ᠪᠠᠪᠢᠯᠤᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠮᠮᠦᠶᠢᠷᠠᠫ ᠦᠨ ᠵᠠᠰᠠᠭᠯᠠᠯ ᠤᠨ ᠦᠶ᠎ᠡ ᠶᠢᠨ ᠸᠠᠸᠢᠯᠠᠨ᠃

ᠪᠠᠪᠢᠯᠤᠨ (ᠠᠩᠭᠯᠢ ᠪᠠᠷ Babylon) ᠨᠢ ᠡᠷᠲᠡᠨ ᠦ ᠮᠧᠰᠣᠫᠣᠲ᠋ᠠᠮ ᠍ ᠤᠨ ᠬᠣᠲᠠ ᠶᠤᠮ᠃ ᠡᠳᠦᠭᠡ ᠢᠷᠠᠺᠡᠶᠢᠨ ᠨᠡᠶᠢᠰᠯᠡᠯ ᠪᠠᠭᠳᠠᠳ᠋ ᠬᠣᠲᠠ ᠠᠴᠠ ᠡᠮᠦᠨ᠎ᠡ ᠵᠦᠭ ᠲᠤ 85 ᠣᠷᠴᠢᠮ km ᠵᠠᠢ ᠳᠤ ᠤᠷᠤᠰᠢᠬᠤ ᠠᠯᠠ ᠬᠢᠯᠢᠯᠠ ᠬᠣᠲᠠ ᠨᠢ ᠡᠷᠲᠡᠨ ᠦ ᠪᠠᠪᠢᠯᠤᠨ ᠬᠣᠲᠠ ᠣᠷᠣᠰᠢᠨ ᠪᠠᠶᠢᠭᠰᠠᠨ ᠭᠠᠵᠠᠷ ᠶᠤᠮ᠃ ᠲᠢᠭᠷ ᠪᠣᠯᠤᠨ ᠧᠦᠹᠷᠠᠲ ᠮᠥᠷᠡᠨ ᠦ ᠬᠣᠭᠣᠷᠣᠨᠳᠣ ᠤᠷᠤᠰᠢᠬᠤ ᠦᠷ᠎ᠡ ᠰᠢᠮᠡᠲᠦ ᠬᠥᠷᠥᠰᠥ ᠪᠦᠬᠦᠢ ᠤᠭ ᠨᠤᠲᠤᠭ ᠲᠤ ᠡᠨᠳᠡ ᠲᠡᠨᠳᠡ ᠭᠦᠢ ᠰᠢᠪᠠᠷ ᠲᠣᠭᠣᠰᠬᠠᠨ ᠪᠠᠯᠭᠠᠰᠤᠨ ᠨᠤᠭᠤᠳ ᠦᠵᠡᠭᠳᠡᠬᠦ ᠨᠢ ᠸᠠᠸᠢᠯᠤᠨ ᠤ ᠰᠤᠶᠤᠯ ᠤᠨ ᠦᠯᠡᠳᠡᠴᠡ ᠠᠵᠤ᠃ ᠲᠡᠦᠬᠡᠨ ᠳᠦ ᠦᠭᠦᠯᠡᠭᠰᠡᠨ ᠢᠶᠡᠷ ᠡᠷᠲᠡᠨ ᠦ ᠪᠠᠪᠢᠯᠤᠨ ᠵᠢᠵᠢᠭ᠍ᠭᠡᠨ ᠰᠠᠭᠤᠷᠢᠨ ᠪᠠᠶᠢᠭᠰᠠᠨ ᠢᠶᠠᠨ ᠮᠠᠨ ᠤ ᠡᠷᠡᠨ ᠦ ᠡᠮᠦᠨ᠎ᠡ 3000 ᠵᠢᠯ ᠦᠨ ᠦᠶ᠎ᠡ ᠳᠦ ᠲᠣᠪᠣᠶᠢᠨ ᠭᠠᠷᠴᠤ ᠢᠷᠡᠵᠡᠢ᠃ ᠬᠣᠲᠠ ᠴᠡᠴᠡᠭᠯᠡᠨ ᠬᠥᠭᠵᠢᠬᠦ ᠶᠢᠨ ᠬᠢᠷᠢ ᠪᠡᠷ ᠠᠯᠳᠠᠷ ᠰᠤᠤ ᠨᠢ ᠲᠦᠭᠡᠬᠦ ᠪᠣᠯᠵᠤ᠂ ᠤᠯᠠᠮ ᠢᠶᠠᠷ ᠠᠩᠬᠠᠨ ᠤ ᠪᠠᠪᠢᠯᠤᠨ ᠤᠯᠤᠰ ᠪᠤᠢ ᠪᠣᠯᠵᠠᠢ᠃ ᠮᠠᠨ ᠤ ᠡᠷᠡᠨ ᠦ ᠡᠮᠦᠨ᠎ᠡ 2300 ᠣᠨ ᠤ ᠣᠷᠴᠢᠮ ᠠᠴᠠ ᠪᠠᠪᠢᠯᠤᠨ ᠨᠢ 《ᠠᠷᠢᠭᠤᠨ ᠬᠣᠲᠠ》 ᠬᠡᠮᠡᠨ ᠰᠢᠲᠤᠭᠳᠡᠬᠦ ᠪᠣᠯᠤᠭᠰᠠᠨ ᠪᠥᠭᠡᠳ ᠤᠭ ᠬᠣᠳᠠ ᠳᠤ ᠪᠠᠶᠢᠭᠰᠠᠨ ᠭᠡᠬᠦ ᠰᠧᠮᠢᠷᠠᠮᠢᠰ ᠤᠨ ᠳᠡᠭᠦᠵᠢᠩ ᠳᠦ ᠴᠡᠴᠡᠷᠯᠢᠭ ᠨᠢ ᠡᠷᠲᠡᠨ ᠦ ᠳᠡᠯᠡᠬᠡᠢ ᠶᠢᠨ 7 ᠭᠠᠶᠢᠬᠠᠮᠰᠢᠭ ᠲᠤ ᠪᠠᠭᠲᠠᠳᠠᠭ ᠪᠢᠯᠡ᠃ ᠪᠠᠪᠢᠯᠤᠨ ᠭᠡᠬᠦ ᠨᠡᠷ᠎ᠡ ᠨᠢ ᠡᠷᠲᠡᠨ ᠦ ᠠᠺᠺᠠᠳᠢ ᠍ ᠶᠢᠨ Babilu (bāb-ilû ᠪᠤᠶᠤ ᠪᠤᠷᠬᠠᠳ ᠤᠨ ᠬᠠᠭᠠᠯᠭ᠎ᠠ) ᠬᠡᠮᠡᠬᠦ ᠦᠭᠡᠨ ᠡᠴᠡ ᠭᠠᠷᠤᠯᠲᠠᠢ ᠭᠷᠧᠺ ᠳᠠᠭᠤᠳᠠᠯᠭ᠎ᠠ ᠲᠠᠢ ᠦᠭ ᠭᠡᠵᠦ ᠦᠵᠡᠳᠡᠭ᠃ ᠮᠥᠨ ᠪᠢᠪᠯᠢ ᠳᠤ ᠥᠭᠡᠷ᠎ᠡ ᠪᠡᠷ ᠲᠠᠶᠢᠯᠪᠤᠷᠢᠯᠠᠭᠰᠠᠨ ᠪᠠᠶᠢᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠪᠢᠯᠤᠨ ᠬᠣᠲᠠ ᠶᠢᠨ ᠲᠤᠬᠠᠢ ᠠᠩᠬᠠᠨ ᠤ ᠲᠡᠮᠳᠡᠭᠯᠡᠯ ᠠᠺᠺᠠᠳᠢ ᠍ ᠶᠢᠨ ᠬᠠᠭᠠᠨ ᠰᠠᠷᠭᠤᠨᠢ /ᠮᠠᠨ ᠤ ᠡᠷᠡᠨ ᠦ ᠡᠮᠦᠨ᠎ᠡ ᠬXIV ᠵᠠᠭᠤᠨ ᠤ ᠣᠷᠴᠢᠮ ᠠᠮᠢᠳᠤᠷᠠᠵᠤ ᠠᠰᠠᠨ/ ᠦᠶ᠎ᠡ ᠳᠦ ᠬᠠᠮᠢᠶᠠᠷᠳᠠᠭ ᠪᠠᠶᠢᠨ᠎ᠠ᠃ ᠣᠨ ᠴᠠᠭ ᠥᠩᠭᠡᠷᠡᠬᠦ ᠲᠤᠲᠤᠮ ᠸᠠᠸᠢᠯᠤᠨ ᠤ ᠬᠦᠮᠦᠨ ᠠᠮᠠ᠂ ᠬᠦᠴᠦᠨ ᠴᠢᠳᠠᠯ ᠥᠰᠴᠢ ᠢᠷᠡᠵᠡᠢ᠃ ᠮᠠᠨ ᠤ ᠡᠷᠡᠨ ᠦ ᠡᠮᠦᠨ᠎ᠡ ᠠᠷᠪᠠᠨ ᠲᠠᠪᠤᠳᠤᠭᠠᠷ ᠵᠠᠭᠤᠨ ᠤ ᠣᠷᠴᠢᠮ ᠳᠤ ᠪᠠᠪᠢᠯᠤᠨ ᠬᠣᠲᠠ ᠶᠢ ᠠᠮᠤᠷᠢᠲ ᠤᠳ ᠠᠴᠠ ᠬᠠᠭᠠᠰ ᠨᠡᠭᠦᠳᠡᠯᠴᠢᠨ ᠠᠺᠺᠠᠴᠢᠴᠢ ᠨᠤᠭᠤᠳ ᠪᠤᠯᠢᠶᠠᠨ ᠠᠪᠴᠠᠢ᠃ ᠲᠡᠳᠡ ᠰᠤᠮᠤᠤ-ᠠᠪᠤᠮ ᠢᠶᠠᠷ ᠤᠳᠤᠷᠢᠳᠤᠭᠤᠯᠤᠨ ᠥᠪᠡᠷᠰᠡᠳ ᠦᠨ ᠠᠩᠬᠠᠨ ᠤ ᠸᠠᠸᠢᠯᠤᠨ ᠤ ᠤᠯᠤᠰ ᠢ ᠪᠠᠶᠢᠭᠤᠯᠵᠠᠢ᠃ ᠭᠡᠬᠦ ᠳᠦ ᠪᠡᠨ ᠬᠠᠮᠮᠦᠶᠢᠷᠠᠫᠢ ᠬᠠᠭᠠᠨ ᠤ ᠵᠠᠰᠠᠭᠯᠠᠯ ᠬᠦᠷᠲᠡᠯ᠎ᠡ ᠪᠠᠪᠢᠯᠤᠨ ᠬᠣᠲᠠ ᠪᠥᠰᠡ ᠨᠤᠲᠤᠭ ᠤᠨ ᠢᠶᠠᠨ ᠬᠡᠮᠵᠢᠶᠡᠨ ᠳᠦ ᠨᠥᠯᠥᠭᠡ ᠪᠦᠬᠦᠢ ᠵᠢᠵᠢᠭ ᠬᠣᠲᠠ ᠪᠠᠶᠢᠪᠠ᠃ ᠬᠠᠮᠮᠦᠶᠢᠷᠠᠫᠢ ᠬᠠᠭᠠᠨ ᠢ 《ᠬᠠᠮᠮᠦᠶᠢᠷᠠᠫ ᠦᠨ ᠬᠠᠤᠯᠢ》 ᠍ ᠢᠶᠠᠷ ᠨᠢ ᠬᠦᠮᠦᠨ ᠲᠥᠷᠥᠯᠬᠢᠲᠡᠨ ᠰᠠᠶᠢᠨ ᠮᠡᠳᠡᠳᠡᠭ᠃ ᠪᠠᠪᠢᠯᠤᠨ ᠨᠢ ᠮᠧᠰᠫᠣᠲ᠋ᠠᠮᠢᠳ 400 ᠭᠠᠷᠤᠢ ᠵᠢᠯ ᠨᠣᠶᠠᠷᠬᠠᠭᠰᠠᠨ ᠺᠠᠰᠰᠢᠲ ᠦᠳ ᠤᠨ ᠦᠶ᠎ᠡ ᠳᠦ ᠨᠡᠶᠢᠰᠯᠡᠯ ᠬᠣᠲᠠ ᠪᠣᠯᠵᠠᠢ᠃ ᠬᠣᠲᠠ ᠥᠪᠡᠷ ᠢᠶᠡᠨ ᠧᠦᠹᠷᠠᠲ ᠮᠥᠷᠡᠨ ᠦ ᠪᠠᠷᠠᠭᠤᠨ ᠵᠡᠭᠦᠨ ᠬᠣᠶᠠᠷ ᠡᠷᠭᠢ ᠶᠢᠨ ᠳᠡᠨᠵᠢ ᠶᠢ ᠳᠠᠮᠨᠠᠨ ᠣᠷᠣᠰᠢᠳᠠᠭ ᠪᠠᠶᠢᠪᠠ᠃ ᠪᠠᠪᠢᠯᠤᠨ ᠬᠣᠲᠠ ᠴᠠᠭ ᠬᠤᠭᠤᠴᠠᠭ᠎ᠠ ᠪᠠᠨ ᠥᠩᠭᠡᠷᠡᠬᠦ ᠪᠦᠷ ᠤᠯᠠᠮ ᠭᠠᠶᠢᠬᠠᠮ᠎ᠠ ᠰᠠᠶᠢᠬᠠᠨ᠂ ᠬᠦᠴᠦᠷᠬᠡᠭ ᠪᠣᠯᠵᠤ ᠪᠠᠶᠢᠭᠰᠠᠨ ᠪᠥᠭᠡᠳ ᠠᠰᠰᠢᠷ ᠦᠨ ᠬᠠᠭᠠᠨᠲᠤ ᠤᠯᠤᠰ ᠤᠨ ᠦᠶ᠎ᠡ ᠳᠦ ᠭᠣᠣᠯᠯᠠᠬᠤ ᠨᠥᠯᠥᠭᠡ ᠪᠦᠬᠦᠢ ᠬᠣᠲᠠ ᠪᠠᠷ ᠨᠢᠭᠡᠨᠲᠡ ᠲᠣᠳᠣᠷᠠᠭᠰᠠᠨ ᠪᠠᠶᠢᠪᠠ᠃ ᠮᠠᠨ ᠤ ᠡᠷᠡᠨ ᠦ ᠡᠮᠦᠨ᠎ᠡ 1770-1670 ᠣᠨ ᠤ ᠣᠷᠴᠢᠮ ᠳᠤ ᠪᠣᠯᠤᠨ ᠮᠠᠨ ᠤ ᠡᠷᠡᠨ ᠦ ᠡᠮᠦᠨ᠎ᠡ 612-320 ᠣᠨ ᠭᠡᠬᠦ ᠳᠦ ᠳᠡᠯᠡᠬᠡᠢ ᠶᠢᠨ ᠬᠠᠮᠤᠭ ᠤᠨ ᠣᠯᠠᠨ ᠬᠦᠮᠦᠨ ᠠᠮᠠ ᠲᠠᠢ ᠬᠣᠲᠠ ᠪᠣᠯᠤᠭᠰᠠᠨ ᠪᠠᠶᠢᠨ᠎ᠠ᠃ ᠲᠤᠬᠠᠢ ᠶᠢᠨ ᠦᠶ᠎ᠡ ᠳᠦ 200000 ᠬᠦᠮᠦᠨ ᠠᠮᠠ ᠲᠠᠢ ᠪᠠᠶᠢᠭᠰᠠᠨ ᠭᠡᠵᠦ ᠦᠵᠡᠳᠡᠭ᠃


ᠠᠰᠰᠢᠷ ᠤᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠲᠠᠷ ᠬᠠᠭᠠᠯᠭᠠᠨ ᠤ ᠬᠡᠰᠡᠭ

ᠠᠰᠰᠢᠷ ᠤᠨ ᠰᠧᠨᠠᠩᠴᠧᠷᠢᠪ ᠬᠠᠭᠠᠨ ᠤ ᠵᠠᠰᠠᠭᠯᠠᠯ ᠤᠨ ᠦᠶ᠎ᠡ ᠳᠦ ᠪᠤᠶᠤ ᠮᠠᠨ ᠤ ᠡᠷᠡᠨ ᠦ ᠡᠮᠦᠨ᠎ᠡ 689 ᠣᠨ ᠳᠤ ᠸᠠᠸᠢᠯᠠᠨᠴᠢ ᠨᠤᠭᠤᠳ ᠮᠤᠱᠧᠽᠢᠪ ᠮᠠᠷᠳᠦᠶᠢᠺ ᠤᠨ ᠪᠣᠰᠤᠯᠭ᠎ᠠ ᠭᠠᠷᠭᠠᠭᠰᠠᠨ ᠨᠢ ᠳᠠᠷᠤᠭᠳᠠᠨ ᠪᠠᠪᠢᠯᠤᠨ ᠬᠣᠲᠠ ᠶᠢᠨ ᠬᠡᠷᠡᠮᠦᠨ ᠬᠠᠨ᠂ ᠰᠦᠮ᠎ᠡ᠂ ᠣᠷᠳᠣᠨ ᠢ ᠲᠣᠨᠣᠨ ᠳᠡᠭᠡᠷᠡᠮᠳᠡᠨ ᠡᠪᠳᠡᠵᠦ᠂ ᠬᠣᠲᠠ ᠶᠢ ᠪᠦᠬᠦᠯᠢ ᠳᠦ ᠨᠢ ᠪᠠᠯᠭᠠᠰᠤ ᠪᠣᠯᠭᠠᠵᠠᠢ᠃ ᠡᠨᠡ ᠶᠠᠪᠤᠳᠠᠯ ᠤᠨ ᠳᠠᠷᠠᠭ᠎ᠠ ᠰᠧᠨᠠᠩᠴᠧᠷᠢᠪ ᠢ ᠵᠠᠯᠭᠠᠮᠵᠢᠯᠠᠭᠴᠢ ᠡᠰᠠᠷᠬᠤᠳᠳᠠᠨ ᠸᠠᠸᠢᠯᠠᠨᠴᠤᠳ ᠲᠤ ᠨᠢᠭᠦᠯᠡᠰᠦᠩᠭᠦᠢ ᠬᠠᠨᠳᠤᠵᠤ᠂ ᠬᠠᠭᠤᠴᠢᠨ ᠬᠣᠲᠠ ᠶᠢ ᠰᠡᠷᠭᠦᠭᠡᠨ ᠵᠠᠰᠠᠪᠤᠷᠢᠯᠠᠬᠤ ᠠᠵᠢᠯ ᠢ ᠰᠠᠶᠢᠵᠢᠭᠠᠨ ᠳᠡᠮᠵᠢᠵᠦ᠂ ᠳᠠᠬᠢᠨ ᠰᠡᠷᠭᠦᠭᠡᠵᠡᠢ᠃ ᠲᠡᠭᠦᠨ ᠢ ᠨᠠᠰᠤ ᠪᠠᠷᠠᠭᠰᠠᠨ ᠤ ᠳᠠᠷᠠᠭ᠎ᠠ ᠮᠠᠨ ᠤ ᠡᠷᠡᠨ ᠦ ᠡᠮᠦᠨ᠎ᠡ 652 ᠣᠨ ᠳᠤ ᠲᠡᠭᠦᠨ ᠦ ᠲᠣᠮᠣ ᠬᠦᠦ ᠸᠠᠸᠢᠯᠤᠨ ᠤ ᠵᠠᠬᠢᠷᠤᠭᠴᠢ ᠱᠠᠮᠤᠬᠤ - ᠱᠤᠮ - ᠤᠺᠢᠨ ᠠᠰᠰᠢᠷ ᠤᠨ ᠬᠠᠭᠠᠨ᠂ ᠥᠪᠡᠷ ᠦᠨ ᠳᠡᠭᠦᠦ ᠠᠰᠰᠦᠷᠪᠠᠨᠢᠫᠠᠯ ᠤᠨ ᠡᠰᠡᠷᠬᠦ ᠸᠠᠸᠢᠯᠠᠨᠴᠢ ᠨᠤᠭᠤᠳ ᠢ ᠤᠳᠤᠷᠢᠳᠤᠨ ᠪᠣᠰᠤᠯᠭ᠎ᠠ ᠭᠠᠷᠭᠠᠭᠰᠠᠨ ᠪᠠᠶᠢᠨ᠎ᠠ᠃ ᠠᠰᠰᠢᠷᠴᠤᠳ ᠳᠠᠬᠢᠨ ᠸᠠᠸᠢᠯᠤᠨ ᠢ ᠪᠥᠰᠡᠯᠡᠨ ᠬᠠᠭᠠᠵᠤ᠂ ᠪᠠᠭᠤᠵᠤ ᠥᠭᠬᠦ ᠶᠢ ᠱᠠᠭᠠᠷᠳᠠᠪᠠ᠃ ᠬᠣᠲᠠ ᠥᠪᠡᠷᠰᠡᠳ ᠲᠦ ᠪᠡᠨ ᠲᠤᠯᠭᠠᠷᠠᠭᠰᠠᠨ ᠥᠯᠥᠰᠬᠦᠯᠡᠩ ᠡᠴᠡ ᠡᠮᠢᠶᠡᠨ᠂ ᠪᠠᠭᠤᠵᠤ ᠥᠭᠴᠡᠢ᠃ ᠠᠰᠰᠦᠷᠪᠠᠨᠢᠫᠠᠯ ᠬᠠᠭᠠᠨ ᠬᠣᠲᠠ ᠶᠢᠨ ᠬᠢᠨ ᠢ ᠠᠭᠤᠴᠢᠯᠠᠵᠤ᠂ ᠬᠡᠯᠲᠦᠷᠢᠭᠦᠯᠦᠭᠰᠡᠨ ᠪᠠᠶᠢᠨ᠎ᠠ᠃ ᠠᠰᠰᠢᠷ ᠤᠨ ᠡᠵᠡᠨᠲᠦ ᠤᠯᠤᠰ ᠤᠨᠠᠭᠰᠠᠨ ᠤ ᠳᠠᠷᠠᠭ᠎ᠠ ᠪᠠᠪᠢᠯᠤᠨ ᠪᠡᠶ᠎ᠡ ᠳᠠᠩ ᠲᠣᠪᠣᠶᠢᠨ ᠭᠠᠷᠴᠤ ᠢᠷᠡᠵᠡᠢ᠃

ᠰᠢᠨ᠎ᠡ ᠸᠠᠸᠢᠯᠤᠨ ᠤ ᠡᠵᠡᠨᠲᠦ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠡᠷᠡᠨ ᠦ ᠡᠮᠦᠨ᠎ᠡ 626 ᠣᠨ ᠳᠤ ᠸᠠᠸᠢᠯᠠᠨᠴᠢ ᠨᠤᠭᠤᠳ ᠨᠠᠪᠣᠫᠣᠯᠯᠠᠰᠠᠷ ᠤᠨ ᠤᠳᠤᠷᠢᠳᠤᠯᠭ᠎ᠠ ᠳᠣᠣᠷ᠎ᠠ ᠠᠰᠰᠢᠷ ᠤᠨ ᠡᠵᠡᠨᠲᠦ ᠤᠯᠤᠰ ᠢ ᠲᠦᠯᠬᠢᠨ ᠤᠨᠠᠭᠠᠵᠤ᠂ ᠣᠷᠣᠨ ᠳᠤ ᠨᠢ ᠥᠪᠡᠷ ᠦᠨ ᠰᠢᠨ᠎ᠡ ᠸᠠᠸᠢᠯᠤᠨ ᠤ ᠬᠠᠭᠠᠨᠲᠤ ᠤᠯᠤᠰ ᠢ ᠡᠭᠦᠰᠬᠡᠨ᠂ ᠨᠡᠶᠢᠰᠯᠡᠯ ᠢᠶᠡᠷ ᠨᠢ ᠪᠠᠪᠢᠯᠤᠨ ᠬᠣᠲᠠ ᠶᠢ ᠲᠣᠳᠣᠷᠠᠭᠤᠯᠤᠭᠰᠠᠨ ᠪᠠᠶᠢᠨ᠎ᠠ᠃ ᠲᠡᠭᠦᠨ ᠦ ᠬᠦᠦ ᠨᠠᠪᠬᠣᠳᠣᠨᠣᠰᠣᠷ II /ᠮᠠᠨ ᠤ ᠡᠷᠡᠨ ᠦ ᠡᠮᠦᠨ᠎ᠡ 605-562 ᠣᠨ ᠳᠤ ᠵᠠᠰᠠᠭᠯᠠᠵᠤ ᠠᠰᠠᠨ/ ᠬᠠᠭᠠᠨ ᠤ ᠦᠶ᠎ᠡ ᠳᠦ ᠸᠠᠸᠢᠯᠠᠨ ᠬᠣᠲᠠ ᠭᠠᠶᠢᠬᠠᠮᠰᠢᠭᠲᠤ ᠠᠷᠬᠢᠲ᠋ᠧᠺᠲ᠋ᠣᠷ ᠪᠦᠬᠦᠢ ᠡᠷᠲᠡᠨ ᠦ ᠬᠠᠮᠤᠭ ᠤᠨ ᠲᠠᠩᠰᠤᠭ ᠬᠣᠲᠠ ᠨᠤᠭᠤᠳ ᠤᠨ ᠨᠢᠭᠡ ᠪᠣᠯᠵᠠᠢ᠃ ᠨᠧᠪᠤᠴᠢᠳᠠᠨᠧᠽᠵᠠᠷ ᠬᠠᠭᠠᠨ ᠡᠮᠦᠨᠡᠬᠢ ᠦᠶ᠎ᠡ ᠶᠢᠨ ᠮᠤᠱᠧᠽᠢᠪ ᠮᠠᠷᠳᠦᠶᠢᠺ ᠤᠨ ᠪᠠᠶᠢᠭᠤᠯᠤᠭᠰᠠᠨ ᠬᠣᠲᠠ ᠶᠢᠨ ᠬᠠᠭᠠᠯᠭ᠎ᠠ ᠶᠢ ᠤᠯᠠᠮ ᠰᠠᠶᠢᠵᠢᠷᠠᠭᠤᠯᠤᠨ᠂ ᠡᠰᠢᠲᠠᠷ ᠬᠠᠭᠠᠯᠭ᠎ᠠ ᠪᠣᠯᠭᠠᠭᠰᠠᠨᠪᠥᠭᠡᠳ ᠬᠣᠲᠠ ᠶᠢᠨ ᠬᠡᠷᠡᠮ ᠢ ᠰᠠᠶᠢᠵᠢᠷᠠᠭᠤᠯᠤᠨ ᠰᠢᠨᠡᠴᠢᠯᠡᠵᠦ᠂ ᠰᠧᠮᠢᠷᠠᠰ ᠤᠨ ᠴᠡᠴᠡᠷᠯᠢᠭ ᠢ ᠪᠠᠷᠢᠭᠤᠯᠤᠭᠰᠠᠨ ᠨᠢ ᠡᠷᠲᠡᠨ ᠦ ᠳᠡᠯᠡᠬᠡᠢ ᠳᠠᠬᠢᠨ ᠢᠶᠠᠨ ᠶᠡᠬᠡᠳᠡ ᠠᠯᠳᠠᠷᠰᠢᠭᠰᠠᠨ ᠪᠠᠶᠢᠨ᠎ᠠ᠃ ᠭᠡᠬᠦ ᠳᠦ ᠪᠡᠨ ᠰᠧᠮᠢᠷᠠᠮᠢᠰ ᠤᠨ ᠴᠡᠴᠡᠷᠯᠢᠭ ᠪᠣᠳᠠᠲᠠᠢ ᠪᠠᠶᠢᠭᠰᠠᠨ ᠡᠰᠡᠬᠦ ᠲᠠᠯ᠎ᠠ ᠪᠠᠷ ᠶᠡᠬᠡᠬᠡᠨ ᠮᠠᠷᠭᠤᠭᠠᠨ ᠲᠠᠢ ᠪᠠᠶᠢᠭ᠎ᠠ ᠪᠥᠭᠡᠳ ᠨᠢᠨᠧᠢ ᠶᠢᠨ ᠴᠡᠴᠡᠷᠯᠢᠭ ᠢ ᠰᠠᠶᠢᠵᠢᠷᠠᠭᠤᠯᠤᠭᠰᠠᠨ ᠭᠡᠵᠦ ᠦᠵᠡᠬᠦ ᠰᠤᠳᠤᠯᠤᠭᠠᠴᠢᠳ ᠪᠠᠶᠢᠳᠠᠭ᠃

ᠫᠧᠷᠰ ᠦᠨ ᠡᠵᠡᠨᠲᠦ ᠤᠯᠤᠰ ᠲᠤ ᠰᠥᠬᠦᠷᠡᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠡᠷᠡᠨ ᠦ ᠡᠮᠦᠨ᠎ᠡ 539 ᠣᠨ ᠳᠤ ᠰᠢᠨ᠎ᠡ ᠸᠠᠸᠢᠯᠤᠨ ᠤ ᠬᠠᠭᠠᠨᠲᠤ ᠤᠯᠤᠰ ᠫᠧᠷᠰ ᠦᠨ ᠶᠡᠬᠡ ᠺᠢᠷ ᠬᠠᠭᠠᠨ ᠳᠤ ᠪᠤᠲᠠ ᠨᠢᠷᠭᠡᠭᠳᠡᠵᠦ᠂ ᠲᠡᠭᠦᠨ ᠦ ᠬᠠᠷᠢᠶᠠᠨ ᠳᠤ ᠣᠷᠣᠵᠠᠢ᠃ ᠸᠠᠸᠢᠯᠠᠨᠴᠢ ᠨᠤᠭᠤᠳ ᠬᠣᠲᠠ ᠶᠢᠨ ᠢᠶᠠᠨ ᠬᠡᠷᠡᠮ ᠢ ᠳᠠᠪᠠᠭᠳᠠᠰᠢ ᠦᠭᠡᠢ ᠪᠠᠲᠤ ᠪᠥᠬᠡ ᠭᠡᠵᠦ ᠦᠵᠡᠳᠡᠭ ᠪᠠᠶᠢᠭᠰᠠᠨ ᠴᠤ ᠺᠢᠷ ᠬᠠᠭᠠᠨ ᠴᠡᠷᠢᠭ ᠢᠶᠡᠨ ᠬᠤᠪᠢᠶᠠᠨ ᠨᠢᠭᠡ ᠬᠡᠰᠡᠭ ᠨᠢ ᠬᠡᠷᠡᠮ ᠦᠨ ᠭᠠᠳᠠᠨ᠎ᠠ ᠸᠠᠸᠢᠯᠠᠨᠴᠢ ᠨᠤᠭᠤᠳ ᠤᠨ ᠠᠩᠬᠠᠷᠤᠯ ᠢ ᠲᠠᠲᠠaᠵ ᠪᠠᠶᠢᠬᠤ ᠦᠶ᠎ᠡ ᠳᠦ ᠨᠥᠭᠥᠭᠡ ᠬᠡᠰᠡᠭ ᠨᠢ ᠧᠦᠹᠷᠠᠲ ᠮᠥᠷᠡᠨ ᠢ ᠭᠠᠲᠤᠯᠤᠨ ᠬᠣᠲᠠ ᠶᠢᠨ ᠬᠠᠮᠠᠭᠠᠯᠠᠯᠲᠠ ᠦᠭᠡᠢ ᠬᠡᠰᠡᠭ ᠢ ᠪᠦᠷᠢᠨ ᠡᠵᠡᠯᠡᠨ ᠠᠪᠴᠠᠢ᠃ ᠡᠶᠢᠮᠦ ᠡᠴᠡ ᠬᠣᠲᠠ ᠶᠢᠨ ᠬᠢᠨ ᠠᠷᠭ᠎ᠠ ᠪᠤᠶᠤ ᠪᠠᠭᠤᠵᠤ ᠥᠭᠴᠡᠢ᠃ ᠡᠭᠦᠨ ᠦ ᠳᠠᠷᠠᠭ᠎ᠠ ᠺᠢᠷ ᠬᠠᠭᠠᠨ ᠧᠦᠢᠷᠡᠶᠢᠴᠦᠳ ᠢ ᠴᠥᠯᠡᠯᠭᠡᠨ ᠡᠴᠡ ᠡᠬᠡ ᠨᠤᠲᠤᠭ ᠲᠤ ᠪᠠᠨ ᠡᠷᠭᠢᠨ ᠢᠷᠡᠬᠦ ᠶᠢ ᠵᠥᠪᠰᠢᠶᠡᠷᠡᠴᠡᠢ᠃ ᠡᠨᠡ ᠲᠠᠯ᠎ᠠ ᠪᠠᠷ ᠭᠧᠷᠣᠳᠣᠳ ᠲᠡᠮᠳᠡᠭᠯᠡᠭᠰᠡᠨ ᠪᠠᠶᠢᠳᠠᠭ ᠪᠠ ᠬᠠᠭᠤᠴᠢᠨ ᠭᠡᠷᠢᠶᠡᠨ ᠳᠦ ᠲᠣᠳᠣᠷᠬᠠᠢ ᠦᠭᠦᠯᠡᠭᠰᠡᠨ ᠪᠠᠶᠢᠳᠠᠭ᠃ ᠺᠢᠷᠢ ᠶᠢ ᠵᠠᠯᠭᠠᠮᠵᠢᠯᠠᠭᠴᠢ ᠳᠠᠷᠢ ᠬᠠᠭᠠᠨ ᠡᠵᠡᠨᠲᠦ ᠤᠯᠤᠰ ᠤᠨ 9 ᠳ᠋ᠡᠬᠢ ᠮᠤᠵᠢ ᠶᠢᠨ ᠨᠡᠶᠢᠰᠯᠡᠯ ᠢᠶᠡᠷ ᠪᠠᠪᠢᠯᠤᠨ ᠬᠣᠲᠠ ᠶᠢ ᠪᠣᠯᠭᠠᠨ᠂ ᠰᠢᠨᠵᠢᠯᠡᠬᠦ ᠤᠬᠠᠭᠠᠨ ᠤ ᠲᠥᠪ ᠬᠡᠯᠪᠡᠷᠢ ᠪᠡᠷ ᠬᠥᠭᠵᠢᠭᠦᠯᠵᠡᠢ᠃ ᠠᠾᠧᠢᠮᠧᠨᠢᠳ ᠤᠨ ᠡᠵᠡᠨᠲᠦ ᠤᠯᠤᠰ ᠤᠨ ᠦᠶ᠎ᠡ ᠳᠦ ᠪᠠᠪᠢᠯᠤᠨ ᠨᠢ ᠣᠳᠣᠨ ᠣᠷᠣᠨ᠂ ᠲᠣᠭᠠᠨ ᠤ ᠣᠬᠠᠭᠠᠨᠡᠶᠢᠨ ᠲᠥᠪ ᠪᠣᠯᠤᠭᠰᠠᠨ ᠪᠥᠭᠡᠳ ᠡᠨᠳᠡ ᠪᠦᠷᠢᠨ ᠬᠡᠮᠵᠢᠶᠡᠨ ᠦ ᠣᠳᠣᠨ ᠣᠷᠣᠨ ᠤ ᠵᠢᠷᠤᠭ ᠦᠢᠯᠡᠳᠴᠦ ᠪᠠᠶᠢᠪᠠ᠃ ᠫᠧᠷᠰ ᠦᠨ ᠡᠵᠡᠨᠲᠦ ᠤᠯᠤᠰ ᠤᠨ ᠦᠶ᠎ᠡ ᠳᠦ ᠪᠠᠪᠢᠯᠤᠨ ᠨᠢ ᠤᠯᠤᠰ ᠣᠷᠣᠨ ᠤ ᠮᠤᠵᠢᠭᠤᠳᠠ ᠶᠢ ᠪᠬᠤᠯᠪᠤᠨ ᠠᠮᠠᠨ ᠴᠢᠬᠤᠯᠠ ᠲᠥᠪ᠂ ᠭᠦᠢᠴᠡᠳᠭᠡᠬᠦ ᠡᠭᠦᠷᠭᠡ ᠪᠦᠬᠦᠢ ᠨᠡᠶᠢᠰᠯᠡᠯ ᠬᠣᠲᠠ ᠪᠣᠯᠵᠠᠢ᠃ ᠲᠤᠬᠠᠢ ᠶᠢᠨ ᠦᠶ᠎ᠡ ᠶᠢᠨ ᠳᠡᠯᠡᠬᠡᠢ ᠶᠢᠨ ᠬᠠᠮᠤᠭ ᠤᠨ ᠬᠦᠴᠦᠷᠬᠡᠭ ᠬᠣᠲᠠ ᠬᠡᠮᠡᠨ ᠲᠣᠭᠠᠴᠠᠭᠳᠠᠵᠤ ᠪᠠᠶᠢᠪᠠ᠃ ᠡᠬᠢᠨ ᠦᠶ᠎ᠡ ᠶᠢᠨ ᠫᠧᠷᠰ ᠦᠨ ᠬᠠᠭᠠᠳ ᠸᠠᠸᠢᠯᠤᠨ ᠤ ᠱᠠᠰᠢᠨ ᠢ ᠬᠦᠨᠳᠦᠳᠬᠡᠨ ᠴᠢᠯᠦᠭᠡᠲᠡᠢ ᠰᠢᠲᠦᠬᠦ ᠡᠷᠬᠡ ᠲᠡᠢ ᠪᠠᠶᠢᠯᠭᠠᠳᠠᠭ ᠪᠠᠶᠢᠭᠰᠠᠨ ᠪᠣᠯ ᠭᠤᠷᠪᠠᠳᠤᠭᠠᠷ ᠳᠠᠷᠢ ᠬᠠᠭᠠᠨ ᠤ ᠦᠶ᠎ᠡ ᠳᠦ ᠡᠭᠦᠨ ᠢ ᠨᠢ ᠬᠣᠷᠢᠭᠯᠠᠨ᠂ ᠲᠠᠲᠠᠪᠤᠷᠢ ᠶᠢᠨ ᠬᠡᠮᠵᠢᠶ᠎ᠡ ᠪᠡᠨ ᠨᠡᠮᠡᠭᠰᠡᠨ ᠢᠶᠡᠷ ᠮᠠᠨ ᠤ ᠡᠷᠡᠨ ᠦ ᠡᠮᠦᠨ᠎ᠡ 522, 521 ᠪᠣᠯᠤᠨ 482 ᠣᠨ ᠨᠤᠭᠤᠳ ᠲᠤ ᠤᠳᠠᠭ᠎ᠠ ᠳᠠᠷᠠᠭ᠎ᠠ ᠪᠣᠰᠤᠯᠭ᠎ᠠ ᠳᠡᠭᠳᠡᠭᠡᠵᠦ ᠪᠠᠶᠢᠪᠠ᠃ ᠡᠨᠡ ᠨᠢ ᠠᠭᠠᠵᠢᠮ ᠳᠤ ᠪᠠᠨ ᠫᠧᠷᠰ ᠦᠨ ᠡᠵᠡᠨᠲᠦ ᠤᠯᠤᠰ ᠢ ᠰᠤᠯᠢᠳᠠᠩ᠂ ᠮᠠᠨ ᠤ ᠡᠷᠡᠨ ᠦ ᠡᠮᠦᠨ᠎ᠡ 331 ᠣᠨ ᠳᠤ ᠠᠤᠭ᠎ᠠ ᠠᠯᠧᠺᠰᠠᠨᠳᠠᠷ ᠲᠤ ᠡᠵᠡᠯᠡᠭᠳᠡᠬᠦ ᠳᠦ ᠬᠦᠷᠭᠡᠭᠰᠡᠨ ᠪᠠᠶᠢᠨ᠎ᠠ᠃ ᠪᠠᠪᠢᠯᠤᠨ ᠨᠢ 200 ᠵᠢᠯ ᠦᠨ ᠲᠤᠷᠰᠢ ᠫᠧᠷᠰ ᠦᠨ ᠡᠵᠡᠨᠲᠦ ᠤᠯᠤᠰ ᠤᠨ ᠨᠡᠶᠢᠰᠯᠡᠯ ᠪᠠᠶᠢᠭᠰᠠᠨ ᠶᠤᠮ᠃

ᠡᠯᠯᠢᠨ ᠦ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠡᠷᠡᠨ ᠦ ᠡᠮᠦᠨ᠎ᠡ 331 ᠣᠨ ᠳᠤ ᠭᠠᠤᠭᠮᠧᠯᠢᠭ ᠤᠨ ᠲᠤᠯᠤᠭᠠᠨ ᠳᠤ ᠭᠤᠷᠪᠠᠳᠤᠭᠠᠷ ᠳᠠᠷᠢ ᠬᠠᠭᠠᠨ ᠮᠠᠺᠧᠳᠣᠨᠢ ᠠᠤᠭ᠎ᠠ ᠠᠯᠧᠺᠰᠠᠨᠳᠠᠷ ᠲᠤ ᠪᠤᠲᠠ ᠨᠢᠷᠭᠡᠭᠳᠡᠵᠦ᠂ ᠪᠠᠪᠢᠯᠤᠨ ᠬᠣᠲᠠ ᠵᠠᠯᠠᠭᠤ ᠪᠠᠶᠢᠯᠳᠤᠨ ᠳᠠᠭᠠᠭᠤᠯᠤᠭᠴᠢᠳ ᠬᠠᠭᠠᠯᠭ᠎ᠠ ᠪᠠᠨ ᠨᠡᠭᠡᠭᠡᠯ᠎ᠡ᠃ ᠠᠤᠭ᠎ᠠ ᠠᠯᠧᠺᠰᠠᠨᠳᠠᠷ ᠬᠠᠭᠠᠨ ᠸᠠᠸᠢᠯᠤᠨ ᠤ ᠠᠭᠤᠭᠤᠯ ᠣᠷᠣᠰᠢᠨ ᠰᠠᠭᠤᠭᠴᠢᠳ ᠲᠤ ᠴᠢᠯᠦᠭᠡᠯᠡᠭᠴᠢ᠂ ᠠᠪᠤᠷᠠᠭᠴᠢ ᠶᠢᠨ ᠳᠦᠷᠢ ᠪᠡᠷ ᠣᠷᠣᠵᠤ ᠢᠷᠡᠭᠰᠡᠨ ᠭᠡᠳᠡᠭ᠃ ᠠᠯᠧᠺᠰᠠᠨᠳᠠᠷ ᠤᠨ ᠵᠠᠰᠠᠭᠯᠠᠯ ᠤᠨ ᠦᠶ᠎ᠡ ᠳᠦ ᠸᠠᠸᠢᠯᠠᠨ ᠬᠣᠲᠠ ᠳᠠᠬᠢᠨ ᠰᠤᠶᠤᠯ᠂ ᠰᠢᠨᠵᠢᠯᠡᠬᠦ ᠤᠬᠠᠭᠠᠨ᠂ ᠬᠤᠳᠠᠯᠳᠤᠭᠠᠨ ᠤ ᠲᠥᠪ ᠪᠣᠯᠤᠨ ᠬᠥᠭᠵᠢᠵᠡᠢ᠃ ᠭᠡᠪᠡᠴᠦ ᠮᠠᠨ ᠤ ᠡᠷᠡᠨ ᠦ ᠡᠮᠦᠨ᠎ᠡ 323 ᠣᠨ ᠳᠤ ᠨᠧᠪᠤᠴᠢᠳᠠᠨᠧᠽᠵᠠᠷ ᠤᠨ ᠣᠷᠳᠣᠨ ᠳᠤ ᠠᠯᠧᠺᠰᠠᠨᠳᠠᠷ ᠬᠠᠭᠠᠨ ᠨᠠᠰᠤ ᠨᠥᠭᠴᠢᠬᠦ ᠳᠦ᠂ ᠡᠵᠡᠨᠲᠦ ᠤᠯᠤᠰ ᠨᠢ ᠪᠤᠲᠠᠷᠠᠴᠢ᠂ ᠲᠡᠭᠦᠨ ᠦ ᠵᠠᠩᠵᠤᠨ ᠨᠤᠭᠤᠳ ᠤᠨ ᠤᠳᠤᠷᠢᠳᠤᠯᠭ᠎ᠠ ᠳᠣᠣᠷ᠎ᠠ ᠬᠤᠪᠢᠶᠠᠭᠳᠠᠵᠤ ᠬᠣᠭᠣᠷᠣᠨᠳᠣ ᠪᠠᠨ ᠳᠠᠶᠢᠲᠤᠬᠤ ᠳᠤ ᠬᠡᠳᠦ ᠬᠡᠳᠦᠨ ᠤᠳᠠᠭ᠎ᠠ ᠳᠠᠶᠢᠨ ᠤ ᠬᠥᠯ ᠳᠦ ᠨᠡᠷᠪᠡᠭᠳᠡᠭᠰᠡᠨ ᠪᠠᠶᠢᠨ᠎ᠠ᠃ ᠪᠠᠶᠢᠩᠭᠤ ᠶᠢᠨ ᠰᠠᠮᠠᠭᠤᠨ ᠲᠠᠢ ᠪᠠᠶᠢᠭᠰᠠᠨ ᠡᠨᠡ ᠦᠶ᠎ᠡ ᠳᠦ ᠬᠦᠮᠦᠰ ᠪᠠᠪᠢᠯᠤᠨ ᠬᠣᠲᠠ ᠠᠴᠠ ᠳᠠᠶᠢᠵᠢᠬᠤ ᠪᠣᠯᠵᠤ᠂ ᠬᠦᠮᠦᠨ ᠠᠮᠠ ᠶᠢᠨ ᠲᠣᠭ᠎ᠠ ᠡᠷᠡᠰ ᠴᠥᠭᠡᠷᠡᠴᠢ ᠡᠬᠢᠯᠡᠵᠡᠢ᠃ ᠮᠠᠨ ᠤ ᠡᠷᠡᠨ ᠦ ᠡᠮᠦᠨ᠎ᠡ 275 ᠣᠨ ᠳᠤ ᠸᠠᠸᠢᠯᠤᠨ ᠤ ᠣᠷᠣᠰᠢᠨ ᠰᠠᠭᠤᠭᠴᠢᠳ ᠢ ᠰᠢᠨ᠎ᠡ ᠨᠡᠶᠢᠰᠯᠡᠯ ᠰᠧᠯᠧᠸᠬᠢᠶᠠ ᠷᠤ ᠨᠡᠭᠦᠯᠭᠡᠭᠰᠡᠨ ᠪᠠᠶᠢᠨ᠎ᠠ᠃ ᠡᠨᠡ ᠨᠡᠭᠦᠯᠭᠡᠨ ᠰᠢᠯᠵᠢᠭᠦᠯᠦᠯᠲᠡ ᠨᠢ ᠪᠠᠪᠢᠯᠤᠨ ᠬᠣᠳᠠ ᠳᠤ ᠳᠠᠬᠢᠨ ᠰᠡᠷᠭᠦᠬᠦ ᠦᠭᠡᠢ ᠤᠨᠠᠯᠲᠠ ᠶᠢ ᠠᠪᠴᠢᠷᠠᠵᠠᠢ᠃

ᠫᠧᠷᠰ ᠦᠨ ᠡᠵᠡᠨᠲᠦ ᠤᠯᠤᠰ ᠤᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠠᠷᠹᠢᠴᠤᠳ ᠪᠤᠶᠤ ᠰᠠᠰᠰᠠᠨᠢᠳ ᠫᠧᠷᠰ ᠦᠨ ᠡᠵᠡᠨᠲᠦ ᠤᠯᠤᠰ ᠮᠠᠨ ᠤ ᠡᠷᠡᠨ ᠦ ᠡᠮᠦᠨ᠎ᠡ 141 ᠣᠨ ᠳᠤ ᠸᠠᠸᠢᠯᠤᠨ ᠢ ᠡᠵᠡᠯᠡᠭᠰᠡᠨ ᠢᠶᠡᠷ 800 ᠵᠢᠯ ᠦᠨ ᠲᠤᠷᠰᠢ ᠪᠠᠪᠢᠯᠤᠨ ᠰᠠᠰᠰᠠᠨᠢᠳ ᠤᠳ ᠤᠨ ᠵᠠᠬᠢᠷᠭᠠᠨ ᠳᠤ ᠣᠷᠣᠵᠠᠢ᠃ ᠡᠨᠳᠡ ᠠᠯᠳᠠᠷᠲᠤ ᠵᠥᠩᠴᠢ ᠮᠠᠨᠢ ᠮᠠᠨᠢᠾᠧᠢ ᠶᠢᠨ ᠱᠠᠰᠢᠨ ᠢ ᠡᠭᠦᠰᠬᠡᠵᠦ᠂ ᠲᠦᠭᠡᠭᠡᠨ ᠳᠡᠯᠭᠡᠷᠡᠭᠦᠯᠵᠡᠢ᠃.

ᠸᠠᠸᠢᠯᠤᠨ ᠤ ᠠᠷᠬᠧᠣᠯᠣᠭᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠪᠢᠯᠤᠨ ᠬᠣᠲᠠ ᠶᠢᠨ ᠲᠤᠭᠤᠷᠢ᠂ 1932 ᠣᠨ

ᠭᠧᠷᠣᠳᠣᠳ ᠪᠣᠯᠤᠨ ᠺᠲ᠋ᠧᠰᠢ ᠠᠴᠠ ᠨᠠᠷ ᠤᠨ ᠲᠡᠮᠳᠡᠭᠯᠡᠭᠰᠡᠨ ᠢᠶᠡᠷ ᠡᠷᠲᠡᠨ ᠦ ᠪᠠᠪᠢᠯᠤᠨ ᠬᠣᠲᠠ ᠶᠠᠮᠠᠷᠬᠠᠤ ᠬᠡᠮᠵᠢᠶ᠎ᠡ ᠲᠡᠢ ᠪᠠᠶᠢᠭᠰᠠᠨ ᠢ ᠲᠣᠳᠣᠷᠬᠠᠶᠢᠯᠠᠵᠤ ᠪᠣᠯᠬᠤ ᠶᠤᠮ᠃ ᠲᠡᠳᠡ ᠪᠠᠪᠢᠯᠤᠨ ᠨᠢ ᠮᠥᠷᠡᠨ ᠦ 2 ᠡᠷᠭᠢ ᠶᠢ ᠳᠠᠮᠨᠠᠨ ᠤᠷᠤᠰᠢᠬᠤ 2-3 ᠳᠠᠪᠬᠤᠷ ᠬᠠᠨ᠎ᠠ ᠪᠦᠬᠦᠢ ᠥᠨᠳᠥᠷ ᠬᠡᠷᠡᠮ ᠳᠦ ᠠᠪᠤᠷᠭᠤ ᠬ᠎ᠠ ᠶᠢᠨ ᠲᠠᠯ᠎ᠠ ᠪᠠᠷ ᠦᠭᠦᠯᠡᠭᠰᠡᠨ ᠪᠠᠶᠢᠳᠠᠭ᠃

ᠺᠲ᠋ᠧᠰᠢᠰ ᠦᠨ ᠲᠡᠮᠳᠡᠭᠯᠡᠭᠰᠡᠨ ᠢᠶᠡᠷ ᠬᠣᠲᠠ ᠶᠢᠨ ᠬᠡᠷᠡᠮ ᠦᠨ ᠤᠷᠲᠤ 360 ᠰᠲ᠋ᠠᠳᠢ ᠪᠤᠶᠤ 68 ᠺᠢᠯᠣᠮᠧᠲ᠋ᠷ ᠦᠷᠭᠦᠯᠵᠢᠯᠡᠳᠡᠭ ᠪᠠᠶᠢᠭᠰᠠᠨ ᠭᠡᠵᠦ ᠦᠵᠡᠳᠡᠭ ᠪᠣᠯ ᠭᠧᠷᠣᠳᠣᠳ ᠪᠦᠷᠢ 480 ᠰᠲ᠋ᠠᠳᠢ ᠪᠤᠶᠤ 90 ᠺᠢᠯᠣᠮᠧᠲ᠋ᠷ ᠦᠷᠭᠦᠯᠵᠢᠯᠡᠬᠦ ᠪᠥᠭᠡᠳ ᠬᠣᠲᠠ ᠥᠪᠡᠷ ᠢᠶᠡᠨ 520 ᠺᠢᠯᠣᠮᠧᠲ᠋ᠷ᠃ᠺᠦᠸᠠᠳ᠋ ᠨᠤᠲᠤᠭ ᠳᠡᠪᠢᠰᠬᠡᠷ ᠲᠡᠢ ᠭᠡᠵᠦ ᠲᠡᠮᠳᠡᠭᠯᠡᠭᠰᠡᠨ ᠪᠠᠶᠢᠳᠠᠭ ᠠᠵᠢ᠃


ᠰᠡᠭᠦᠯ ᠦᠨ ᠦᠶ᠎ᠡ ᠶᠢᠨ ᠰᠤᠳᠤᠯᠭᠠᠨ ᠨᠤᠭᠤᠳ ᠠᠴᠠ ᠬᠠᠷᠠᠬᠤ ᠳᠤ ᠺᠲ᠋ᠧᠰᠢᠰ ᠦᠨ ᠲᠡᠮᠳᠡᠭᠯᠡᠭᠰᠡᠨ ᠨᠢ ᠲᠤᠩ ᠣᠶᠢᠷᠠᠯᠴᠠᠭ᠎ᠠ ᠪᠠᠢ ᠳᠤ ᠪᠠᠨ ᠪᠥᠭᠡᠳ ᠬᠣᠲᠠ ᠶᠢᠨ ᠲᠤᠭᠤᠷᠢ 100 ᠺᠢᠯᠣᠮᠧᠲ᠋ᠷ᠃ᠺᠦᠸᠠᠳ᠋ ᠨᠤᠲᠤᠭ ᠳᠡᠪᠢᠰᠬᠡᠷ ᠢ ᠬᠠᠮᠤᠷᠴᠢ ᠪᠠᠶᠢᠭ᠎ᠠ ᠶᠤᠮ᠃ ᠰᠣᠨᠢᠷᠬᠠᠯᠲᠠᠢ ᠨᠢ ᠭᠧᠷᠣᠳᠣᠳ ᠬᠣᠲᠠ ᠶᠢᠨ ᠬᠡᠮ ᠦᠨ ᠬᠠᠨ᠎ᠠ ᠶᠢᠨ ᠥᠷᠭᠡᠨ ᠢ 24 ᠮᠧᠲ᠋ᠷ ᠣᠷᠴᠢᠮ ᠬᠡᠮᠡᠨ ᠪᠢᠴᠢᠵᠦ ᠦᠯᠡᠳᠡᠭᠡᠭᠰᠡᠨ ᠪᠠᠶᠢᠳᠠᠭ ᠪᠠᠶᠢᠨ᠎ᠠ᠃

ᠰᠡᠷᠭᠦᠭᠡᠨ ᠵᠠᠰᠠᠪᠤᠷᠢᠯᠠᠬᠤ ᠦᠢᠯᠡ ᠠᠵᠢᠯᠯᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1985 ᠣᠨ ᠳᠤ ᠢᠷᠠᠺ ᠤᠨ ᠶᠡᠷᠦᠩᠬᠡᠶᠢᠯᠡᠭᠴᠢ ᠠᠰᠠᠨ ᠰᠠᠳ᠋ ᠍ ᠲᠤᠮ ᠬᠤᠰᠧᠢᠨ ᠬᠠᠭᠤᠴᠢᠨ ᠬᠣᠲᠠ ᠶᠢᠨ ᠲᠤᠭᠤᠷᠢᠨᠳᠡᠭᠡᠷ᠎ᠡ ᠰᠡᠷᠭᠦᠭᠡᠨ ᠪᠣᠰᠬᠠᠯᠲᠠ ᠶᠢᠨ ᠦᠢᠯᠡ ᠠᠵᠢᠯᠯᠠᠭ᠎ᠠ ᠶᠠᠪᠤᠭᠤᠯᠬᠤ ᠪᠠᠷ ᠰᠢᠢᠳᠪᠦᠷᠢ ᠭᠠᠷᠭᠠᠭᠰᠠᠨ ᠪᠠᠶᠢᠨ᠎ᠠ᠃ ᠰᠡᠷᠭᠦᠭᠡᠨ ᠪᠣᠰᠬᠠᠬᠤ ᠦᠢᠯᠡ ᠠᠵᠢᠯᠯᠠᠭ᠎ᠠ ᠨᠢ ᠳᠠᠬᠢᠨ ᠰᠡᠷᠭᠦᠭᠡᠬᠦ᠂ ᠰᠢᠨ᠎ᠡ ᠪᠡᠷ ᠪᠠᠷᠢᠵᠤ ᠪᠠᠶᠢᠭᠤᠯᠬᠤ ᠭᠡᠰᠡᠨ 2 ᠬᠡᠰᠡᠭ ᠲᠡᠢ ᠪᠠᠶᠢᠪᠠ᠃ ᠭᠡᠬᠦ ᠳᠦ ᠪᠡᠨ ᠡᠨᠡ ᠦᠢᠯᠡ ᠠᠵᠢᠯᠯᠠᠭ᠎ᠠ ᠨᠢ ᠣᠯᠠᠨ ᠠᠷᠬᠧᠣᠯᠣᠭᠴᠢᠳ ᠲᠤ ᠬᠠᠷᠠᠮᠰᠠᠯ ᠭᠤᠨᠢᠭ ᠢ ᠠᠪᠴᠢᠷᠠᠭᠰᠠᠨ ᠪᠠᠶᠢᠨ᠎ᠠ᠃ ᠰᠠᠳ᠋ ᠍ ᠲᠤᠮ ᠬᠤᠰᠧᠢᠨ ᠬᠠᠭᠤᠴᠢᠨ ᠸᠠᠸᠢᠯᠤᠨ ᠤ ᠲᠤᠭᠤᠷ ᠤᠨ ᠦᠯᠡᠳᠡᠭᠳᠡᠯ ᠳᠣᠲᠣᠷᠠᠬᠢ ᠪᠢᠴᠢᠭ ᠲᠦ ᠴᠢᠯᠠᠭᠤᠨ ᠨᠤᠭᠤᠳ ᠲᠤ ᠥᠪᠡᠷ ᠦᠨ ᠨᠡᠷ᠎ᠡ ᠶᠢ ᠣᠷᠣᠭᠤᠯᠤᠨ ᠪᠢᠴᠢᠬᠦ ᠶᠢ ᠲᠤᠰᠢᠶᠠᠭᠰᠠᠨ ᠪᠥᠭᠡᠳ ᠡᠳᠡᠭᠡᠷ ᠦᠨ ᠨᠢᠭᠡᠨ ᠳᠡᠭᠡᠷ᠎ᠡ ᠨᠢ 《ᠡᠨᠡᠬᠦ ᠪᠠᠶᠢᠭᠤᠯᠤᠮᠵᠢ ᠶᠢ ᠨᠧᠪᠤᠴᠡᠳ᠋ᠨᠧᠽᠵᠠᠷ ᠤᠨ ᠬᠦᠦ ᠰᠠᠳ᠋ ᠍ ᠲᠤᠮ ᠬᠤᠰᠧᠢᠨ ᠢᠷᠠᠺ ᠤᠯᠤᠰ ᠢ ᠠᠯᠳᠠᠷᠰᠢᠭᠤᠯᠤᠨ ᠪᠠᠶᠢᠭᠤᠯᠤᠭᠰᠠᠨ ᠶᠤᠮ᠃》 ᠭᠡᠰᠡᠨ ᠪᠠᠶᠢᠳᠠᠭ ᠠᠵᠡᠢ᠃ ᠡᠨᠡᠬᠦ ᠲᠤᠶᠢᠯᠰᠢᠷᠠᠯ ᠨᠢ ᠲᠡᠭᠦᠨ ᠦ ᠳᠢᠭᠯᠢᠮ ᠤᠨᠠᠭᠰᠠᠨ ᠤ ᠳᠠᠷᠠᠭ᠎ᠠ ᠦᠭᠡᠢ ᠪᠣᠯᠤᠭᠰᠠᠨ ᠪᠥᠭᠡᠳ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ᠂ ᠢᠷᠠᠺ ᠤᠨ ᠰᠢᠨ᠎ᠡ ᠤᠳᠤᠷᠢᠳᠤᠭᠴᠢ ᠨᠠᠷ ᠠᠶᠠᠯᠠᠯ᠂ ᠵᠢᠭᠤᠯᠴᠢᠯᠠᠯ᠂ ᠲᠡᠦᠬᠡ ᠳᠤᠷᠠᠰᠬᠠᠯ ᠤᠨ ᠴᠣᠭᠴᠠᠯᠠᠪᠤᠷᠢ ᠪᠠᠶᠢᠭᠤᠯᠬᠤ ᠴᠣᠭᠴᠠ ᠲᠥᠰᠥᠯ ᠦᠨ ᠬᠦᠷᠢᠶᠡᠨ ᠳᠦ ᠰᠡᠷᠭᠦᠨ ᠪᠣᠰᠬᠠᠯᠲᠠ ᠶᠢᠨ ᠠᠵᠢᠯ ᠢ ᠦᠷᠭᠦᠯᠵᠢᠯᠡᠭᠦᠯᠬᠦ ᠪᠡᠷ ᠰᠢᠢᠳᠡᠭᠡᠳ ᠪᠠᠶᠢᠭ᠎ᠠ ᠠᠵᠢ᠃

ᠠᠮᠧᠷᠢᠺᠠ ᠶᠢᠨ ᠨᠢᠭᠡᠳᠦᠭᠰᠡᠨ ᠤᠯᠤᠰ ᠤᠨ ᠵᠡᠪᠰᠡᠭᠲᠦ ᠬᠦᠴᠦᠨ ᠦ ᠪᠤᠢ ᠪᠣᠯᠭᠠᠭᠰᠠᠨ ᠨᠥᠯᠥᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠠᠢᠢᠯ:Babylon Ruins Marines.jpeg
ᠠᠮᠧᠷᠢᠺᠠ ᠶᠢᠨ ᠨᠢᠭᠡᠳᠦᠭᠰᠡᠨ ᠤᠯᠤᠰ ᠤᠨ ᠲᠡᠩᠭᠢᠰ ᠦᠨ ᠶᠠᠪᠠᠭᠠᠨ ᠴᠡᠷᠢᠭ ᠦᠳ ᠸᠠᠸᠢᠯᠤᠨ ᠤ ᠰᠡᠷᠭᠦᠭᠡᠨ ᠵᠠᠰᠠᠪᠤᠷᠢᠯᠠᠭᠰᠠᠨ ᠲᠤᠭᠤᠷ ᠤᠨ ᠡᠮᠦᠨ᠎ᠡ᠂ 2003 ᠣᠨ᠃

2003 ᠣᠨ ᠤ ᠢᠷᠠᠺ ᠤᠨ ᠳᠠᠶᠢᠨᠢ ᠦᠶ᠎ᠡ ᠳᠦ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠲᠡᠩᠭᠢᠰ ᠦᠨ ᠶᠠᠪᠠᠭᠠᠨ ᠴᠡᠷᠢᠭ ᠦᠨ ᠠᠶᠠᠯᠠᠨ ᠶᠠᠪᠤᠬᠤ ᠨᠢᠭᠡᠳᠬᠡᠯ ᠦᠨ ᠺᠣᠮᠠᠨᠳᠠᠯᠠᠭᠴᠢ ᠭᠧᠨᠧᠷᠠᠯ ᠵᠡᠮᠰ᠃ᠲ᠃ᠺᠣᠨᠸᠡᠢ ᠬᠠᠭᠤᠴᠢᠨ ᠪᠠᠪᠢᠯᠤᠨ ᠬᠣᠲᠠ ᠶᠢᠨ ᠲᠤᠭᠤᠷ ᠤᠨ ᠣᠶᠢᠷᠠᠯᠴᠠᠭ᠎ᠠ ᠨᠢᠰᠳᠡᠭ ᠲᠡᠷᠭᠡᠨ ᠦ ᠪᠠᠭᠤᠳᠠᠯ ᠢ ᠪᠠᠶᠢᠭᠤᠯᠬᠤ ᠲᠤᠰᠢᠶᠠᠯ ᠭᠠᠷᠭᠠᠵᠠᠢ᠃ ᠣᠯᠠᠨ ᠨᠢᠰᠳᠡᠭ ᠲᠡᠷᠭᠡᠨ ᠦ ᠣᠯᠠᠨ ᠤᠳᠠᠭ᠎ᠠ ᠶᠢᠨ ᠭᠠᠵᠠᠷᠳᠠᠯ ᠳᠤ᠂ ᠬᠥᠭᠡᠷᠦᠯᠲᠡ ᠡᠴᠡ ᠪᠤᠢ ᠪᠣᠯᠬᠤ ᠰᠠᠯᠬᠢ᠂ ᠰᠢᠷᠤᠶᠢᠨ ᠤ ᠨᠥᠯᠥᠭᠡ ᠨᠢ ᠸᠠᠸᠢᠯᠤᠨ ᠤ ᠪᠠᠷᠢᠯᠭ᠎ᠠ ᠪᠠᠶᠢᠭᠤᠯᠤᠮᠵᠢ ᠳᠤ ᠶᠡᠬᠡᠬᠡᠨ ᠰᠥᠷᠭᠡᠷ᠎ᠡ ᠨᠥᠯᠦᠭᠡᠯᠡᠵᠦ ᠪᠠᠶᠢᠭ᠎ᠠ ᠠᠵᠢ᠃ ᠮᠥᠨ ᠲᠡᠦᠬᠡ ᠶᠢᠨ ᠬᠣᠪᠣᠷ ᠳᠤᠷᠠᠰᠬᠠᠯ ᠤᠳ ᠠᠮᠧᠷᠢᠺᠠ ᠶᠢᠨ ᠨᠢᠭᠡᠳᠦᠭᠰᠡᠨ ᠤᠯᠤᠰ ᠤᠨ ᠴᠡᠷᠢᠭ ᠦᠨ ᠰᠠᠨᠠᠭᠠᠲᠠᠢ ᠪᠣᠯᠤᠨ ᠰᠠᠨᠠᠮᠰᠠᠷ ᠦᠭᠡᠢ ᠦᠢᠯᠡᠳᠦᠯ ᠦᠳ ᠡᠴᠡ ᠪᠣᠯᠤᠨ ᠤᠰᠠᠳᠴᠤ ᠪᠠᠶᠢᠭ᠎ᠠ ᠲᠠᠯ᠎ᠠ ᠪᠠᠷ ᠪᠷᠢᠲ᠋ᠠᠨ(ᠠᠩᠭᠯᠢ) ᠤᠨ ᠮᠦᠽᠧᠢᠨ ᠵᠣᠩ ᠺᠦ᠋ᠷᠲ᠋ᠢᠰ ᠬᠤᠷᠴᠠ ᠪᠠᠷ ᠰᠢᠭᠦᠮᠵᠢᠯᠡᠭᠰᠡᠨ ᠨᠢ ᠣᠯᠠᠨ ᠨᠡᠶᠢᠲᠡ ᠶᠢᠨ ᠠᠩᠬᠠᠷᠤᠯ ᠢ ᠨᠡᠯᠢᠶᠡᠳ ᠲᠠᠲᠠᠭᠰᠠᠨ ᠪᠠᠶᠢᠨ᠎ᠠ᠃ ᠠᠮᠧᠷᠢᠺᠠ ᠶᠢᠨ ᠨᠢᠭᠡᠳᠦᠭᠰᠡᠨ ᠤᠯᠤᠰ ᠤᠨ ᠴᠡᠷᠢᠭ ᠦᠨ ᠬᠦᠴᠦᠨ ᠦ ᠳᠡᠭᠡᠳᠦ ᠤᠳᠤᠷᠢᠳᠤᠭ ᠤᠳ ᠡᠨᠡ ᠲᠠᠯ᠎ᠠ ᠪᠠᠷ ᠠᠭᠤᠴᠢᠯᠠᠯ ᠭᠤᠶᠤᠵᠤ ᠪᠠᠶᠢᠭ᠎ᠠ ᠴᠤ ᠣᠳᠣ ᠶᠢᠨ ᠪᠠᠶᠢᠳᠠᠯ ᠢᠶᠠᠷ ᠪᠠᠶᠢᠷᠢᠯᠠᠯ ᠢᠶᠠᠨ ᠰᠣᠯᠢᠶ᠎ᠠ ᠦᠭᠡᠢ ᠪᠠᠶᠢᠭ᠎ᠠ ᠠᠵᠢ᠃

ᠨᠡᠮᠡᠯᠲᠡ ᠮᠡᠳᠡᠭᠡᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠩᠭᠠᠷ

ᠯᠠᠪᠯᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠯᠢᠨᠺ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠪᠠᠪᠢᠯᠤᠨ&oldid=433088》 ᠍  ᠡᠴᠡ ᠠᠪᠤᠭᠰᠠᠨ

ᠪᠢᠴᠢᠭᠡᠰᠦ