ᠨᠨᠣᠲ᠋ᠧᠭᠨᠣᠯᠣᠭᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠨᠤᠨᠠ ᠮᠠᠲ᠋ᠧᠷᠢᠠᠯ ᠤᠳ ᠤᠨ ᠬᠠᠷᠢᠴᠠᠭᠤᠯᠤᠯᠲᠠ
ᠹᠦᠯᠧᠷᠢᠨ ᠪᠤᠶᠤ ᠰ 60 ᠨᠡᠭᠦᠷᠡᠰᠦᠲᠥ᠋ᠷᠥᠭᠴᠢ ᠶᠢᠨ ᠨᠨᠣᠪᠦᠲᠦᠴᠡ

ᠠᠯᠢᠪᠠ ᠮᠠᠲ᠋ᠧᠷᠢᠶᠠᠯ ᠢ ᠠᠲ᠋ᠣᠮ ᠮᠣᠯᠧᠺᠤᠯ ᠤᠨ ᠲᠦᠪᠰᠢᠨ ᠳᠦ ᠤᠳᠤᠷᠢᠳᠤᠨ ᠵᠣᠬᠢᠴᠠᠭᠤᠯᠬᠤ ᠠᠷᠭ᠎ᠠ ᠲᠧᠭᠨᠣᠯᠣᠭᠢ ᠶᠢ 《ᠨᠨᠣᠲ᠋ᠧᠭᠨᠣᠯᠣᠭᠢ》 ᠭᠡᠵᠦ ᠨᠡᠷᠡᠯᠡᠨ᠎ᠡ᠃ ᠶᠡᠷᠦᠩᠬᠡᠢ ᠳᠤ ᠪᠡᠨ ᠨᠨᠣᠲ᠋ᠧᠭᠨᠣᠯᠣᠭᠢ ᠨᠢ ᠤᠷᠲᠤ᠂ ᠥᠷᠭᠡᠨ᠂ ᠥᠨᠳᠥᠷ ᠭᠡᠰᠡᠨ 3 ᠬᠡᠮᠵᠢᠶᠡᠰᠦ ᠶᠢᠨ ᠬᠢ ᠨᠢ ᠶᠠᠳᠠᠵᠤ ᠨᠢᠭᠡ ᠨᠢ 1 ᠍ ᠡᠴᠡ 100 ᠨᠨᠣᠮᠧᠲ᠋ᠷ ᠬᠡᠮᠵᠢᠶ᠎ᠡ ᠪᠦᠬᠦᠢ ᠪᠦᠲᠦᠴᠡ ᠨᠦᠭᠦᠳ ᠲᠡᠢ ᠬᠠᠷᠢᠴᠠᠵᠤ᠂ ᠮᠥᠨ ᠲᠡᠶᠢᠮᠦ ᠬᠡᠮᠵᠢᠶ᠎ᠡ ᠲᠡᠢ ᠮᠠᠲ᠋ᠧᠷᠢᠶᠠᠯ ᠪᠣᠯᠤᠨ ᠡᠳ᠋ ᠵᠦᠢᠯᠡᠰ ᠪᠦᠲᠦᠭᠡᠬᠦ ᠲᠧᠭᠨᠣᠯᠣᠭᠢ ᠶᠤᠮ᠃ ᠲᠡᠭᠡᠬᠦ ᠪᠡᠷ ᠪᠢᠳᠡᠨ ᠦ ᠮᠡᠳᠡᠳᠡᠭ 1 ᠺᠢᠯᠣᠮᠧᠲ᠋ᠷ=1,000 ᠮᠧᠲ᠋ᠷ᠂ 1 ᠮᠢᠯᠯᠢᠮᠧᠲ᠋ᠷ=1/1,000 ᠮᠧᠲ᠋ᠷ᠂ 1 ᠮᠢᠺᠷᠣᠮᠧᠲ᠋ᠷ=1/1,000,000 ᠮᠧᠲ᠋ᠷ ᠭᠡᠳᠡᠭ ᠰᠢᠭ 1 ᠨᠨᠣᠮᠧᠲ᠋ᠷ ᠭᠡᠳᠡᠭ ᠨᠢ 1 ᠮᠧᠲ᠋ᠷ ᠢ ᠨᠢᠭᠡ ᠲᠡᠷᠪᠤᠮ ᠬᠤᠪᠢᠶᠠᠭᠰᠠᠨ ᠤ ᠨᠢᠭᠡ ᠪᠤᠶᠤ 1 ᠨᠨᠣᠮᠧᠲ᠋ᠷ=1/1,000,000,000 ᠮᠧᠲ᠋ᠷ ᠬᠡᠮᠵᠢᠶ᠎ᠡ ᠶᠤᠮ᠃ ᠨᠢᠭᠡ ᠮᠢᠯᠯᠢᠮᠧᠲ᠋ᠷ ᠢ 1 ᠰᠠᠶ᠎ᠠ ᠬᠤᠪᠢᠶᠠᠵᠤ᠂ ᠡᠰᠡᠪᠡᠯ ᠬᠦᠮᠦᠨ ᠦ ᠦᠰᠦ ᠶᠢ 100,000 ᠳᠠᠬᠢᠨ ᠬᠤᠪᠢᠶᠠᠪᠠᠯ 1 ᠨᠮ ᠪᠣᠯᠬᠤ ᠠᠵᠡᠢ᠃ ᠨᠨᠣᠲ᠋ᠧᠭᠨᠣᠯᠣᠭ ᠤᠨ ᠠᠬ᠎ᠠ ᠪᠣᠯᠬᠤ ᠮᠢᠺᠷᠣᠲ᠋ᠧᠭᠨᠣᠯᠣᠭ ᠤᠨ ᠦᠷ᠎ᠡ ᠳ᠋ᠦᠩ ᠳᠦ ᠮᠢᠺᠷᠣ᠋ ᠺᠣᠮᠫᠢᠶᠦ᠋ᠲ᠋ᠧᠷ ᠢ ᠵᠣᠬᠢᠶᠠᠨ ᠪᠦᠲᠦᠭᠡᠨ ᠬᠡᠷᠡᠭᠯᠡᠬᠦ ᠪᠣᠯᠤᠭᠰᠠᠨ ᠢᠶᠠᠷ ᠬᠦᠮᠦᠨ ᠲᠥᠷᠥᠯᠬᠢᠲᠡᠨ ᠮᠡᠳᠡᠭᠡᠯᠡᠯ᠂ ᠬᠠᠷᠢᠯᠴᠠᠭ᠎ᠠ ᠬᠣᠯᠪᠣᠭᠠᠨ ᠤ ᠥᠨᠳᠥᠷ ᠬᠥᠭᠵᠢᠯᠳᠦ ᠬᠦᠷᠦᠭᠰᠡᠨ ᠪᠢᠯᠡ᠃ ᠲᠡᠭᠡᠪᠡᠯ ᠠᠯᠢᠪᠠ ᠵᠦᠢᠯ ᠢ ᠨᠨᠣᠮᠧᠲ᠋ᠷ ᠬᠡᠮᠵᠢᠶ᠎ᠡ ᠲᠡᠢ ᠬᠢᠵᠦ ᠴᠢᠳᠠᠳᠠᠭ ᠪᠣᠯᠤᠭᠰᠠᠨ ᠢᠶᠠᠷ ᠬᠦᠮᠦᠨ ᠲᠥᠷᠥᠯᠬᠢᠲᠡᠨ ᠠᠨᠠᠭᠠᠬᠤ ᠤᠬᠠᠭᠠᠨ᠂ ᠡᠯᠧᠺᠲ᠋ᠷᠣᠨᠢᠺ᠂ ᠪᠢᠣᠲ᠋ᠧᠭᠨᠣᠯᠣᠭᠢ᠂ ᠡᠨᠧᠷᠭᠢ ᠦᠢᠯᠡᠳᠪᠦᠷᠢᠯᠡᠯ ᠭᠡᠬᠦ ᠮᠡᠲᠦ ᠮᠠᠰᠢ ᠣᠯᠠᠨ ᠰᠠᠯᠪᠠᠷ ᠲᠤ ᠪᠠᠨ ᠳᠡᠪᠰᠢᠯ ᠠᠪᠴᠢᠷᠠᠬᠤ ᠪᠣᠯᠤᠨ᠎ᠠ᠃ ᠡᠷᠳᠡᠮᠲᠡᠳ ᠨᠨᠣᠲ᠋ᠧᠭᠨᠣᠯᠣᠭᠢ ᠬᠦᠮᠦᠨ ᠲᠥᠷᠥᠯᠬᠢᠲᠡᠨ ᠦ ᠬᠥᠭᠵᠢᠯᠳᠦ ᠳᠡᠪᠰᠢᠯ ᠠᠪᠴᠢᠷᠠᠬᠤ ᠶᠢᠨ ᠵᠡᠷᠭᠡᠴᠡᠭᠡ ᠪᠠᠶᠢᠭᠠᠯᠢ ᠤᠷᠴᠢᠨ ᠳᠤ ᠨᠦᠯᠦᠭᠡᠯᠡᠬᠦ ᠬᠣᠣᠷ ᠬᠥᠨᠥᠭᠡᠯ᠂ ᠡᠳ᠋ ᠍ ᠦᠨ ᠵᠠᠰᠠᠭ ᠤᠨ ᠣᠭᠴᠣᠮ ᠥᠭᠡᠷᠡᠴᠢᠯᠡᠯᠲᠡ᠂ ᠴᠣ ᠰᠢᠨ᠎ᠡ ᠶᠣᠰᠣ ᠵᠦᠢ ᠶᠢᠨ ᠵᠥᠷᠢᠴᠡᠯ ᠦᠳ ᠭᠡᠬᠦ ᠮᠡᠲᠦ ᠰᠥᠷᠭᠦ ᠦᠵᠡᠭᠳᠡᠯ  ᠦᠳ ᠳᠠᠭᠠᠭᠤᠯᠤᠨ᠎ᠠ ᠬᠡᠮᠡᠨ ᠦᠵᠡᠵᠦ ᠪᠠᠶᠢᠨ᠎ᠠ᠃ ᠬᠦᠮᠦᠰ ᠦᠨ ᠮᠡᠳᠡᠯᠭᠡ ᠨᠢᠮᠭᠡᠨ ᠢ ᠠᠰᠢᠭᠯᠠᠨ 《ᠨᠤᠨᠠ》 ᠨᠡᠷ᠎ᠡ ᠲᠡᠢ ᠪᠦᠲᠦᠭᠡᠭᠳᠡᠬᠦᠨ ᠰᠤᠷᠲᠠᠯᠴᠢᠯᠠᠬᠤ ᠨᠢ ᠰᠡᠭᠦᠯ ᠦᠨ ᠦᠶ᠎ᠡ ᠳᠦ ᠶᠡᠬᠡᠰᠦᠭᠡᠳ ᠪᠠᠶᠢᠭ᠎ᠠ ᠨᠢ ᠡᠭᠦᠨ ᠦ ᠨᠢᠭᠡ ᠢᠯᠡᠷᠡᠯ ᠭᠡᠵᠦ ᠦᠵᠡᠵᠦ ᠪᠣᠯᠤᠨ᠎ᠠ᠃ ᠡᠶᠢᠮᠦ ᠳᠦ ᠵᠠᠰᠠᠭ ᠤᠨ ᠭᠠᠵᠠᠷ ᠠᠴᠠ ᠡᠨᠡᠬᠦ ᠰᠢᠨ᠎ᠡ ᠲᠧᠭᠨᠣᠯᠣᠭᠢ ᠶᠢᠨ ᠬᠡᠷᠡᠭᠯᠡᠭᠡ ᠶᠢ ᠵᠣᠬᠢᠴᠠᠭᠤᠯᠬᠤ ᠬᠠᠤᠯᠢ ᠡᠷᠬᠡ ᠵᠦᠢ ᠶᠢᠨ ᠣᠷᠴᠢᠨ ᠢ ᠪᠤᠢ ᠪᠣᠯᠭᠠᠬᠤ ᠱᠠᠭᠠᠷᠳᠠᠯᠭ᠎ᠠ ᠲᠠᠢ ᠶᠤᠮ᠃

ᠪᠢᠴᠢᠭᠡᠰᠦ