ᠪᠠᠭᠠᠷᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠪᠠᠭᠠᠷᠢᠨ ᠬᠡᠮᠡᠬᠦ ᠣᠪᠤᠭ ᠨᠢ ᠨᠢᠭᠤᠴᠠ ᠲᠣᠪᠴᠢᠶᠠᠨ ᠳᠤ ᠪᠢᠴᠢᠭᠳᠡᠭᠰᠡᠨ ᠮᠣᠩᠭᠣᠯ ᠤᠨ ᠮᠠᠰᠢ ᠡᠷᠲᠡᠨ ᠦ ᠣᠪᠤᠭ ᠠᠶᠢᠮᠠᠭ ᠤᠨ ᠨᠢᠭᠡ ᠪᠣᠯᠤᠨ᠎ᠠ᠃  ᠨᠢᠭᠤᠴᠠ ᠲᠣᠪᠴᠢᠶᠠᠨ ᠳᠤ " ᠲᠡᠷᠡ ᠡᠮ᠎ᠡ ᠪᠣᠳᠣᠨᠴᠠᠷ ᠠᠴᠠ ᠨᠢᠭᠡᠨ ᠬᠥᠪᠡᠭᠦᠨ ᠲᠥᠷᠦᠭᠦᠯᠪᠡ᠂ ᠲᠡᠭᠦᠨ ᠢ ᠪᠠᠷᠢᠵᠤ ᠠᠪᠤᠭᠰᠠᠨ ᠡᠮ᠎ᠡ ᠵᠢᠨ ᠬᠥᠪᠡᠭᠦᠨ ᠬᠡᠮᠡᠨ ᠪᠠᠭᠠᠷᠢᠳᠠᠢ ᠭᠡᠵᠦ ᠨᠡᠷᠡᠶᠢᠳᠪᠡ᠂ ᠪᠠᠭᠠᠷᠢᠨ ᠤ ᠡᠪᠦᠭᠡ ᠲᠡᠷᠡ ᠪᠣᠯᠪᠠ᠂ ᠪᠠᠭᠠᠷᠢᠳᠠᠢ ᠶᠢᠨ ᠬᠥᠪᠡᠭᠦᠨ ᠴᠢᠳᠬᠤᠯ ᠪᠦᠬᠡ᠂ ᠴᠢᠳᠬᠤᠯ ᠪᠦᠬᠡ ᠣᠯᠠᠨ ᠡᠮ᠎ᠡ ᠠᠪᠤᠭᠰᠠᠨ ᠲᠤᠯᠠ ᠬᠥᠪᠡᠭᠦᠨ ᠨᠢ ᠮᠠᠨᠠᠨ ᠮᠡᠲᠦ ᠣᠯᠠᠨ ᠲᠥᠷᠥᠵᠥ᠂ ᠮᠠᠨᠠᠨ ᠪᠠᠭᠠᠷᠢᠨ ᠣᠪᠣᠭᠲᠠᠨ ᠲᠡᠳᠡ ᠪᠥᠯᠦᠭᠡ᠃" ᠭᠡᠵᠦ ᠲᠡᠮᠳᠡᠭᠯᠡᠭᠰᠡᠨ ᠪᠠᠶᠢᠳᠠᠭ᠃

ᠪᠠᠭᠠᠷᠢᠨ ᠣᠪᠤᠭ ᠨᠢ ᠳᠣᠲᠣᠷ᠎ᠠ ᠪᠠᠨ ᠪᠠᠰᠠ ᠨᠢᠷᠤᠨ ᠪᠠᠭᠠᠷᠢᠨ᠂ ᠨᠢᠴᠦᠬᠦᠨ ᠪᠠᠭᠠᠷᠢᠨ᠂ ᠮᠠᠨᠠᠨ ᠪᠠᠭᠠᠷᠢᠨ ᠭᠡᠵᠦ ᠬᠤᠪᠢᠶᠠᠭᠳᠠᠳᠠᠭ᠃ ᠮᠣᠩᠭᠣᠯ ᠤᠨ ᠡᠷᠲᠡᠨ ᠦ ᠲᠡᠦᠬᠡ ᠶᠢᠨ ᠪᠢᠴᠢᠭ ᠦᠳ ᠦᠨ ᠨᠢᠭᠡ ᠪᠣᠯᠬᠤ VIII ᠵᠠᠭᠤᠨ ᠤ ᠦᠶ᠎ᠡ ᠳᠦ ᠵᠣᠬᠢᠶᠠᠭᠰᠠᠨ ᠪᠣᠯᠣᠷ ᠡᠷᠬᠡ ᠪᠤᠶᠤ "ᠳᠠᠢ-ᠶᠤᠸᠠᠨ ᠤᠯᠤᠰ ᠤᠨ ᠪᠣᠯᠣᠷ ᠡᠷᠬᠡ" ᠰᠤᠳᠤᠷ ᠤᠨ ᠵᠣᠬᠢᠶᠠᠭᠴᠢ ᠷᠠᠰᠢᠫᠤᠩᠰᠤᠭ ᠪᠣᠯ ᠪᠠᠭᠠᠷᠢᠨ ᠠᠶᠢᠮᠠᠭ ᠤᠨ ᠬᠦᠮᠦᠨ ᠪᠣᠯᠤᠨ᠎ᠠ᠃ ᠪᠠᠲᠤᠮᠥᠩᠬᠡ ᠳᠠᠶᠠᠨ ᠬᠠᠭᠠᠨ ᠤ ᠦᠶ᠎ᠡ ᠳ᠋ᠤ ᠪᠠᠭᠠᠷᠢᠨ ᠠᠶᠢᠮᠠᠭ ᠨᠢ ᠬᠠᠯᠬ᠎ᠠ ᠲᠦᠮᠡᠨ ᠤ ᠦᠪᠦᠷ  ᠤᠨ ᠲᠠᠪᠤᠨ ᠣᠲᠣᠭ ᠲᠤ ᠪᠠᠭᠲᠠᠵᠤ᠂ ᠠᠯᠴᠤᠪᠣᠯᠣᠳ ᠵᠠᠬᠢᠷᠴᠤ ᠪᠠᠶᠢᠵᠠᠢ᠃ 16ᠳ᠋ᠤᠭᠠᠷ ᠵᠠᠭᠤᠨ ᠤ ᠡᠬᠢᠨ ᠦᠶ᠎ᠡ ᠳ᠋ᠤ ᠠᠯᠴᠤᠪᠣᠯᠣᠳ ᠤᠨ ᠬᠦᠪᠡᠭᠦᠨ ᠬᠤᠷᠠᠭᠴᠢ ᠬᠠᠰᠠᠷ ᠥᠪᠥᠷ ᠲᠠᠪᠤᠨ ᠬᠠᠯᠬ᠎ᠠ ᠪᠠᠨ ᠠᠪᠴᠤ ᠂ᠬᠠᠯᠬ᠎ᠠ ᠭᠣᠣᠯ ᠡᠴᠡ ᠡᠮᠦᠨᠡᠰᠢᠯᠡᠵᠦ ᠢᠷᠡᠵᠡᠢ᠃ 1558-1585 ᠤᠨ ᠤ ᠬᠣᠭᠣᠷᠣᠨᠳᠤ ᠬᠤᠷᠠᠭᠴᠢ ᠬᠠᠰᠠᠷ ᠤᠨ ᠬᠦᠪᠡᠭᠦᠨ ᠰᠤᠪᠤᠬᠠᠢ ᠳᠠᠷᠬᠠᠨ ᠨᠣᠶᠠᠨ ᠪᠠᠭᠠᠷᠢᠨ ᠠᠶᠢᠮᠠᠭ ᠤᠨ ᠲᠦᠷᠦᠭᠦᠦ ᠪᠣᠯᠵᠤ ᠥᠪᠥᠷ ᠲᠠᠪᠤᠨ ᠬᠠᠯᠬ᠎ᠠ  ᠶᠢ ᠠᠪᠴᠤ ᠂ ᠮᠣᠩᠭᠣᠯ ᠤᠨ ᠤᠷᠢᠳᠠᠬᠢ ᠲᠥᠷᠥ ᠶᠢ ᠰᠡᠷᠭᠦᠭᠡᠬᠦ ᠬᠡᠮᠡᠨ ᠲᠦᠮᠡᠨ ᠵᠠᠰᠠᠭᠲᠤ ᠬᠠᠭᠠᠨ ᠤ ᠲᠤᠰᠠᠯᠠᠨ ᠮᠢᠩ ᠤᠯᠤᠰ ᠤᠨ ᠬᠢᠯᠢ ᠶᠢ ᠳᠣᠪᠲᠣᠯᠤᠨ ᠳᠠᠭᠠᠷᠢᠵᠤ ᠪᠠᠶᠢᠵᠠᠢ᠃

1619ᠣᠨ ᠳ᠋ᠤ ᠥᠪᠥᠷ ᠲᠠᠪᠤᠨ ᠬᠠᠯᠬ᠎ᠠ ᠵᠦᠷᠴᠢᠳ ᠤᠨ ᠶᠡᠬᠡ ᠨᠠᠷᠠ ᠠᠶᠢᠮᠠᠭ ᠲᠠᠢ ᠬᠣᠯᠪᠣᠭᠠᠯᠠᠨ ᠨᠤᠷᠬᠠᠴᠢ ᠲᠠᠢ ᠯᠤᠤᠬ᠎ᠠ ᠶᠢᠨ ᠭᠣᠣᠯ ᠳᠡᠭᠡᠷ᠎ᠡ ᠪᠠᠶᠢᠯᠳᠤᠭᠠᠳ ᠢᠯᠠᠭᠳᠠᠵᠤ ᠂ ᠪᠠᠭᠠᠷᠢᠨ ᠠᠶᠢᠮᠠᠭ ᠤᠨ ᠲᠦᠷᠦᠭᠦᠦ ᠡᠪᠦᠭᠡᠳᠡᠢ ᠡᠯᠴᠢ ᠲᠣᠮᠢᠯᠠᠨ ᠠᠯᠲᠠᠨ ᠤᠯᠤᠰ ᠲᠠᠢ ᠡᠪᠰᠡᠪᠡ᠃ 1626 ᠤᠨ ᠳ᠋ᠤ ᠨᠤᠷᠬᠠᠴᠢ ᠪᠠᠭᠠᠷᠢᠨ ᠠᠶᠢᠮᠠᠭ ᠶᠢ ᠨᠠᠶ᠋ᠮᠠᠨ ᠵᠠᠮ ᠢᠶᠠᠷ ᠳᠣᠪᠲᠣᠯᠣᠨ ᠂ ᠪᠡᠶᠢᠯᠡ ᠨᠠᠩᠨᠤᠭ ᠶᠢ ᠬᠠᠷᠪᠤᠨ ᠠᠯᠠᠵᠠᠢ᠃

1628 ᠤᠨ ᠳ᠋ᠤ ᠪᠠᠭᠠᠷᠢᠨ ᠠᠶᠢᠮᠠᠭ ᠳᠠᠬᠢᠨ ᠯᠢᠭᠳᠡᠨ ᠬᠠᠭᠠᠨ ᠤ ᠳᠣᠪᠲᠣᠯᠤᠯᠭ᠎ᠠ ᠳ᠋ᠤ ᠦᠷᠲᠡᠵᠦ᠂ ᠪᠠᠭᠠᠷᠢᠨ ᠠᠶᠢᠮᠠᠭ ᠤᠨ ᠲᠦᠷᠦᠭᠦᠦ ᠰᠡᠲᠡᠷ ᠬᠦᠪᠡᠭᠦᠨ ᠰᠡᠪᠲᠡᠨ᠂ ᠠᠴᠢ ᠬᠦᠪᠡᠭᠦᠨ ᠮᠠᠨᠵᠤᠰᠢᠷᠢ ᠪᠠᠨ ᠠᠪᠴᠤ ᠠᠯᠲᠠᠨ ᠤᠯᠤᠰ ᠲᠤ ᠳᠠᠭᠠᠵᠠᠢ᠃

1639 ᠤᠨ ᠳ᠋ᠤ ᠪᠠᠭᠠᠷᠢᠨ ᠠᠶᠢᠮᠠᠭ ᠵᠤᠤ ᠤᠳᠠ ᠶᠢᠨ ᠴᠢᠭᠤᠯᠭᠠᠨ ᠳᠤ ᠨᠡᠶᠢᠯᠡᠪᠡ᠃ 1644 ᠤᠨ ᠳᠤ ᠪᠠᠭᠠᠷᠢᠨ ᠠᠶᠢᠮᠠᠭ ᠶᠢ ᠵᠡᠭᠦᠨ ᠂ᠪᠠᠷᠠᠭᠤᠨ ᠬᠣᠶᠠᠷ ᠬᠣᠰᠢᠭᠤ ᠪᠣᠯᠭᠠᠨ ᠰᠠᠯᠭᠠᠵᠤ᠂ ᠵᠤᠤ ᠤᠳᠠ ᠶᠢᠨ ᠴᠢᠭᠤᠯᠭᠠᠨ ᠳᠤ ᠨᠡᠶᠢᠯᠡᠭᠦᠯᠵᠡᠢ᠃

http://wiki.uhaan.com/index.php?title=ᠪᠠᠭᠠᠷᠢᠨ&oldid=480295》 ᠍  ᠡᠴᠡ ᠠᠪᠤᠭᠰᠠᠨ

ᠪᠢᠴᠢᠭᠡᠰᠦ