ᠪᠠᠭᠠᠷᠢᠨ ᠠᠮᠠᠨ ᠠᠶᠠᠯᠭᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠠᠭᠠᠷᠢᠨ ᠠᠮᠠᠨ ᠠᠶᠠᠯᠭᠤ
ᠮᠣᠩᠭᠣᠯ ᠬᠡᠯᠡᠨ ᠦ ᠪᠠᠭᠠᠷᠢᠨ ᠠᠮᠠᠨ ᠠᠶᠠᠯᠭᠤ
ᠭᠠᠵᠠᠷ ᠣᠷᠣᠨᠳᠤᠮᠳᠠᠳᠤ ᠤᠯᠤᠰ ᠤᠨ ᠥᠪᠥᠷ ᠮᠣᠩᠭᠣᠯ ᠣᠷᠣᠨ ᠤ ᠤᠯᠠᠭᠠᠨᠬᠠᠳᠠ ᠬᠣᠲᠠ᠂ ᠵᠠᠷᠢᠮ ᠳᠤ ᠪᠠᠨ ᠲᠦᠩᠯᠢᠶᠣᠣ ᠬᠣᠲᠠ ᠶᠢᠨ ᠵᠠᠷᠤᠳ ᠂ ᠨᠠᠢᠮᠠᠨ ᠢ ᠴᠤ ᠪᠠᠭᠲᠠᠭᠠᠳᠠᠭ᠃
ᠡᠵᠡᠮᠨᠡᠭᠴᠢ110,000[1]
ᠬᠡᠯᠡᠲᠡᠨᠮᠣᠩᠭᠣᠯ ᠦᠨᠳᠦᠰᠦᠲᠡᠨ
ᠲᠥᠷᠥᠯ ᠵᠦᠢ
ᠠᠯᠲᠠᠢ ᠢᠵᠠᠭᠤᠷ
ᠣᠯᠠᠨ ᠤᠯᠤᠰ ᠤᠨ ᠲᠣᠮᠢᠶᠠᠯᠠᠪᠤᠷᠢ  (ᠠᠩᠭᠯ᠃)
ISO 639-3mvf
Baarin aman ayalgu.jpg
 ᠨᠣᠭᠤᠭᠠᠨ ᠥᠩᠭᠡ ᠪᠣᠯ ᠪᠠᠭᠠᠷᠢᠨ ᠠᠶᠠᠯᠭᠤ ᠪᠠᠷ ᠶᠠᠷᠢᠳᠠᠭ ᠣᠷᠣᠨ
ᠭᠦᠢᠬᠡᠨ ᠨᠣᠭᠤᠭᠠᠨ ᠨᠢ ᠪᠠᠭᠠᠷᠢᠨ ᠠᠶᠠᠯᠭᠤ ᠶᠢᠨ ᠣᠨᠴᠠᠯᠢᠭ ᠢ ᠬᠠᠳᠠᠭᠠᠯᠭᠰᠠᠨ ᠣᠷᠣᠨ

ᠪᠠᠭᠠᠷᠢᠨ ᠠᠮᠠᠨ ᠠᠶᠠᠯᠭᠤ ᠨᠢ ᠥᠪᠥᠷ ᠮᠣᠩᠭᠣᠯ ᠠᠶᠠᠯᠭᠤ ᠶᠢᠨ ᠨᠢᠭᠡᠨ ᠠᠮᠠᠨ ᠠᠶᠠᠯᠭᠤ ᠪᠤᠶᠤ ᠪᠠᠰᠠ ᠵᠠᠷᠢᠮ ᠳᠤ ᠪᠠᠨ ᠬᠣᠷᠴᠢᠨ ᠬᠠᠷᠠᠴᠢᠨ ᠢ ᠳᠣᠷᠣᠨᠠᠳᠤ ᠠᠶᠠᠯᠭᠤ ᠪᠣᠯᠭᠠᠨ ᠬᠤᠪᠢᠶᠠᠬᠤ ᠦᠶ᠎ᠡ ᠳᠦ ᠳᠣᠷᠣᠨᠠᠳᠤ ᠪᠣᠯᠣᠨ ᠲᠥᠪ ᠠᠶᠠᠯᠭᠤ ᠶᠢᠨ ᠵᠠᠪᠰᠠᠷ ᠤᠨ ᠠᠶᠠᠯᠭᠤ ᠳᠤ ᠪᠠᠭᠲᠠᠳᠠᠭ᠂ ᠡᠨᠡᠬᠦ ᠠᠮᠠᠨ ᠠᠶᠠᠯᠭᠤ ᠪᠠᠷ ᠭᠣᠣᠯᠳᠠᠭᠤ ᠥᠪᠥᠷ ᠮᠣᠩᠭᠣᠯ ᠤᠨ ᠤᠯᠠᠭᠠᠨᠬᠠᠳᠠ ᠬᠣᠲᠠ ᠶᠢᠨ ᠪᠠᠭᠠᠷᠢᠨ ᠵᠡᠭᠦᠨ ᠬᠤᠰᠢᠭᠤᠪᠠᠭᠠᠷᠢᠨ ᠪᠠᠷᠠᠭᠤᠨ ᠬᠤᠰᠢᠭᠤᠠᠷᠤ ᠬᠤᠷᠴᠢᠨ ᠬᠤᠰᠢᠭᠤᠣᠩᠨᠢᠭᠤᠳ ᠬᠣᠰᠢᠭᠤ ᠵᠢᠴᠢ ᠲᠦᠩᠯᠢᠶᠣᠣ ᠬᠣᠲᠠ ᠶᠢᠨ ᠨᠠᠢ᠍ᠮᠠᠨ ᠬᠣᠰᠢᠭᠤ ᠶᠢᠨ ᠮᠣᠩᠭᠣᠯᠴᠤᠳ ᠶᠠᠷᠢᠨ᠎ᠠ᠃

ᠠᠪᠢᠶ᠎ᠠ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠠᠮᠠᠨ ᠠᠶᠠᠯᠭᠤ ᠨᠢ ᠴᠠᠬᠠᠷ ᠠᠮᠠᠨ ᠠᠶᠠᠯᠭᠤ ᠪᠣᠯᠣᠨ ᠬᠣᠷᠴᠢᠨ ᠠᠮᠠᠨ ᠠᠶᠠᠯᠭᠤ ᠶᠢᠨ ᠣᠨᠴᠠᠯᠢᠭ ᠢ ᠪᠦᠷ ᠠᠪᠤᠭᠰᠠᠨ ᠪᠠᠶᠢᠳᠠᠭ᠃ ᠪᠠᠭᠠᠷᠢᠨ ᠠᠮᠠᠨ ᠠᠶᠠᠯᠭᠤ ᠨᠢ ᠳᠣᠲᠣᠷ᠎ᠠ ᠪᠠᠨ ᠪᠠᠰᠠ ᠪᠠᠭᠠᠷᠢᠨ᠂ ᠠᠷᠤ ᠬᠣᠷᠴᠢᠨ᠂ ᠣᠩᠨᠢᠭᠤᠳ ᠨᠠᠢ᠍ᠮᠠᠨ ᠭᠡᠵᠦ ᠭᠤᠷᠪᠠᠨ ᠬᠡᠰᠡᠭ ᠲᠤ ᠬᠤᠪᠢᠶᠠᠭᠳᠠᠨ᠎ᠠ᠃ ᠡᠭᠦᠨ ᠳᠦ ᠠᠷᠤ ᠬᠣᠷᠴᠢᠨ ᠤ ᠶᠠᠷᠢᠶ᠎ᠠ ᠨᠢ ᠦᠭᠡᠰ ᠤᠨ ᠰᠠᠩ ᠤᠨ ᠲᠠᠯ᠎ᠠ ᠪᠠᠷ ᠬᠣᠷᠴᠢᠨ ᠤ ᠨᠦᠯᠦᠭᠡ ᠶᠢ ᠶᠡᠬᠡ ᠬᠦᠷᠲᠡᠵᠦ᠂ ᠬᠣᠶᠠᠷ ᠪᠠᠭᠠᠷᠢᠨ ᠬᠣᠰᠢᠭᠤ ᠡᠴᠡ ᠪᠠᠨ ᠢᠯᠭᠠᠭ᠎ᠠ ᠲᠠᠢ᠃ ᠣᠩᠨᠢᠭᠤᠳ᠂ᠨᠠᠢ᠍ᠮᠠᠨ ᠨᠢ ᠴᠠᠬᠠᠷ ᠠᠮᠠᠨ ᠠᠶᠠᠯᠭᠤ ᠶᠢᠨ ᠨᠥᠯᠥᠭᠡ ᠶᠢ ᠬᠦᠷᠲᠡᠭᠰᠡᠨ ᠪᠠᠶᠢᠳᠠᠭ᠃

ᠡᠬᠡᠰᠢᠭ ᠠᠪᠢᠶ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠠᠮᠠᠨ ᠠᠶᠠᠯᠭᠤᠨ ᠳᠤɑəiɔʊɵʉᠡᠴᠡ ᠭᠠᠳᠠᠨ᠎ᠠ ᠪᠠᠰᠠɛœʏy ᠳᠥᠷᠪᠡᠨ ᠤᠷᠤᠭᠰᠢᠯᠠᠭᠰᠠᠨ ᠡᠬᠡᠰᠢᠭ ᠲᠡᠢ᠃

ᠬᠡᠯᠡᠨ ᠦ ᠤᠷᠳᠤᠭᠤᠷᠬᠢ ᠬᠡᠯᠡᠨ ᠦ ᠳᠤᠮᠳᠠᠭᠤᠷᠬᠢ ᠬᠡᠯᠡᠨ ᠦ ᠬᠣᠶᠢᠭᠤᠷᠬᠢ ᠬᠡᠯᠡᠨ ᠦ ᠤᠷᠳᠤᠭᠤᠷᠬᠢ ᠠᠴᠠ ᠬᠣᠶᠢᠭᠤᠷᠬᠢ
ᠪᠤᠭᠤᠨᠢ ᠤᠷᠲᠤ ᠪᠤᠭᠤᠨᠢ ᠤᠷᠲᠤ ᠪᠤᠭᠤᠨᠢ ᠤᠷᠲᠤ ᠪᠤᠭᠤᠨᠢ ᠤᠷᠲᠤ
ᠤᠶᠢᠲᠠᠨ i/ y / ʉ ʉː
ᠳᠡᠳ᠋ ᠤᠶᠢᠲᠠᠨ ʊ ʊː ʏ ʏː
ᠤᠶᠢᠲᠠᠨ ᠳᠤᠮᠳᠠ ɵ ɵː
ᠳᠤᠮᠳᠠᠴᠢ ə əː
ᠠᠭᠤᠪᠲᠤᠷ ɛ/ œ ɛː/ œː ɔ ɔː
ᠠᠭᠤᠤ ɑ ɑː

ᠠᠷᠤ ᠬᠣᠷᠴᠢᠨ ᠳᠤ ᠪᠤᠭᠤᠨᠢ ɵ ᠲᠣᠬᠢᠶᠠᠯᠳᠤᠬᠤ ᠪᠠᠶᠢᠳᠠᠯ ᠴᠥᠬᠡᠨ᠃ ᠪᠠᠭᠠᠷᠢᠨ ᠠᠮᠠᠨ ᠠᠶᠠᠯᠭᠤ ᠶᠢᠨ ᠡᠬᠡᠰᠢᠭ ᠦᠨ ᠪᠠᠰᠠ ᠨᠢᠭᠡᠨ ᠣᠨᠴᠠᠯᠢᠭ ᠪᠣᠯ ᠤᠷᠤᠭᠰᠢᠯᠠᠭᠰᠠᠨ ᠡᠬᠡᠰᠢᠭ ᠪᠣᠯᠣᠨ᠎ᠠ᠂ ᠡᠨᠡ ᠬᠦ ᠡᠬᠡᠰᠢᠭ ᠦᠨ ᠣᠯᠠᠩᠬᠢ ᠨᠢ ᠪᠢᠴᠢᠭ ᠦᠨ ᠬᠡᠯᠡᠨ ᠦ ᠬᠣᠣᠰ ᠡᠬᠡᠰᠢᠭ ᠡᠴᠡ ᠤᠯᠠᠷᠢᠨ ᠢᠷᠡᠭᠰᠡᠨ ᠶᠤᠮ᠃ ᠪᠠᠯᠠᠷᠬᠠᠢ ᠡᠬᠡᠰᠢᠭ ɤᠲᠠᠢ ᠪᠠᠶᠢᠵᠤ᠂ᠡᠨᠡ ᠨᠢ ᠴᠢᠩᠭ᠎ᠠ ᠬᠦᠨᠳᠡᠢ ᠢᠯᠭᠠᠯ ᠦᠭᠡᠢ ᠪᠦᠷ ᠣᠷᠣᠳᠠᠭ᠃

ᠤᠷᠤᠭᠰᠢᠯᠠᠭᠰᠠᠨ ᠡᠬᠡᠰᠢᠭ ɛ | ᠡᠨᠡ ᠡᠬᠡᠰᠢᠭ ᠨᠢ ᠪᠢᠴᠢᠭ ᠦᠨ ᠬᠡᠯᠡᠨ ᠦ ᠴᠢᠩᠭ᠎ᠠ [i]  ᠶᠢᠨ ᠡᠮᠦᠨᠡᠬᠢ ᠦᠶ᠎ᠡ ᠶᠢᠨ [ɑ]ᠪᠣᠯᠣᠨ ᠬᠣᠣᠰ ᠡᠬᠡᠰᠢᠭ ɑi ᠡᠴᠡ ᠤᠯᠠᠷᠢᠨ ᠢᠷᠡᠵᠡᠢ᠃ ᠵᠢᠰᠢᠶ᠎ᠡ ᠨᠢ ᠄ ᠠᠭᠢ ɛgᠠᠶᠢᠯ ɛːlᠠᠳᠠᠯᠢ ɛdɤl

ᠤᠷᠤᠭᠰᠢᠯᠠᠭᠰᠠᠨ ᠡᠬᠡᠰᠢᠭ œ | ᠪᠢᠴᠢᠭ ᠦᠨ ᠬᠡᠯᠡᠨ ᠦ [i] ᠶᠢᠨ ᠡᠮᠦᠨᠡᠬᠢ ᠦᠶ᠎ᠡ ᠶᠢᠨ [ɔ]ᠪᠣᠯᠣᠨ ᠬᠣᠣᠰ ᠡᠬᠡᠰᠢᠭ ɔiᠡᠴᠡ ᠤᠯᠠᠷᠢᠨ ᠢᠷᠡᠵᠡᠢ᠃ ᠵᠢᠰᠢᠶ᠎ᠡ ᠨᠢ ᠄ ᠣᠷᠣᠢ œrœːᠬᠣᠷᠢ xœrᠣᠴᠢᠬᠤ œtʃɤx

ᠤᠷᠤᠭᠰᠢᠯᠠᠭᠰᠠᠨ ᠡᠬᠡᠰᠢᠭ ʏ | ᠪᠢᠴᠢᠭ ᠦᠨ ᠬᠡᠯᠡᠨ ᠦ ᠵᠠᠷᠢᠮ [i]  ᠶᠢᠨ ᠡᠮᠦᠨᠡᠬᠢ ᠦᠶ᠎ᠡ ᠶᠢᠨ [ʊ]ᠪᠣᠯᠣᠨ ᠬᠣᠣᠰ ᠡᠬᠡᠰᠢᠭ ʊiᠡᠴᠡ ᠤᠯᠠᠷᠢᠨ ᠢᠷᠡᠵᠡᠢ᠃ ᠵᠢᠰᠢᠶ᠎ᠡ ᠨᠢ ᠄ ᠤᠨᠢ ʏn

ᠤᠷᠤᠭᠰᠢᠯᠠᠭᠰᠠᠨ ᠡᠬᠡᠰᠢᠭ y | ᠪᠢᠴᠢᠭ ᠦᠨ ᠬᠡᠯᠡᠨ ᠦ ᠵᠠᠷᠢᠮ ᠬᠣᠣᠰ ᠡᠬᠡᠰᠢᠭ ʉiᠡᠴᠡ ᠤᠯᠠᠷᠢᠨ ᠢᠷᠡᠵᠡᠢ᠃ ᠵᠢᠰᠢᠶ᠎ᠡ ᠨᠢ ᠄ ᠵᠦᠢᠯ ʤyːl

ᠭᠡᠢᠭᠦᠯᠦᠭᠴᠢ ᠠᠪᠢᠶ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

/m, n, ŋ, p, pʰ, t, tʰ, tʃ, tʃʰ, x, k, s, ʃ, l, j, r, w/.[2]

    ᠤᠷᠤᠭᠤᠯ ᠤᠨ ᠤᠷᠤᠭᠤᠯ ᠰᠢᠳᠦᠨ ᠦ ᠬᠠᠵᠠᠭᠤ ᠶᠢᠨ ᠲᠠᠩᠨᠠᠢ ᠶᠢᠨ ᠬᠡᠯᠡᠨ ᠦ ᠤᠭ ᠤᠨ
ᠬᠠᠮᠵᠢᠬᠤ ᠳᠠᠭᠤᠨ ᠦᠭᠡᠢ b d g
ᠳᠠᠭᠤᠨ ᠲᠠᠢ p t k
ᠱᠦᠷᠭᠦᠬᠦ s ʃ ᠵᠠᠭᠪᠤᠷ:SAPI x ᠵᠠᠭᠪᠤᠷ:SAPI
ᠬᠠᠮᠵᠢᠨ ᠱᠦᠷᠭᠦᠬᠦ ᠳᠠᠭᠤᠨ ᠦᠭᠡᠢ ʤ ᠵᠠᠭᠪᠤᠷ:APIb
ᠳᠠᠭᠤᠨ ᠲᠠᠢ t͡ʃʰ
ᠬᠠᠮᠠᠷ ᠤᠨ m n   ŋ
Liquides r l
ᠬᠠᠭᠠᠰ ᠡᠬᠡᠰᠢᠭ w j

ᠠᠰᠢᠭᠯᠠᠭᠰᠠᠨ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Estimation de Svantesson et al. 2005, p. 143.
  2. ᠪᠠᠶᠠᠷᠮᠡᠨᠳᠦ 1997: 53-54

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠪᠣᠷᠵᠢᠭᠢᠨ ᠪᠠᠶᠠᠷᠮᠡᠨᠳᠦ (1997): ᠪᠠᠭᠠᠷᠢᠨ ᠠᠮᠠᠨ ᠠᠶᠠᠯᠭᠤᠨ ᠦ ᠰᠤᠳᠤᠯᠤᠯ᠃ ᠬᠥᠬᠡᠬᠣᠲᠠ: ᠥᠪᠦᠷ ᠮᠣᠩᠭᠣᠯ ᠤᠨ ᠠᠷᠠᠳ ᠤᠨ ᠬᠡᠪᠯᠡᠯ ᠦᠨ ᠬᠣᠷᠢᠶ᠎ᠠ.
  • Juha Janhunen(2003): Mongol dialects. In: Juha Janhunen (ed.): The Mongolic languages. London: Routledge: 177–191.
  • ᠱ ᠯᠤᠪᠰᠠᠩᠸᠠᠩᠳᠠᠨ (1959): ᠮᠣᠩᠭᠣᠯ ᠬᠡᠯᠡ ᠠᠶᠠᠯᠭᠤᠨ ᠤ ᠤᠴᠢᠷ . In: Mongolyn sudlal 1.
  • ᠰᠡᠴᠡᠨᠪᠠᠭᠠᠲᠤᠷ et al. (2005): ᠮᠣᠩᠭᠣᠯ ᠬᠡᠯᠡᠨ ᠦ ᠨᠤᠲᠤᠭ ᠤᠨ ᠠᠶᠠᠯᠭᠤᠨ ᠤ ᠰᠢᠨᠵᠢᠯᠡᠯ ᠦᠨ ᠤᠳᠤᠷᠢᠳᠭᠠᠯ. ᠬᠥᠬᠡᠬᠣᠲᠠ:ᠥᠪᠦᠷ ᠮᠣᠩᠭᠣᠯ ᠤᠨ ᠠᠷᠠᠳ ᠤᠨ ᠬᠡᠪᠯᠡᠯ ᠤᠨ ᠬᠣᠷᠢᠶ᠎ᠠ.
  • Svantesson, Jan-Olof, Anna Tsendina, Anastasia Karlsson, Vivan Franzén (2005): The Phonology of Mongolian. New York: Oxford University Press.

ᠪᠢᠴᠢᠭᠡᠰᠦ