ᠨᠤᠷᠬᠠᠴᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠨᠤᠷᠬᠠᠴᠢ
Flag of the Qing dynasty (1889-1912).svg ᠮᠠᠨᠵᠤ ᠴᠢᠩ ᠤᠯᠤᠰ ᠍ ᠤᠨ ᠠᠩᠬᠠᠨ ᠤ ᠡᠵᠡᠨ ᠬᠠᠭᠠᠨ
清 佚名 《清太祖天命皇帝朝服像》.jpg
ᠬᠠᠭᠠᠨᠴᠢᠯᠠᠯ 1616 – 1626 ᠣᠨ ᠤ 9 ᠰᠠᠷ᠎ᠠ ᠶᠢᠨ 30
ᠪᠦᠲᠦᠨ ᠨᠡᠷ᠎ᠡ ᠬᠢᠲᠠᠳ: ᠠᠶᠢᠰᠢᠩ-ᠵᠦᠪ ᠯᠣ ᠨᠶᠦᠷᠬᠠᠴᠢ 努爾哈赤
ᠮᠠᠨᠵᠤ: ᠨᠤᠷᠬᠠᠴᠢ ᠬᠠᠯ ᠢ ᠠᠶᠢᠰᠢᠨ-ᠭᠢᠣᠷᠣ ᠠᡳᠰᡳᠨ ᡤᡳᠣᡵᠣ ᠨᡠᡵᡥᠠᠴᡳ Nurhaci1.png
ᠲᠦᠷᠦᠭᠰᠡᠨ ᠣᠩᠨᠠᠭ᠎ᠠ 1559 ᠣᠨ ᠤ 2 ᠰᠠᠷ᠎ᠠ ᠶᠢᠨ 21
ᠥᠩᠭᠡᠷᠡᠭᠰᠡᠨ ᠣᠩᠨᠠᠭ᠎ᠠ 1626 ᠣᠨ ᠤ 9 ᠰᠠᠷ᠎ᠠ ᠶᠢᠨ 30 (67 ᠨᠠᠰᠤᠯᠠᠭᠰᠠᠨ)
ᠥᠩᠭᠡᠷᠡᠭᠰᠡᠨ ᠭᠠᠵᠠᠷ ᠮᠠᠨᠵᠤᠤᠷᠨᠢᠶᠤᠸᠠᠨ
ᠡᠮᠦᠨᠡᠬᠢ ᠬᠠᠭᠠᠨ

ᠪᠠᠶᠢᠬᠤ ᠦᠭᠡᠢ (ᠤᠯᠤᠰ ᠪᠠᠶᠢᠭᠤᠯᠤᠭᠳᠠᠭᠰᠠᠨ)

ᠮᠢᠩ ᠤᠯᠤᠰ ᠤᠨ ᠰᠡᠭᠦᠯᠴᠢ ᠶᠢᠨ ᠡᠵᠡᠨ ᠬᠠᠭᠠᠨ ᠡᠵᠡᠨ ᠬᠠᠭᠠᠨ ᠴᠣᠩᠵᠢᠨᠢ
ᠤᠳᠠᠭᠠᠬᠢ ᠬᠠᠭᠠᠨ ᠠᠪᠠᠬᠠᠢ ᠬᠠᠭᠠᠨ
ᠬᠠᠨᠢ ᠰᠢᠶᠣᠼᠢ ᠠᠴᠣ
ᠰᠢᠶᠣᠤᠯᠢᠪᠡᠭᠦ
ᠬᠠᠭᠠᠨ ᠤ ᠤᠳᠤᠮ ᠴᠶ᠋ᠢᠨ
ᠳᠠᠶᠢᠰᠢᠨ
ᠠᠪᠠᠢ
ᠲᠠᠨᠤᠯᠳᠠᠢ
ᠮᠠᠩᠬᠤᠯ ᠲᠠᠢ
ᠲᠠᠪᠠᠢ
ᠠᠪᠠ ᠲᠠᠢ
ᠬᠣᠩ ᠲᠠᠶᠢᠵᠢ᠂ ᠠᠪᠠᠬᠠᠢ ᠬᠠᠭᠠᠨ
ᠪᠠᠪᠤ ᠲᠠᠢ
ᠳᠡᠭᠡᠯᠡᠢ
ᠪᠠᠪᠤᠬᠠᠢ
ᠠᠵᠢᠭᠡ᠂ ᠬᠤᠩᠲᠠᠶᠢᠵᠢ ᠶᠢᠨ
ᠯᠠᠶᠢᠮᠪᠤ
ᠳᠣᠷᠣᠭᠣᠨ᠂ ᠬᠤᠩᠲᠠᠶᠢᠵᠢ ᠷᠤᠢ
ᠳᠣᠳᠣ᠂ ᠬᠤᠩᠲᠠᠶᠢᠵᠢ ᠦᠦ
ᠹᠢᠶᠠᠩᠭᠦ
ᠡᠴᠢᠭᠡ ᠲᠠᠺᠰᠢ
ᠡᠬᠡ ᠬᠢᠲ᠋ᠠᠷᠠ ᠣᠪᠣᠭᠲᠠᠨ
ᠡᠷᠡᠨ ᠦ ᠨᠡᠷᠡ Tiānmìng 天命
ᠮᠠᠨᠵᠤ: Abkai fulingga

ᠠᠶᠢᠰᠢᠩᠭᠢᠶᠠᠷᠠ (ᠠᠶᠢᠰᠥᠨ ᠭᠢᠣᠷᠣ) ᠣᠪᠣᠭᠲᠤ ᠨᠤᠷᠬᠠᠴᠢ ( ᠨᠣᠷᠬᠠᠴᠢ, ᠮᠠᠨᠵᠤ ᠪᠠᠷ Nurhaci1.png; ᠬᠢᠯᠪᠠᠷᠰᠢᠭᠤᠯᠤᠭᠰᠠᠨ ᠬᠢᠲᠠᠳ ᠪᠢᠴᠢᠭ: 努尔哈赤ᠤᠯᠠᠮᠵᠢᠯᠠᠯᠲᠤ ᠬᠢᠲᠠᠳ ᠪᠢᠴᠢᠭ: 努爾哈赤 ᠬᠢᠲᠠᠳ ᠯᠠᠲ᠋ᠢᠨ: Nǔ'ěrhāchì) ᠪᠣᠯ ᠮᠠᠨᠵᠤᠡᠶᠢᠨ ᠬᠣᠵᠢᠭᠤ ᠠᠯᠲᠠᠨ ᠤᠯᠤᠰ ᠤᠨ ᠠᠩᠬᠠᠨ ᠤ ᠬᠠᠭᠠᠨ (ᠲᠠᠶᠢᠽᠣ ᠬᠠᠭᠠᠨ - ᠲᠠᠶᠢᠽᠤ ᠬᠠᠭᠠᠨ) ᠶᠤᠮ᠃ ᠣᠨ ᠤ ᠴᠣᠯᠠ ᠨᠢ ᠲᠩᠷᠢ ᠶᠢᠨ ᠪᠣᠱᠣᠭᠲᠤ (ᠲᠡᠭᠷᠢ ᠶᠢᠨ ᠪᠣᠰᠣᠭᠲᠣ). ᠮᠣᠩᠭᠣᠯ ᠲᠡᠭᠦᠬᠡᠨ ᠢᠶᠡᠨ ᠳᠡᠭᠡᠷᠡᠬᠢ ᠨᠡᠷᠡᠰ ᠡᠴᠡ ᠢᠯᠡᠭᠦᠦ ᠲᠡᠢ ᠨᠤᠷᠬᠠᠴᠢ ᠪᠠᠭᠠᠲᠤᠷ ᠬᠡᠮᠡᠨ ᠪᠢᠴᠢᠭᠳᠡᠳᠡᠭ᠃ ᠨᠤᠷᠬᠠᠴᠢ ᠪᠠᠭᠠᠲᠤᠷ ᠬᠠᠭᠠᠨ ᠨᠢ ᠵᠢᠷᠦᠴᠢᠳ ᠦᠨ ᠪᠦᠬᠦ ᠣᠪᠤᠭ ᠠᠶᠢᠮᠠᠭ ᠤᠳ ᠢ ᠨᠢᠭᠡᠳᠬᠡᠭᠰᠡᠨ᠃ ᠨᠤᠷᠬᠠᠴᠢ 1616 ᠣᠨ ᠳᠤ ᠬᠡᠲᠤ ᠠᠯ ᠬᠡᠮᠡᠬᠦ ᠭᠠᠵᠠᠷ ᠲᠤ ᠬᠣᠵᠢᠭᠤ ᠠᠯᠲᠠᠨ ᠤᠯᠤᠰ ᠢ ᠪᠠᠶᠢᠭᠤᠯᠵᠤ᠂ ᠮᠢᠩ ᠤᠯᠤᠰ ᠍ ᠤᠨ ᠵᠡᠭᠦᠨ ᠬᠣᠶᠢᠳᠤ ᠮᠤᠵᠢᠭᠤᠳᠠ ᠷᠤ ᠳᠣᠪᠲᠣᠯᠵᠤ ᠪᠠᠶᠢᠭᠰᠠᠨ᠃ ᠭᠣᠪᠢ ᠶᠢᠨ ᠡᠮᠦᠨᠡᠬᠢ ᠮᠣᠩᠭᠣᠯᠴᠤᠳ ᠤᠨ ᠡᠰᠡᠷᠬᠦ ᠴᠡᠷᠢᠭ ᠦᠨ ᠠᠵᠢᠯᠯᠠᠭ᠎ᠠ ᠶᠠᠪᠤᠭᠤᠯᠵᠤ ᠪᠠᠶᠢᠪᠠ᠃

ᠪᠠᠭ᠎ᠠ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠷᠡ ᠪᠡᠷ 1559 ᠣᠨ ᠳᠤ ᠰᠤᠶᠢᠺᠰᠤᠬᠤ ᠭᠣᠣᠯ ᠤᠨ ᠬᠠᠪᠢ ᠳᠤ ᠭᠢᠣᠷᠣ ᠣᠪᠤᠭ ᠤᠨ ᠲᠠᠺᠰᠢ ᠭᠡᠶᠢᠨ ᠠᠬᠠᠮᠠᠳ ᠬᠦᠦ ᠪᠣᠯᠤᠨ ᠮᠡᠨᠳᠦᠯᠡᠵᠡᠢ᠃1582 ᠣᠨ ᠳᠤ ᠲᠡᠭᠦᠨ ᠦ ᠣᠪᠤᠭ ᠠᠶᠢᠮᠠᠭᠠᠷᠠᠭᠤ ᠯᠢ ᠴᠦᠩᠯᠢᠶᠠᠨ ᠳᠣᠪᠲᠣᠯᠵᠤ ᠡᠴᠢᠭᠡ᠂ ᠡᠪᠦᠭᠡ ᠡᠴᠢᠭᠡ ᠨᠠᠷ ᠢ ᠨᠢ ᠠᠯᠠᠵᠤ ᠲᠡᠷᠡ ᠪᠡᠷ ᠣᠯᠵᠠᠯᠠᠭᠳᠠᠭᠰᠠᠨ᠃ 1584, 1587 ᠣᠨ ᠨᠤᠭᠤᠳ ᠲᠤ ᠯᠢ ᠴᠦᠩᠯᠢᠶᠠᠨ ᠲᠠᠢ ᠤᠳᠠᠭ᠎ᠠ ᠳᠠᠷᠠᠭ᠎ᠠ ᠲᠤᠯᠤᠯᠳᠤᠵᠤ ᠢᠯᠠᠯᠲᠠ ᠪᠠᠶᠢᠭᠤᠯᠤᠭᠰᠠᠨ᠃

ᠵᠦᠷᠴᠢᠳ ᠢ ᠨᠢᠭᠡᠳᠬᠡᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1593 ᠣᠨ ᠳᠤ ᠢᠶᠬᠧ᠂ ᠬᠠᠳᠠ᠂ ᠤᠯ᠂ᠬᠤᠶᠢᠹᠠ᠂ ᠬᠣᠷᠴᠢᠨ᠂ ᠵᠦᠰᠧᠷᠢ᠂ ᠰᠢᠪ᠂ ᠭᠤᠪᠤᠯᠴᠠ᠂ ᠨ ᠡᠧᠨ ᠭᠡᠰᠡᠨ 9 ᠣᠪᠤᠭ ᠠᠶᠢᠮᠠᠭ ᠤᠨ ᠬᠣᠯᠪᠣᠭᠠᠨ ᠤ ᠴᠡᠷᠢᠭ ᠦᠳ ᠨᠤᠷᠬᠠᠴᠢ ᠪᠠᠭᠠᠲᠤᠷ ᠲᠠᠢ ᠭᠦᠷᠧ ᠬᠡᠮᠡᠬᠦ ᠭᠠᠵᠠᠷ ᠪᠠᠶᠢᠯᠳᠤᠨ ᠢᠯᠠᠭᠳᠠᠵᠠᠢ᠃ 1599-1618 ᠣᠨ ᠤ ᠬᠣᠭᠣᠷᠣᠨᠳᠣ ᠬᠠᠳᠠ᠂ ᠬᠤᠶᠢᠹᠠ᠂ ᠬᠦᠯᠦᠨ᠂ ᠤᠯ ᠵᠡᠷᠭᠡ ᠣᠪᠤᠭ ᠤᠳ ᠢ ᠡᠭᠡᠯᠵᠢ ᠳᠠᠷᠠᠭᠠᠯᠠᠨᠥᠪᠡᠷᠲᠡᠭᠡᠨ ᠨᠢᠭᠡᠳᠬᠡᠭᠰᠡᠭᠡᠷ ᠬᠠᠮᠤᠭ ᠤᠨ ᠬᠦᠴᠦᠷᠬᠡᠭ ᠠᠶᠢᠮᠠᠭ ᠪᠣᠯᠵᠠᠢ᠃ 1599 ᠣᠨ ᠳᠤ ᠡᠷᠳᠡᠨᠢ ᠪᠠᠭᠰᠢ᠂ ᠳᠠᠬᠠᠢ ᠵᠠᠷᠭᠤᠴᠢ ᠨᠠᠷᠠᠲᠤ ᠵᠠᠷᠯᠢᠭ ᠪᠠᠭᠤᠯᠭᠠᠵᠤ ᠮᠠᠨᠵᠤ ᠦᠰᠦᠭ ᠵᠣᠬᠢᠶᠠᠯᠭᠠᠭᠤᠯᠵᠠᠢ᠃ 1612 ᠣᠨ ᠳᠤ ᠥᠪᠡᠷ ᠦᠨ ᠣᠪᠤᠭ ᠢᠶᠠᠨ ᠠᠶᠢᠰᠢᠨ ᠭᠢᠣᠷᠣ ᠪᠤᠶᠤ ᠠᠯᠲᠠᠨ ᠭᠢᠣᠷᠣ ᠬᠡᠮᠡᠨ ᠴᠣᠯᠠᠯᠯᠠᠬᠤ ᠪᠣᠯᠤᠭᠰᠠᠨ ᠪᠥᠭᠡᠳ 1616 ᠣᠨ ᠳᠤ ᠬᠡᠲᠦᠶᠢᠯᠠ ᠬᠡᠮᠡᠬᠦ ᠭᠠᠵᠠᠷ ᠲᠤ ᠬᠠᠭᠠᠨ ᠡᠷᠭᠦᠮᠵᠢᠯᠡᠭᠳᠡᠵᠦ᠂ ᠬᠣᠵᠢᠭᠤ ᠠᠯᠲᠠᠨ ᠤᠯᠤᠰ ᠢ ᠪᠠᠶᠢᠭᠤᠯᠵᠠᠢ᠃

ᠬᠣᠵᠢᠭᠤ ᠦᠶ᠎ᠡ ᠶᠢᠨ ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1616 ᠣᠨ ᠳᠤ ᠬᠠᠭᠠᠨ ᠪᠣᠯᠤᠭᠰᠠᠨ ᠤ ᠳᠠᠷᠠᠭ᠎ᠠ ᠴᠡᠷᠢᠭ ᠢᠶᠡᠨ 8 ᠲᠤᠭ ᠪᠣᠯᠭᠠᠨ ᠵᠣᠬᠢᠶᠠᠨ ᠪᠠᠶᠢᠭᠤᠯᠵᠤ ᠬᠢᠲᠠᠳ ᠤᠨ ᠮᠢᠩ ᠤᠯᠤᠰ᠂ ᠮᠣᠩᠭᠣᠯ ᠤᠨ ᠣᠪᠤᠭ ᠠᠶᠢᠮᠠᠭ ᠤᠳ ᠷᠤ ᠵᠢᠯ ᠠᠯᠭᠠᠰᠠᠯ ᠦᠭᠡᠢ ᠳᠣᠪᠲᠣᠯᠤᠨ ᠭᠠᠵᠠᠷ ᠨᠤᠲᠤᠭ ᠢᠶᠠᠨ ᠲᠡᠯᠡᠵᠦ ᠪᠠᠶᠢᠯ᠎ᠠ᠃ ᠮᠥᠨ ᠮᠣᠩᠭᠣᠯ ᠨᠣᠶᠠᠳ ᠢ ᠡᠷᠬᠡ ᠶᠠᠩᠪᠠ ᠪᠠᠷ ᠥᠪᠡᠷᠲᠡᠭᠡᠨ ᠲᠠᠲᠠᠬᠤ᠂ ᠬᠣᠭᠣᠷᠣᠨᠳᠣ ᠨᠢ ᠬᠠᠭᠠᠷᠠᠯᠳᠤᠭᠤᠯᠬᠤ ᠠᠷᠭ᠎ᠠ ᠪᠠᠷ ᠥᠪᠡᠷ ᠦᠨ ᠬᠠᠷᠢᠶᠠᠨ ᠳᠤ ᠪᠠᠨ ᠣᠷᠣᠭᠤᠯᠵᠤ ᠠᠪᠤᠭᠰᠠᠭᠠᠷ 1626 ᠣᠨ ᠭᠡᠬᠦ ᠳᠦ ᠬᠣᠷᠴᠢᠨ ᠢ ᠡᠵᠡᠯᠡᠨ ᠠᠪᠤᠭᠰᠠᠨ᠃ 1626 ᠣᠨ ᠳᠤ ᠮᠢᠩ ᠤᠯᠤᠰ ᠤᠨ ᠨᠢᠶᠤᠸᠠᠨ ᠴᠠᠶᠢᠵᠠ ᠶᠢ ᠡᠵᠡᠯᠡᠬᠦ ᠦᠶ᠎ᠡ ᠪᠡᠷ ᠨᠡᠰ ᠪᠠᠷᠠᠵᠠᠢ᠃

ᠭᠡᠷ ᠪᠦᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠪᠦᠭᠡ ᠳᠡᠭᠡᠳᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠬ᠎ᠠ ᠳᠡᠭᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠰᠤᠷᠬᠠᠴᠢ(舒爾哈齊) (1564–1611),ᠲᠣᠮᠣ ᠠᠬ᠎ᠠ
  • ᠶᠠᠷᠬᠠᠴᠢ(雅爾哈齊)
  • ᠪᠠᠶᠠᠷ (巴雅齊)- ᠡᠬᠡ ᠥᠭᠡᠷ᠎ᠡ ᠲᠡᠢ
  • ᠮᠤᠷᠬᠠᠴᠢ (穆爾哈齊) (1582–1624)- ᠡᠬᠡ ᠥᠭᠡᠷ᠎ᠡ ᠲᠡᠢ

ᠬᠠᠲᠤᠳ ᠲᠠᠲᠠᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠤᠷᠬᠠᠴᠢ ᠬᠠᠭᠠᠨ ᠤ ᠬᠠᠲᠤᠳ: 1. ᠲᠤᠩ ᠢᠶ᠎ᠠ ᠣᠪᠣᠭᠲᠤ ᠬᠠᠲᠤᠨ (佟佳氏), ᠲᠦᠷᠦᠭᠰᠡᠨ ᠨᠡᠷ᠎ᠡ ᠬᠠᠬᠠᠨ᠎ᠠ ᠵᠠᠼᠢᠨ (哈哈納扎青), ᠲᠠᠪᠤᠨᠪᠠᠶᠠᠨ ᠤ ᠥᠬᠢᠨ (塔木巴晏). 1577 ᠣᠨ ᠳᠤ ᠨᠤᠷᠬᠠᠴᠢ ᠲᠠᠢ ᠭᠡᠷᠡᠯᠦᠭᠰᠡᠨ ᠠᠩᠬᠠᠨ ᠤ ᠡᠬᠡᠨᠡᠷ ᠨᠢ ᠶᠠᠭᠤᠮ᠎ᠠ᠃ ᠲᠡᠭᠦᠨ ᠳᠦ ᠬᠣᠵᠢᠮ ᠠᠩᠬᠠᠨ ᠤ ᠲᠠᠲᠠᠪᠤᠷᠢ (元妃; ᠶᠤᠸᠠᠨ ᠹᠡᠢ) ᠬᠡᠮᠡᠬᠦ ᠴᠣᠯᠠ ᠪᠠᠷ ᠨᠡᠬᠡᠨ ᠡᠷᠭᠦᠮᠵᠢᠯᠡᠭᠰᠡᠨ᠃ 3 ᠬᠡᠦᠬᠡᠳ ᠲᠥᠷᠦᠭᠦᠯᠵᠦ ᠥᠭᠭᠦᠭᠰᠡᠨ:

2. ᠹᠦᠺᠠ ᠣᠪᠣᠭᠲᠤ ᠬᠠᠲᠤᠨ (富察氏), ᠲᠦᠷᠦᠭᠰᠡᠨ ᠨᠡᠷ᠎ᠡ ᠭᠦᠨᠳᠠᠢ (袞代). ᠨᠤᠷᠬᠠᠴᠢ ᠶᠢᠨ 2 ᠳᠠᠬᠢ ᠬᠠᠲᠤᠨ᠃ ᠬᠣᠵᠢᠮ ᠲᠡᠭᠦᠨ ᠳᠦ ᠵᠠᠯᠭᠠᠮᠵᠢᠯᠠᠭᠰᠠᠨ ᠲᠠᠲᠠᠪᠤᠷᠢ (繼妃; ᠵᠢ ᠹᠡᠢ) ᠬᠡᠮᠡᠬᠦ ᠴᠣᠯᠠ ᠣᠯᠭᠤᠭᠰᠠᠨ᠃ 3 ᠬᠡᠦᠬᠡᠳ ᠲᠥᠷᠦᠭᠦᠯᠦᠭᠰᠡᠨ:

3. ᠢᠶᠡᠬᠡᠨᠠᠷᠠ ᠣᠪᠣᠭᠲᠤ ᠬᠠᠲᠤᠨ (葉赫那拉氏) (ᠲᠦᠷᠦᠭᠰᠡᠨ ᠨᠡᠷ᠎ᠡ ᠮᠣᠩᠭᠣ ᠵᠡᠷ ᠵᠡᠷ (孟古哲哲)) (1575–1603), ᠢᠶᠡᠬᠡᠨᠠᠷᠠ ᠶᠠᠩᠭᠢᠨᠦ᠋ ᠲᠠᠶᠢᠵᠢ ᠶᠢᠨ ᠥᠬᠢᠨ (葉赫部貝勒楊吉砮). 1588 ᠣᠨ ᠤ 10 ᠰᠠᠷ᠎ᠠ ᠳᠤ ᠭᠡᠷᠡᠯᠦᠭᠰᠡᠨ᠃ 1636 ᠣᠨ ᠤ 5 ᠰᠠᠷ᠎ᠠ ᠶᠢᠨ 16 ᠨᠳ ᠰᠢᠶᠣᠼᠢ ᠠᠴᠣ ᠬᠠᠲᠤᠨ (孝慈高皇后). 1 ᠬᠦᠦ ᠲᠥᠷᠦᠭᠦᠯᠦᠭᠰᠡᠨ:

4. ᠤᠯᠠᠨᠠᠷᠠ ᠣᠪᠣᠭᠲᠤ ᠬᠠᠲᠤᠨ(烏喇那拉氏) (ᠲᠦᠷᠦᠭᠰᠡᠨ ᠨᠡᠷ᠎ᠡ ᠠᠪᠠᠬᠠᠢ (阿巴亥)) (1590–1626), ᠤᠯᠠᠨᠠᠷᠠ ᠮᠠᠨ ᠲᠠᠢ ᠲᠠᠶᠢᠵᠢ ᠶᠢᠨ ᠥᠬᠢᠨ (烏拉貝勒滿泰) (1596 ᠣᠨ ᠳᠤ ᠦᠬᠦᠭᠰᠡᠨ). 1602 ᠣᠨ ᠳᠤ ᠭᠡᠷᠡᠯᠦᠭᠰᠡᠨ᠃ 1603 ᠣᠨ ᠳᠤ ᠶᠡᠬᠡ ᠲᠠᠲᠠᠪᠤᠷᠢ ᠪᠠᠷ ᠡᠷᠭᠦᠮᠵᠢᠯᠡᠭᠳᠡᠭᠰᠡᠨ (大妃). ᠤᠯᠠᠨᠠᠷᠠ ᠬᠠᠲᠤᠨ 3 ᠬᠦᠦ ᠲᠥᠷᠦᠭᠦᠯᠦᠭᠰᠡᠨ:

5. ᠪᠣᠷᠵᠢᠭᠢᠨ ᠣᠪᠣᠭᠲᠤ ᠬᠠᠲᠤᠨ (博爾濟吉特氏), ᠱᠣᠤ ᠺᠠᠨ ᠪᠡᠯᠪᠡᠰᠦᠨ ᠲᠠᠲᠠᠪᠤᠷᠢ (壽康太妃) ᠴᠣᠯᠠ ᠪᠠᠷ ᠨᠡᠬᠡᠨ ᠡᠷᠭᠦᠮᠵᠢᠯᠡᠭᠰᠡᠨ᠃

ᠨᠤᠷᠬᠠᠴᠢ ᠬᠠᠭᠠᠨ ᠤ ᠠᠷᠤ ᠣᠷᠳᠣᠨ ᠤ ᠲᠠᠲᠠᠪᠤᠷᠢ (側妃; ᠵᠡ ᠹᠡᠢ): 6. ᠢᠷᠭᠡᠨ ᠭᠢᠣᠷᠣ ᠣᠪᠣᠭᠲᠤ ᠲᠠᠲᠠᠪᠤᠷᠢ (伊爾根覺羅氏), 2 ᠬᠦᠦ ᠲᠥᠷᠦᠭᠦᠯᠦᠭᠰᠡᠨ:

7. ᠢᠶᠡᠬᠡᠨᠠᠷᠠ ᠣᠪᠣᠭᠲᠠᠨ (葉赫那拉氏), ᠰᠢᠶᠣᠵᠢᠭᠠᠣ ᠬᠠᠲᠤᠨ ᠤ ᠳᠡᠭᠦᠦ᠃ 1 ᠥᠬᠢᠨ ᠲᠥᠷᠦᠭᠦᠯᠦᠭᠰᠡᠨ:

    • ᠨᠤᠷᠬᠠᠴᠢ ᠬᠠᠭᠠᠨ ᠤ 8 ᠳᠠᠬᠢ ᠥᠬᠢᠨ

8. ᠨᠡᠷ᠎ᠡ ᠨᠢ ᠦᠯᠦ ᠮᠡᠳᠡᠭᠳᠡᠬᠦ 2 ᠲᠠᠲᠠᠪᠤᠷᠢ

ᠨᠤᠷᠬᠠᠴᠢ ᠬᠠᠭᠠᠨ ᠤ ᠳᠣᠲᠣᠭᠠᠳᠤ ᠣᠷᠳᠣᠨ ᠤ ᠲᠠᠲᠠᠪᠤᠷᠢ (庶妃; Shu Fei): 9. ᠵᠢᠭᠤ ᠶᠢᠶᠠ ᠲᠠᠲᠠᠪᠤᠷᠢ (兆佳氏), 1 ᠬᠦᠦ ᠲᠥᠷᠦᠭᠦᠯᠦᠭᠰᠡᠨ:

    • ᠠᠪᠠᠢ᠂ ᠵᠢᠨᠢ ᠭᠦᠨ

10. ᠨᠢᠭᠤᠬᠤᠷᠤ ᠣᠪᠣᠭᠲᠠᠨ (鈕祜祿氏), 2 ᠬᠦᠦ ᠲᠥᠷᠦᠭᠦᠯᠦᠭᠰᠡᠨ:

    • ᠲᠠᠨᠤᠯᠳᠠᠢ᠂ ᠹᠦ᠋ ᠭᠦᠨ
    • ᠲᠠᠪᠠᠢ᠂ ᠹᠦ᠋ ᠭᠦᠨ

11. ᠭᠢᠮᠤᠬᠤ ᠳᠤ ᠭᠢᠣᠷᠣ ᠣᠪᠣᠭᠲᠠᠨ (嘉穆瑚覺羅氏) (ᠲᠦᠷᠦᠭᠰᠡᠨ ᠨᠡᠷ᠎ᠡ ᠵᠢᠨ ᠭᠡ (真哥)), 5 ᠬᠡᠦᠬᠡᠳ ᠲᠥᠷᠦᠭᠦᠯᠦᠭᠰᠡᠨ:

    • ᠪᠠᠪᠤ ᠲᠠᠢ᠂ ᠵᠢᠨᠢ ᠭᠦᠨ
    • ᠮᠦᠺᠰᠢᠨ
    • ᠪᠠᠪᠤᠬᠠᠢ
    • ᠨᠤᠷᠬᠠᠴᠢ ᠶᠢᠨ 5 ᠳᠠᠬᠢ ᠥᠬᠢᠨ
    • ᠨᠤᠷᠬᠠᠢᠴᠢ ᠶᠢᠨ 6 ᠳᠠᠬᠢ ᠥᠬᠢᠨ

12. ᠰᠢᠯᠢᠨ ᠭᠢᠣᠷᠣ ᠣᠪᠣᠭᠲᠠᠨ (西林覺羅), 1 ᠬᠦᠦ ᠲᠥᠷᠦᠭᠦᠯᠦᠭᠰᠡᠨ:

13. ᠢᠷᠭᠡᠨ ᠭᠢᠣᠷᠣ ᠣᠪᠣᠭᠲᠠᠨ(伊爾根覺羅氏), 1 ᠥᠬᠢᠨ ᠲᠥᠷᠦᠭᠦᠯᠦᠭᠰᠡᠨ:

    • ᠨᠤᠷᠬᠠᠴᠢ ᠶᠢᠨ 7 ᠳᠠᠬᠢ ᠥᠬᠢᠨ

ᠬᠦᠦ[ᠵᠠᠰᠠᠪᠤᠷᠢᠯᠠᠬᠤ | ᠺᠣᠳ᠋ ᠢᠶᠠᠷ ᠵᠠᠰᠠᠬᠣ]

1. ᠴᠶ᠋ᠢᠨ (褚英) (1580–1618),ᠨᠤᠷᠬᠠᠴᠢ ᠶᠢᠨ ᠠᠩᠬᠠᠨ ᠤ ᠬᠤᠩᠲᠠᠶᠢᠵᠢ᠂ ᠭᠤᠨᠧ ᠬᠤᠩᠲᠠᠶᠢᠵᠢ (廣略太子) ᠴᠣᠯᠠ ᠡᠷᠭᠦᠮᠢᠯᠡᠭᠰᠡᠨ
2. ᠳᠠᠶᠢᠴᠠᠨ (代善) (1583 – 1648), ᠲᠡᠷᠢᠭᠦᠨ ᠵᠡᠷᠭᠡ ᠶᠢᠨ ᠯᠢ ᠸᠠᠩ (禮親王)
3. ᠠᠪᠠᠢ (1585 – 1648)
4. ᠲᠠᠨᠤᠯᠳᠠᠢ (湯古代) (1585 –1640)
5. ᠮᠠᠩᠬᠤᠯᠳᠠᠢ (莽古爾泰) (1587 – 1633)
6. ᠲᠠᠪᠠᠢ (塔拜) (1589 – 1639)
7. ᠠᠪᠠ ᠲᠠᠢ (阿巴泰) (1589 – 1646)
8. ᠠᠪᠠᠬᠠᠢ ᠬᠠᠭᠠᠨ (皇太極) (1592 – 1643)
9. ᠪᠠᠪᠤ ᠲᠠᠢ (巴布泰) (1592 – 1655)
10. ᠳᠡᠭᠡᠯᠡᠢ (德格類) (1592 – 1635)
11. ᠪᠠᠪᠤᠬᠠᠢ (巴布海) (1597 – 1643)
12. Aᠵᠢᠭᠡ (阿濟格) (1605 – 1651)
13. ᠯᠠᠶᠢᠮᠪᠤ (賴慕布) (1612 – 1646)
14. ᠳᠣᠷᠣᠭᠣᠨ (多爾袞) (1612 – 1650)
15. ᠳᠣᠳᠣ (多鐸) (1614 – 1649)
16.ᠹᠢᠶᠠᠩᠭᠤ (費揚果) (1620 – ?)

ᠥᠬᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

1. ᠳ᠋ᠣᠩᠭ᠎ᠠ ᠭᠦᠨᠵᠡ (東果格格) (1578 – 1652), 1588 ᠣᠨ ᠳᠤ ᠬᠣᠬᠣᠷᠢ ᠲᠡᠢ ᠭᠡᠷᠡᠯᠦᠭᠰᠡᠨ (何和禮) (1561–1624), ᠤᠯᠤᠰ ᠤᠨ ᠭᠦᠨᠵᠡ (固倫公主) ᠴᠣᠯᠠ ᠲᠠᠢ
2. ᠨᠦᠮᠵᠦ ᠭᠦᠨᠵᠡ (嫩哲格格) (1587 – 1646), ᠳᠠᠷᠬᠠᠨ ᠲᠠᠢ ᠭᠡᠷᠡᠯᠦᠭᠰᠡᠨ (達爾漢), ᠬᠣᠱᠣᠢ ᠭᠦᠨᠵᠡ (和碩公主) ᠴᠣᠯᠠ ᠡᠷᠭᠦᠮᠵᠢᠯᠡᠭᠰᠡᠨ
3. ᠮᠠᠩᠬᠤᠵᠢ (莽古濟) (1590–1635), 1601 ᠣᠨ ᠳᠤ ᠬᠠᠳᠠᠨᠠᠷᠠ ᠸᠠᠷᠭᠤᠳᠠᠢ ᠲᠠᠢ ᠭᠡᠷᠡᠯᠦᠭᠰᠡᠨ (哈達部納喇.吳爾古代) (ᠬᠦᠦ ᠮᠡᠩᠭᠤᠪᠤᠯᠤ(孟格布祿))
4. ᠮᠦᠺᠰᠢᠨ (穆庫什) (1595 – ?); 1608 ᠣᠨ ᠳᠤ ᠤᠯᠠᠨᠠᠷᠠ ᠪᠦᠷᠠᠨ ᠲᠠᠢ ᠸᠠᠩ ᠲᠠᠢ ᠭᠡᠷᠡᠯᠦᠭᠰᠡᠨ (烏拉國主布佔泰), ᠤᠯ ᠣᠪᠤᠭ ᠤᠨ ᠰᠡᠭᠦᠯᠴᠢ ᠶᠢᠨᠸᠠᠩ
5. ? (1597–1613); 1608 ᠣᠨ ᠳᠤ ᠨᠢᠬᠤᠷᠤ ᠳᠠᠺᠢ ᠲᠠᠢ ᠭᠡᠷᠡᠯᠦᠭᠰᠡᠨ (鈕祜祿᠃達啟), ᠬᠦᠦ ᠨᠢᠬᠤᠷᠤ ᠡᠶᠢᠳᠤ (鈕祜祿᠃額亦都)
6. ? (1600 – 1646), 1613 ᠣᠨ ᠳᠤ ᠢᠶᠡᠬᠡᠨᠠᠷᠠ ᠰᠤᠨᠠ ᠲᠠᠢ ᠭᠡᠷᠡᠯᠦᠭᠰᠡᠨ(葉赫那拉.蘇納) (ᠰᠦ᠋ᠺᠰᠠᠬᠠᠭᠡᠶᠢᠨ ᠡᠴᠢᠭᠡ)
7. ? (1604 – 1685), 1619 ᠣᠨ ᠳᠤ ᠨᠠᠷᠠ ᠡᠵᠢ ᠲᠠᠢ ᠭᠡᠷᠡᠯᠦᠭᠰᠡᠨ (納喇.鄂札伊) (1641 ᠣᠨ ᠳᠤ ᠦᠬᠦᠭᠰᠡᠨ)
8. ? (1612 – 1646), 1625 ᠣᠨ ᠳᠤ ᠪᠣᠷᠵᠢᠭᠢᠨ ᠭᠣᠷᠪᠤᠰᠢ ᠲᠠᠢ ᠭᠡᠷᠡᠯᠦᠭᠰᠡᠨ (博爾濟吉特᠃固爾布什), ᠬᠣᠱᠣᠢ ᠭᠦᠨᠵᠡ (和碩公主) ᠴᠣᠯᠠ ᠡᠷᠭᠦᠮᠵᠢᠯᠡᠭᠰᠡᠨ

http://wiki.uhaan.com/index.php?title=ᠨᠤᠷᠬᠠᠴᠢ&oldid=412061》 ᠍  ᠡᠴᠡ ᠠᠪᠤᠭᠰᠠᠨ

ᠪᠢᠴᠢᠭᠡᠰᠦ