᠡᠬᠦ ᠤᠬᠠᠭᠠᠨ ᠮᠡᠷᠭᠡᠵᠢᠯ  ᠤᠨ ᠳᠠᠪᠰᠢᠭᠰᠠᠨ ᠬᠣᠰᠢᠭᠣ 》 ᠂ 《 ᠳᠣᠮᠳᠠᠳᠣ ᠣᠯᠣᠰ  ᠤᠨ ᠠᠷᠠᠳ  ᠤᠨ ᠣᠷᠠᠯᠢᠭ  ᠤᠨ  ᠨᠣᠲᠣᠭ 》 ᠂ 《 ᠳᠣᠮᠳᠠᠳᠣ ᠤᠯᠤᠰ  ᠤᠨ ᠬᠡᠰᠡᠷ ᠰᠣᠶᠣᠯ  ᠤᠨ  ᠨᠣᠲᠣᠭ 》 ᠂ 《 ᠳᠣᠮᠳᠠᠳᠣ ᠤᠯᠤᠰ  ᠤᠨ ᠬᠣᠯᠪᠣᠭ᠎ᠠ  ᠶᠢᠨ  ᠨᠣᠲᠣᠭ 》 ᠂ ᠦᠪᠡᠷᠲᠡᠭᠡᠨ ᠵᠠᠰᠠᠬᠣ ᠣᠷᠣᠨ  ᠤ 《 ᠠᠮᠢ ᠠᠬᠣᠢ  ᠶᠢᠨ ᠪᠦᠲᠦᠭᠡᠨ ᠪᠠᠢ᠋ᠭᠣᠯᠣᠯᠲᠠ  ᠶᠢᠨ ᠲᠡᠷᠢᠭᠦᠨ  ᠤ ᠬᠠᠮᠲᠦ  ᠨᠡᠢ᠋ᠲᠡ 》 ᠂ 《 ᠬᠣᠶᠠᠷ  ᠢ ᠬᠦᠷᠢᠶᠡᠯᠡᠬᠦ 》 ᠠᠵᠢᠯ  ᠤᠨ ᠵᠢᠱᠢᠶᠡᠴᠢ ᠬᠣᠰᠢᠭᠣ ᠪᠣᠯᠬᠣ  ᠶᠤᠮ ᠃ ᠡᠨᠳᠡ ᠳᠡᠯᠡᠭᠡᠢ  ᠶᠢᠨ ᠠᠮᠢᠳᠣ ᠪᠣᠳᠠᠰ  ᠤᠨ ᠲᠣᠭᠣᠷᠢᠭ  ᠤᠨ ᠬᠠᠮᠠᠭᠠᠯᠠᠯᠲᠠ  ᠶᠢᠨ ᠣᠷᠣᠨ ᠪᠣᠯᠬᠣ ᠰᠠᠢ᠋ᠬᠠᠨ ᠬᠠᠨ ᠠᠭᠣᠯᠠ    ᠶᠢᠨ ᠪᠠᠢ᠋ᠭᠠᠯᠢ  ᠶᠢᠨ ᠬᠠᠮᠠᠭᠠᠯᠠᠯᠲᠠ  ᠶᠢᠨ ᠣᠷᠣᠨ ᠂ ᠤᠯᠤᠰ  ᠤᠨ ᠳᠡᠰ  ᠤᠨ ᠠᠭᠣᠷᠬᠠᠢ  ᠶᠢᠨ ᠴᠡᠴᠡᠷᠯᠢᠭ ᠪᠣᠯᠬᠣ ᠪᠠᠭᠠᠷᠢᠨ ᠲᠡᠨᠢᠬᠢᠷ  ᠤᠨ ᠠᠭᠣᠷᠬᠠᠢ  ᠶᠢᠨ ᠴᠡᠴᠡᠷᠯᠢᠭ ᠪᠠᠢ᠋ᠵᠦ ᠂ ᠬᠣᠰᠢᠭᠣ ᠵᠠᠰᠠᠭ  ᠤᠨ ᠣᠷᠳᠣᠨ  ᠤ ᠰᠠᠭᠣᠭ᠎ᠠ ᠭᠠᠵᠠᠷ ᠳ᠋ᠠᠪᠠᠨ ᠪᠠᠯᠭᠠᠰᠣ  ᠨᠢ ᠤᠯᠠᠭᠠᠨᠬᠠᠳᠠ ᠬᠣᠲᠠ  ᠶᠢᠨ ᠤᠮᠠᠷᠠᠲᠦ ᠬᠡᠰᠡᠭ  ᠤᠨ ᠭᠣᠣᠯ ᠪᠣᠯᠬᠣ ᠬᠣᠲᠠ ᠪᠠᠯᠭᠠᠰᠣ ᠪᠣᠯᠬᠣ ᠪᠦᠭᠡᠳ ᠦᠪᠡᠷᠲᠡᠭᠡᠨ ᠵᠠᠰᠠᠬᠣ ᠣᠷᠣᠨ  ᠤ ᠳᠣᠯᠣᠭᠠᠨ ᠣᠳᠣᠨ ᠳᠡᠰ  ᠤᠨ ᠪᠣᠯᠪᠠᠰᠣᠨ ᠪᠠᠯᠭᠠᠰᠣ  ᠪᠠᠷ ᠦᠨᠡᠯᠡᠭᠳᠡᠭᠰᠡᠨ  ᠶᠤᠮ ᠃

ᠵᠠᠮ ᠬᠠᠷᠢᠯᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠪᠠᠷᠠᠭᠣᠨ ᠬᠣᠰᠢᠭᠣ  ᠨᠢ ᠵᠠᠮ ᠬᠠᠷᠢᠯᠴᠠᠭᠠᠨ  ᠤ ᠣᠨᠴᠠ ᠳᠠᠪᠠᠭᠣᠯᠢᠭ ᠪᠠᠢ᠋ᠷᠢᠰᠢᠯ  ᠲᠠᠢ ᠃ ᠪᠠᠭᠠᠷᠢᠨ ᠪᠠᠷᠠᠭᠣᠨ ᠬᠣᠰᠢᠭᠣ  ᠨᠢ ᠤᠯᠠᠭᠠᠨᠬᠠᠳᠠ ᠬᠣᠲᠠ  ᠠᠴᠠ 180 ᠺᠢᠯᠣᠮᠧᠲᠷ ᠂ ᠪᠡᠭᠡᠵᠢᠩ  ᠠᠴᠠ 650 ᠺᠢᠯᠣᠮᠧᠲᠷ ᠂ ᠴᠧᠩ ᠳᠧ  ᠠᠴᠠ 400 ᠺᠢᠯᠣᠮᠧᠲᠷ ᠵᠠᠢ᠋ᠲᠠᠢ ᠂ ᠣᠳᠣᠬᠠᠨ  ᠳᠦ  ᠶᠠᠭ ᠵᠢᠨᠢᠩ --- ᠲᠦᠩᠯᠢᠶᠣᠣ ᠂ ᠤᠯᠠᠭᠠᠨᠬᠠᠳᠠ  --- ᠳ᠋ᠠᠪᠠᠨ --- ᠪᠠᠶᠠᠨᠬᠣᠸᠠ ᠂ ᠪᠠᠶᠠᠠᠠᠭᠣᠯᠠ --- ᠰᠢᠨ ᠴᠢᠦ ᠬᠦᠷᠬᠦ ᠭᠣᠷᠪᠠᠨ ᠵᠣᠷᠪᠣᠰ ᠲᠡᠮᠦᠷ ᠵᠠᠮ  ᠤᠨ ᠠᠭᠣᠯᠵᠠᠷ  ᠲᠤ ᠪᠠᠢ᠋ᠷᠢᠰᠢᠵᠦ ᠂ ᠳᠠᠪᠠᠨ ᠳᠡᠬᠢ ᠲᠡᠮᠦᠷ ᠵᠠᠮ  ᠤᠨ ᠬᠦᠢᠰᠦ ᠦᠷᠲᠡᠭᠡ  ᠨᠢ  ᠨᠢᠭᠡᠨᠲᠡ ᠡᠬᠢᠯᠡᠨ ᠪᠠᠢ᠋ᠭᠣᠯᠬᠣ ᠱᠠᠲᠣᠨ ᠳᠠᠭᠠᠨ ᠣᠷᠣᠵᠦ ᠂ ᠮᠣᠵᠢ ᠬᠣᠭᠣᠷᠣᠨᠳᠣᠬᠢ  ᠶᠡᠬᠡ ᠵᠠᠮ ᠂ ᠤᠯᠠᠭᠠᠨᠬᠠᠳᠠ  ᠠᠴᠠ ᠳᠠᠪᠠᠨ ᠬᠦᠷᠬᠦ ᠦᠨᠳᠦᠷ ᠬᠣᠷᠳᠣᠴᠠᠲᠦ ᠵᠠᠮ ᠂ ᠤᠯᠤᠰ  ᠤᠨ 303 ᠱᠣᠭᠣᠮ ᠂ 305 ᠱᠣᠭᠣᠮ ᠂ ᠮᠣᠵᠢ  ᠶᠢᠨ 205 ᠱᠣᠭᠣᠮ  ᠨᠢ ᠲᠤᠰ ᠬᠣᠰᠢᠭᠣᠨ  ᠤ ᠬᠢᠵᠠᠭᠠᠷ  ᠲᠤ ᠰᠣᠯᠢᠪᠴᠠᠵᠦ ᠂ ᠳᠦᠷᠪᠡᠨ ᠵᠦᠭ  ᠨᠠᠢᠮᠠᠨ ᠵᠣᠪᠬᠢᠰ  ᠢ ᠬᠣᠯᠪᠣᠭᠰᠠᠨ ᠵᠠᠰᠠᠮᠠᠯ ᠵᠠᠮ  ᠤᠨ ᠬᠣᠯᠪᠣᠭᠠᠰᠣ  ᠶᠢ ᠪᠦᠷᠢᠯᠳᠦᠭᠦᠯᠦᠭᠰᠡᠨ ᠪᠦᠭᠡᠳ ᠵᠡᠭᠦᠨ ᠬᠣᠢ᠋ᠲᠦ ᠣᠷᠣᠨ ᠂ ᠤᠮᠠᠷᠠᠲᠦ ᠣᠷᠣᠨ ᠂ ᠦᠪᠦᠷ ᠮᠣᠩᠭᠣᠯ  ᠤᠨ ᠬᠣᠢ᠋ᠲᠦ ᠬᠡᠰᠡᠭ ᠬᠢᠭᠡᠳ ᠪᠦᠧᠧᠬᠠᠢ ᠲᠠᠩᠭᠢᠰᠣᠨ ᠲᠤᠭᠤᠷᠢᠨ ᠬᠦᠭᠵᠢᠭᠰᠡᠨ ᠣᠷᠣᠨ ᠢ ᠬᠣᠯᠪᠣᠭᠰᠠᠨ ᠵᠠᠮ ᠬᠠᠷᠢᠯᠴᠠᠭᠠᠨ  ᠤ ᠵᠠᠩᠭᠢᠯᠠᠭ᠎ᠠ ᠠᠩᠬ᠎ᠠ ᠠᠯᠬᠣᠮ ᠲᠦᠯᠦᠪᠰᠢᠷᠡᠭᠰᠡᠨ  ᠶᠤᠮ ᠃ ᠤᠯᠠᠭᠠᠨᠬᠠᠳᠠ  ᠠᠴᠠ ᠳᠠᠪᠠᠨ ᠬᠦᠷᠬᠦ ᠦᠨᠳᠦᠷ ᠬᠣᠷᠳᠣᠴᠠᠲᠦ ᠵᠠᠰᠠᠮᠠᠯ ᠵᠠᠮ ᠂ ᠤᠯᠠᠭᠠᠨᠬᠠᠳᠠ  ᠠᠴᠠ ᠳ᠋ᠠᠪᠠᠨ ᠪᠠᠶᠠᠨᠬᠣᠸᠠ ᠬᠦᠷᠬᠦ ᠲᠡᠮᠦᠷ ᠵᠠᠮ ᠪᠠ ᠪᠠᠶᠠᠠᠠᠭᠣᠯᠠ  ᠠᠴᠠ ᠰᠢᠨ ᠴᠢᠦ ᠬᠦᠷᠬᠦ ᠲᠡᠮᠦᠷ ᠵᠠᠮ  ᠨᠡᠪᠲᠡᠷᠡᠬᠦ  ᠶᠢ ᠳᠠᠭᠠᠯᠳᠣᠨ ᠂ ᠪᠦᠬᠦ ᠬᠣᠰᠢᠭᠣᠨ  ᠳᠦ ᠭᠣᠷᠪᠠᠨ ᠵᠣᠷᠪᠣᠰ ᠲᠡᠮᠦᠷ ᠵᠠᠮ ᠂ ᠲᠠᠪᠣᠨ ᠵᠣᠷᠪᠣᠰ ᠤᠯᠤᠰ  ᠤᠨ ᠪᠠ ᠮᠣᠵᠢ  ᠶᠢᠨ ᠳᠡᠰ  ᠤᠨ ᠵᠠᠰᠠᠮᠠᠯ ᠵᠠᠮ  ᠤᠨ ᠭᠣᠣᠯ ᠱᠣᠭᠣᠮ ᠰᠣᠯᠢᠪᠴᠠᠨ ᠰᠦᠯᠵᠢᠯᠳᠦᠭᠰᠡᠨ ᠵᠠᠮ ᠬᠠᠷᠢᠯᠴᠠᠭᠠᠨ  ᠤ ᠲᠣᠣᠷᠵᠢᠯ ᠢ ᠪᠣᠢ ᠪᠣᠯᠭᠠᠨ ᠂ ᠣᠨᠴᠠᠭᠠᠢ᠋ᠯᠠᠨ ᠭᠣᠷᠪᠠᠨ ᠵᠣᠷᠪᠣᠰ ᠲᠡᠮᠦᠷ ᠵᠠᠮ  ᠤᠨ ᠭᠣᠣᠯ ᠦᠷᠲᠡᠭᠡ  ᠨᠢ ᠴᠦᠮ ᠬᠣᠰᠢᠭᠣ ᠵᠠᠰᠠᠭ  ᠤᠨ ᠣᠷᠳᠣᠨ  ᠤ ᠰᠠᠭᠣᠭ᠎ᠠ ᠭᠠᠵᠠᠷ  ᠲᠤ ᠪᠠᠢ᠋ᠷᠢᠰᠢᠵᠦ ᠂ ᠵᠠᠮ ᠬᠠᠷᠢᠯᠴᠠᠭ᠎ᠠ ᠶᠢᠨ ᠬᠤᠯᠪᠤᠭᠠᠰᠤ  ᠶᠢᠨ ᠦᠢᠯᠡᠳᠦᠯ  ᠢ ᠣᠯᠠᠮ ᠳᠣᠪᠣᠢ᠋ᠯᠭᠠᠭᠰᠠᠨ ᠪᠠᠢ᠋ᠨ᠎ᠠ ᠃


ᠡᠬᠢ ᠪᠠᠶᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠪᠠᠷᠠᠭᠣᠨ ᠬᠣᠰᠢᠭᠣᠨ  ᠤ ᠠᠮᠣ ᠪᠣᠷᠳᠣᠭᠠᠨ  ᠤ ᠲᠠᠷᠢᠮᠠᠯ  ᠤᠨ ᠪᠦᠬᠦ ᠲᠠᠯᠠᠪᠠᠢ 133 ᠲᠦᠮᠡᠨ ᠮᠤ ᠂  ᠨᠣᠲᠣᠭ ᠪᠡᠯᠴᠢᠭᠡᠷ  ᠤᠨ ᠲᠠᠯᠠᠪᠠᠢ  ᠨᠢ 1206 ᠲᠦᠮᠡᠨ ᠮᠤ ᠂ ᠪᠣᠳᠠ ᠪᠣᠭ ᠮᠠᠯ 163.5 ᠲᠦᠮᠡᠨ ᠲᠣᠯᠣᠭᠠᠢ ᠪᠠᠢ᠋ᠵᠦ ᠂ ᠪᠦᠬᠦ ᠬᠣᠰᠢᠭᠣᠨ  ᠳᠦ  ᠨᠡᠢ᠋ᠲᠡ 13 ᠰᠠᠭᠣᠷᠢ ᠤᠰᠤᠨ ᠴᠦᠭᠦᠷᠦᠮ ᠂ ᠤᠰᠤᠨ  ᠤ  ᠶᠡᠷᠦᠩᠬᠡᠢ ᠪᠠᠭᠲᠠᠭᠠᠮᠵᠢ 1.94 ᠳᠦᠩᠰᠢᠭᠣᠷ ᠪᠣᠰᠣᠭ᠎ᠠ ᠳᠦᠷᠪᠡᠯᠵᠢᠨ ᠮᠧᠲᠷ  ᠲᠤ ᠬᠦᠷᠪᠡ ᠃  ᠶᠡᠬᠡ ᠪᠠᠭ᠎ᠠ ᠭᠣᠣᠯ ᠮᠦᠷᠡᠨ  ᠨᠡᠢ᠋ᠲᠡ 38 ᠂ ᠤᠰᠤᠯᠠᠯᠲᠠ  ᠶᠢᠨ ᠰᠣᠪᠠᠭ 41 ᠪᠠᠢ᠋ᠵᠦ ᠂ ᠤᠰᠤᠨ  ᠤ ᠡᠬᠢ ᠪᠠᠶᠠᠯᠢᠭ  ᠤᠨ  ᠶᠡᠷᠦᠩᠬᠡᠢ ᠬᠡᠮᠵᠢᠶ᠎ᠡ  ᠨᠢ 3.43 ᠳᠦᠩᠰᠢᠭᠣᠷ ᠪᠣᠰᠣᠭ᠎ᠠ ᠳᠦᠷᠪᠡᠯᠵᠢᠨ ᠮᠧᠲᠷ ᠪᠠᠢ᠋ᠵᠦ ᠂ ᠬᠦᠮᠦᠨ ᠪᠦᠷᠢ  ᠶᠢᠨ ᠲᠡᠭᠰᠢᠳᠬᠡᠭᠰᠡᠨ ᠤᠰᠤᠨ  ᠤ ᠡᠬᠢ ᠰᠣᠷᠪᠣᠯᠵᠢ 1908 ᠪᠣᠰᠣᠭ᠎ᠠ ᠳᠦᠷᠪᠡᠯᠵᠢᠨ ᠮᠧᠲᠷ  ᠲᠤ ᠬᠦᠷᠴᠠᠢ ᠃ ᠪᠦᠬᠦ ᠬᠣᠰᠢᠭᠣᠨ  ᠤ ᠣᠢ ᠰᠢᠭᠣᠢ  ᠶᠢᠨ ᠲᠠᠯᠠᠪᠠᠢ  ᠨᠢ 401 ᠲᠦᠮᠡᠨ ᠮᠤ ᠪᠠᠢ᠋ᠵᠦ ᠂ ᠣᠢ  ᠶᠢᠨ ᠪᠦᠷᠬᠦᠴᠡ  ᠶᠢᠨ  ᠨᠣᠷᠮ᠎ᠠ  ᠨᠢ 27.5% ᠪᠣᠯᠣᠨ᠎ᠠ ᠃ ᠪᠦᠬᠦ ᠬᠣᠰᠢᠭᠣᠨ  ᠤ ᠠᠭᠣᠷᠬᠠᠢ  ᠶᠢᠨ ᠡᠬᠢ ᠰᠣᠷᠪᠣᠯᠵᠢ  ᠶᠢᠨ ᠠᠭᠣᠯᠠᠭᠳᠠᠴᠠ  ᠴᠦ ᠮᠠᠰᠢ ᠪᠠᠶᠠᠯᠢᠭ ᠪᠠᠢ᠋ᠳᠠᠭ ᠃ ᠣᠳᠣᠬᠠᠨ  ᠳᠦ  ᠨᠢᠭᠡᠨᠲᠡ ᠢᠯᠡᠷᠡᠭᠦᠯᠦᠭᠰᠡᠨ ᠦᠩᠭᠡᠲᠦ ᠲᠡᠮᠦᠷᠯᠢᠭ ᠬᠢᠭᠡᠳ ᠲᠡᠮᠦᠷᠯᠢᠭ ᠪᠣᠰᠣ ᠠᠭᠣᠷᠬᠠᠢ  ᠶᠢᠨ ᠪᠣᠯᠠᠭᠳᠠᠴᠠ  ᠨᠢᠭᠡᠨᠲᠡ 30 ᠲᠦᠷᠦᠯ  ᠳᠦ ᠬᠦᠷᠴᠦ ᠂ ᠠᠭᠣᠷᠬᠠᠢ  ᠶᠢᠨ ᠴᠢᠭ ᠂ ᠬᠦᠳᠡᠷ  ᠤᠨ ᠬᠡᠪᠲᠡᠰᠢ 110 ᠰᠠᠭᠣᠷᠢ ᠪᠠᠢ᠋ᠵᠦ ᠂ ᠪᠦᠬᠦ ᠬᠣᠰᠢᠭᠣᠨ  ᠤ ᠦᠩᠭᠡᠲᠦ ᠲᠡᠮᠦᠷᠯᠢᠭ  ᠤᠨ ᠡᠳᠦᠷ  ᠤᠨ ᠮᠠᠯᠲᠠᠵᠦ ᠰᠢᠯᠢᠬᠦ ᠴᠢᠳᠠᠮᠵᠢ  ᠨᠢ 6050 ᠲᠣᠨ  ᠳᠦ ᠬᠦᠷᠴᠦ ᠪᠣᠢ ᠃ ᠪᠠᠭᠠᠷᠢᠨ ᠲᠡᠨᠢᠬᠢᠷ  ᠨᠢ ᠦᠨᠡᠲᠦ ᠬᠣᠪᠣᠷ ᠡᠷᠳᠡᠨᠢ  ᠶᠢᠨ ᠴᠢᠯᠠᠭᠣ  ᠪᠠᠷ ᠦᠨᠡᠯᠡᠭᠳᠡᠵᠦ ᠂  ᠨᠡᠩ  ᠴᠦ ᠴᠢᠰᠣᠨ ᠴᠢᠯᠠᠭᠣ  ᠨᠢ 《 ᠳᠡᠯᠡᠬᠡᠢ  ᠶᠢᠨ ᠴᠢᠰᠣᠨ ᠴᠢᠯᠠᠭᠣ ᠳᠣᠮᠳᠠᠳᠣ ᠤᠯᠤᠰ  ᠲᠤ ᠪᠠᠢ᠋ᠵᠦ ᠂ ᠳᠣᠮᠳᠠᠳᠣ ᠤᠯᠤᠰ  ᠤᠨ ᠴᠢᠰᠣᠨ ᠴᠢᠯᠠᠭᠣ ᠪᠠᠭᠠᠷᠢᠨ  ᠳᠦ ᠪᠠᠢ᠋ᠳᠠᠭ 》 ᠬᠡᠮᠡᠨ ᠳᠡᠯᠡᠬᠡᠢ  ᠳᠦ ᠠᠯᠳᠠᠷᠰᠢᠭᠰᠠᠨ  ᠶᠤᠮ ᠃


ᠵᠤᠭᠠᠴᠠᠯ  ᠤᠨ ᠦᠢᠯᠡᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠪᠠᠷᠠᠭᠣᠨ ᠬᠣᠰᠢᠭᠣᠨ  ᠤ ᠵᠣᠭᠠᠴᠠᠯ  ᠤᠨ ᠡᠬᠢ ᠪᠠᠶᠠᠯᠢᠭ  ᠨᠢ  ᠴᠦ ᠭᠣᠴᠣ ᠣᠨᠴᠠᠯᠢᠭ  ᠲᠠᠢ ᠪᠠᠢ᠋ᠳᠠᠭ ᠃ ᠵᠣᠭᠠᠴᠠᠯ  ᠤᠨ ᠡᠬᠢ ᠪᠠᠶᠠᠯᠢᠭ  ᠨᠢ ᠪᠠᠢ᠋ᠭᠠᠯᠢ ᠠᠮᠢ ᠠᠬᠣᠢ ᠂ ᠦᠨᠳᠦᠰᠦᠲᠡᠨ  ᠤ ᠬᠡᠪ  ᠨᠠᠮᠪᠠ ᠂ ᠰᠣᠶᠣᠯ ᠲᠡᠦᠬᠡ ᠣᠶᠠᠯᠳᠣᠨ ᠂ ᠭᠣᠣᠯᠳᠠᠭᠣ ᠪᠠᠶᠠᠨᠲᠠᠯ᠎ᠠ  ᠶᠢᠨ ᠲᠠᠯ᠎ᠠ  ᠨᠣᠲᠣᠭ ᠂ ᠮᠠᠷᠽᠢᠨᠳᠠᠯ᠎ᠠ  ᠶᠢᠨ ᠲᠠᠯ᠎ᠠ  ᠨᠣᠲᠣᠭ  ᠤᠨ ᠵᠣᠭᠠᠴᠠᠯ  ᠤᠨ ᠣᠷᠣᠨ ᠂ ᠬᠠᠢ᠋ᠷᠴᠠᠭ  ᠤᠨ ᠳᠠᠪᠠᠭ᠎ᠠ  ᠶᠢᠨ ᠠᠷᠪᠠᠨ  ᠨᠠᠢᠮᠠᠨ ᠦᠵᠡᠮᠵᠢ ᠂ ᠯᠢᠶᠣᠣ ᠤᠯᠤᠰ  ᠤᠨ ᠦᠶ᠎ᠡ  ᠶᠢᠨ ᠣᠩᠭᠣᠨ ᠂ ᠵᠢᠨᠵᠢ  ᠶᠢᠨ ᠴᠠᠭᠠᠨ ᠰᠣᠪᠣᠷᠭ᠎ᠠ  ᠪᠠᠷ ᠭᠣᠣᠯ ᠪᠣᠯᠭᠠᠭᠰᠠᠨ ᠬᠦᠮᠦᠨ ᠰᠣᠶᠣᠯ  ᠤᠨ ᠦᠵᠡᠮᠵᠢ ᠂ ᠣᠯᠠᠨ ᠤᠯᠤᠰ  ᠤᠨ ᠬᠣᠯᠪᠣᠭᠠᠨ  ᠤ ᠳᠡᠯᠡᠬᠡᠢ  ᠶᠢᠨ ᠠᠮᠢᠳᠣ ᠪᠣᠳᠠᠰ  ᠤᠨ ᠲᠣᠭᠣᠷᠢᠭ  ᠲᠤ ᠣᠷᠣᠭᠣᠯᠵᠦ ᠬᠠᠮᠠᠭᠠᠯᠠᠵᠦ ᠪᠠᠢ᠋ᠭ᠎ᠠ ᠰᠠᠢ᠋ᠬᠠᠨ ᠬᠠᠨ ᠠᠭᠣᠯᠠ  ᠪᠠᠷ ᠭᠣᠣᠯ ᠪᠣᠯᠭᠠᠭᠰᠠᠨ ᠯᠢᠶᠣᠣ  ᠶᠢᠨ ᠦᠶ᠎ᠡ  ᠶᠢᠨ ᠬᠠᠷ᠎ᠠ ᠬᠠᠢ᠋ᠷᠬᠠᠨ ᠂ ᠬᠠᠷ᠎ᠠ ᠭᠣᠣᠯ ( ᠴᠠᠭᠠᠨᠮᠦᠷᠡᠨ ᠭᠣᠣᠯ )  ᠤᠨ ᠪᠠᠢ᠋ᠭᠠᠯᠢ  ᠶᠢᠨ ᠦᠵᠡᠮᠵᠢ ᠂ ᠪᠣᠶᠠᠨ ᠴᠣᠭᠯᠠᠭᠣᠯᠣᠭᠴᠢ ᠰᠦᠮ᠎ᠡᠡᠩᠭᠡ ᠠᠮᠣᠭᠣᠯᠠᠩ  ᠤᠨ ᠵᠣᠰᠠᠭᠠᠯ  ᠤᠨ ᠣᠷᠳᠣᠨ ᠬᠢᠭᠡᠳ ᠪᠠᠭᠠᠷᠢᠨ ᠸᠠᠩ  ᠤᠨ ᠣᠷᠳᠣᠨ  ᠢᠶᠠᠷ ᠲᠦᠯᠦᠭᠡᠯᠡᠯ ᠪᠣᠯᠭᠠᠭᠰᠠᠨ ᠴᠢᠩ ᠤᠯᠤᠰ  ᠤᠨ ᠡᠷᠲᠡᠨ  ᠤ ᠪᠠᠷᠢᠯᠭ᠎ᠠ  ᠶᠢᠨ ᠦᠵᠡᠮᠵᠢ ᠂ ᠪᠠᠭᠠᠷᠢᠨ ᠲᠡᠨᠢᠬᠢᠷ  ᠤᠨ ᠠᠭᠣᠷᠬᠠᠢ  ᠶᠢᠨ ᠴᠡᠴᠡᠷᠯᠢᠭ ᠂ ᠪᠠᠭᠠᠷᠢᠨ ᠲᠡᠨᠢᠬᠢᠷ  ᠤᠨ ᠰᠣᠶᠣᠯ  ᠤᠨ ᠠᠵᠣ ᠦᠢᠯᠡᠰ  ᠤᠨ ᠲᠣᠭᠣᠷᠢᠭ ᠢᠶᠡᠷ ᠭᠣᠣᠯᠳᠠᠭᠣᠯᠣᠭᠰᠠᠨ ᠪᠠᠭᠠᠷᠢᠨ ᠲᠡᠨᠢᠭᠡᠷ  ᠤᠨ ᠰᠣᠶᠣᠯ  ᠤᠨ ᠵᠣᠭᠠᠴᠠᠯ  ᠤᠨ ᠦᠵᠡᠮᠵᠢ  ᠨᠢ ᠬᠣᠯᠠ ᠣᠢ᠋ᠷ᠎ᠠ  ᠳᠦ ᠠᠯᠳᠠᠷᠰᠢᠵᠠᠢ ᠃ ᠡᠭᠦᠨ  ᠤ ᠬᠠᠮᠲᠦ ᠳᠡᠷᠡᠰᠦᠲᠦ ᠪᠣᠯᠣᠩ ᠤᠰᠤᠨ ᠴᠦᠭᠦᠷᠦᠮ   ᠤᠨ ᠵᠣᠭᠠᠴᠠᠯ  ᠤᠨ ᠣᠷᠣᠨ  ᠤ  ᠨᠠᠭᠣᠷ  ᠤᠨ ᠬᠦᠪᠡᠭᠡᠨ  ᠤ ᠵᠣᠭᠠᠴᠠᠯ ᠪᠠᠢ᠋ᠭᠣᠯᠣᠭᠳᠠᠵᠦ ᠂ ᠰᠣᠪᠣᠷᠭ᠎ᠠ ᠪᠠᠯᠭᠠᠰᠣ  ᠨᠢ ᠣᠯᠣᠰ  ᠤᠨ ᠣᠷᠣᠨ ᠰᠠᠭᠣᠴᠠ ᠪᠦᠳᠦᠭᠡᠨ ᠪᠠᠢ᠋ᠭᠣᠯᠣᠯᠳᠡ  ᠶᠢᠨ  ᠶᠠᠮᠣᠨ ᠂ ᠤᠯᠤᠰ  ᠤᠨ ᠵᠣᠭᠠᠴᠠᠯ  ᠤᠨ ᠲᠣᠪᠴᠢᠶ᠎ᠠ  ᠶᠢᠨ ᠪᠦᠬᠦ ᠤᠯᠤᠰ  ᠤᠨ ᠣᠨᠴᠠᠯᠢᠭᠲᠦ ᠦᠵᠡᠮᠵᠢ  ᠶᠢᠨ  ᠨᠡᠷᠡᠲᠦ ᠪᠠᠯᠭᠠᠰᠣ  ᠪᠠᠷ ᠦᠨᠡᠯᠡᠭᠳᠡᠵᠦ ᠂ ᠣᠳᠣᠬᠠᠨ  ᠳᠦ  ᠨᠢᠭᠡᠨᠲᠡ 3 ᠰᠠᠭᠣᠷᠢ ᠤᠯᠤᠰ  ᠤᠨ 2A ᠳᠡᠰ  ᠤᠨ ᠵᠣᠭᠠᠴᠠᠯ  ᠤᠨ ᠦᠵᠡᠮᠵᠢ  ᠶᠢᠨ ᠣᠷᠣᠨ  ᠲᠠᠢ ᠪᠣᠯᠣᠭᠰᠠᠨ ᠪᠠᠢ᠋ᠨ᠎ᠠ ᠃


ᠠᠵᠤ ᠦᠢᠯᠡᠳᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠪᠠᠷᠠᠭᠣᠨ ᠬᠣᠰᠢᠭᠣᠨ  ᠤ ᠠᠵᠣ ᠦᠢᠯᠡᠳᠪᠦᠷᠢ  ᠶᠢᠨ ᠬᠦᠭᠵᠢᠯᠲᠡ  ᠨᠢ ᠢᠳᠡᠷᠭᠦᠨ ᠬᠦᠴᠦᠷᠬᠡᠭ ᠪᠠᠢ᠋ᠳᠠᠭ ᠃ ᠳᠠᠪᠠᠨ  ᠤ ᠴᠠᠬᠢᠯᠭᠠᠨ  ᠤ ᠦᠢᠯᠡᠳᠪᠦᠷᠢ  ᠶᠢᠨ  ᠨᠢᠭᠡᠳᠦᠭᠡᠷ ᠬᠣᠭᠣᠴᠠᠭᠠᠨ  ᠤ 2×60 ᠲᠦᠮᠡᠨ ᠺᠢᠯᠣᠸᠠᠲ  ᠤᠨ ᠮᠠᠰᠢᠨ ᠲᠣᠨᠣᠭ  ᠨᠢ  ᠨᠢᠭᠡᠨᠲᠡ ᠦᠢᠯᠡᠳᠪᠦᠷᠢᠯᠡᠯ  ᠳᠦ ᠣᠷᠣᠵᠦ ᠂ ᠬᠣᠶᠠᠳᠣᠭᠠᠷ ᠬᠣᠭᠣᠴᠠᠭᠠᠨ  ᠤ 2×100 ᠲᠦᠮᠡᠨ ᠺᠢᠯᠣᠸᠠᠲ  ᠤᠨ ᠮᠠᠰᠢᠨ ᠲᠣᠨᠣᠭ  ᠴᠦ ᠲᠦᠯᠦᠪᠵᠢᠭᠦᠯᠭᠡ  ᠶᠢᠨ ᠱᠠᠲᠣᠨ ᠳᠠᠭᠠᠨ ᠣᠷᠣᠨ ᠂ ᠤᠰᠤᠨ  ᠤ ᠪᠠᠭᠲᠠᠭᠠᠮᠵᠢ  ᠨᠢ 9882 ᠲᠦᠮᠡᠨ ᠪᠣᠰᠣᠭ᠎ᠠ ᠳᠦᠷᠪᠡᠯᠵᠢᠨ ᠮᠧᠲᠷ  ᠤᠨ ᠳᠡᠷᠡᠰᠦᠲᠦ ᠪᠣᠯᠣᠩ ᠤᠰᠤᠨ ᠴᠦᠭᠦᠷᠦᠮ  ᠨᠢᠭᠡᠨᠲᠡ ᠪᠠᠢ᠋ᠭᠣᠯᠣᠭᠳᠠᠨ ᠂ ᠳᠠᠪᠠᠨ  ᠤ ᠴᠠᠬᠢᠯᠭᠠᠨ  ᠤ ᠦᠢᠯᠡᠳᠪᠦᠷᠢ ᠂  ᠨᠡᠭᠦᠷᠡᠰᠦ ᠬᠢᠮᠢ  ᠶᠢᠨ ᠠᠵᠣ ᠦᠢᠯᠡᠳᠪᠦᠷᠢ ᠵᠡᠷᠭᠡ ᠲᠦᠷᠦᠯ ᠵᠦᠢᠯ  ᠳᠦ ᠤᠰᠤᠨ  ᠤ ᠬᠠᠩᠭᠠᠯᠭ᠎ᠠ  ᠶᠢ ᠪᠠᠲᠣᠯᠠᠵᠦ ᠪᠣᠢ ᠃ 5 ᠲᠦᠮᠡᠨ ᠺᠢᠯᠣᠸᠠᠲ  ᠤᠨ ᠣᠩᠭᠣᠨ ᠠᠭᠣᠯᠠ  ᠶᠢᠨ ᠰᠠᠯᠬᠢᠨ ᠴᠠᠬᠢᠯᠭᠠᠨ  ᠤ ᠲᠠᠯᠠᠪᠠᠢ  ᠨᠢ ᠬᠡᠷᠡᠭᠯᠡᠭᠡᠨ  ᠳᠦ ᠣᠷᠣᠵᠦ ᠂ ᠠᠵᠣ ᠦᠢᠯᠡᠰ  ᠢ ᠬᠦᠷᠢᠶᠡᠯᠡᠩ ᠲᠣᠭᠣᠷᠢᠭ ᠲᠡᠰᠢ ᠲᠦᠪᠯᠡᠷᠡᠬᠦᠯᠦᠨ ᠬᠦᠭᠵᠢᠭᠦᠯᠬᠦ ᠱᠠᠭᠠᠷᠳᠠᠯᠭ᠎ᠠ  ᠶᠣᠰᠣᠭᠠᠷ ᠂ 56 ᠲᠡᠭᠰᠢ ᠳᠦᠷᠪᠡᠯᠵᠢᠨ ᠺᠢᠯᠣᠮᠧᠲᠷ  ᠤᠨ ᠲᠠᠯᠠᠪᠠᠢ ᠪᠦᠬᠦᠢ ᠳᠠᠪᠠᠨ  ᠤ  ᠨᠡᠭᠦᠷᠡᠰᠦ ᠴᠠᠬᠢᠯᠭᠠᠨ  ᠤ ᠰᠠᠭᠣᠷᠢᠨ ᠭᠠᠵᠠᠷ  ᠢ ᠲᠦᠯᠦᠪᠵᠢᠭᠦᠯᠦᠨ ᠪᠠᠢ᠋ᠭᠣᠯᠵᠦ ᠂ 《 ᠦᠪᠡᠷᠲᠡᠭᠡᠨ ᠵᠠᠰᠠᠬᠣ ᠣᠷᠣᠨ  ᠤ ᠡᠷᠭᠢᠯᠲᠡᠲᠦ ᠠᠵᠣ ᠠᠬᠣᠢ  ᠶᠢᠨ ᠵᠢᠱᠢᠶ᠎ᠡ ᠦᠵᠡᠭᠦᠯᠬᠦ ᠲᠣᠭᠣᠷᠢᠭ 》  ᠤᠨ ᠡᠩᠨᠡᠭᠡᠨ  ᠳᠦ ᠣᠷᠣᠭᠰᠠᠨ ᠪᠦᠭᠡᠳ ᠣᠳᠣ  ᠨᠢᠭᠡᠨᠲᠡ 16 ᠠᠵᠣ ᠠᠬᠣᠢ᠋ᠯᠠᠯ ᠢᠷᠡᠵᠦ ᠰᠠᠭᠣᠷᠢᠰᠢᠭᠰᠠᠨ ᠪᠠᠢ᠋ᠨ᠎ᠠ ᠃ 2013  ᠤᠨ  ᠳᠦ ᠂ ᠪᠦᠬᠦ ᠬᠣᠰᠢᠭᠣᠨ  ᠤ ᠣᠷᠣᠨ  ᠨᠣᠲᠣᠭ  ᠤᠨ ᠦᠢᠯᠡᠳᠪᠦᠷᠢᠯᠡᠯ  ᠤᠨ  ᠶᠡᠷᠦᠩᠬᠡᠢ ᠦᠷᠲᠡᠭ 67.2 ᠳᠦᠩᠰᠢᠭᠣᠷ ᠲᠦᠭᠦᠷᠢᠭ  ᠲᠤ ᠬᠦᠷᠴᠦ ᠂ ᠡᠳ  ᠤᠨ ᠵᠠᠰᠠᠭ  ᠤᠨ ᠣᠷᠣᠯᠭ᠎ᠠ 5 ᠳᠦᠩᠰᠢᠭᠣᠷ ᠲᠦᠭᠦᠷᠢᠭ  ᠢ ᠳᠠᠪᠠᠨ ᠂ ᠲᠣᠭᠲᠠᠮᠠᠯ ᠬᠦᠷᠦᠩᠭᠡ  ᠶᠢᠨ ᠪᠡᠯᠡ ᠣᠷᠣᠭᠣᠯᠣᠯᠲᠠ 72.7 ᠳᠦᠩᠰᠢᠭᠣᠷ ᠲᠦᠭᠦᠷᠢᠭ  ᠢ ᠪᠡᠶᠡᠯᠡᠭᠦᠯᠵᠠᠢ ᠃ ᠬᠣᠲᠠ ᠪᠠᠯᠭᠠᠰᠣ  ᠶᠢᠨ ᠰᠠᠭᠣᠭᠠᠯᠢ ᠠᠷᠠᠳ  ᠤᠨ ᠬᠦᠮᠦᠨ ᠪᠦᠷᠢ  ᠶᠢᠨ ᠲᠡᠭᠰᠢᠳᠬᠡᠯ ᠡᠵᠡᠮᠳᠡᠵᠣ ᠪᠣᠯᠬᠣ ᠣᠷᠣᠯᠭ᠎ᠠ ᠬᠢᠭᠡᠳ ᠮᠠᠯᠴᠢᠨ ᠲᠠᠷᠢᠶᠠᠴᠢᠳ  ᠤᠨ ᠬᠦᠮᠦᠨ ᠳᠣᠮᠳᠠᠴᠢ ᠶᠢᠨ ᠴᠡᠪᠡᠷ ᠣᠷᠣᠯᠭ᠎ᠠ ᠲᠤᠰ ᠪᠦᠷᠢ 17005 ᠲᠦᠭᠦᠷᠢᠭ ᠪᠠ 7347 ᠲᠦᠭᠦᠷᠢᠭ  ᠲᠤ ᠬᠦᠷᠴᠦ ᠂  ᠨᠡᠢ᠋ᠭᠡᠮ  ᠤᠨ ᠬᠡᠷᠡᠭᠯᠡᠭᠡᠨ  ᠤ ᠪᠣᠳᠠᠰ  ᠤᠨ ᠵᠢᠵᠢᠭᠯᠡᠨ ᠬᠤᠳᠠᠯᠳᠣᠭᠰᠠᠨ  ᠶᠡᠷᠦᠩᠬᠡᠢ ᠦᠷᠲᠡᠭ 18.6 ᠳᠦᠩᠰᠢᠭᠣᠷ ᠲᠦᠭᠦᠷᠢᠭ  ᠲᠤ ᠬᠦᠷᠦᠭᠰᠡᠨ ᠪᠠᠢ᠋ᠨ᠎ᠠ ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠪᠠᠷᠠᠭᠤᠨ ᠬᠤᠰᠢᠭᠤᠨ  ᠤ ᠰᠤᠶᠤᠯ ᠲᠡᠤᠬᠡ


ᠬᠤᠯᠪᠤᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠪᠠᠷᠠᠭᠤᠨ ᠬᠤᠰᠢᠭᠤᠨ  ᠤ ᠠᠷᠠᠳ  ᠤᠨ ᠵᠠᠰᠠᠭ  ᠤᠨ ᠤᠷᠳᠤᠨ  ᠤ ᠮᠤᠨᠭᠭᠤᠯ ᠰᠦᠯᠵᠢᠶ ᠡ

ᠪᠢᠴᠢᠭᠡᠰᠦ