ᠨᠥᠮᠥᠷᠭᠡ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠤᠯᠤᠰ ᠍ ᠍ ᠤᠨ ᠭᠤᠷᠪᠠᠨ ᠵᠠᠭᠤᠨ ᠭᠤᠴᠢᠨ ᠰᠤᠮᠤ ᠶᠢᠨ ᠨᠢᠭᠡ
ᠨᠥᠮᠥᠷᠭᠡ ᠰᠤᠮᠤ
ᠤᠯᠤᠰ ᠣᠷᠣᠨ ᠮᠣᠩᠭᠣᠯ ᠮᠣᠩᠭᠣᠯ (ᠮᠣᠩᠭᠣᠯ ᠤᠯᠤᠰ)
ᠠᠶᠢᠮᠠᠭ Zavchan.gif ᠵᠠᠪᠬᠠᠨ
ᠵᠠᠰᠠᠭ ᠵᠠᠬᠢᠷᠭᠠᠨ ᠤ ᠨᠢᠭᠡᠴᠡ ᠰᠤᠮᠤ
ᠵᠠᠰᠠᠭ ᠵᠠᠬᠢᠷᠭᠠᠨ ᠤ ᠲᠥᠪ ᠬᠥᠳᠦᠷᠭᠡ
ᠨᠤᠲᠤᠭ ᠤᠨ ᠬᠤᠪᠢᠶᠠᠷᠢ 5 ᠪᠠᠭ ᠪᠣᠯᠤᠨ᠎ᠠ
ᠭᠠᠵᠠᠷ ᠨᠤᠲᠤᠭ 3,300 ᠺᠦᠸᠠᠳ᠋ ᠺᠢᠯᠣᠮᠧᠲ᠋ᠷ
ᠬᠦᠮᠦᠨ ᠠᠮᠠ (2010) 1,608 ᠬᠦᠮᠦᠨ
ᠨᠢᠭᠲᠠᠴᠠ ᠰᠡᠶᠢᠷᠡᠭ 0.49 ᠬᠦᠮᠦᠨ/км²
ᠨᠥᠮᠥᠷᠭᠡ ᠰᠤᠮᠤ ᠶᠢᠨ ᠬᠢᠨ
ᠵᠠᠪᠬᠠᠨ ᠤ ᠨᠥᠮᠥᠷᠭᠡ ᠶᠢᠨ ᠬᠢᠨ
ᠦᠨᠳᠦᠰᠦᠨ ᠳᠦ ᠪᠡᠨ
ᠮᠣᠩᠭᠣᠯ ᠦᠨᠳᠦᠰᠦᠲᠡᠨ
ᠴᠠᠭ ᠤᠨ ᠪᠥᠰᠡ ᠤᠯᠠᠭᠠᠨᠪᠠᠭᠠᠲᠤᠷ ᠤᠨ ᠴᠠᠭ (GMT+8)

ᠨᠥᠮᠥᠷᠭᠡ ᠨᠢ ᠵᠠᠪᠬᠠᠨ ᠠᠶᠢᠮᠠᠭ ᠤᠨ ᠰᠤᠮᠤ ᠶᠤᠮ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠥᠮᠥᠷᠭᠡ ᠰᠤᠮᠤ ᠨᠢ ᠪᠠᠶᠢᠭᠠᠯᠢ ᠶᠢᠨ ᠥᠪᠡᠷᠮᠢᠴᠡ ᠰᠠᠶᠢᠬᠠᠨ ᠲᠣᠭᠲᠠᠴᠠ ᠲᠠᠢ᠂ ᠬᠠᠩᠭᠠᠢ ᠭᠣᠪᠢ ᠬᠣᠣᠰᠯᠠᠭᠰᠠᠨ ᠦᠵᠡᠰᠬᠦᠯᠡᠩᠲᠦ ᠰᠠᠶᠢᠬᠠᠨ ᠨᠤᠲᠤᠭ ᠶᠤᠮ᠃ ᠰᠤᠮᠤ ᠶᠢᠨ ᠲᠥᠪ ᠨᠢ ᠠᠶᠢᠮᠠᠭ ᠤᠨ ᠲᠥᠪ ᠡᠴᠡ 152 ᠺᠢᠯᠣᠮᠧᠲ᠋ᠷ ᠦᠨ ᠵᠠᠢ ᠳᠤ ᠣᠷᠣᠰᠢᠨ᠎ᠠ᠃ 3277 ᠺᠦᠸᠠᠳ᠋ ᠺᠢᠯᠣᠮᠧᠲ᠋ᠷ ᠲᠠᠯᠠᠪᠠᠢ ᠶᠢ ᠡᠵᠡᠯᠡᠨ ᠤᠷᠤᠰᠢᠬᠤ ᠲᠤᠰ ᠰᠤᠮᠤ 2010 ᠣᠨ ᠤ ᠪᠠᠶᠢᠳᠠᠯ ᠢᠶᠠᠷ 1608 ᠬᠦᠮᠦᠨ ᠠᠮᠠ ᠲᠠᠢ᠃ ᠳᠠᠯᠠᠢ ᠶᠢᠨ ᠲᠦᠪᠰᠢᠨ ᠡᠴᠡ ᠳᠡᠭᠡᠭᠰᠢ ᠳᠤᠮᠳᠠᠴᠢ ᠪᠠᠷ 2579 ᠮᠧᠲ᠋ᠷ ᠥᠨᠳᠥᠷ ᠲᠦ ᠡᠷᠭᠦᠭᠳᠡᠭᠰᠡᠨ᠃ ᠠᠭᠠᠷ ᠤᠨ ᠲᠣᠯᠠᠭᠠᠨ ᠤ ᠬᠡᠮᠵᠢᠶ᠎ᠡ ᠨᠡᠮᠡᠬᠦ 35, ᠬᠠᠰᠤᠬᠤ 50 ᠬᠡᠮ ᠳᠦ ᠬᠦᠷᠡᠳᠡᠭ᠂ ᠪᠠᠶᠢᠭᠠᠯᠢ ᠶᠢᠨ ᠡᠷᠡᠰ ᠲᠡᠰᠦ ᠠᠭᠤᠷ ᠠᠮᠢᠰᠬᠤᠯ ᠲᠠᠢ᠃

ᠨᠠᠭᠤᠷ
  • ᠲᠡᠯᠮᠡᠨ ᠨᠠᠭᠤᠷ - ᠭᠦᠨᠡ ᠪᠡᠷ ᠢᠶᠡᠨ ᠮᠣᠩᠭᠣᠯ ᠳᠤ ᠡᠬᠢᠨ ᠦ 5 ᠍ ᠍ ᠳᠦ ᠣᠷᠣᠳᠠᠭ᠃
  • ᠬᠣᠯᠪᠣᠭ᠎ᠠ ᠨᠠᠭᠤᠷ
  • ᠲᠠᠬᠢᠯ ᠳᠤ ᠨᠠᠭᠤᠷ
  • ᠬᠤᠨᠲᠤ ᠨᠠᠭᠤᠷ
  • ᠴᠡᠴᠡᠭ ᠨᠠᠭᠤᠷ
  • ᠢᠯᠠᠭ᠎ᠠ ᠳᠤ ᠨᠠᠭᠤᠷ
  • ᠴᠠᠭᠠᠨ ᠨᠠᠭᠤᠷ
  • ᠪᠥᠰᠡ ᠳᠦ ᠨᠠᠭᠤᠷ
  • ᠳᠣᠯᠣᠭᠠᠨ ᠨᠠᠭᠤᠷ
  • ᠲᠠᠭ ᠤᠨ ᠨᠠᠭᠤᠷ
  • ᠤᠯᠠᠭᠠᠨ ᠨᠠᠭᠤᠷ


ᠭᠣᠣᠯ
  • ᠬᠣᠭᠣᠯᠠᠢ ᠶᠢᠨ ᠭᠣᠣᠯ
  • ᠨᠠᠷᠢᠨ ᠭᠣᠣᠯ
  • ᠤᠯᠠᠭᠴᠢᠨ ᠤ ᠭᠣᠣᠯ
  • ᠠᠩᠭᠢᠷᠲ ᠤᠨ ᠭᠣᠣᠯ
  • ᠠᠷᠤ ᠰᠢᠪᠡᠷᠢᠲᠡᠢ ᠶᠢᠨ ᠭᠣᠣᠯ
  • ᠥᠪᠥᠷ ᠰᠢᠪᠡᠷᠢᠲᠡᠢ ᠶᠢᠨ ᠭᠣᠣᠯ
ᠡᠮ ᠦᠨ ᠵᠣᠷᠢᠭᠤᠯᠤᠯᠲᠠᠢ ᠷᠠᠰᠢᠶᠠᠨ ᠨᠤᠭᠤᠳ
  • ᠪᠠᠶᠠᠨᠵᠢᠷᠦᠬᠡ ᠶᠢᠨ ᠷᠠᠰᠢᠶᠠᠨ - ᠡᠨᠳᠡ ᠪᠠᠶᠠᠨᠵᠢᠷᠦᠬᠡ ᠶᠢᠨ ᠷᠠᠰᠢᠶᠠᠨ ᠠᠮᠠᠷᠠᠯᠲᠠ ᠪᠥᠭᠡᠳ ᠤᠭ ᠭᠠᠵᠠᠷ 5 ᠴᠤᠯᠤ ᠶᠢᠨ ᠷᠠᠰᠢᠶᠠᠨ᠂ ᠨᠢᠳᠦ᠂ ᠴᠢᠬᠢ᠂ ᠬᠠᠮᠠᠷ᠂ ᠬᠣᠭᠣᠯᠠᠢ ᠶᠢᠨ ᠷᠠᠰᠢᠶᠠᠨ ᠲᠠᠢ
  • ᠦᠰᠦᠲᠦ ᠶᠢᠨ ᠷᠠᠰᠢᠶᠠᠨ - 5 ᠴᠤᠯᠤ ᠪᠣᠯᠤᠨ ᠬᠣᠳᠣᠭᠣᠳᠣᠨ ᠤ ᠬᠦᠴᠢᠯ ᠶᠡᠬᠡ ᠲᠡᠢ ᠬᠦᠮᠦᠰ ᠤᠤᠭᠤᠪᠠᠯ ᠨᠡᠩ ᠲᠤᠰᠠᠲᠠᠢ
  • ᠪᠤᠷᠭᠠᠰᠤᠨ ᠦ ᠷᠠᠰᠢᠶᠠᠨ
ᠠᠤᠯᠠᠯᠠᠰ
  • ᠨᠥᠮᠥᠷᠭᠡ ᠶᠢᠨ ᠨᠢᠷᠤᠭᠤ
  • ᠬᠥᠳᠦᠷᠭᠡ ᠶᠢᠨ ᠨᠢᠷᠤᠭᠤ
  • ᠴᠢᠳᠠᠪᠤᠷᠢ ᠪᠠᠶᠠᠨᠵᠢᠷᠦᠬᠡ
  • ᠶᠡᠬᠡ ᠪᠠᠭ᠎ᠠ ᠬᠠᠶᠢᠷᠬᠠᠨ
  • ᠪᠤᠭᠤ ᠥᠨᠳᠥᠷ

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠣᠷᠣᠨ ᠤ ᠪᠠᠨ ᠲᠤᠰᠠᠭᠠᠷ ᠲᠣᠭᠲᠠᠨᠢᠯ ᠡᠷᠬᠡ ᠴᠢᠯᠦᠭᠡᠨ ᠦ ᠲᠥᠯᠥᠭᠡ ᠴᠣᠭᠲᠠᠢ ᠲᠡᠮᠡᠴᠡᠭᠴᠢ ᠬᠣᠲᠣᠭᠣᠶᠢᠳ ᠤᠨ ᠠᠷᠠᠳ ᠲᠦᠮᠡᠨ ᠦ ᠦᠨᠳᠦᠰᠦᠨ ᠦ ᠪᠠᠭᠠᠲᠤᠷ ᠰᠢᠳᠠᠷ ᠸᠠᠩ ᠴᠢᠩᠭᠦᠩᠵᠠᠪ ᠤᠨ ᠠᠷᠠᠳ ᠲᠦᠮᠡᠨ ᠢᠶᠡᠨ ᠭᠡᠰᠡᠨ ᠲᠡᠮᠡᠴᠡᠯ ᠦᠨ ᠳᠠᠷᠠᠭ᠎ᠠ ᠬᠣᠲᠣᠭᠣᠶᠢᠳ ᠤᠨ ᠠᠷᠠᠳ ᠲᠦᠮᠡᠨ ᠢ ᠡᠷᠳᠡᠨᠢᠳᠡᠭᠦᠷᠦᠭᠴᠢ ᠸᠠᠩ ᠤᠨ᠂ ᠴᠣᠭ ᠲᠠᠢ ᠸᠠᠩ ᠤᠨ᠂ ᠮᠡᠷᠭᠡᠨ ᠲᠦᠰᠢᠶ᠎ᠡ ᠭᠦᠨ ᠦ᠂ ᠳᠠᠯᠠᠢ ᠭᠦᠨ ᠦ᠂ ᠠᠬᠠᠢ ᠪᠡᠶᠢᠰᠡ ᠶᠢᠨ ᠭᠡᠰᠡᠨ ᠲᠠᠪᠤᠨ ᠬᠣᠰᠢᠭᠤᠨ ᠳᠤ ᠵᠠᠳᠠᠯᠤᠭᠰᠠᠨ ᠤ ᠨᠢᠭᠡ ᠴᠣᠭ ᠲᠠᠢ ᠸᠠᠩ ᠤᠨ ᠬᠣᠰᠢᠭᠤᠨ ᠳᠤ ᠣᠳᠣ ᠶᠢᠨ ᠨᠥᠮᠥᠷᠭᠡ ᠰᠤᠮᠤ ᠶᠢᠨ ᠨᠤᠲᠤᠭ ᠬᠠᠷᠢᠶᠠᠯᠠᠭᠳᠠᠵᠤ ᠪᠠᠶᠢᠪᠠ᠃

1921 ᠣᠨ ᠳᠤ ᠠᠷᠠᠳ ᠤᠨ ᠬᠤᠪᠢᠰᠬᠠᠯ ᠤᠨ ᠦᠷ᠎ᠡ ᠳ᠋ᠦᠩ ᠳᠦ ᠵᠠᠰᠠᠭ ᠤᠨ ᠡᠷᠬᠡ ᠠᠷᠠᠳ ᠲᠦᠮᠡᠨ ᠦ ᠭᠠᠷ ᠲᠤ ᠰᠢᠯᠵᠢᠵᠦ ᠹᠧᠣᠳᠠᠯ ᠤᠨ ᠦᠶ᠎ᠡ ᠵᠠᠯᠭᠠᠮᠵᠢᠯᠢᠯᠠᠭᠰᠠᠨ ᠵᠠᠰᠠᠭᠯᠠᠯ ᠤᠨ ᠰᠢᠰᠲ᠋ᠧᠮ ᠢ ᠬᠠᠯᠠᠵᠠᠢ᠃ ᠨᠥᠮᠥᠷᠭᠡ ᠰᠤᠮᠤ ᠨᠢ ᠠᠩᠬ᠎ᠠ 1923 ᠣᠨ ᠳᠤ ᠬᠠᠨᠲᠠᠶᠢᠰᠢᠷᠢ ᠤᠤᠯ ᠤᠨ ᠠᠶᠢᠮᠠᠭ ᠤᠨ ᠨᠥᠮᠥᠷᠭᠡ ᠤᠤᠯ ᠤᠨ ᠬᠣᠰᠢᠭᠤ ᠨᠡᠷ᠎ᠡ ᠲᠡᠢ ᠪᠡᠷ ᠪᠠᠶᠢᠭᠤᠯᠤᠭᠳᠠᠵᠤ᠂ ᠤᠯᠠᠮ ᠢᠶᠠᠷ 1931 ᠣᠨ ᠳᠤ ᠣᠷᠣᠨ ᠨᠤᠲᠤᠭ ᠤᠨ ᠵᠠᠰᠠᠭ ᠵᠠᠬᠢᠷᠭᠠᠨ ᠤ ᠵᠣᠬᠢᠶᠠᠨ ᠪᠠᠶᠢᠭᠤᠯᠤᠯᠲᠠ ᠶᠢ ᠰᠢᠨᠡᠴᠢᠯᠡᠵᠦ ᠥᠭᠡᠷᠡᠴᠢᠯᠡᠬᠦ ᠳᠦ ᠵᠠᠪᠬᠠᠨ ᠠᠶᠢᠮᠠᠭ ᠤᠨ ᠨᠥᠮᠥᠷᠭᠡ ᠰᠤᠮᠤ ᠭᠡᠵᠦ 7 ᠪᠠᠭ ᠲᠠᠢ 1800 ᠭᠠᠷᠤᠢ ᠬᠦᠮᠦᠨ ᠠᠮᠠ ᠲᠠᠢ 500 ᠭᠠᠷᠤᠢ ᠬᠤᠪᠢ ᠤᠨ ᠠᠵᠤ ᠠᠬᠤᠢ ᠲᠠᠢ ᠪᠠᠷ ᠵᠣᠬᠢᠶᠠᠨ ᠪᠠᠶᠢᠭᠤᠯᠤᠭᠳᠠᠭᠰᠠᠨ ᠶᠤᠮ᠃

ᠨᠥᠮᠥᠷᠭᠡ ᠤᠤᠯ ᠤᠨ ᠬᠣᠰᠢᠭᠤ ᠨᠢ ᠣᠳᠣ ᠶᠢᠨ ᠵᠠᠪᠬᠠᠨ ᠠᠶᠢᠮᠠᠭ ᠤᠨ ᠨᠥᠮᠥᠷᠭᠡ ᠰᠤᠮᠤ ᠪᠥᠬᠥᠯᠢᠳᠡᠭᠡ᠂ ᠲᠦᠳᠦᠪ ᠲᠡᠢ ᠰᠤᠮᠤ ᠶᠢᠨ ᠣᠶᠢᠭᠣᠨ᠂ ᠰᠠᠩᠲᠤ ᠪᠠᠭ᠂ ᠢᠷᠠᠭᠤ ᠰᠤᠮᠤ ᠶᠢᠨ ᠥᠷᠭᠡᠨ᠂ ᠲᠡᠯᠡᠮᠡᠨ ᠰᠤᠮᠤ ᠶᠢᠨ ᠨᠠᠭᠤᠷ᠂ ᠥᠭᠭᠢᠶᠡᠮᠦᠷ ᠪᠠᠭ ᠤᠳ᠂ ᠮᠥᠨ ᠬᠥᠪᠰᠥᠭᠥᠯ ᠠᠶᠢᠮᠠᠭ ᠤᠨ ᠴᠡᠴᠡᠷᠯᠢᠭ ᠰᠤᠮᠤ ᠶᠢᠨ ᠪᠠᠷᠠᠭᠤᠨ ᠬᠡᠰᠡᠭ ᠢ ᠬᠠᠮᠤᠷᠤᠭᠰᠠᠨ ᠥᠷᠭᠡᠨ ᠠᠭᠤᠳᠠᠮ ᠨᠤᠲᠤᠭ ᠲᠠᠢ᠂ ᠠᠭᠤᠭᠤᠯ ᠢᠷᠭᠡᠳ ᠨᠢ ᠳᠠᠩ ᠬᠣᠲᠣᠭᠣᠶᠢᠳ ᠤᠳ ᠪᠠᠶᠢᠪᠠ᠃

ᠲᠤᠰ ᠰᠤᠮᠤᠨ ᠳᠤ ᠠᠩᠬᠠᠨ ᠤ ᠬᠥᠳᠡᠭᠡ ᠠᠵᠤ ᠠᠬᠤᠢ ᠶᠢᠨ ᠨᠢᠭᠡᠳᠦᠯ 1936 ᠣᠨ ᠳᠤ᠂ ᠰᠤᠷᠭᠠᠭᠤᠯᠢ 1924 ᠣᠨ ᠳᠤ᠂ ᠬᠦᠮᠦᠨ ᠡᠮᠨᠡᠯᠭᠡ 1937 ᠣᠨ ᠳᠤ᠂ ᠬᠣᠯᠪᠣᠭᠠᠨ ᠤ ᠰᠠᠯᠪᠤᠷᠢ 1941 ᠣᠨ ᠳᠤ᠂ ᠬᠣᠷᠰᠢᠶ᠎ᠠ 1944 ᠣᠨ ᠳᠤ᠂ ᠴᠠᠭ ᠠᠭᠤᠷ ᠤᠨ ᠰᠠᠯᠪᠤᠷᠢ 1962 ᠣᠨ ᠳᠤ᠂ ᠪᠠᠩᠬᠢᠨ ᠤ ᠰᠠᠯᠪᠤᠷᠢ 1964 ᠣᠨ ᠳᠤ᠂ ШТСтанц 1960 ᠣᠨ ᠳᠤ᠂ ᠰᠤᠶᠤᠯ ᠤᠨ ᠥᠷᠭᠥᠭᠡ 1955 ᠣᠨ ᠳᠤ ᠲᠤᠰ ᠲᠤᠰ ᠪᠠᠶᠢᠭᠤᠯᠤᠭᠳᠠᠵᠠᠢ᠃ ᠰᠣᠴᠢᠶᠠᠯᠢᠮ ᠤᠨ ᠵᠢᠯ ᠤᠨᠳ ᠲᠤ ᠰᠤᠮᠤ ᠪᠠᠷ ᠢᠶᠠᠨ 5 ᠵᠢᠯ ᠦᠨ ᠭᠠᠪᠰᠢᠭᠠᠶᠢᠴᠢ ᠬᠠᠮᠲᠤ ᠣᠯᠠᠨ ᠪᠣᠯᠵᠤ ᠪᠠᠶᠢᠭᠰᠠᠨ ᠲᠡᠳᠦᠢ ᠦᠭᠡᠢ ᠵᠠᠰᠠᠭ ᠤᠨ ᠭᠠᠵᠠᠷ ᠤᠨ ᠬᠦᠨᠳᠦᠳ ᠵᠢᠭᠤᠬᠤ ᠪᠢᠴᠢᠭ ᠢᠶᠡᠷ 2 ᠤᠳᠠᠭ᠎ᠠ ᠱᠠᠩᠨᠠᠭᠳᠠᠵᠤ ᠪᠠᠶᠢᠪᠠ᠃

ᠤᠳᠤᠷᠢᠳᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠣᠭ ᠲᠠᠢ ᠸᠠᠩ ᠤᠨ ᠬᠣᠰᠢᠭᠤᠨ ᠤ ᠵᠠᠰᠠᠭ ᠨᠣᠶᠠᠳ
  • ᠪᠦᠪᠡᠢ ᠪᠠᠭᠠᠲᠤᠷ 1700-1709
  • ᠥᠯᠵᠡᠶᠢᠲᠦ ᠬᠠᠲᠠᠨᠪᠠᠭᠠᠲᠤᠷ ᠨᠠᠮᠷᠢᠨᠰᠠᠮᠠᠭᠤ 1709-1718
  • ᠥᠯᠵᠡᠶᠢᠲᠦ ᠬᠠᠲᠠᠨᠪᠠᠭᠠᠲᠤᠷ ᠵᠠᠮᠢᠶᠠᠨ 1718-1725
  • ᠯᠤᠪᠰᠠᠩᠷᠧᠨᠴᠢᠩ ᠦᠨ ᠭᠦᠮᠪᠦᠰᠡᠷᠡᠩ 1725-1732
  • ᠯᠤᠪᠰᠠᠩᠷᠧᠨᠴᠢᠩ ᠦᠨ ᠯᠠᠷᠢ
  • ᠯᠠᠷ ᠤᠨ ᠪᠠᠨᠳᠢ 1737-1756
  • ᠪᠠᠨᠳᠢ ᠶᠢᠨ ᠰᠠᠨᠳᠢᠪᠦᠳᠣᠷᠵᠢ 1756-1795
  • ᠰᠠᠨᠳᠢᠪᠦᠳᠣᠷᠵᠢ ᠶᠢᠨ ᠴᠡᠰᠦ᠋ᠷᠦᠩᠳᠣᠷᠵᠢ 1795-1808
  • ᠴᠡᠰᠦ᠋ᠷᠦᠩᠳᠣᠷᠵᠢ ᠶᠢᠨ ᠭᠠᠯᠳᠠᠨᠭᠦᠩᠲᠦᠪᠡ 1808-1846
  • ᠭᠠᠯᠳᠠᠨᠭᠦᠨᠲᠡᠪ ᠦᠨ ᠮᠠᠭᠰᠤᠷᠵᠠᠪ 1846-1863
  • ᠮᠠᠭᠰᠤᠷᠵᠠᠪ ᠤᠨ ᠵᠠᠳᠦᠰᠠᠮᠪᠠᠷ 1863-1894
  • ᠵᠠᠳᠦᠰᠠᠮᠪᠠᠷ ᠤᠨ ᠳᠠᠮᠳᠢᠨᠠᠪᠥᠱᠠ 1894-1923
ᠨᠥᠮᠥᠷᠭᠡ ᠤᠤᠯ ᠤᠨ ᠬᠣᠰᠢᠭᠤᠨ ᠤ ᠵᠠᠰᠠᠭ ᠳᠠᠷᠤᠭ᠎ᠠ ᠨᠠᠷ
  • ᠬᠠᠲᠠᠭᠠᠢ ᠶᠢᠨ ᠸᠠᠩᠴᠢᠨ 1924-1927
  • ᠳᠠᠰᠢᠵᠡᠪᠡᠭ 1927-1929
  • ᠯᠦᠮᠪᠦᠨ 1929-1930
  • ᠳᠠᠨᠠᠵᠠᠪ 1930-1932
ᠨᠥᠮᠥᠷᠭᠡ ᠰᠤᠮᠤ ᠶᠢᠨ ᠵᠠᠰᠠᠭ ᠳᠠᠷᠤᠭ᠎ᠠ ᠨᠠᠷ
  • ᠭᠤᠨᠠᠵᠠᠪ
  • ᠳᠠᠷᠵᠢᠶ᠎ᠠ
  • ᠯᠤᠪᠰᠠᠩᠫᠦᠷᠪᠦ
  • ᠰᠤᠨᠳᠤᠢ
  • ᠵᠠᠮᠴᠤ
  • ᠴᠢᠯᠠᠭᠤᠨᠲᠠᠣᠭᠲᠤᠬᠤ 1948-1952
  • ᠷᠠᠭᠴᠠ 1952-1955
  • ᠴᠣᠶᠢᠵᠢᠯᠵᠠᠪ ᠤᠨ ᠮᠠᠭᠰᠠᠷ 1955-1957
  • ᠲᠦᠳᠦᠪ 1957-1959
  • ᠰᠡᠷᠡᠩᠳᠣᠷᠵᠢ 1959-1962
  • ᠯᠤᠪᠰᠠᠩᠰᠡᠷᠡᠩ ᠦᠨ ᠳᠠᠨᠽᠠᠨᠷᠠᠪᠵᠢᠶ᠎ᠠ 1962-1975
  • ᠢᠳᠠᠮᠵᠠᠪ ᠤᠨ ᠳᠠᠰᠫᠦᠨᠴᠠᠭ 1975-1983
  • ᠨᠠᠮᠰᠠᠷᠠᠶᠢᠵᠠᠪ ᠤᠨ ᠭᠣᠮᠪᠣᠵᠠᠪ 1983-1990
  • ᠪᠡᠭᠵᠡ ᠶᠢᠨ ᠳᠣᠪᠣᠴᠢᠨ 1990-1996
  • ᠴᠠᠩᠵᠤᠳ ᠤᠨ ᠰᠢᠷᠡᠩᠳᠡᠪ 1996-2000
  • ᠵᠠᠮᠢᠶᠠᠨᠵᠠᠪ ᠤᠨ ᠵᠠᠮᠢᠶᠠᠨᠲᠢᠪᠢ 2000-2004
  • ᠳᠡᠮᠴᠢᠭᠵᠠᠪ ᠤᠨ ᠯᠤᠪᠰᠠᠩᠳᠣᠷᠵᠢ 2004-2008
  • ᠨᠢᠮᠠᠰᠦ᠋ᠷᠦᠩ ᠦᠨ ᠲᠦᠮᠡᠨᠳᠣᠷᠵᠢ 2008-2012
  • ᠵᠦᠭᠳᠡᠷᠢᠨᠠᠮᠵᠢᠯ ᠤᠨᠨ ᠨᠠᠩᠵᠠᠳᠳᠣᠷᠵᠢ 2012-

ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠠᠷᠠᠳ ᠤᠨ ᠵᠠᠰᠠᠭ ᠤᠨ ᠠᠩᠬ᠎ᠠ ᠶᠢᠨ ᠶᠡᠷᠦᠩᠬᠡᠢ ᠰᠠᠶᠢᠳ ᠵᠢᠯᠠᠬᠠᠨᠵᠠ ᠬᠤᠲᠤᠭᠲᠤ ᠰ᠃ᠳᠠᠮᠳᠢᠨᠪᠠᠽᠠᠷ
  • ᠤᠯᠢᠶᠠᠰᠤᠲᠠᠢ ᠶᠢᠨ ᠰᠠᠶᠢᠳ ᠠᠭᠰᠠᠨ ᠳ᠋ᠢᠯᠠᠪᠠ ᠬᠤᠲᠤᠭᠲᠤ ᠪ᠃ᠵᠠᠮᠰᠠᠷᠠᠨᠵᠠᠪ
  • ᠢᠯᠠᠭᠤᠭᠰᠠᠨ ᠭᠡᠭᠡᠨ ᠳᠠᠮᠪᠢᠨᠢᠮ᠎ᠠ
  • ᠠᠷᠢ ᠭᠡᠭᠡᠨ ᠳᠠᠮᠳᠢᠨᠴᠤᠭᠳᠠᠨ
  • ᠲᠥᠷᠥ ᠨᠡᠶᠢᠭᠡᠮ ᠤᠨ ᠵᠢᠳᠬᠦᠯᠲᠡᠨ ᠪ᠃ᠡᠯᠳᠡᠪ-ᠣᠴᠢᠷ
  • ᠮᠠᠯ ᠲᠠᠷᠢᠶᠠᠯᠠᠩ ᠤᠨ ᠶᠠᠮᠤᠨ ᠤ ᠳᠡᠳ᠋ ᠰᠠᠶᠢᠳ ᠪ᠃ᠪᠠᠲᠤᠵᠢᠷᠭᠠᠯ
  • ᠰᠠᠩ ᠤᠨ ᠰᠠᠶᠢᠳ᠂ ᠮᠣᠩᠭᠣᠯ ᠪᠠᠩᠬᠢᠨ ᠤ ᠶᠡᠷᠦᠩᠬᠡᠶᠢᠯᠡᠭᠴᠢ ᠠᠰᠠᠨ ᠳ᠃ᠮᠣᠯᠣᠮᠵᠠᠮᠰᠤ
  • ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠷᠢᠶᠠᠨ ᠤ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠠᠰᠠᠨ ᠭ᠃ᠸᠴᠢᠷᠪᠠᠲᠤ
  • ᠤᠯᠤᠰ ᠤᠨ ᠶᠡᠬᠡ ᠬᠤᠷᠠᠯ ᠶᠢᠨ ᠭᠡᠰᠢᠭᠦᠨ ᠠᠰᠠᠨ ᠷ᠃ᠠᠮᠤᠷᠰᠠᠶᠢᠬᠠᠨ
  • ᠤᠯᠤᠰ ᠤᠨ ᠶᠡᠬᠡ ᠬᠤᠷᠠᠯ ᠶᠢᠨ ᠭᠡᠰᠢᠭᠦᠨ ᠠᠰᠠᠨ ᠪ᠃ᠪᠠᠭᠠᠲᠤᠷᠵᠣᠷᠢᠭ
  • ᠦᠨᠳᠦᠰᠦᠨ ᠦ ᠣᠯᠢᠮᠫᠢᠺ ᠤᠨ ᠬᠣᠷᠢᠶᠠᠨ ᠤ ᠶᠡᠷᠦᠩᠬᠡᠶᠢᠯᠡᠭᠴᠢ ᠳ᠃ᠵᠠᠭᠠᠳᠠᠰᠦ᠋ᠷᠦᠩ
  • ᠡᠷᠡᠭᠦᠯ ᠮᠡᠨᠳᠦ ᠶᠢᠨ ᠶᠠᠮᠤ ᠤ ᠲᠥᠷᠥ ᠶᠢᠨ ᠨᠠᠷᠢᠨ ᠪᠢᠴᠢᠭ ᠦᠨ ᠳᠠᠷᠤᠭ᠎ᠠ ᠠᠰᠠᠨ ᠴ᠃ᠰᠣᠳᠨᠠᠮᠫᠢᠯ
  • ᠳ᠋ᠣᠺᠲ᠋ᠣᠷ ᠫᠷᠣᠹᠧᠰᠰᠣᠷ ᠴ᠃ᠵᠠᠩᠴᠢᠪ
  • ᠬᠥᠳᠡᠯᠮᠦᠷᠢ ᠶᠢᠨ ᠪᠠᠭᠠᠲᠤᠷ ᠳ᠃ᠳᠠᠷᠠᠮ᠎ᠠ ᠪᠠᠨ
  • ᠭᠠᠪᠢᠶ᠎ᠠ ᠳᠤ ᠵᠦᠵᠦᠭᠡᠴᠢᠨ ᠫ᠃ᠮᠥᠩᠬᠡ ᠪᠡᠨ
  • ᠭᠠᠪᠢᠶ᠎ᠠ ᠳᠤ ᠵᠦᠵᠦᠭᠡᠴᠢᠨ ᠭ᠃ᠶᠠᠭᠸᠠᠩ
  • СТА ᠳᠠᠭᠤᠴᠢᠨ᠎ᠠ᠃ᠬᠠᠶᠠᠨᠬᠢᠷᠪᠠ ᠪᠠᠨ
  • ᠭᠠᠪᠢᠶ᠎ᠠ ᠳᠤ ᠵᠢᠳᠬᠦᠯᠲᠡᠨ ᠭ᠃ᠳᠠᠰᠢᠳᠠᠪᠠ
  • ᠭᠠᠪᠢᠶ᠎ᠠ ᠳᠤ ᠵᠢᠳᠬᠦᠯᠲᠡᠨ ᠽ᠃ᠲᠦᠮᠡᠨ-ᠥᠯᠵᠡᠢ
  • ᠭᠠᠪᠢᠶ᠎ᠠ ᠳᠤ ᠠᠵᠢᠯᠲᠠᠨ ᠪ᠃ᠨᠣᠷᠳᠠᠭ
  • ᠭᠠᠪᠢᠶ᠎ᠠ ᠳᠤ ᠠᠵᠢᠯᠲᠠᠨ ᠳ᠃ᠨᠠᠨᠵᠢᠸᠠᠩᠳᠠᠨ
  • ᠭᠠᠪᠢᠶ᠎ᠠ ᠳᠤ ᠡᠮᠴᠢ ᠳ᠃ᠳᠠᠷᠢᠮ᠎ᠠ
  • ᠭᠠᠪᠢᠶ᠎ᠠ ᠳᠤ ᠨᠢᠰᠬᠡᠭᠴᠢ ᠢ᠃ᠬᠣᠷᠣᠯᠳᠣᠷᠵᠢ
  • ᠭᠠᠪᠢᠶ᠎ᠠ ᠳᠤ ᠲᠠᠮᠢᠷᠴᠢᠨ ᠬ᠃ᠠᠯᠲᠠᠨᠬᠤᠶᠠᠭ
  • ᠮᠣᠩᠭᠣᠯ ᠤᠯᠤᠰ ᠤᠨ ᠭᠠᠷᠤᠳᠢ ᠮ᠃ᠪᠠᠶᠠᠷᠵᠢᠪᠬᠤᠯᠠᠩ
  • ᠮᠣᠩᠭᠣᠯ ᠤᠯᠤᠰ ᠤᠨ ᠨᠠᠴᠢᠨ ᠪ᠃ᠠᠳ᠋ᠢᠶᠠᠬᠦᠦ

ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠨᠢ ᠣᠷᠣᠨ ᠨᠤᠲᠤᠭ ᠰᠤᠳᠤᠯᠬᠤ ᠮᠦᠽᠧᠢ ᠶᠢᠨ ᠲᠤᠰᠬᠠᠢ ᠥᠷᠥᠭᠡ ᠲᠡᠢ᠂ ᠲᠤᠰ ᠰᠤᠮᠤ ᠠᠴᠠ ᠲᠥᠷᠥᠨ ᠭᠠᠷᠤᠭᠰᠠᠨ ᠠᠯᠳᠠᠷᠲᠠᠨ ᠨᠤᠭᠤᠳ ᠤᠨ ᠲᠡᠦᠬᠡᠨ ᠵᠠᠮᠨᠠᠯ ᠠᠴᠠ ᠪᠠᠶᠢᠷᠢᠯᠠᠭᠤᠯᠤᠭᠰᠠᠨ ᠳᠤᠷᠠᠰᠬᠠᠯᠲᠤ ᠵᠢᠷᠤᠭ᠂ ᠭᠠᠪᠢᠶ᠎ᠠ ᠱᠠᠩᠨᠠᠯ ᠤᠨ ᠮᠠᠲ᠋ᠧᠷᠢᠠᠯ ᠤᠳ ᠪᠣᠯᠤᠨ ᠡᠳ᠋ᠯᠡᠵᠦ ᠬᠡᠷᠡᠭᠯᠡᠵᠦ ᠪᠠᠶᠢᠭᠰᠠᠨ ᠡᠳ᠋ᠯᠡᠯ ᠵᠡᠷᠭᠡ ᠶᠢ ᠪᠠᠶᠢᠷᠢᠯᠠᠭᠤᠯᠤᠭᠰᠠᠨ ᠪᠠᠶᠢᠳᠠᠭ᠃

ᠪᠢᠴᠢᠭᠡᠰᠦ