ᠪᠠᠪᠤᠵᠠᠪ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠠᠪᠤᠵᠠᠪ
1875 ᠣᠨ – 1916 ᠣᠨ ᠤ 8 ᠰᠠᠷ᠎ᠠ ᠶᠢᠨ 10
Shudarga baatar Bavuujav.jpg
ᠰᠢᠳᠤᠷᠭᠤ ᠪᠠᠭᠠᠲᠤᠷ ᠪᠠᠪᠤᠵᠠᠪ
ᠲᠦᠷᠦᠭᠰᠡᠨ ᠭᠠᠵᠠᠷ ᠮᠠᠨᠵᠤ ᠴᠢᠩ ᠤᠯᠤᠰᠥᠪᠥᠷ ᠮᠣᠩᠭᠣᠯ
ᠨᠠᠰᠤ ᠪᠠᠷᠠᠭᠰᠠᠨ ᠭᠠᠵᠠᠷ ᠳᠤᠮᠳᠠᠳᠤ ᠢᠷᠭᠡᠨ ᠤᠯᠤᠰᠮᠠᠨᠵᠤᠤᠷ
ᠡᠬᠡ ᠣᠷᠣᠨ Flag of Mongolia (1911-1921).svg ᠪᠣᠭᠳᠠ ᠬᠠᠭᠠᠨᠲᠤ ᠮᠣᠩᠭᠣᠯ ᠤᠯᠤᠰ
ᠠᠵᠢᠯᠯᠠᠭ᠎ᠠ/ᠰᠠᠯᠪᠠᠷ ᠪᠣᠭᠳᠠ ᠬᠠᠭᠠᠨᠲᠤ ᠮᠣᠩᠭᠣᠯ ᠤᠯᠤᠰ ᠤᠨ ᠠᠷᠮᠢ
ᠠᠯᠪᠠᠨ ᠡᠭᠦᠷᠭᠡ ᠶᠢᠨ ᠣᠨ ᠵᠢᠯ ᠦᠳ 1911-1915 ᠣᠨ
ᠴᠣᠯ
ᠴᠡᠷᠢᠭ ᠦᠨ ᠤᠳᠤᠷᠢᠳᠬᠤ ᠠᠯᠪᠠᠨ ᠲᠤᠰᠢᠶᠠᠯ ᠲᠠᠪᠤᠨ ᠵᠠᠮ ᠤᠨ ᠪᠠᠶᠢᠯᠳᠤᠭᠠᠨ ᠳᠤ ᠵᠠᠩᠵᠤᠨ
ᠲᠤᠯᠤᠯᠳᠤᠭᠠᠨ ᠨᠤᠭᠤᠳ/ᠳᠠᠶᠢᠨ ᠨᠤᠭᠤᠳ ᠲᠠᠪᠤᠨ ᠵᠠᠮ ᠤᠨ ᠪᠠᠶᠢᠯᠳᠤᠭᠠᠨ
ᠱᠠᠩᠨᠠᠯ ᠤᠳ ᠪᠣᠭᠳᠠ ᠬᠠᠭᠠᠨᠲᠤ ᠮᠣᠩᠭᠣᠯ ᠤᠯᠤᠰ ᠍ ᠤᠨ ᠰᠢᠳᠤᠷᠭᠤ ᠪᠠᠭᠠᠲᠤᠷ
ᠪᠣᠭᠳᠠ ᠬᠠᠭᠠᠨᠲᠤ ᠮᠣᠩᠭᠣᠯ ᠤᠯᠤᠰ ᠍ ᠤᠨ ᠭᠦᠨ

ᠰᠢᠳᠤᠷᠭᠤ ᠪᠠᠭᠠᠲᠤᠷ ᠪᠠᠪᠤᠵᠠᠪ ᠪᠤᠶᠤ ᠬᠠᠷᠴᠢᠨ ᠭᠦᠨ ᠪᠠᠪᠤᠵᠠᠪ ᠭᠡᠵᠦ ᠠᠯᠳᠠᠷᠰᠢᠭᠰᠠᠨ ᠪᠠᠪᠤᠵᠠᠪ ᠨᠢ ᠪᠣᠭᠳᠠ ᠬᠠᠭᠠᠨᠲᠤ ᠮᠣᠩᠭᠣᠯ ᠤᠯᠤᠰ ᠤᠨ ᠴᠡᠷᠢᠭ ᠦᠨ ᠵᠢᠳᠬᠦᠯᠲᠡᠨ᠂ ᠠᠪᠢᠶᠠᠰᠯᠢᠭ ᠵᠠᠩᠵᠤᠨ᠂ ᠮᠣᠩᠭᠣᠯ ᠤᠨ ᠦᠨᠳᠦᠰᠦᠨ ᠦ ᠲᠤᠰᠠᠭᠠᠷ ᠲᠣᠭᠲᠠᠨᠢᠯ ᠍ ᠤᠨ ᠲᠥᠯᠦᠭᠡ ᠲᠤᠤᠱᠲᠠᠢ ᠲᠡᠮᠡᠴᠡᠭᠴᠢ᠂ ᠬᠢᠲᠠᠳ ᠤᠨ ᠲᠦᠷᠢᠮᠡᠬᠡᠶᠢᠯᠡᠯ ᠦᠨ ᠡᠰᠡᠷᠬᠦ ᠪᠠᠭᠠᠲᠤᠷᠯᠢᠭ ᠢᠶᠠᠷ ᠲᠡᠮᠡᠴᠡᠭᠴᠢ ᠬᠦᠮᠦᠨ ᠪᠠᠶᠢᠴᠠᠢ᠃ ᠪᠣᠭᠳᠠ ᠬᠠᠭᠠᠨᠲᠤ ᠮᠣᠩᠭᠣᠯ ᠤᠯᠤᠰ ᠪᠠᠶᠢᠭᠤᠯᠤᠭᠳᠠᠰᠤᠨ ᠤ ᠳᠠᠷᠤᠭ᠎ᠠ ᠳᠤᠮᠳᠠᠳᠤ ᠢᠷᠭᠡᠨ ᠤᠯᠤᠰ ᠍ ᠤᠨ ᠲᠦᠷᠢᠮᠡᠬᠡᠶᠢᠯᠡᠯ ᠦᠨ ᠡᠰᠡᠷᠬᠦ ᠬᠢᠭᠰᠡᠨ ᠲᠠᠪᠤᠨ ᠵᠠᠮ ᠤᠨ ᠪᠠᠶᠢᠯᠳᠤᠭᠠᠨ ᠳᠤ ᠴᠡᠷᠢᠭ ᠤᠳᠤᠷᠢᠳᠤᠨ ᠣᠷᠣᠯᠴᠠᠵᠤ ᠣᠨᠴᠠ ᠭᠠᠷᠮᠠᠭᠠᠢ ᠭᠠᠪᠢᠶ᠎ᠠ ᠨᠤᠭᠤᠳ ᠢ ᠪᠠᠶᠢᠭᠤᠯᠤᠭᠰᠠᠨ ᠠᠪᠢᠶᠠᠰᠯᠢᠭ ᠴᠡᠷᠢᠭ ᠦᠨ ᠺᠣᠮᠠᠨᠳᠠᠯᠠᠭᠴᠢ ᠪᠠᠶᠢᠭᠰᠠᠨ ᠪᠠᠶᠢᠨ᠎ᠠ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠪᠤᠵᠠᠪ ᠨᠢ ᠥᠪᠥᠷ ᠮᠣᠩᠭᠣᠯᠵᠣᠰᠣᠲᠤ ᠶᠢᠨ ᠴᠢᠭᠤᠯᠭᠠᠨᠵᠡᠭᠦᠨ ᠲᠦᠮᠡᠳ ᠦᠨ ᠬᠣᠰᠢᠭᠤᠨᠳ ᠲᠥᠷᠦᠵᠢ ᠥᠰᠦᠭᠰᠡᠨ ᠪᠠᠶᠢᠨ᠎ᠠ᠃ 1904-1905 ᠣᠨ ᠤ ᠣᠷᠣᠰ-ᠶᠠᠫᠣᠨ ᠤ ᠳᠠᠶᠢᠨ ᠳᠤ ᠣᠷᠣᠯᠴᠠᠵᠤ ᠪᠠᠶᠢᠭᠰᠠᠨ ᠴᠡᠷᠢᠭ ᠦᠨ ᠬᠡᠷᠡᠭ ᠲᠦ ᠲᠤᠷᠰᠢᠯᠭ᠎ᠠ ᠲᠠᠢ ᠨᠢᠭᠡᠨ ᠪᠠᠶᠢᠴᠠᠢ᠃ ᠪᠣᠭᠳᠠ ᠬᠠᠭᠠᠨᠲᠤ ᠮᠣᠩᠭᠣᠯ ᠤᠯᠤᠰ ᠪᠠᠶᠢᠭᠤᠯᠤᠭᠳᠠᠰᠤᠨ ᠤ ᠳᠠᠷᠠᠭ᠎ᠠ ᠪᠣᠭᠳᠠ ᠬᠠᠭᠠᠨ ᠳᠤ ᠦᠨᠡᠨᠴᠢ ᠪᠡᠷ ᠬᠦᠴᠦᠨ ᠵᠢᠳᠬᠦᠵᠦ ᠪᠠᠶᠢᠭᠰᠠᠨ ᠪᠠ ᠲᠠᠪᠤᠨ ᠵᠠᠮ ᠤᠨ ᠪᠠᠶᠢᠯᠳᠤᠭᠠᠨ ᠳᠤ ᠨᠢᠭᠡ ᠵᠠᠮ ᠤᠨ ᠴᠡᠷᠢᠭ ᠦᠨ ᠲᠤᠰᠯᠠᠬᠤ ᠵᠠᠩᠵᠤᠨ ᠢᠶᠠᠷ ᠢᠳᠡᠪᠬᠢᠯᠡᠨ ᠣᠷᠣᠯᠴᠠᠵᠤ᠂ ᠣᠯᠠᠨ ᠤᠳᠠᠭ᠎ᠠ ᠮᠣᠩᠭᠣᠯᠴᠤᠳ ᠲᠤ ᠢᠯᠠᠯᠲᠠ ᠠᠪᠴᠢᠷᠠᠵᠠᠢ᠃ ᠭᠤᠷᠪᠠᠨ ᠤᠯᠤᠰ ᠤᠨ ᠬᠢᠶᠠᠭᠲᠤ ᠶᠢᠨ ᠬᠡᠯᠡᠯᠴᠡᠭᠡᠷᠡᠭᠡᠷᠡ ᠥᠪᠥᠷ ᠮᠣᠩᠭᠣᠯ ᠢ ᠮᠣᠩᠭᠣᠯ ᠤᠯᠤᠰ ᠲᠤ ᠨᠢᠭᠡᠳᠬᠡᠬᠦ ᠦᠭᠡᠢ ᠪᠣᠯᠤᠭᠰᠠᠨ ᠳᠤ ᠶᠡᠬᠡᠳᠡ ᠪᠤᠬᠢᠨᠢᠳᠤᠨ ᠥᠪᠡᠷ ᠦᠨ ᠴᠡᠷᠢᠭ ᠡᠴᠡ ᠥᠪᠥᠷᠯᠡᠭᠴᠢ ᠬᠣᠱᠤᠳ ᠤᠨ ᠴᠡᠷᠢᠭ ᠦᠳ ᠡᠴᠡ ᠪᠦᠷᠢᠳᠦᠭᠰᠡᠨ ᠴᠡᠷᠢᠭ ᠦᠨ ᠠᠩᠭᠢ ᠶᠢ ᠵᠣᠬᠢᠶᠠᠨ ᠪᠠᠶᠢᠭᠤᠯᠤᠨ ᠬᠢᠲᠠᠳ ᠤᠨ ᠴᠡᠷᠢᠭ ᠦᠨ ᠡᠰᠡᠷᠬᠦ ᠪᠠᠶᠢᠯᠳᠤᠭᠠᠨ ᠤ ᠠᠵᠢᠯᠯᠠᠭ᠎ᠠ ᠶᠢ ᠦᠷᠭᠦᠯᠵᠢᠯᠡᠭᠦᠯᠦᠭᠰᠡᠨ ᠪᠣᠯᠪᠠᠴᠤ ᠬᠢᠲᠠᠳ ᠍ ᠤᠨ ᠭᠧᠨᠧᠷᠠᠯ ᠮᠢ ᠴᠢᠨᠪᠠᠣᠭᠡᠶᠢᠨ ᠲᠣᠭ᠎ᠠ᠂ ᠵᠡᠪᠰᠡᠭᠯᠡᠯ ᠦᠨ ᠬᠤᠪᠢ ᠳᠤ ᠢᠯᠡᠳᠲᠡ ᠳᠠᠪᠠᠭᠤ ᠬᠦᠴᠦᠨ ᠳᠦ ᠪᠤᠲᠠ ᠴᠣᠬᠢᠭᠳᠠᠭᠰᠠᠨ ᠪᠠᠶᠢᠨ᠎ᠠ᠃ ᠴᠡᠷᠢᠭ ᠦᠨ ᠭᠣᠣᠯ ᠬᠦᠴᠦ ᠪᠡᠨ ᠴᠣᠬᠢᠭᠤᠯᠤᠭᠰᠠᠨ ᠤ ᠳᠠᠷᠠᠭ᠎ᠠ ᠠᠷᠤ ᠮᠣᠩᠭᠣᠯ ᠳᠤ ᠵᠢᠭᠤᠳᠠᠨ ᠭᠠᠷᠤᠭᠰᠠᠨ ᠪᠠ ᠮᠣᠩᠭᠣᠯ ᠤᠨ ᠵᠠᠰᠠᠭ ᠤᠨ ᠭᠠᠵᠠᠷ ᠮᠠᠨᠵᠤᠤᠷ ᠯᠤᠤ ᠳᠦᠷᠪᠡᠭᠦᠯᠦᠨ ᠭᠠᠷᠭᠠᠭᠰᠠᠨ ᠠᠵᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠪᠠᠪᠤᠵᠠᠪ&oldid=394038》 ᠍  ᠡᠴᠡ ᠠᠪᠤᠭᠰᠠᠨ

ᠪᠢᠴᠢᠭᠡᠰᠦ