ᠨᠤᠷᠸᠸᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠨᠣᠷᠪ ᠤᠨ ᠸᠠᠩᠲᠤ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠵᠠᠰᠠᠭ ᠫᠠᠷᠯᠠᠮᠧᠨᠲ ᠤᠨ ᠠᠷᠠᠳᠴᠢᠯᠠᠭᠰᠠᠨᠦᠨᠳᠦᠰᠦᠨ ᠬᠠᠤᠯᠢᠳᠤ ᠬᠠᠭᠠᠨᠲᠤ ᠵᠠᠰᠠᠭᠯᠠᠯᠲᠠᠢ
 -  ᠬᠠᠭᠠᠨ ᠬᠠᠷᠠᠯ ᠳᠤ V
 -  ᠶᠡᠷᠦᠩᠬᠡᠢ ᠰᠠᠶᠢᠳ ᠢᠧᠨᠰ ᠰᠲ᠋ᠣᠯᠢᠲ᠋ᠧᠨᠪᠧᠺᠭ
 -  ᠰᠲ᠋ᠣᠷᠲ᠋ᠧᠭᠡᠶᠢᠨ ᠶᠡᠷᠦᠩᠬᠡᠶᠢᠯᠡᠭᠴᠢ ᠲᠣᠷᠪᠢᠶᠠᠨ ᠶᠠᠭᠯᠠᠨ ᠳᠤ
 -  ᠭᠠᠳᠠᠷᠭᠤ ᠶᠢᠨ ᠤᠰᠤ (%) 6.0
ᠬᠦᠮᠦᠨ ᠠᠮᠠ
 -  ᠲᠣᠭᠠᠴᠠᠭ᠎ᠠ () 5,109,056 
ᠬᠡᠦᠬᠡᠳ ᠦᠨ ᠬᠥᠭᠵᠢᠯ ᠦᠨ ᠢᠨᠳᠧᠺᠰ  0.955 (1)
ᠮᠥᠩᠭᠥᠨ ᠦ ᠨᠢᠭᠡᠴᠡ ᠨᠤᠷᠸᠸᠢ ᠺᠷᠣᠨ )
ᠴᠠᠭ ᠤᠨ ᠪᠥᠰᠡ +1
ᠤᠲᠠᠰᠤᠨ ᠤ ᠲᠣᠮᠢᠶ᠎ᠠ 47
1ᠬᠣᠶᠢᠳᠤ ᠰᠠᠮᠢ ᠬᠡᠯᠡ 6, ᠯᠤᠯᠧ-ᠰᠠᠮᠢ ᠬᠡᠯᠡ 1, ᠹᠢᠨ ᠬᠡᠯᠡ/ᠺᠸᠧᠨ ᠬᠡᠯᠡ 1, ᠡᠮᠦᠨᠡᠲᠦ ᠰᠠᠮᠢ ᠬᠡᠯᠡ 1 ᠮᠤᠵᠢ ᠳᠤ ᠠᠯᠪᠠᠨ ᠶᠣᠰᠣᠭᠠᠷ ᠬᠡᠷᠡᠭᠯᠡᠭᠳᠡᠳᠡᠭ᠃
2ᠰᠪᠠᠯᠪᠠᠷᠳ᠋, ᠶᠠᠩ ᠮᠠᠧᠨ ᠍ ᠢ ᠣᠷᠤᠯᠴᠠᠭᠤᠯᠤᠭᠠᠳ᠃2002 ᠣᠨ ᠠᠴᠠ ᠡᠮᠦᠨ᠎ᠡ ᠹᠢᠨᠯᠶᠠᠨᠳ᠋ ᠮᠠᠷᠺᠺᠠ
3ᠧᠦ᠋ᠷᠣᠫᠠ ᠶᠢᠨ ᠬᠣᠯᠪᠣᠭ᠎ᠠᠨ ᠤ ᠭᠡᠰᠢᠭᠦᠨ ᠲᠤᠯᠠ .eu ᠬᠡᠷᠡᠭᠯᠡᠭᠳᠡᠳᠡᠭ

ᠨᠤᠷᠸᠸᠢ (ᠨᠤᠷᠸᠸᠢ ᠪᠡᠷ Norge (ᠪᠦᠺᠮᠠᠯ) ᠪᠠ Noreg (ᠨᠠᠨᠠᠷᠰᠺ)) ᠪᠤᠶᠤ ᠠᠯᠪᠠᠨ ᠶᠣᠰᠣᠭᠠᠷ ᠨᠣᠷᠪ ᠤᠨ ᠸᠠᠩᠲᠤ ᠤᠯᠤᠰ ᠨᠢ ᠬᠣᠶᠢᠳᠤ ᠧᠦ᠋ᠷᠣᠫᠠ ᠳᠠᠬᠢ ᠰᠺᠠᠨᠳᠢᠨᠠᠪ ᠤᠨ ᠬᠣᠶᠢᠭᠡᠶᠢᠨ ᠪᠠᠷᠠᠭᠤᠨ ᠡᠷᠭᠢ ᠶᠢ ᠡᠵᠡᠯᠡᠨ ᠤᠷᠤᠰᠢᠬᠤ᠂ ᠦᠨᠳᠦᠰᠦᠨ ᠬᠠᠤᠯᠢᠳᠤ ᠬᠠᠭᠠᠨᠲᠤ ᠵᠠᠰᠠᠭᠯᠠᠯ ᠲᠤ ᠤᠯᠤᠰ ᠶᠤᠮ᠃ ᠭᠠᠵᠠᠷ ᠤᠨ ᠬᠢᠯᠢ ᠶᠢᠨ ᠶᠡᠬᠡᠩᠬᠢ ᠨᠢ ᠰᠸᠸᠳᠡᠨᠲᠡᠢ ᠪᠠᠶᠢᠬᠤ ᠪᠥᠭᠡᠳ᠂ ᠵᠡᠭᠦᠨ ᠬᠢᠵᠠᠭᠠᠷ ᠨᠢ ᠡᠮᠦᠨ᠎ᠡ ᠲᠠᠯ᠎ᠠ ᠪᠠᠷ ᠢᠶᠠᠨ ᠹᠢᠨᠯᠶᠠᠨᠳ᠋, ᠵᠡᠭᠦᠨ ᠲᠠᠯ᠎ᠠ ᠪᠠᠷ ᠢᠶᠠᠨ ᠣᠷᠣᠰ ᠤᠨ ᠬᠣᠯᠪᠣᠭᠠᠨ ᠤ ᠤᠯᠤᠰᠲᠠᠢ ᠬᠢᠯᠢᠯᠡᠳᠡᠭ᠃ ᠬᠣᠶᠢᠳᠤ ᠲᠡᠩᠭᠢᠰ ᠳ᠋ᠡᠬᠢ ᠤᠰᠤᠨ ᠬᠢᠯᠢ ᠪᠡᠷ ᠪᠠᠷᠠᠭᠤᠨ ᠲᠠᠯ᠎ᠠ ᠪᠠᠷ ᠢᠶᠠᠨ ᠨᠢᠭᠡᠳᠦᠭᠰᠡᠨ ᠸᠠᠩᠲᠤ ᠤᠯᠤᠰᠹᠠᠷᠧᠷ ᠤᠨ ᠠᠷᠠᠯ ᠤᠳᠰᠺᠠᠭᠧᠷᠷᠠᠺ ᠤᠨ ᠬᠣᠭᠣᠯᠠᠢ ᠶᠢ ᠢᠶᠠᠷ ᠡᠮᠦᠨ᠎ᠡ ᠲᠠᠯ᠎ᠠ ᠪᠠᠷ ᠢᠶᠠᠨ ᠳ᠋ᠠᠨᠮᠠᠷᠺ ᠤᠯᠤᠰ ᠲᠠᠢ ᠬᠢᠯᠢᠯᠡᠳᠡᠭ᠃ ᠲᠤᠰ ᠤᠯᠤᠰ ᠤᠨ ᠠᠲ᠋ᠯᠠᠨᠲ ᠤᠨ ᠳᠠᠯᠠᠢ ᠪᠣᠯᠤᠨ ᠪᠠᠷᠧᠨᠼ ᠤᠨ ᠲᠡᠩᠭᠢᠰᠡᠶᠢᠨ ᠡᠷᠭᠢ ᠨᠢ ᠹᠤᠷᠠᠳ ᠦᠳ ᠢᠶᠠᠷ ᠢᠶᠠᠨ ᠠᠯᠳᠠᠷᠲᠠᠢ᠃

1920 ᠍ ᠢᠤᠳ᠋ ᠣᠨ ᠳᠤ ᠨᠤᠷᠸᠸᠢ ᠨᠢ ᠶᠠᠩ ᠮᠠᠧᠨ ᠍ ᠢ ᠨᠢᠭᠡᠳᠬᠡᠵᠦ᠂ ᠤᠮᠠᠷᠠᠳᠤ ᠮᠥᠰᠦᠨ ᠳᠠᠯᠠᠢ ᠳᠠᠬᠢ ᠰᠪᠠᠯᠪᠠᠷᠳ᠋ ᠍ ᠤᠨ ᠣᠯᠲᠣᠷᠢᠭ ᠪᠤᠶᠤ ᠱᠫᠢᠼᠪᠧᠺᠭᠧᠨ ᠢ ᠱᠫᠢᠼᠪᠧᠺᠭᠧᠨ ᠦ ᠭᠡᠷ᠎ᠡ ᠶᠣᠰᠣᠭᠠᠷ ᠡᠵᠡᠮᠰᠢᠬᠦ ᠪᠣᠯᠤᠭᠰᠠᠨ ᠶᠤᠮ᠃ ᠮᠥᠨ ᠲᠤᠶᠢᠯ ᠣᠷᠴᠢᠮ ᠤᠨ ᠪᠤᠪᠢᠶ᠎ᠡ ᠠᠷᠠᠯᠫᠧᠲ᠋ᠷ I ᠠᠷᠠᠯᠺᠦᠢ ᠶᠢᠨ ᠮᠣᠳᠣ ᠶᠢᠨ ᠭᠠᠵᠠᠷ ᠨᠢ ᠨᠣᠷᠪ ᠤᠨ ᠬᠠᠮᠢᠶᠠᠷᠤᠯ ᠲᠠᠢ ᠨᠤᠲᠤᠭ ᠳᠡᠪᠢᠰᠬᠡᠷ ᠪᠣᠯᠪᠠᠴᠤ ᠠᠯᠪᠠᠨ ᠶᠣᠰᠣᠭᠠᠷ ᠲᠤᠰ ᠤᠯᠤᠰ ᠲᠤ ᠬᠠᠷᠢᠶᠠᠯᠠᠭᠳᠠᠳᠠᠭ ᠦᠭᠡᠢ᠃ ᠠᠨᠲ᠋ᠠᠷᠺᠲ᠋ᠢᠳ᠋ ᠳᠠᠬᠢ ᠺᠦᠢ ᠶᠢᠨ ᠮᠣᠳᠣ ᠶᠢᠨ ᠭᠠᠵᠠᠷ ᠨᠢ ᠪᠤᠰᠤᠳ ᠤᠯᠤᠰ ᠢᠶᠠᠷ ᠬᠦᠯᠢᠶᠡᠨ ᠵᠥᠪᠰᠢᠶᠡᠷᠡᠭᠳᠡᠭᠡ ᠦᠭᠡᠢ ᠪᠠᠶᠢᠭ᠎ᠠ᠃

ᠳᠡᠯᠡᠬᠡᠢ ᠶᠢᠨ ᠬᠣᠶᠠᠳᠤᠭᠠᠷ ᠳᠠᠶᠢᠨᠠ ᠠᠴᠠ ᠬᠣᠶᠢᠰᠢ ᠨᠤᠷᠸᠸᠢ ᠨᠢ ᠡᠳ᠋ ᠍ ᠦᠨ ᠵᠠᠰᠠᠭ ᠤᠨ ᠬᠤᠷᠳᠤᠴᠠ ᠲᠠᠢ ᠥᠰᠦᠯᠲᠡ ᠶᠢᠨ ᠦᠷ᠎ᠡ ᠪᠡᠷ ᠳᠡᠯᠡᠬᠡᠢ ᠶᠢᠨ ᠬᠠᠮᠤᠭ ᠤᠨ ᠴᠢᠨᠡᠭᠡᠯᠢᠭ ᠣᠷᠣᠨ ᠨᠤᠭᠤᠳ ᠤᠨ ᠨᠢᠭᠡ ᠪᠣᠯᠵᠠᠢ᠃ ᠨᠤᠷᠸᠸᠢ ᠨᠢ ᠳᠡᠯᠡᠬᠡᠢ ᠳᠦ ᠭᠠᠵᠠᠷ ᠤᠨ ᠲᠣᠰᠤᠨ ᠤ ᠡᠺᠰᠫᠣᠷᠲ ᠢᠶᠠᠷ ᠢᠶᠠᠨ 4 ᠍ ᠳᠦ ᠤᠷᠤᠬᠤ[1] ᠪᠥᠭᠡᠳ ᠴᠢᠯᠠᠭᠣᠨ ᠲᠣᠰᠣ ᠣᠯᠪᠤᠷᠢᠯᠠᠯᠲᠠ ᠨᠢ ᠲᠤᠰ ᠤᠯᠤᠰ ᠤᠨ ДНБ ᠍ ᠦ ᠳᠥᠷᠪᠡᠨ ᠦ ᠨᠢᠭᠡ ᠶᠢ ᠪᠦᠷᠢᠳᠦᠭᠦᠯᠳᠡᠭ᠃[2]

ᠮᠥᠨ ᠨᠤᠷᠸᠸᠢ ᠨᠢ ᠪᠠᠶᠢᠭᠠᠯᠢ ᠶᠢᠨ ᠬᠡᠢᠤᠰᠤᠨ ᠤ ᠡᠨᠧᠷᠭᠢᠵᠢᠭᠠᠰᠤ᠂ ᠣᠢ᠂ ᠡᠷᠦᠳᠡᠰᠦ ᠪᠣᠳᠠᠰ ᠤᠨ ᠠᠷᠪᠢᠨ ᠪᠠᠶᠠᠯᠢᠭ ᠲᠠᠢ ᠤᠯᠤᠰ ᠪᠣᠯᠤᠨ᠎ᠠ᠃ 2006 ᠣᠨ ᠤ ᠪᠠᠶᠢᠳᠠᠯ ᠢᠶᠠᠷ ᠳᠠᠯᠠᠢ ᠶᠢᠨ ᠬᠦᠨᠡᠰᠦᠨ ᠦ ᠡᠺᠰᠫᠣᠷᠲ ᠢᠶᠠᠷ ᠳᠡᠯᠡᠬᠡᠢ ᠳᠦ ᠬᠢᠲᠠᠳ ᠍ ᠤᠨ ᠳᠠᠷᠠᠭ᠎ᠠ 2 ᠍ ᠳᠦ ᠪᠢᠴᠢᠭᠳᠡᠵᠦ ᠪᠠᠶᠢᠨ᠎ᠠ᠃[3] ᠲᠡᠭᠦᠨᠴᠢᠯᠡᠨ ᠬᠦᠨᠡᠰᠦᠨ ᠦ᠂ ᠤᠰᠤᠨ ᠣᠩᠭᠣᠴᠠᠨ ᠤ᠂ ᠬᠢᠮᠢ ᠶᠢᠨ᠂ ᠣᠯᠪᠤᠷᠢᠯᠠᠬᠤ᠂ ᠮᠧᠲᠠᠲᠠᠯ᠎ᠠ ᠪᠣᠯᠪᠠᠰᠤᠷᠠᠭᠤᠯᠬᠤ᠂ ᠵᠢᠭᠠᠰᠤ ᠠᠩᠨᠠᠭᠤᠷ᠂ ᠴᠠᠭᠠᠰᠤᠨ ᠤ ᠠᠵᠤ ᠦᠢᠯᠡᠳᠪᠦᠷᠢ ᠥᠨᠳᠥᠷ ᠬᠥᠭᠵᠢᠭᠰᠡᠨ᠃

ᠲᠤᠰ ᠤᠯᠤᠰ ᠨᠢ 2001-2006 ᠣᠨ ᠨᠤᠭᠤᠳ ᠲᠤ ᠬᠦᠮᠦᠨ ᠦ ᠬᠥᠭᠵᠢᠯ ᠦᠨ ᠢᠨᠳᠧᠺᠰᠡᠭᠡᠷ᠎ᠡ ᠪᠡᠨ ᠳᠡᠯᠡᠬᠡᠢ ᠳᠦ ᠲᠡᠷᠢᠭᠦᠯᠡᠭᠰᠡᠨ ᠪᠥᠭᠡᠳ 2007, 2008 ᠣᠨ ᠨᠤᠭᠤᠳ ᠲᠤ ᠠᠶᠠᠰᠯᠠᠨᠲᠲᠠᠢ ᠲᠡᠷᠢᠭᠦᠨ ᠪᠠᠶᠢᠷᠢ ᠶᠢ ᠬᠤᠪᠢᠶᠠᠨ ᠡᠵᠡᠯᠡᠵᠦ ᠪᠠᠶᠢᠨ᠎ᠠ᠃ 2007 ᠣᠨ ᠤ ᠣᠯᠠᠨ ᠤᠯᠤᠰ ᠤᠨ ᠡᠩᠬᠡᠲᠠᠶᠢᠪᠤᠩ ᠤᠨ ᠢᠨᠳᠧᠺᠰᠡᠭᠡᠷᠡ ᠴᠤ ᠳᠡᠯᠡᠬᠡᠢ ᠶᠢᠨ ᠬᠠᠮᠤᠭ ᠤᠨ ᠲᠠᠶᠢᠪᠤᠩ ᠣᠷᠣᠨ ᠢᠶᠠᠷ ᠰᠢᠯᠭᠠᠷᠠᠭᠰᠠᠨ ᠠᠵᠢ᠃[4] ᠨᠤᠷᠸᠸᠢ ᠨᠢ North Atlantic Treaty Organization ᠍ ᠢ ᠡᠭᠦᠰᠬᠡᠨ ᠪᠠᠶᠢᠭᠤᠯᠤᠭᠰᠠᠨ ᠣᠷᠣᠨ ᠨᠤᠭᠤᠳ ᠤᠨ ᠨᠢᠭᠡ ᠶᠠᠭᠤᠮ᠎ᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. CIA — The World Factbook — Rank Order — Oil — exports. Cia.gov (2009-02-10). 2009 ᠣᠨ ᠤ 3 ᠰᠠᠷ᠎ᠠ ᠶᠢᠨ 9 ᠍ ᠳᠦ ᠬᠠᠨᠳᠤᠭᠰᠠᠨ᠃
  2. UPDATE 1-Statistics Norway raises '07 GDP outlook, cuts '08. Uk.reuters.com (2007-09-06). 2009 ᠣᠨ ᠤ 3 ᠰᠠᠷ᠎ᠠ ᠶᠢᠨ 9 ᠍ ᠳᠦ ᠬᠠᠨᠳᠤᠭᠰᠠᠨ᠃
  3. FAO Globefish global trends 2006. 2009 ᠣᠨ ᠤ 3 ᠰᠠᠷ᠎ᠠ ᠶᠢᠨ 9 ᠍ ᠳᠦ ᠬᠠᠨᠳᠤᠭᠰᠠᠨ᠃
  4. World Norway rated most peaceful nation. BBC News (2007-05-30). 2009 ᠣᠨ ᠤ 3 ᠰᠠᠷ᠎ᠠ ᠶᠢᠨ 9 ᠍ ᠳᠦ ᠬᠠᠨᠳᠤᠭᠰᠠᠨ᠃
http://wiki.uhaan.com/index.php?title=ᠨᠤᠷᠸᠸᠢ&oldid=432079》 ᠍  ᠡᠴᠡ ᠠᠪᠤᠭᠰᠠᠨ

ᠪᠢᠴᠢᠭᠡᠰᠦ