ᠪᠠᠭᠠᠷᠢᠨ ᠪᠠᠷᠠᠭᠣᠨ ᠬᠣᠰᠢᠭᠣᠨ  ᠤ ᠵᠠᠰᠠᠭ ᠵᠡᠬᠢᠷᠭᠠᠨ  ᠤ ᠪᠠᠢ᠋ᠭᠣᠯᠣᠮᠵᠢ  ᠶᠢᠨ ᠣᠯᠠᠷᠢᠯ ᠬᠣᠪᠢᠷᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠪᠠᠭᠠᠷᠢᠨ ᠪᠠᠷᠠᠭᠣᠨ ᠬᠣᠰᠢᠭᠣᠨ  ᠤ ᠵᠠᠰᠠᠭ ᠵᠡᠬᠢᠷᠭᠠᠨ  ᠤ ᠪᠠᠢ᠋ᠭᠣᠯᠣᠮᠵᠢ  ᠶᠢᠨ ᠣᠯᠠᠷᠢᠯ ᠬᠣᠪᠢᠷᠠᠯ

ᠪᠠᠷᠠᠭᠣᠨ ᠵᠸᠣ ᠣᠯᠣᠰ  ᠡᠴᠡ ᠴᠢᠨ ᠣᠯᠣᠰ ᠬᠦᠷᠳᠡᠯᠡᠬᠢ ᠴᠠᠭ ᠬᠣᠭᠣᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

( ᠨᠡᠢ᠋ᠳᠡ  ᠶᠢᠨ  ᠤᠨ ᠲᠣᠭᠠᠯᠠᠯ  ᠠᠴᠠ ᠡᠮᠦᠨᠡᠬᠢ 770 ᠤᠨ  ᠠᠴᠠ  ᠨᠡᠢ᠋ᠳᠡ  ᠶᠢᠨ  ᠤᠨ ᠲᠣᠭᠠᠯᠠᠯ  ᠠᠴᠠ ᠡᠮᠦᠨᠡᠬᠢ 206 ᠤᠨ ᠪᠣᠯᠳᠠᠯ᠎ᠠ ) ᠦᠨᠦᠳᠦᠷ  ᠤᠨ ᠪᠠᠭᠠᠷᠢᠨ ᠪᠠᠷᠠᠭᠣᠨ ᠬᠣᠰᠢᠭᠣᠨ  ᠤ ᠭᠠᠵᠠᠷ  ᠨᠣᠳᠣᠭ  ᠨᠢ  ᠶᠠᠨ ᠂ ᠴᠢᠨ  ᠤ ᠴᠠᠭᠠᠨ ᠬᠡᠷᠡᠮ  ᠤᠨ ᠠᠷᠣ ᠭᠠᠵᠠᠷ ᠪᠡᠢ᠋ᠪᠡ ᠃ ᠡᠨᠳᠠ ᠰᠠᠭᠣᠷᠢᠰᠢᠵᠣ ᠪᠠᠢ᠋ᠭᠰᠠᠨ ᠭᠣᠣᠯ ᠪᠣᠯᠬᠣ ᠦᠨᠳᠣᠰᠣᠳᠡᠨ  ᠨᠢ ᠠᠭᠣᠯᠡᠨ ᠠᠢ᠋ᠮᠠᠭ ᠂ ᠳᠦᠩᠬᠣ ᠦᠨᠳᠣᠰᠣᠳᠡᠨ ᠪᠡᠢ᠋ᠪᠡ ᠃

ᠬᠣᠶᠠᠷ ᠬᠠᠨ ᠣᠯᠣᠰ  ᠤᠨ ᠴᠠᠭ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

( ᠨᠡᠢ᠋ᠳᠡ  ᠶᠢᠨ  ᠤᠨ ᠲᠣᠭᠠᠯᠠᠯ  ᠠᠴᠠ ᠡᠮᠦᠨ᠎ᠡ 206  ᠤᠨ  ᠠᠴᠠ  ᠨᠡᠢ᠋ᠳᠡ  ᠶᠢᠨ  ᠤᠨ ᠲᠣᠭᠠᠯᠠᠯ  ᠤᠨ 220 ᠤᠨ ᠪᠣᠯᠳᠠᠯ᠎ᠠ ) ᠦᠨᠦᠳᠦᠷ  ᠤᠨ ᠪᠠᠭᠠᠷᠢᠨ ᠪᠠᠷᠠᠭᠣᠨ ᠬᠣᠰᠢᠭᠣᠨ  ᠤ ᠭᠠᠵᠠᠷ  ᠨᠣᠳᠣᠭ ᠬᠠᠨ  ᠤ ᠦᠶ᠎ᠡ  ᠳᠤ ᠪᠠᠷᠠᠭᠣᠨ ᠪᠸᠢ᠋ᠫᠢᠩ ᠵᠢᠶᠦᠨ  ᠤ ᠠᠷᠣ ᠭᠠᠵᠠᠷ ᠪᠠᠢ᠋ᠵᠣ ᠂ ᠾᠦᠩᠨᠣ  ᠶᠢᠨ ᠵᠡᠭᠦᠨ ᠭᠠᠵᠠᠷ  ᠤᠨ ᠳᠦᠩᠬᠣ ᠯᠣ ᠸᠠᠩ  ᠤᠨ ᠬᠠᠷᠢᠶᠠᠨ  ᠤ ᠭᠠᠵᠠᠷ ᠪᠠᠢ᠋ᠪᠡ ᠃ ᠭᠣᠣᠯᠳᠠᠭᠣ ᠬᠢᠳᠠᠳ ᠦᠨᠳᠡᠰᠣᠳᠡᠨ ᠪᠣᠯᠳ ᠳᠦᠩᠬᠣ  ᠶᠢᠨ ᠬᠣᠢ᠋ᠴᠢᠰ ᠪᠣᠯᠬᠣ ᠦᠬᠣᠸᠠᠨ ᠂ ᠰᠢᠶᠠᠨᠪᠢ ᠦᠨᠳᠣᠰᠣᠳᠠᠨ  ᠨᠣᠳᠣᠭᠯᠠᠵᠣ ᠪᠠᠢ᠋ᠪᠠ ᠃

ᠭᠣᠷᠪᠠᠨ ᠣᠯᠣᠰ  ᠠᠴᠠ ᠪᠠᠷᠠᠭᠣᠨ ᠵᠢᠨ ᠣᠯᠣᠰ ᠬᠦᠷᠳᠡᠯᠡᠬᠢ ᠴᠠᠭ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

( ᠨᠡᠢ᠋ᠳᠡ  ᠶᠢᠨ  ᠤᠨ ᠲᠣᠭᠠᠯᠠᠯ  ᠤᠨ 220~317  ᠤᠨ ᠪᠣᠯᠳᠠᠯ᠎ᠠ ) ᠦᠨᠦᠳᠦᠷ  ᠤᠨ ᠪᠠᠭᠠᠷᠢᠨ ᠪᠠᠷᠠᠭᠣᠨ ᠬᠣᠰᠢᠭᠣᠨ  ᠤ ᠭᠠᠵᠠᠷ  ᠨᠣᠳᠣᠭ  ᠨᠢ  ᠶᠢᠣᠵᠸᠣ  ᠶᠢᠨ ᠬᠠᠷᠢ ᠣᠯᠣᠰ  ᠤᠨ ᠲᠦᠸᠸᠪᠡ ᠰᠢᠶᠠᠨᠪᠢ  ᠨᠣᠳᠣᠭᠯᠠᠵᠣ ᠂ ᠲᠠᠷᠣᠢ ᠲᠦᠸᠸᠪᠡ  ᠶᠢᠨ ᠵᠡᠭᠦᠨ ᠭᠠᠷᠣᠨ ᠠᠢ᠋ᠮᠠᠭ  ᠤᠨ ᠠᠬᠠᠯᠠᠭᠴᠢ  ᠢ ᠯᠣ  ᠶᠢᠨ ᠮᠠᠯᠵᠢᠯ  ᠤᠨ ᠰᠠᠭᠣᠷᠢᠰᠢᠯ ᠪᠠᠢ᠋ᠪᠡ ᠃  ᠨᠡᠢ᠋ᠳᠠ  ᠶᠢᠨ  ᠤᠨ ᠲᠣᠭᠠᠯᠠᠯ  ᠤᠨ 315 ᠤᠨ  ᠳᠤ ᠪᠠᠷᠠᠭᠣᠨ ᠵᠢᠨ  ᠨᠢ ᠲᠦᠸᠸᠪᠡ  ᠢ ᠯᠣ ᠣᠷᠣᠯᠠᠭᠴᠢ ᠸᠠᠩ ᠡᠷᠬᠦᠮᠵᠢᠯᠡᠵᠣ ᠱᠸᠩ ᠯᠢ ( ᠣᠳᠣ  ᠶᠢᠨ ᠦᠪᠦᠷ ᠮᠣᠩᠭᠣᠯ  ᠤᠨ ᠦᠪᠡᠷᠳᠡᠭᠡᠨ ᠵᠠᠰᠠᠬᠣ ᠣᠷᠣᠨ  ᠤ ᠬᠣᠷᠢᠠᠭᠡᠷ ᠰᠢᠶᠠᠨ  ᠤ ᠬᠢᠵᠠᠭᠠᠷ  ᠲᠤ ᠪᠣᠢ )  ᠶᠢ ᠵᠠᠬᠢᠷᠣᠭᠣᠯᠪᠠ ᠃

ᠵᠡᠭᠦᠨ ᠵᠢᠨ ᠣᠯᠣᠰ  ᠠᠴᠠ ᠣᠮᠠᠷᠠᠳᠣ ᠲᠦᠷᠣ ᠬᠦᠷᠳᠡᠯᠡᠬᠢ ᠴᠠᠭ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠢ᠋ᠳᠡ  ᠶᠢᠨ  ᠤᠨ ᠲᠣᠭᠠᠯᠠᠯ  ᠤᠨ 317~581 ᠤᠨ ᠪᠣᠯᠳᠠᠯ᠎ᠠ ᠂ ᠦᠨᠦᠳᠦᠷ  ᠤᠨ ᠪᠠᠭᠠᠷᠢᠨ ᠪᠠᠷᠠᠭᠣᠨ ᠬᠣᠰᠢᠭᠣᠨ  ᠤ ᠭᠠᠵᠠᠷ  ᠨᠣᠳᠣᠭ  ᠨᠢ ᠲᠦᠸᠸᠪᠡ ᠰᠢᠶᠠᠨᠪᠢ  ᠳᠤ ᠬᠠᠷᠢᠶᠠᠯᠠᠭᠳᠠᠵᠣ ᠪᠠᠢ᠋ᠪᠡ ᠃  ᠨᠡᠢ᠋ᠳᠡ  ᠶᠢᠨ  ᠤᠨ ᠲᠣᠭᠠᠯᠠᠯ  ᠤᠨ 386  ᠤᠨ  ᠳᠤ ᠣᠷᠣᠯᠠᠭᠴᠢ ᠸᠠᠩ ᠲᠦᠸᠸᠪᠡ ᠬᠦᠢ ᠣᠯᠣᠰ ᠪᠠᠢ᠋ᠭᠣᠯᠵᠣ ᠣᠯᠣᠰ  ᠤᠨ ᠴᠣᠯᠠ  ᠪᠠᠨ ᠸᠸᠢ ( ᠲᠡᠥᠬᠡᠨ  ᠳᠤ ᠣᠮᠠᠷᠠᠳᠣ ᠸᠸᠢ ) ᠭᠡᠵᠣ ᠦᠨᠦᠳᠦᠷ  ᠤᠨ ᠬᠣᠰᠢᠭᠣᠨ  ᠤ ᠭᠠᠵᠠᠷ  ᠨᠣᠳᠣᠭ ᠲᠡᠭᠦᠨ  ᠳᠤ ᠬᠠᠷᠢᠶᠠᠯᠠᠭᠳᠠᠵᠣ ᠪᠠᠢ᠋ᠪᠠ ᠃

ᠰᠦᠢ ᠲᠠᠩ  ᠤᠨ ᠴᠠᠭ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠢ᠋ᠳᠡ  ᠶᠢᠨ  ᠤᠨ ᠲᠣᠭᠠᠯᠠᠯ  ᠤᠨ 581~907  ᠤᠨ ᠪᠣᠯᠳᠠᠯ᠎ᠠ ᠂ ᠦᠨᠦᠳᠦᠷ  ᠤᠨ ᠪᠠᠭᠠᠷᠢᠨ ᠪᠠᠷᠠᠭᠣᠨ ᠬᠣᠰᠢᠭᠣᠨ  ᠤ ᠭᠠᠵᠠᠷ  ᠨᠣᠳᠣᠭ  ᠨᠢ ᠰᠦᠢ  ᠤᠨ ᠦᠶ᠎ᠡ  ᠳᠤ ᠰᠢ ᠳᠢ ᠭᠡᠵᠣ ᠂ ᠲᠠᠩ  ᠤᠨ ᠦᠶ᠎ᠡ  ᠳᠤ ᠢᠦᠢ ᠸᠸᠠ ᠰᠢᠶᠠᠨᠪᠢ ᠬᠣᠢ᠋ᠴᠢᠰ  ᠤᠨ ᠬᠢᠳᠠᠨ  ᠤ ᠭᠠᠵᠠᠷ ᠪᠠᠢ᠋ᠵᠣ ᠂ ᠲᠠᠩ ᠣᠯᠣᠰ  ᠤᠨ ᠾᠸᠪᠸᠢ ᠳᠣᠣ  ᠶᠢᠨ ᠰᠦᠩ ᠮᠦᠸᠸ  ᠳᠦ  ᠳᠦ ᠲᠦᠰᠢᠮᠡᠯ  ᠤᠨ ᠣᠷᠳᠣᠨ  ᠳᠤ ᠬᠠᠷᠢᠶᠠᠯᠠᠭᠳᠠᠵᠣ ᠪᠠᠢ᠋ᠪᠡ ᠃

ᠯᠢᠶᠣᠣ ᠣᠯᠣᠰ  ᠤᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠢ᠋ᠳᠡ  ᠶᠢᠨ  ᠤᠨ ᠲᠣᠭᠠᠯᠠᠯ  ᠤᠨ 907~1125  ᠤᠨ ᠪᠣᠯᠳᠠᠯ᠎ᠠ ᠂ ᠦᠨᠦᠳᠦᠷ  ᠤᠨ ᠪᠠᠭᠠᠷᠢᠨ ᠪᠠᠷᠠᠭᠣᠨ ᠬᠣᠰᠢᠭᠣᠨ  ᠤ ᠭᠠᠵᠠᠷ  ᠨᠣᠳᠣᠭ  ᠨᠢ ᠲᠡᠭᠡᠳᠣ  ᠨᠡᠢ᠋ᠰᠯᠡᠯ  ᠤᠨ ᠯᠢᠨ ᠬᠣᠸᠠᠩ ᠹᠦ  ᠶᠢᠨ ᠷᠣᠣ ᠵᠸᠣ  ᠳᠤ ᠬᠠᠷᠢᠶᠠᠯᠠᠭᠳᠠᠵᠣ ᠪᠠᠢ᠋ᠪᠠ ᠃

ᠠᠯᠳᠠᠨ ᠣᠯᠣᠰ  ᠤᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠢ᠋ᠳᠡ  ᠶᠢᠨ  ᠤᠨ ᠲᠣᠭᠠᠯᠠᠯ  ᠤᠨ 1115~1234 ᠤᠨ ᠪᠣᠯᠳᠠᠯ᠎ᠠ ᠂ ᠦᠨᠦᠳᠦᠷ  ᠤᠨ ᠪᠠᠭᠠᠷᠢᠨ ᠪᠠᠷᠠᠭᠣᠨ ᠬᠣᠰᠢᠭᠣᠨ  ᠤ ᠭᠠᠵᠠᠷ  ᠨᠣᠳᠣᠭ ᠯᠢᠨ ᠬᠣᠸᠠᠩ ᠹᠦ ᠵᠠᠮ  ᠤᠨ ᠯᠢᠨ ᠬᠣᠸᠠᠩ ᠹᠦ  ᠳᠤ ᠬᠠᠷᠢᠶᠠᠯᠠᠭᠳᠠᠵᠣ ᠪᠠᠢ᠋ᠪᠠ ᠃ ᠦᠨᠦᠳᠦᠷ  ᠤᠨ ᠬᠣᠰᠢᠭᠣᠨ  ᠤ ᠬᠣᠢ᠋ᠳᠣ ᠬᠡᠰᠡᠭ  ᠨᠢ ᠯᠢᠨ ᠬᠣᠸᠠᠩ ᠹᠦ  ᠶᠢᠨ ᠴᠢᠩᠵᠸᠣ  ᠶᠢᠨ ᠱᠦᠸᠸ ᠫᠢᠩ ᠰᠢᠶᠠᠨ ᠂ ᠲᠣᠮᠳᠠ ᠬᠡᠰᠡᠭ  ᠨᠢ ᠯᠢᠨ ᠬᠣᠸᠠᠩ ᠹᠦ  ᠶᠢᠨ ᠬᠣᠸᠠᠢ ᠵᠸᠣ ᠂ ᠡᠮᠦᠨ᠎ᠡ ᠬᠡᠰᠡᠭ  ᠨᠢ ᠡᠾᠸᠢ ᠡᠾᠸ ᠹᠦ  ᠳᠤ ᠬᠠᠷᠢᠶᠠᠯᠠᠭᠳᠠᠵᠣ ᠪᠠᠢ᠋ᠪᠠ ᠃

ᠮᠣᠩᠭᠣᠯ ᠂  ᠶᠣᠸᠠᠨ ᠣᠯᠣᠰ  ᠤᠨ ᠴᠠᠭ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠢ᠋ᠳᠡ  ᠶᠢᠨ  ᠤᠨ ᠲᠣᠭᠠᠯᠠᠯ  ᠤᠨ 1206~1368 ᠤᠨ ᠪᠣᠯᠳᠠᠯ᠎ᠠ ᠂ ᠮᠣᠩᠭᠣᠯ ᠬᠠᠭᠠᠨᠳᠣ ᠣᠯᠣᠰ  ᠤᠨ ᠡᠬᠢᠨ  ᠤ ᠦᠶ᠎ᠡ  ᠳᠤ ᠂ ᠦᠨᠥᠳᠣᠷ  ᠤᠨ ᠪᠠᠭᠠᠷᠢᠨ ᠪᠠᠷᠠᠭᠣᠨ ᠬᠣᠰᠢᠭᠣᠨ  ᠤ ᠭᠠᠵᠠᠷ  ᠨᠣᠳᠣᠭ  ᠨᠢ ᠯᠢᠶᠣᠣ ᠣᠯᠣᠰ  ᠤᠨ ᠬᠠᠭᠠᠨ  ᠶᠸᠯᠢᠣᠢ ᠯᠢᠣ ᠭᠡ  ᠶᠢᠨ ᠬᠠᠷᠢᠶᠠᠨ  ᠤ ᠭᠠᠵᠠᠷ ᠪᠠᠢ᠋ᠪᠡ ᠃ ᠴᠢᠩᠭᠢᠰ ᠬᠠᠭᠠᠨ  ᠤ  ᠶᠡᠰᠦᠳᠡᠭᠡᠷ   ᠤᠨ  (  ᠨᠡᠢ᠋ᠳᠠ  ᠶᠢᠨ  ᠤᠨ ᠲᠣᠭᠠᠯᠠᠯ  ᠤᠨ 1214  ᠤᠨ )    ᠳᠤ ᠦᠨᠥᠳᠣᠷ  ᠤᠨ ᠬᠣᠰᠢᠭᠣᠨ  ᠤ ᠭᠠᠵᠠᠷ  ᠨᠣᠳᠣᠭ  ᠢ ᠬᠣᠩᠬᠢᠷᠠᠳ ᠠᠢ᠋ᠮᠠᠭ  ᠤᠨ ᠠᠭᠣᠳᠠᠢ  ᠶᠢᠨ ᠡᠷᠬᠦᠮᠵᠢᠯᠡᠯ  ᠤᠨ ᠭᠠᠵᠠᠷ ᠪᠠᠢ᠋ᠵᠣ ᠂ ᠯᠣ ᠸᠠᠩ  ᠳᠤ ᠬᠣᠪᠢᠶᠠᠭᠳᠠᠭᠰᠠᠨ ᠭᠠᠵᠠᠷ ᠭᠡᠳᠡᠭ ᠃ ᠬᠣᠪᠢᠯᠠᠢ  ᠶᠣᠸᠠᠨ ᠣᠯᠣᠰ  ᠢ ᠪᠠᠢ᠋ᠭᠣᠯᠣᠭᠰᠠᠨ  ᠤ ᠲᠠᠷᠠᠭ᠎ᠠ ᠂ ᠵᠦᠩᠱᠣ ᠱᠸᠩ  ᠤᠨ ᠴᠢᠣᠸᠠᠨ  ᠨᠢᠩ ᠵᠠᠮ  ᠳᠤ ᠬᠠᠷᠢᠶᠠᠯᠠᠭᠳᠠᠪᠡ ᠃

ᠮᠢᠩ ᠣᠯᠣᠰ ᠂ ᠣᠮᠠᠷᠠᠳᠣ  ᠶᠣᠸᠠᠨ ᠣᠯᠣᠰ ᠂ ᠬᠣᠢ᠋ᠳᠣ ᠠᠯᠳᠠᠨ ᠣᠯᠣᠰ  ᠤᠨ ᠴᠠᠭ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠢᠢᠳᠡ  ᠶᠢᠨ  ᠤᠨ ᠲᠣᠭᠠᠯᠠᠯ  ᠤᠨ 1368~1636  ᠤᠨ ᠪᠣᠯᠳᠠᠯ᠎ᠠ᠂ ᠮᠢᠩ ᠣᠯᠣᠰ  ᠤᠨ ᠡᠮᠣᠨ᠎ᠡ ᠬᠣᠭᠣᠴᠭᠠᠨ  ᠳᠤ ᠦᠨᠦᠳᠣᠷ  ᠤᠨ ᠪᠠᠭᠠᠷᠢᠨ ᠪᠠᠷᠠᠭᠣᠨ ᠬᠣᠰᠢᠭᠣᠨ  ᠤ ᠭᠠᠵᠠᠷ  ᠨᠣᠳᠣᠭ  ᠨᠢ ᠴᠠᠭᠠᠨᠮᠦᠷᠡᠨ  ᠢᠶᠠᠷ ᠵᠠᠭᠠᠭ ᠪᠣᠯᠭᠠᠵᠣ ᠂ ᠵᠠᠭᠠᠭ  ᠤᠨ ᠪᠠᠷᠠᠭᠣᠨ ᠲᠠᠯ᠎ᠠ  ᠶᠢᠨ ᠬᠣᠢ᠋ᠳᠣ ᠬᠡᠰᠡᠭ ᠂ ᠡᠮᠣᠨ᠎ᠡ ᠭᠡᠰᠡᠭ ᠬᠣᠶᠠᠷ ᠪᠠᠭ᠎ᠠ ᠬᠡᠰᠡᠭ  ᠨᠢ ᠣᠮᠠᠷᠠᠳᠣ  ᠶᠣᠸᠠᠨ  ᠤ ᠮᠣᠩᠭᠣᠯ  ᠤᠨ ᠲᠠᠲ᠋ᠠᠷ ᠠᠢ᠋ᠮᠠᠭ  ᠲᠤ ᠬᠠᠷᠢᠶᠠᠯᠠᠭᠳᠠᠵᠣ ᠂ ᠵᠠᠭᠠᠭ  ᠤᠨ ᠵᠡᠬᠦᠨᠳᠡᠬᠢ  ᠨᠢ ᠮᠢᠩ  ᠤᠨ ᠲᠦᠷᠦ  ᠶᠢᠨ ᠤᠷᠢᠶᠠᠩᠬᠠᠢ  ᠶᠢᠨ ᠭᠣᠷᠪᠠᠨ ᠬᠠᠷᠠᠭᠣᠯ  ᠤᠨ  ᠨᠢᠭᠡ  ᠲᠠᠢ  ᠨᠢᠩ ᠸᠸᠢ  ᠶᠢᠨ ᠭᠠᠳᠠᠭᠠᠳᠣ ᠬᠠᠷᠢᠶᠠᠳᠣ ᠪᠠᠢ᠋ᠪᠠ ᠃  ᠶᠦᠩ ᠯᠸ  ᠶᠢᠨ ᠬᠣᠶᠠᠳᠣᠭᠠᠷ  ᠤᠨ (  ᠨᠡᠢ᠋ᠳᠡ  ᠶᠢᠨ  ᠤᠨ ᠲᠣᠭᠠᠯᠠᠯ  ᠤᠨ 1404  ᠤᠨ )  ᠳᠤ ᠮᠢᠩ  ᠤᠨ ᠲᠦᠷᠣ  ᠠᠴᠠ ᠭᠣᠷᠪᠠᠨ ᠬᠠᠷᠠᠭᠣᠯ  ᠢ ᠲᠠᠬᠢᠨ ᠪᠠᠢ᠋ᠭᠣᠯᠣᠭᠰᠠᠨ  ᠳᠤ ᠂ ᠣᠳᠣ ᠬᠣᠰᠢᠭᠣᠨ  ᠤ ᠭᠠᠵᠠᠷ  ᠨᠣᠳᠣᠭ ᠮᠦᠨ ᠴᠢᠣᠸᠠᠨ  ᠨᠢᠩ ᠸᠸᠢ  ᠳᠦ ᠬᠠᠷᠢᠶᠠᠯᠠᠭᠳᠠᠵᠣ ᠂  ᠨᠣᠷᠠᠭᠠᠨ  ᠳᠦ ᠰᠸ ᠵᠡᠬᠦᠨ ᠭᠠᠷᠣᠨ ᠴᠢᠷᠢᠭ  ᠤᠨ  ᠳᠦ  ᠳᠦ ᠲᠦᠰᠢᠮᠡᠯ  ᠤᠨ ᠣᠷᠳᠣᠨ  ᠳᠤ ᠬᠠᠷᠢᠶᠠᠯᠠᠭᠳᠠᠪᠡ ᠃ ᠮᠢᠩ ᠣᠯᠣᠰ  ᠤᠨ ᠵᠢᠶᠠ ᠵᠢᠩ  ᠤᠨ ᠬᠣᠷᠢ  ᠶᠢᠰᠣᠳᠣᠭᠡᠷ  ᠤᠨ (  ᠨᠡᠢ᠋ᠳᠡ  ᠶᠢᠨ  ᠤᠨ ᠲᠣᠭᠠᠯᠠᠯ  ᠤᠨ 1550  ᠤᠨ )  ᠳᠤ ᠣᠮᠠᠷᠠᠳᠣ  ᠶᠣᠸᠠᠨ ᠣᠯᠣᠰ  ᠤᠨ ᠴᠠᠬᠠᠷ ᠠᠢ᠋ᠮᠠᠭ ᠰᠢᠷᠠᠮᠦᠷᠡᠨ  ᠤ ᠣᠷᠣᠰᠬᠠᠯ ᠲᠠᠭᠠᠣ  ᠨᠡᠭᠦᠨ ᠢᠷᠡᠵᠣ ᠂ ᠣᠳᠣ  ᠶᠢᠨ ᠬᠣᠰᠢᠭᠣᠨ  ᠤ ᠭᠠᠵᠠᠷ  ᠨᠣᠳᠣᠭ  ᠨᠢ ᠣᠮᠠᠷᠠᠳᠣ  ᠶᠣᠸᠠᠨ ᠣᠯᠣᠰ  ᠤᠨ ᠬᠠᠭᠠᠨ  ᠤ ᠲᠦᠷ ᠴᠠᠭ  ᠤᠨ  ᠨᠡᠢ᠋ᠰᠯᠡᠯ  ᠤᠨ ᠭᠠᠵᠠᠷ ᠪᠠᠢ᠋ᠪᠠ ᠃ ᠮᠢᠩ ᠣᠯᠣᠰ  ᠤᠨ ᠲᠢᠶᠠᠨ ᠴᠢ  ᠶᠢᠨ ᠲᠣᠯᠣᠳᠣᠭᠠᠷ  ᠤᠨ (  ᠨᠡᠢ᠋ᠳᠡ  ᠶᠢᠨ  ᠤᠨ ᠲᠣᠭᠠᠯᠠᠯ  ᠤᠨ 1627  ᠤᠨ )  ᠳᠤ ᠣᠮᠠᠷᠠᠳᠣ  ᠶᠣᠸᠠᠨ ᠣᠯᠣᠰ  ᠤᠨ ᠯᠢᠭᠳᠠᠨ ᠬᠠᠭᠠᠨ ᠴᠡᠷᠢᠭ  ᠲᠠᠢ᠋ᠴᠢᠯᠡᠨ ᠪᠠᠷᠠᠭᠣᠨᠰᠢ  ᠨᠡᠭᠦᠭᠰᠡᠨ  ᠠᠴᠠ ᠣᠳᠣ  ᠶᠢᠨ ᠬᠣᠰᠢᠭᠣᠨ  ᠤ ᠭᠠᠵᠠᠷ  ᠨᠣᠳᠣᠭ  ᠨᠢ ᠬᠠᠯᠬ᠎ᠠ ᠲᠠᠪᠣᠨ ᠣᠳᠣᠭ  ᠤᠨ  ᠨᠢᠭᠡ ᠪᠣᠯᠬᠣ ᠪᠠᠭᠠᠷᠢᠨ ᠣᠳᠣᠭ  ᠤᠨ ᠮᠠᠯᠵᠢᠯ  ᠤᠨ ᠰᠭᠣᠷᠢᠰᠢᠯ ᠪᠣᠯᠪᠠ ᠃ ᠮᠢᠩ ᠣᠯᠣᠰ  ᠤᠨ ᠼᠦᠩ ᠵᠸᠨ  ᠤ ᠲᠡᠷᠢᠭᠦᠨ  ᠤᠨ (  ᠨᠡᠢ᠋ᠳᠡ  ᠶᠢᠨ  ᠤᠨ ᠲᠣᠭᠠᠯᠠᠯ  ᠤᠨ 1628  ᠤᠨ )  ᠳᠤ ᠪᠠᠭᠠᠷᠢᠨ ᠠᠢ᠋ᠮᠠᠭ  ᠤᠨ  ᠲᠠᠢ᠋ᠵᠢ ᠰᠸᠳᠡᠷ ᠂ ᠬᠦᠣ ᠰᠡᠪᠳᠠᠨ ᠂ ᠠᠴᠢ ᠬᠦᠪᠡᠭᠦᠨ ᠰᠡᠷᠠᠩ ᠪᠣᠯᠣᠨ ᠮᠠᠨᠵᠣᠰᠢᠷᠢ  ᠪᠠᠨ ᠲᠠᠭᠠᠭᠣᠯᠵᠣ ᠬᠣᠢ᠋ᠳᠣ ᠠᠯᠳᠠᠨ ᠣᠯᠣᠰ  ᠢ ᠲᠠᠭᠠᠪᠡ ᠃ ᠲᠩᠷᠢ  ᠶᠢᠨ ᠰᠡᠴᠠᠨ  ᠤ  ᠨᠠᠢᠮᠠᠳᠣᠭᠠᠷ  ᠤᠨ (  ᠨᠡᠢ᠋ᠳᠡ  ᠶᠢᠨ  ᠤᠨ ᠲᠣᠭᠠᠯᠠᠯ  ᠤᠨ 1634  ᠤᠨ )  ᠳᠤ ᠬᠣᠢ᠋ᠳᠣ ᠠᠯᠳᠠᠨ ᠣᠯᠣᠰ  ᠨᠢ ᠪᠠᠭᠠᠷᠢᠨ ᠠᠢ᠋ᠮᠠᠭ  ᠢ ᠵᠡᠭᠦᠨ ᠪᠠᠷᠠᠭᠣᠨ ᠬᠣᠰᠢᠭᠣ ᠬᠣᠪᠢᠶᠠᠵᠣ ᠂ ᠪᠠᠭᠠᠷᠢᠨ ᠠᠢ᠋ᠮᠠᠭ  ᠤᠨ ᠲᠦᠷᠪᠡᠨ ᠬᠢᠵᠠᠭᠠᠷ  ᠨᠠᠢᠮᠠᠨ ᠵᠣᠪᠭᠢᠰ  ᠢ ᠲᠣᠭᠳᠠᠭᠠᠵᠣ ᠦᠭᠪᠡ ᠃

ᠴᠢᠩ ᠣᠯᠣᠰ  ᠤᠨ ᠴᠠᠭ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠢ᠋ᠳᠡ  ᠶᠢᠨ  ᠤᠨ ᠲᠣᠭᠠᠯᠠᠯ  ᠤᠨ 1644~1911 ᠤᠨ ᠪᠣᠯᠳᠠᠯ᠎ᠠ ᠂ ᠡᠶᠡᠪᠡᠷ ᠵᠠᠰᠠᠭᠴᠢ  ᠶᠢᠨ ᠲᠠᠪᠣᠳᠣᠭᠠᠷ  ᠤᠨ (  ᠨᠡᠢ᠋ᠳᠡ  ᠶᠢᠨ  ᠤᠨ ᠲᠣᠭᠠᠯᠠᠯ  ᠤᠨ 1648  ᠤᠨ )  ᠳᠤ ᠴᠢᠩ  ᠤᠨ ᠲᠦᠷᠣ  ᠨᠢ ᠭᠠᠳᠠᠭᠠᠳᠣ ᠮᠣᠩᠭᠣᠯ  ᠤᠨ ᠲᠦᠷᠣ  ᠶᠢ ᠵᠠᠰᠠᠬᠣ  ᠶᠠᠪᠣᠳᠠᠯ  ᠤᠨ  ᠶᠠᠮᠣᠨ  ᠢ ᠪᠠᠢ᠋ᠭᠣᠯᠵᠣ ᠬᠢᠯᠢ ᠬᠢᠵᠠᠭᠠᠷ ᠣᠷᠣᠨ  ᠢᠶᠠᠨ  ᠨᠢᠬᠡᠳᠣᠯᠳᠠᠢ ᠬᠠᠮᠢᠶᠠᠷᠪᠠ ᠃ ᠮᠣᠩᠭᠣᠯ ᠣᠷᠣᠨ  ᠳᠤ ᠬᠣᠰᠢᠭᠣ ᠪᠠᠢ᠋ᠭᠣᠯᠵᠣ ᠰᠣᠮᠣᠨ ᠵᠠᠩᠬᠢ ᠭᠠᠷᠭᠠᠪᠡ ᠃ ᠪᠠᠭᠠᠷᠢᠨ ᠠᠢ᠋ᠮᠠᠭ  ᠢ ᠪᠠᠭᠠᠷᠢᠨ ᠪᠠᠷᠠᠭᠣᠨ ᠭᠠᠷᠣᠨ ᠬᠣᠰᠢᠭᠣ ᠪᠠ ᠪᠠᠭᠠᠷᠢᠨ ᠵᠡᠭᠦᠨ ᠭᠠᠷᠣᠨ ᠬᠣᠰᠢᠭᠣ ᠭᠡᠵᠣ ᠬᠣᠪᠢᠶᠠᠨ ᠂ ᠬᠣᠰᠢᠭᠣᠨ ᠳᠣᠨᠢ ᠰᠣᠮᠣᠨ ᠵᠠᠩᠭᠢ ᠭᠠᠷᠭᠠᠪᠠ ᠃ ᠬᠣᠰᠢᠭᠣ  ᠠᠴᠠ ᠲᠡᠬᠡᠭᠰᠢ ᠠᠢ᠋ᠮᠠᠭ ᠪᠠᠢ᠋ᠭᠣᠯᠪᠠ ᠃ ᠪᠠᠭᠠᠷᠢᠨ ᠪᠠᠷᠠᠭᠣᠨ ᠬᠣᠰᠢᠭᠣ  ᠨᠢ ᠵᠣᠣ ᠣᠳᠠ ᠠᠢ᠋ᠮᠠᠭ  ᠲᠤ ᠬᠠᠷᠢᠶᠠᠯᠠᠭᠳᠠᠪᠠ ᠃  ᠨᠠᠢ᠋ᠷᠠᠯᠳᠣ ᠲᠦᠪ  ᠤᠨ ᠲᠡᠷᠢᠭᠦᠨ  ᠤᠨ (  ᠨᠡᠢ᠋ᠳᠡ  ᠶᠢᠨ  ᠤᠨ ᠲᠣᠭᠠᠯᠠᠯ  ᠤᠨ 1723  ᠤᠨ )  ᠳᠤ ᠿᠸ ᠾᠸ ᠲᠢᠩ  ᠢ ᠪᠠᠢ᠋ᠭᠣᠯᠪᠠ ᠃ᠨᠠᠢ᠋ᠷᠠᠯᠳᠣ ᠲᠦᠪ  ᠤᠨ ᠠᠷᠪᠠᠨ  ᠨᠢᠬᠡᠳᠣᠭᠡᠷ  ᠤᠨ (  ᠨᠡᠢ᠋ᠳᠡ  ᠶᠢᠨ  ᠤᠨ ᠲᠣᠭᠠᠯᠠᠯ  ᠤᠨ 1733  ᠤᠨ )  ᠳᠤ ᠴᠸᠩᠳᠸ ᠹᠦ ᠭᠡᠮᠡᠨ ᠦᠭᠡᠷᠡᠴᠢᠯᠡᠨ ᠂ ᠲᠣᠣᠷ᠎ᠠ  ᠨᠢ ᠪᠠ ᠭᠸᠣ ᠬᠡᠷᠡᠭ ᠡᠷᠬᠢᠯᠡᠭᠦ ᠲᠦᠩ ᡁᠢ ᠲᠢᠩ  ᠢ ᠪᠠᠢ᠋ᠭᠣᠯᠪᠠ ᠃ ᠪᠠᠭᠠᠷᠢᠨ ᠪᠠᠷᠠᠭᠣᠨ ᠭᠠᠷᠣᠨ ᠬᠣᠰᠢᠭᠣ  ᠨᠢ ᠴᠸᠩᠳᠸ ᠹᠦ  ᠶᠢᠨ ᠪᠠ ᠭᠸᠣ ᠭᠡᠷᠡᠭ ᠡᠷᠬᠢᠯᠡᠭᠦ ᠲᠦᠩ ᡁᠢ ᠲᠢᠩ  ᠳᠤ ᠬᠠᠷᠢᠶᠠᠯᠠᠭᠳᠠᠪᠠ ᠃ ᠲᠩᠷᠢ ᠲᠡᠳᠬᠦᠭᠴᠢ  ᠶᠢᠨ ᠭᠣᠷᠪᠠᠳᠣᠭᠠᠷ  ᠤᠨ (  ᠨᠡᠢ᠋ᠳᠡ  ᠶᠢᠨ  ᠤᠨ ᠲᠣᠭᠠᠯᠠᠯ  ᠤᠨ 1738  ᠤᠨ )  ᠳᠤ ᠣᠯᠠᠭᠠᠨᠬᠠᠳᠠ ᠲᠦᠩ ᠫᠠᠨ ᠲᠢᠩ ᠭᠡᠵᠣ ᠪᠠᠢ᠋ᠭᠣᠯᠪᠠ ᠃ ᠲᠩᠷᠢ ᠲᠡᠳᠬᠦᠭᠴᠢ  ᠶᠢᠨ ᠲᠦᠴᠢᠨ ᠭᠣᠷᠪᠠᠨ  ᠤᠨ (  ᠨᠡᠢ᠋ᠳᠡ  ᠶᠢᠨ  ᠤᠨ ᠲᠣᠭᠠᠯᠠᠯ  ᠤᠨ 1778  ᠤᠨ )  ᠳᠤ ᠿᠸ ᠾᠸ ᠳᠣᠣ ᠭᠡᠵᠣ ᠪᠠᠢ᠋ᠭᠣᠯᠵᠣ ᠂ ᠣᠯᠠᠭᠠᠨᠬᠠᠳᠠ ᠲᠢᠩ  ᠢ ᡂᠢ ᠹᠸᠩ ᠰᠢᠶᠠᠨ ᠭᠡᠵᠤ ᠦᠭᠡᠷᠡᠴᠢᠯᠡᠪᠡ ᠃ ᠪᠠᠭᠠᠷᠢᠨ ᠪᠠᠷᠠᠭᠣᠨ ᠭᠠᠷᠣᠨ ᠬᠣᠰᠢᠭᠣ  ᠨᠢ ᠿᠸ ᠾᠸ ᠳᠣᠣ  ᠶᠢᠨ ᡂᠢ ᠹᠸᠩ ᠰᠢᠶᠠᠨ  ᠳᠤ ᠬᠠᠷᠢᠶᠠᠯᠠᠭᠳᠠᠪᠠ ᠃

ᠲᠣᠮᠳᠠᠳᠣ ᠢᠷᠭᠡᠨ ᠣᠯᠣᠰ  ᠤᠨ ᠴᠠᠭ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠢ᠋ᠳᠡ  ᠶᠢᠨ  ᠤᠨ ᠲᠣᠭᠠᠯᠠᠯ  ᠤᠨ 1912~1949  ᠤᠨ  ᠤ 9 ᠳᠣᠭᠡᠷ ᠰᠠᠷ᠎ᠠ ᠪᠣᠯᠳᠠᠯ᠎ᠠ᠂ ᠲᠣᠮᠳᠠᠳᠣ ᠢᠷᠭᠡᠨ ᠣᠯᠣᠰ  ᠤᠨ ᠬᠣᠷᠢᠨ ᠬᠣᠶᠠᠳᠣᠭᠠᠷ  ᠤᠨ (  ᠨᠡᠢ᠋ᠳᠡ  ᠶᠢᠨ  ᠤᠨ ᠲᠣᠭᠠᠯᠠᠯ  ᠤᠨ 1933  ᠤᠨ )  ᠳᠤ  ᠶᠠᠫᠣᠨ ᠡᠵᠡᠷᠭᠡᠭ ᠲᠦᠷᠢᠮᠡᠭᠡᠢ᠋ᠳᠠᠨ ᠿᠸ ᠾᠸ ᠮᠣᠵᠢ  ᠶᠢ ᠲᠦᠷᠢᠮᠡᠬᠡᠢ᠋ᠯᠡᠨ ᠡᠵᠡᠯᠡᠵᠣ ᠂ ᠺᠠᠢ᠋ᠯᠣ  ᠪᠡᠷ ᠰᠠᠭᠣᠷᠢᠨ ᠭᠠᠵᠠᠷ ᠪᠣᠯᠭᠠᠵᠣ ᠬᠠᠭᠣᠷᠮᠠᠭ ᠬᠢᠩᠭᠠᠨ ᠪᠠᠷᠠᠭᠣᠨ ᠬᠣᠪᠢᠶᠠᠷᠢ ᠮᠣᠵᠢ ᠭᠡᠵᠤ ᠪᠠᠢ᠋ᠭᠣᠯᠵᠣ ᠂ ᠰᠡᠭᠦᠯᠡᠷ  ᠨᠢ ᠬᠢᠩᠭᠠᠨ ᠪᠠᠷᠠᠭᠣᠨ ᠮᠣᠵᠢ ᠭᠡᠵᠤ ᠦᠭᠡᠷᠠᠴᠢᠯᠡᠨ  ᠨᠷᠡᠢ᠋ᠳᠪᠡ ᠃ ᠪᠠᠭᠠᠷᠢᠨ ᠪᠠᠷᠠᠭᠣᠨ ᠭᠠᠷᠣᠨ ᠬᠣᠰᠢᠭᠣ  ᠨᠢ ᠬᠢᠩᠭᠠᠨ ᠪᠠᠷᠠᠭᠣᠨ ᠮᠣᠵᠢ  ᠳᠤ ᠬᠠᠷᠢᠶᠠᠯᠠᠭᠳᠠᠪᠠ ᠃ ᠢᠷᠭᠡᠨ ᠣᠯᠣᠰ  ᠤᠨ 34  ᠤᠨ (  ᠨᠡᠢ᠋ᠳᠡ  ᠶᠢᠨ  ᠤᠨ ᠲᠣᠭᠠᠯᠠᠯ  ᠤᠨ 1945  ᠤᠨ )  ᠤ 10 ᠳᠣᠭᠠᠷ ᠰᠠᠷ᠎ᠠ  ᠳᠤ ᠲᠣᠮᠳᠠᠳᠣ ᠣᠯᠣᠰ  ᠤᠨ ᠡᠪ ᠬᠠᠮᠳᠣ  ᠨᠠᠮ  ᠤᠨ ᠿᠸ ᠪᠸᠢ ᠣᠷᠣᠨ  ᠤ ᠬᠣᠷᠢᠶ᠎ᠠ ᠂ ᠿᠸ ᠪᠸᠢ ᠲᠠᠪᠣᠳᠣᠭᠠᠷ ᠵᠠᠰᠠᠭ ᠵᠠᠬᠢᠷᠭᠠᠨ  ᠤ ᠬᠢᠨᠠᠨ ᠪᠠᠢ᠋ᠴᠠᠭᠠᠬᠣ ᠲᠣᠰᠬᠠᠢ ᠲᠣᠰᠢᠶᠠᠯᠳᠠᠨ  ᠤ ᠵᠠᠬᠢᠷᠭ᠎ᠠ ᠯᠢᠨᠰᠢ  ᠳᠤ ᠪᠠᠢ᠋ᠭᠣᠯᠣᠭᠳᠠᠪᠠ ᠃ ᠪᠠᠭᠠᠷᠢᠨ ᠪᠠᠷᠠᠭᠣᠨ ᠭᠠᠷᠣᠨ ᠬᠣᠰᠢᠭᠣ  ᠨᠢ ᠿᠸ ᠪᠸᠢ ᠲᠣᠰᠬᠠᠢ ᠵᠠᠬᠢᠷᠭ᠎ᠠ  ᠳᠤ ᠬᠠᠷᠢᠶᠠᠯᠠᠭᠳᠠᠪᠠ ᠃ ᠢᠷᠭᠡᠨ ᠣᠯᠣᠰ  ᠤᠨ 35  ᠤᠨ (  ᠨᠡᠢ᠋ᠳᠡ  ᠶᠢᠨ  ᠤᠨ ᠲᠣᠭᠠᠯᠠᠯ  ᠤᠨ 1946  ᠤᠨ )  ᠤ 6 ᠳᠣᠭᠠᠷ ᠰᠠᠷ᠎ᠠ  ᠶᠢᠨ 5  ᠤ ᠡᠳᠣᠷ ᠂ ᠿᠸ ᠪᠸᠢ  ᠶᠢᠨ ᠲᠠᠪᠣᠳᠣᠭᠠᠷ ᠵᠠᠰᠠᠭ ᠵᠠᠬᠢᠷᠭᠠᠨ  ᠤ ᠬᠢᠨᠠᠨ ᠪᠠᠢ᠋ᠴᠠᠭᠠᠬᠣ ᠲᠣᠰᠬᠠᠢ ᠲᠣᠰᠢᠶᠠᠯᠳᠠᠨ  ᠤ ᠵᠠᠬᠢᠷᠭ᠎ᠠ  ᠨᠢ ᠵᠡᠭᠦᠨ ᠮᠣᠩᠭᠣᠯ  ᠤᠨ ᠦᠪᠡᠷᠳᠠᠭᠡᠨ ᠵᠠᠰᠠᠬᠣ ᠵᠠᠰᠠᠭ  ᠤᠨ ᠣᠷᠳᠣᠨ  ᠤ ᠵᠣᠣ ᠣᠳᠠ ᠮᠣᠵᠢ  ᠲᠠᠢ  ᠨᠡᠢ᠋ᠯᠡᠵᠣ ᠵᠣᠣ ᠣᠳᠠ ᠠᠢ᠋ᠮᠠᠭ  ᠤᠨ ᠵᠠᠰᠠᠭ ᠵᠠᠬᠢᠷᠭᠠᠨ  ᠤ ᠵᠦᠪᠯᠡᠯ  ᠢ ᠪᠠᠢ᠋ᠭᠣᠯᠪᠠ ᠃ ᠪᠠᠭᠠᠷᠢᠨ ᠪᠠᠷᠠᠭᠣᠨ ᠭᠠᠷᠣᠨ ᠬᠣᠰᠢᠭᠣ  ᠨᠢ ᠵᠣᠣ ᠣᠳᠠ ᠠᠢ᠋ᠮᠠᠭ  ᠤᠨ ᠵᠠᠰᠠᠭ ᠵᠠᠬᠢᠷᠭᠠᠨ  ᠤ ᠵᠦᠪᠯᠡᠯ  ᠳᠤ ᠬᠠᠷᠢᠶᠠᠯᠠᠭᠳᠠᠪᠠ ᠃ ᠢᠷᠭᠡᠨ ᠣᠯᠣᠰ  ᠤᠨ 35  ᠤᠨ ( ᠨᠡᠢ᠋ᠳᠡ  ᠶᠢᠨ  ᠤᠨ ᠲᠣᠭᠠᠯᠠᠯ  ᠤᠨ 1946  ᠤᠨ )  ᠤ 8 ᠳᠣᠭᠠᠷ ᠰᠠᠷ᠎ᠠ  ᠶᠢᠨ 17  ᠤ ᠡᠳᠣᠷ ᠂ ᠵᠡᠭᠦᠨ ᠮᠣᠩᠭᠣᠯ  ᠤᠨ ᠦᠪᠡᠷᠳᠠᠭᠡᠨ ᠵᠠᠰᠠᠬᠣ ᠵᠠᠰᠠᠭ  ᠤᠨ ᠣᠷᠳᠣᠨ  ᠨᠢ ᠯᠢᠨᠳᠦᠩ  ᠳᠤ ᠵᠣᠣ ᠣᠳᠠ ᠮᠣᠵᠢ  ᠶᠢ ᠪᠠᠢ᠋ᠭᠣᠯᠪᠠ ᠃ ᠪᠠᠭᠠᠷᠢᠨ ᠪᠠᠷᠠᠭᠣᠨ ᠭᠠᠷᠣᠨ ᠬᠣᠰᠢᠭᠣ  ᠨᠢ ᠵᠣᠣ ᠣᠳᠠ ᠮᠣᠵᠢ  ᠳᠤ ᠬᠠᠷᠢᠶᠠᠯᠠᠭᠳᠠᠪᠠ ᠃ ᠢᠷᠭᠡᠨ ᠣᠯᠣᠰ  ᠤᠨ 36  ᠤᠨ (  ᠨᠡᠢ᠋ᠳᠡ  ᠶᠢᠨ  ᠤᠨ ᠲᠣᠭᠠᠯᠠᠯ  ᠤᠨ 1947  ᠤᠨ )  ᠳᠤ ᠵᠣᠣ ᠣᠳᠠ ᠠᠢ᠋ᠮᠠᠭ  ᠤᠨ ᠵᠠᠰᠠᠭ ᠵᠠᠬᠢᠷᠭᠠᠨ  ᠤ ᠵᠦᠪᠯᠡᠯ  ᠢ ᠬᠠᠰᠣᠵᠣ ᠂ ᠵᠣᠣ ᠣᠳᠠ ᠠᠢ᠋ᠮᠠᠭ  ᠤᠨ ᠠᠷᠠᠳ  ᠤᠨ ᠵᠠᠰᠠᠭ  ᠤᠨ ᠣᠷᠳᠣᠨ  ᠢ ᠪᠠᠢ᠋ᠭᠣᠯᠪᠠ ᠃ ᠪᠠᠭᠠᠷᠢᠨ ᠪᠠᠷᠠᠭᠣᠨ ᠭᠠᠷᠣᠨ ᠬᠣᠰᠢᠭᠣ  ᠨᠢ ᠵᠣᠣ ᠣᠳᠠ ᠠᠢ᠋ᠮᠠᠭ  ᠤᠨ ᠠᠷᠠᠳ  ᠤᠨ ᠵᠠᠰᠠᠭ  ᠤᠨ ᠣᠷᠳᠣᠨ  ᠳᠤ ᠬᠠᠷᠢᠶᠠᠯᠠᠭᠳᠠᠪᠠ ᠃

ᠪᠦᠬᠦᠳᠠ  ᠨᠠᠢ᠋ᠷᠠᠮᠳᠠᠬᠣ ᠲᠣᠮᠳᠠᠳᠣ ᠠᠷᠠᠳ ᠣᠯᠣᠰ ᠪᠠᠢ᠋ᠭᠣᠯᠣᠭᠳᠠᠭᠰᠠᠨ  ᠤ ᠲᠠᠷᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1949 ᠤᠨ  ᠤ 10 ᠳᠣᠭᠠᠷ ᠰᠠᠷ᠎ᠠ  ᠠᠴᠠ ᠰᠡᠭᠦᠯᠡᠷ ᠂ 1969  ᠤᠨ  ᠤ 8 ᠳᠣᠭᠠᠷ ᠰᠠᠷ᠎ᠠ  ᠶᠢᠨ 1  ᠤ ᠡᠳᠣᠷ ᠂ ᠪᠠᠭᠠᠷᠢᠨ ᠪᠠᠷᠠᠭᠣᠨ ᠬᠣᠰᠢᠭᠣ  ᠨᠢ ᠵᠣᠣ ᠣᠳᠠ ᠠᠢ᠋ᠮᠠᠭ  ᠢ ᠲᠠᠭᠠᠵᠣ ᠯᠢᠶᠣᠣᠨᠢᠩ ᠮᠣᠵᠢ  ᠳᠦ ᠬᠠᠷᠢᠶᠠᠯᠠᠭᠳᠠᠪᠠ ᠃ 1979  ᠤᠨ  ᠤ 7 ᠳᠣᠭᠠᠷ ᠰᠠᠷ᠎ᠠ  ᠶᠢᠨ 1  ᠤ ᠡᠳᠣᠷ ᠂ ᠪᠠᠭᠠᠷᠢᠨ ᠪᠠᠷᠠᠭᠣᠨ ᠬᠣᠰᠢᠭᠣ  ᠨᠢ ᠵᠣᠣ ᠣᠳᠠ ᠠᠢ᠋ᠮᠠᠭ  ᠢ ᠲᠠᠭᠠᠵᠣ ᠦᠪᠦᠷ ᠮᠣᠩᠭᠣᠯ  ᠤᠨ ᠦᠪᠡᠷᠲᠡᠭᠡᠨ ᠵᠠᠰᠠᠬᠣ ᠣᠷᠣᠨ  ᠳᠤ ᠬᠠᠷᠢᠶᠠᠯᠠᠭᠳᠠᠪᠠ ᠃ 1983  ᠤᠨ  ᠤ 10 ᠳᠣᠭᠠᠷ ᠰᠠᠷ᠎ᠠ  ᠶᠢᠨ 10  ᠤ ᠡᠳᠣᠷ ᠂ ᠵᠣᠣ ᠣᠳᠠ ᠠᠢ᠋ᠮᠠᠭ  ᠢ ᠣᠯᠠᠭᠠᠨᠬᠠᠳᠠ ᠬᠣᠳᠠ ᠭᠡᠵᠤ ᠦᠭᠡᠷᠡᠴᠢᠯᠡᠵᠣ ᠂ ᠪᠠᠭᠠᠷᠢᠨ ᠪᠠᠷᠠᠭᠣᠨ ᠬᠣᠰᠢᠭᠣ ᠣᠯᠠᠭᠠᠨᠬᠠᠳᠠ ᠬᠣᠳᠠ  ᠳᠤ ᠬᠠᠷᠢᠶᠠᠯᠠᠭᠳᠠᠪᠠ ᠃

ᠪᠢᠴᠢᠭᠡᠰᠦ