ᠨᠣᠷᠪᠯᠢᠩ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠨᠣᠷᠪᠯᠢᠩ (ᠬᠤᠳᠤᠮ ᠮᠣᠩᠭᠣᠯ ᠢᠶᠠᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠨᠣᠷᠪᠤᠯᠢᠩ ᠢ) — ᠬᠡᠨᠲᠡᠢ ᠠᠶᠢᠮᠠᠭ ᠤᠨ ᠰᠤᠮᠤ. ᠮᠣᠩᠭᠣᠯ ᠤᠯᠤᠰ ᠤᠨ ᠬᠠᠷᠢᠶᠠᠲᠤ ᠢᠷᠭᠡᠨ᠂ ᠨᠣᠷᠪᠯᠢᠩ ᠰᠤᠮᠤ ᠶᠢᠨ ᠰᠠᠭᠤᠷᠢᠨ ᠬᠦᠮᠦᠨ ᠠᠮᠠ - 2,254[1]᠃ ᠡᠨᠡ ᠲᠣᠭᠠᠯᠠᠯᠭ᠎ᠠ ᠪᠠᠷ ᠪᠣᠯ ᠠᠶᠢᠮᠠᠭ ᠤᠨ ᠢᠶᠠᠨ 17 ᠰᠤᠮᠤᠨ ᠠᠴᠠ 7 ᠍ ᠳᠦᠭᠡᠷ ᠣᠯᠠᠨ ᠬᠦᠮᠦᠨ ᠠᠮᠠ ᠲᠠᠢ ᠰᠤᠮᠤ ᠭᠡᠵᠦ ᠦᠵᠡᠭᠳᠡᠨ᠎ᠡ᠃ ᠰᠤᠮᠤ ᠶᠢᠨ ᠨᠤᠲᠤᠭ ᠵᠠᠬᠢᠷᠭᠠᠨ ᠤ 4 ᠪᠠᠭ ᠲᠤ ᠬᠤᠪᠢᠶᠠᠭᠳᠠᠳᠠᠭ᠃ ᠰᠤᠮᠤ ᠶᠢᠨ ᠲᠥᠪ ᠡᠴᠡ ᠪᠠᠷᠠᠭᠤᠨ ᠬᠣᠶᠢᠨ᠎ᠠ 40 ᠺᠢᠯᠣᠮᠧᠲ᠋ᠷ ᠵᠠᠢ ᠳᠤ ᠪᠦᠷᠢᠨᠬᠠᠭᠠᠨ ᠲᠣᠰᠬᠣᠨ ᠪᠠᠶᠢᠳᠠᠭ᠃
ᠪᠠᠭ ᠤᠳ ᠤᠨ ᠬᠦᠮᠦᠨ ᠠᠮᠠ[2]
ᠪᠠᠭ ᠤᠨ ᠨᠡᠷ᠎ᠡ ᠬᠦᠮᠦᠨ ᠠᠮᠠ
(2010 ᠣᠨ)
1 ᠪᠠᠶᠠᠨ-ᠥᠯᠵᠡᠶᠢᠲᠦ 578
2 ᠠᠩᠭᠢᠷ ᠲᠤ 308
3 ᠣᠨᠣᠨ 478
4 ᠲᠥᠪ ᠦᠨ 890
ᠰᠤᠮᠤ ᠶᠢᠨ ᠲᠥᠪ ᠨᠢ ᠠᠶᠢᠮᠠᠭ ᠤᠨ ᠲᠥᠪ ᠡᠴᠡ 202 ᠺᠢᠯᠣᠮᠧᠲ᠋ᠷ ,ᠤᠯᠠᠭᠠᠨᠪᠠᠭᠠᠲᠤᠷ ᠬᠣᠲᠠ ᠠᠴᠠ ᠥᠨᠳᠥᠷ ᠬᠠᠨ ᠤ ᠵᠠᠮ ᠢᠶᠠᠷ 533 ᠺᠢᠯᠣᠮᠧᠲ᠋ᠷ ,ᠰᠢᠭᠤᠳ 495 ᠺᠢᠯᠣᠮᠧᠲ᠋ᠷ᠂ᠠᠶᠢᠮᠠᠭ ᠤᠨ ᠢᠶᠠᠨ ᠨᠤᠲᠤᠭ ᠤᠨ ᠵᠡᠭᠦᠨ ᠬᠣᠶᠢᠲᠤ ᠥᠨᠴᠥᠭ ᠲᠦ ᠤᠯᠵᠠ ᠭᠣᠣᠯ ᠤᠨ ᠬᠥᠪᠡᠭᠡᠨ ᠳᠤ ᠥᠷᠭᠡᠨ ᠠᠷᠤ᠂ ᠳᠡᠯ ᠭᠡᠳᠡᠭ ᠠᠭᠤᠯᠠ ᠶᠢᠨ ᠠᠷᠤ ᠳᠤ᠂ ᠤᠷᠠᠨ ᠳᠥᠰᠢ ᠠᠭᠤᠯᠠ ᠶᠢᠨ ᠪᠠᠷᠠᠭᠤᠨ ᠲᠠᠯ᠎ᠠ ᠳᠤ ᠠᠷᠤ ᠵᠢᠷᠭᠠᠯᠠᠩᠲᠤ ᠭᠡᠳᠡᠭ ᠵᠢᠵᠢᠭ ᠭᠣᠣᠯ ᠤᠨ ᠬᠥᠪᠡᠭᠡᠨ ᠳᠤ ᠣᠷᠣᠰᠢᠳᠠᠭ᠃

ᠨᠣᠷᠪᠯᠢᠩ ᠰᠤᠮᠤ ᠣᠶᠢᠲᠤ ᠬᠡᠭᠡᠷ᠎ᠡ ,ᠬᠡᠭᠡᠷ᠎ᠡ ᠶᠢᠨ ᠪᠥᠰᠡ ᠳᠦ ᠪᠠᠶᠢᠷᠢᠯᠠᠳᠠᠭ ᠪᠥᠭᠡᠳ 533.3 ᠮᠢᠩᠭᠠᠨ ᠾᠧᠺᠲ᠋ᠣᠷ ᠨᠤᠲᠤᠭ ᠲᠠᠢ ,ᠨᠤᠲᠤᠭ ᠤᠨ ᠤᠮᠠᠷᠠᠳᠤ ᠴᠡᠭ ᠣᠨᠣᠨ ᠭᠣᠣᠯ ᠠᠴᠠ ᠡᠮᠦᠨᠡᠲᠦ ᠴᠡᠭ ᠰᠢᠯᠢ ᠶᠢᠨ ᠬᠣᠯᠪᠣᠭ᠎ᠠ ᠬᠦᠷᠲᠡᠯ᠎ᠡ 120 ᠺᠢᠯᠣᠮᠧᠲ᠋ᠷ᠂ ᠥᠷᠥᠨᠡᠲᠦ ᠴᠡᠭ ᠴᠣᠭᠲᠤ-ᠥᠨᠳᠥᠷ ᠡᠴᠡ/ ᠳᠡᠯᠭᠡᠷ ᠪᠤᠯᠠᠭ ᠤᠨ ᠳᠠᠪᠠᠭᠠᠨ ᠤ / ᠳᠣᠷᠣᠨᠠᠲᠤ ᠴᠡᠭ ᠪᠠᠭ᠎ᠠ ᠣᠨᠴᠠᠭᠠᠢ ᠠᠭᠤᠯᠠ ᠶᠢᠨ ᠣᠷᠣᠢ ᠬᠦᠷᠲᠡᠯ᠎ᠡ 70 ᠣᠷᠴᠢᠮ km ,ᠬᠣᠶᠢᠨ᠎ᠠ ᠠᠴᠠ ᠡᠮᠦᠨ᠎ᠡ ᠵᠦᠭ ᠲᠤ ᠰᠤᠨᠤᠭᠰᠠᠨ ᠥᠷᠭᠡᠨ ᠠᠭᠤᠳᠠᠮ ᠨᠤᠲᠤᠭ ᠲᠠᠢ .ᠪᠦᠬᠦ ᠨᠤᠲᠤᠭ ᠤᠨ ᠶᠡᠬᠡᠩᠬᠢ ᠬᠡᠰᠡᠭ ᠢ ᠣᠶᠢᠲᠤ ᠬᠡᠭᠡᠷ᠎ᠡ ,ᠪᠤᠰᠤᠳ ᠢ ᠨᠢ ᠲᠠᠯ᠎ᠠ ᠬᠡᠭᠡᠷ᠎ᠡ ,ᠬᠤᠸᠠ ᠭᠦᠪ ᠢᠶᠡᠨ ᠲᠣᠯᠣᠭᠠᠳ ᠡᠵᠡᠯᠡᠳᠡᠭ᠃ᠨᠡᠶᠢᠲᠡ ᠨᠤᠲᠤᠭ ᠤᠨ ᠥᠨᠳᠥᠷ ᠴᠡᠭ ᠰᠤᠮᠤ ᠶᠢᠨ ᠲᠥᠪ ᠡᠴᠡ ᠪᠠᠷᠠᠭᠤᠨ ᠡᠮᠦᠨ᠎ᠡ 35 ᠺᠢᠯᠣᠮᠧᠲ᠋ᠷ ᠣᠷᠴᠢᠮ ᠳᠤ ᠪᠤᠢ ᠬᠠᠶᠠᠳᠡᠯᠭᠡᠷ ᠬᠠᠭᠠᠨ ᠠᠭᠤᠯᠠ 1594.3 ᠮ ,ᠬᠣᠶᠢᠨ᠎ᠠ ᠤᠷᠤᠰᠢᠬᠤ ᠪᠦᠷᠢᠨ ᠬᠠᠭᠠᠨ ᠠᠭᠤᠯᠠ 1554.0 ᠮ᠂ ᠵᠡᠭᠦᠨ ᠤᠷᠳᠤ ᠪᠠᠶᠢᠷᠢᠯᠠᠬᠤ ᠲᠦᠮᠡᠨ ᠬᠠᠭᠠᠨ ᠠᠭᠤᠯᠠ 1357.0 ᠮ᠂ᠨᠣᠷᠪᠯᠢᠩ ᠪᠠᠶᠠᠨ ᠠᠭᠤᠯᠠ ᠰᠤᠮᠤ ᠶᠢᠨ ᠵᠠᠭᠠᠭ ᠲᠤ ᠤᠷᠤᠰᠢᠬᠤ ᠳᠤᠩ ᠬᠠᠭᠠᠨ ᠠᠭᠤᠯᠠ 1534.7 ᠮ ᠪᠣᠯᠤᠨ ᠬᠣᠶᠢᠲᠤ ᠬᠡᠰᠡᠭ ᠲᠦ ᠪᠡᠨ ᠬᠡᠨᠲᠡᠢ ᠶᠢᠨ ᠨᠢᠷᠤᠭᠤᠨ ᠤ ᠰᠠᠯᠪᠤᠷᠢ ᠠᠤᠯᠠᠯᠠᠰ ᠪᠣᠯᠬᠤ ᠡᠷᠢᠶᠡᠨ ᠳᠠᠪᠠᠭᠠᠨ ᠤ ᠨᠢᠷᠤᠭᠤᠨ ᠤ ᠵᠡᠷᠭᠡ ᠣᠢ ᠮᠣᠳᠣᠳ ᠠᠤᠯᠠᠯᠠᠰ ᠲᠠᠢ .ᠰᠤᠮᠤ ᠶᠢᠨ ᠬᠠᠮᠤᠭ ᠤᠨ ᠨᠠᠮ ᠳᠣᠣᠷ᠎ᠠ ᠭᠠᠵᠠᠷ ᠨᠢ ᠰᠤᠮᠤ ᠶᠢᠨ ᠲᠥᠪ ᠡᠴᠡ ᠵᠡᠭᠦᠨ ᠲᠡᠰᠢ 30 ᠺᠢᠯᠣᠮᠧᠲ᠋ᠷ ᠳᠦ ᠤᠯᠵᠠ ᠶᠢᠨ ᠭᠣᠣᠯ ᠤᠨ ᠳᠠᠭᠠᠤ 950 ᠮ ᠣᠷᠴᠢᠮ ᠡᠷᠭᠦᠭᠳᠡᠵᠡᠢ᠃ᠰᠤᠮᠤ ᠶᠢᠨ ᠨᠤᠲᠤᠭ ᠨᠢ ᠳᠠᠯᠠᠢ ᠶᠢᠨ ᠲᠥᠪᠰᠢᠨ ᠡᠴᠡ ᠳᠤᠮᠳᠠᠴᠢ ᠪᠠᠷ 1200 ᠮ ᠡᠷᠭᠦᠭᠳᠡᠭᠰᠡᠨ᠂ ᠨᠤᠲᠤᠭ ᠳᠡᠪᠢᠰᠬᠡᠷ ᠲᠦ ᠵᠢᠯ ᠳᠤ ᠪᠡᠨ 220-230 ᠮᠢᠯᠯᠢᠮᠧᠲ᠋ᠷ ᠣᠷᠴᠢᠮ ᠲᠤᠨᠤᠳᠠᠰᠤ ᠤᠨᠠᠵᠤ ,ᠬᠥᠷᠦᠰᠦᠨ ᠦ 60 ᠣᠷᠴᠢᠮ ᠬᠤᠪᠢ ᠨᠢ ᠪᠣᠷᠣᠭᠠᠨ ᠤ ,40 ᠣᠷᠴᠢᠮ ᠬᠤᠪᠢ ᠴᠠᠰᠤᠨ ᠤ ᠴᠢᠭᠢᠭ ᠢᠶᠡᠷ ᠲᠡᠵᠢᠭᠡᠭᠳᠡᠳᠡᠭ ᠤᠴᠢᠷ ᠭᠠᠨ ᠵᠤᠳ ᠲᠣᠬᠢᠶᠠᠬᠤ ᠨᠢ ᠬᠠᠷᠢᠴᠠᠩᠭᠤᠢ ᠴᠥᠭᠡᠨ᠃ ᠬᠦᠢᠲᠡᠨ ᠦ ᠳᠡᠭᠡᠳᠦ ᠬᠡᠮᠵᠢᠶ᠎ᠡ ᠨᠢ 39 ᠬᠡᠮ ᠭᠠᠷᠤᠢ ,ᠳᠤᠯᠠᠭᠠᠨ ᠤ ᠳᠡᠭᠡᠳᠦ ᠬᠡᠮᠵᠢᠶᠡᠨ ᠦ 37 ᠬᠡᠮ ᠡᠴᠡ ᠲᠡᠳᠦᠶᠢᠯᠡᠨ ᠬᠡᠲᠦᠷᠡᠳᠡᠭ ᠦᠭᠡᠢ .ᠰᠠᠯᠬᠢᠨ ᠤ ᠴᠢᠭᠯᠡᠯ ᠭᠣᠣᠯᠳᠠᠭᠤ ᠪᠠᠷᠠᠭᠤᠨ

ᠬᠣᠶᠢᠨ᠎ᠠ ᠠᠴᠠ ᠪᠠᠨ ,ᠡᠪᠦᠯ ᠦᠨ ᠤᠯᠠᠷᠢᠯ ᠳᠤ ᠪᠠᠷᠠᠭᠤᠨ ᠡᠮᠦᠨᠡᠲᠦ ᠡᠴᠡ ᠭᠣᠣᠯᠯᠠᠳᠠᠭ᠃ᠬᠠᠮᠤᠭ ᠤᠨ ᠶᠡᠬᠡ ᠰᠠᠯᠬᠢ ᠬᠠᠪᠰᠠᠷᠭ᠎ᠠ ᠲᠠᠢ ᠦᠶ᠎ᠡ 3,4,5 ᠍ ᠳᠦᠭᠡᠷ ᠰᠠᠷ᠎ᠠ ᠦᠶ᠎ᠡ ᠦᠶ᠎ᠡ 14-20 ᠮ/ᠰᠧᠺ ᠬᠦᠷᠴᠦ ᠰᠢᠷᠦᠭᠦᠰᠳᠡᠭ ᠪᠣᠯᠪᠠᠴᠤ ᠶᠡᠬᠡᠩᠬᠢ ᠳᠦ ᠪᠡᠨ ᠲᠣᠭᠲᠠᠭᠤᠨ ᠨᠠᠷᠠᠯᠢᠭ ᠪᠠᠶᠢᠳᠠᠭ᠃ᠠᠭᠤᠯᠠ ᠶᠢᠨ ᠴᠢᠯᠠᠭᠤᠯᠢᠭ ,ᠨᠠᠮᠤᠭᠠᠷᠬᠠᠭ ,ᠬᠡᠭᠡᠷ᠎ᠡ ᠶᠢᠨ ᠰᠢᠷᠤᠶᠢᠨ ᠬᠥᠷᠦᠰᠦᠨ ᠦ ᠳᠠᠪᠬᠤᠷᠭ᠎ᠠ ᠲᠠᠢ ,ᠠᠭᠤᠯᠠ ᠳᠠᠪᠠᠭ᠎ᠠ ᠣᠯᠠᠨ ᠲᠠᠢ᠃ᠰᠢᠪᠡᠷ ᠦᠨ ᠳᠠᠪᠠᠭ᠎ᠠ᠂ᠤᠯᠠᠭᠠᠨᠬᠠᠮᠠᠷ ,ᠶᠡᠬᠡ ᠳᠠᠪᠠᠭ᠎ᠠ᠂ᠰᠣᠨᠣᠷ ,ᠴᠠᠭᠠᠨ ᠳᠠᠪᠠᠭ᠎ᠠ᠂ ᠠᠷᠤ᠂ᠥᠪᠥᠷ ᠣᠷᠨᠨᠠᠢ᠂ ᠬᠤᠴᠠ ᠶᠢᠨ ᠬᠣᠭᠣᠯᠠᠢ ,ᠤᠷᠲᠤ ᠶᠢᠨ ᠬᠥᠨᠳᠡᠢ ,ᠬᠤᠯᠤᠰᠤ ᠲᠠᠢ ,ᠬᠣᠩᠭᠣᠷ ,ᠠᠩᠭᠢᠷᠲ ᠤᠨ ᠲᠠᠯ᠎ᠠ ᠭᠡᠬᠦ ᠮᠡᠲᠦ ᠣᠯᠠᠨ ᠲᠠᠯ᠎ᠠ ᠬᠥᠨᠳᠡᠢ ᠲᠡᠢ᠃ ᠣᠨᠣᠨ᠂ ᠤᠯᠵᠠ ᠣᠷᠨᠨᠠᠢ ᠬᠥᠨᠳᠡᠢ᠂ᠳᠠᠷᠴᠠᠭ ᠲᠤ ,ᠤᠷᠲᠤ᠂ᠪᠡᠷᠬᠡ ᠪᠠᠶᠠᠨᠭᠣᠣᠯ ,ᠮᠣᠭᠠᠢ ᠮᠡᠬᠡᠷᠴᠢ ,ᠬᠤᠴᠠ ᠶᠢᠨ ᠭᠣᠣᠯ ,ᠠᠯᠲᠠᠨ ᠡᠮᠡᠭᠡᠯ᠂ᠴᠠᠭᠠᠨ ᠴᠢᠯᠭᠤ ᠲᠤ ,ᠰᠢᠪᠡᠷ ,ᠬᠥᠨᠳᠡᠯᠡᠨ ,ᠪᠠᠶᠠᠨᠪᠤᠯᠠᠭ᠂ᠵᠠᠮ ᠳᠤ ᠵᠡᠷᠭᠡ ᠭᠣᠣᠯ ᠮᠥᠷᠡᠨ ᠭᠣᠷᠭᠢᠨ ᠨᠤᠭᠤᠳ ᠲᠠᠢ ᠪᠣᠯᠪᠠᠴᠤ ᠶᠡᠬᠡᠩᠬᠢ ᠨᠢ ᠰᠢᠷᠭᠢᠵᠦ ᠪᠠᠶᠢᠨ᠎ᠠ᠃ᠮᠥᠨ ᠤᠯᠵᠠ ᠶᠢᠨ ᠴᠠᠭᠠᠨ ᠨᠠᠭᠤᠷ᠂ᠲᠦᠮᠡᠨᠬᠠᠭᠠᠨ ᠤ ᠴᠠᠭᠠᠨ ᠨᠠᠭᠤᠷ ,ᠬᠤᠯᠤᠰᠤ ᠲᠠᠢ ,ᠠᠩᠭᠢᠷ ᠲᠤ ᠪᠤᠯᠤ ᠨᠠᠭᠤᠷ ᠳᠠᠯᠲᠠ ᠶᠢᠨ ᠴᠠᠭᠠᠨ ᠨᠠᠭᠤᠷ ᠤᠯᠵᠠ ᠶᠢᠨ ᠬᠤᠯᠤᠰᠤ ᠲᠠᠢ ,ᠬᠠᠷᠴᠢᠯᠠᠭᠤᠲᠤ ,ᠬᠠᠷ᠎ᠠ ᠨᠠᠭᠤᠷ ,ᠴᠡᠭᠡᠨ ᠦ ᠨᠠᠭᠤᠷ ᠭᠡᠬᠦ ᠮᠡᠲᠦ ᠶᠢᠨ ᠣᠯᠠᠨ ᠨᠠᠭᠤᠷ ᠤᠳ ᠲᠠᠢ ᠪᠣᠯᠪᠠᠴᠤ ᠵᠠᠷᠢᠮ ᠨᠢ ᠰᠢᠷᠭᠢᠵᠦ ᠪᠠᠶᠢᠭ᠎ᠠ ᠨᠢ ᠪᠠᠶᠢᠭᠠᠯᠢ ᠡᠺᠣᠯᠣᠭ ᠤᠨ ᠲᠡᠩᠴᠡᠪᠦᠷᠢ ᠠᠯᠳᠠᠭᠳᠠᠵᠤ ᠪᠠᠶᠢᠭ᠎ᠠ ᠶᠢ ᠬᠠᠷᠠᠭᠤᠯᠵᠤ ᠪᠠᠶᠢᠨ᠎ᠠ᠃ᠲᠣᠭᠣᠭ᠎ᠠ ᠳᠤ᠂ ᠵᠠᠮ ᠳᠤ᠂ᠤᠯᠠᠭᠠᠯᠠᠵᠠᠷᠭᠠᠨ᠎ᠠ ᠵᠡᠷᠭᠡ ᠷᠠᠰᠢᠶᠠᠨ ᠪᠤᠯᠠᠭ ᠱᠠᠩᠳᠠ ᠲᠠᠢ᠃ ᠠᠰᠢᠭᠲᠤ ᠮᠠᠯᠲᠠᠮᠠᠯ ᠤᠨ ᠣᠷᠳᠣ ᠭᠠᠵᠠᠷ ᠲᠠᠢ .ᠣᠳᠣ ᠪᠠᠷ ᠰᠠᠯᠬᠢ ᠳᠤ᠂ᠲᠣᠬᠣᠢ ᠪᠤᠯᠠᠭ ᠤᠨ ᠠᠭᠤᠷᠬᠠᠢ ᠨᠤᠭᠤᠳ ᠠᠵᠢᠯᠯᠠᠵᠤ ᠪᠠᠶᠢᠨ᠎ᠠ᠃ ᠰᠢᠯᠮᠦᠦᠰᠦ ᠳᠦ ᠨᠠᠪᠴᠢᠲᠤ ᠣᠢ ᠲᠠᠢ᠂ ᠡᠭᠦᠨ ᠳᠦ: ᠰᠢᠨᠡᠰᠦ ,ᠨᠠᠷᠠᠰᠤ , ᠬᠤᠰᠤ ,ᠤᠯᠢᠶᠠᠰᠤ᠂ ᠪᠤᠷᠭᠠᠰᠤ ᠵᠡᠷᠭᠡ ᠮᠣᠳᠣ ᠲᠠᠢ ᠪᠡᠯᠴᠢᠭᠡᠷ ᠦᠨ ᠲᠥᠷᠥᠯ ᠪᠦᠷᠢ ᠶᠢᠨ ᠤᠷᠭᠤᠮᠠᠯ ᠲᠠᠢ᠃

ᠲᠤᠰ ᠰᠤᠮᠤ ᠶᠢᠨ ᠨᠤᠲᠤᠭ ᠲᠤ ᠪᠠᠶᠢᠭ᠎ᠠ ᠲᠡᠦᠬᠡ ᠰᠤᠶᠤᠯ ᠤᠨ ᠦᠯᠦ ᠬᠥᠳᠡᠯᠬᠦ ᠳᠤᠷᠠᠰᠬᠠᠯᠲᠤ ᠭᠠᠵᠠᠷ ᠤᠳ ᠠᠴᠠ ᠨᠡᠷᠡᠯᠡᠪᠡᠯ:


ᠴᠢᠩᠭᠢᠰ ᠦᠨ ᠬᠡᠷᠡᠮᠦᠨ ᠵᠠᠮ
ᠰᠢᠪᠡᠷ ᠮᠠᠨᠳᠤᠯ ᠤᠨ ᠬᠥᠨᠳᠡᠯᠡᠩ ᠦᠨ ᠪᠢᠴᠢᠭᠲᠦ ᠬᠠᠳᠠ
ᠮᠣᠭᠠᠢ ᠶᠢᠨ ᠨᠠᠷᠲᠤ ᠰᠢᠲᠦᠭᠡᠨ》 ᠪᠤᠶᠤ ᠣᠳᠣ ᠶᠢᠨ ᠨᠡᠷ᠎ᠡ ᠪᠡᠷ ᠨᠠᠷᠠᠰᠤ ᠲᠠᠢ᠃ ᠨᠣᠷᠪᠯᠢᠩ ᠰᠤᠮᠤ ᠠᠴᠠ ᠵᠡᠭᠦᠨ ᠲᠡᠰᠢ 15-20 ᠺᠢᠯᠣᠮᠧᠲ᠋ᠷ ᠳᠦ ᠣᠷᠣᠰᠢᠳᠠᠭ ᠡᠨᠡ ᠭᠠᠵᠠᠷ ᠲᠤ ᠴᠢᠩᠭᠢᠰ ᠬᠠᠭᠠᠨ ᠰᠢᠭᠢᠬᠤᠲᠤᠭ ᠢ ᠪᠠᠭ᠎ᠠ ᠳᠤ ᠨᠢ ᠣᠯᠵᠠᠯᠠᠨ ᠠᠪᠴᠤ ᠡᠵᠢ ᠳᠦ ᠪᠡᠨ ᠠᠪᠴᠢᠷᠠᠵᠤ ᠥᠭᠴᠦ ᠥᠰᠬᠡᠨ ᠪᠣᠶᠢᠵᠢᠭᠤᠯᠤᠭᠰᠠᠨ ᠲᠤᠬᠠᠢ ᠮᠣᠩᠭᠣᠯ ᠤᠨ ᠨᠢᠭᠤᠴᠠ ᠲᠣᠪᠴᠢᠶᠠᠨ ᠳᠤ ᠦᠭᠦᠯᠡᠭᠰᠡᠨ ᠲᠡᠦᠬᠡᠨ ᠭᠠᠵᠠᠷ ᠶᠤᠮ᠃
ᠤᠷᠠᠨ ᠳᠥᠰᠢ ᠠᠭᠤᠯᠠ ᠶᠢᠨ ᠣᠷᠣᠢ ᠣᠷᠴᠢᠮ ᠤᠨ ᠳᠥᠷᠪᠡᠯᠵᠢᠨ ᠪᠤᠯᠠᠰᠢ
ᠲᠦᠷᠦᠭ ᠦᠨ ᠦᠶ᠎ᠡ ᠶᠢᠨ ᠴᠢᠯᠠᠭᠤᠨ ᠬᠥᠰᠢᠶ᠎ᠡ ᠤᠷᠠᠨ ᠳᠥᠰᠢ ᠶᠢᠨ ᠵᠡᠭᠦᠨ ᠳᠣᠣᠷ᠎ᠠ ᠪᠠᠶᠢᠳᠠᠭ᠃
ᠵᠠᠮ ᠳᠤ ,ᠥᠯᠵᠡᠶᠢᠲᠦ ᠣᠪᠣᠭᠠᠨ ᠤ ᠪᠤᠷᠭᠠᠰᠤᠲᠠᠢ ᠶᠢᠨ ᠳᠥᠷᠪᠡᠯᠵᠢᠨ ᠪᠤᠯᠠᠰᠢ
ᠰᠤᠮᠤ ᠶᠢᠨ ᠲᠥᠪ ᠡᠴᠡ ᠵᠡᠭᠦᠨ ᠲᠡᠰᠢ ᠮᠣᠭᠠᠢ ᠶᠢᠨ ᠰᠢᠷ᠎ᠠ ᠬᠠᠳᠠ ᠭᠠᠯᠢᠨ ᠤ ᠥᠨᠳᠥᠷᠯᠢᠭ ᠲᠦ ᠪᠠᠷᠠᠨ ᠤᠩᠭᠧᠷᠠᠨ ᠤ ᠦᠯᠡᠳᠡᠭᠳᠡᠯ ᠴᠡᠷᠢᠭ ᠲᠡᠢ ᠣᠷᠣᠰ ᠤᠨ ᠤᠯᠠᠭᠠᠨ ᠴᠡᠷᠢᠭ ᠲᠤᠯᠤᠯᠳᠤᠵᠤ ᠪᠠᠶᠢᠭᠰᠠᠨ ᠭᠠᠵᠠᠷ ᠪᠠᠶᠢᠳᠠᠭ᠃
ᠳᠡᠯ ᠦᠨ ᠪᠤᠯᠠᠭ ᠥᠨᠳᠥᠷ ᠳᠣᠪᠣ- ᠰᠢᠨ᠎ᠡ ᠴᠢᠯᠠᠭᠤᠨ ᠵᠡᠪᠰᠡᠭ ᠦᠨ ᠦᠶ᠎ᠡ ᠶᠢᠨ ᠲᠤᠷ᠎ᠠ ᠪᠠᠭᠤᠴᠠ ᠪᠠᠶᠢᠳᠠᠭ᠃
ᠰᠤᠮᠤ ᠶᠢᠨ ᠨᠤᠲᠤᠭ ᠳᠡᠪᠢᠰᠬᠡᠷ ᠲᠦ ᠲᠠᠬᠢᠵᠤ ᠰᠢᠲᠦᠳᠡᠭ ᠠᠭᠤᠯᠠ ᠣᠪᠣᠭ᠎ᠠ ᠨᠤᠭᠤᠳ ᠮᠥᠰᠦᠲᠦ ,ᠥᠭᠭᠢᠶᠡᠮᠦᠷ᠂ ᠬᠤᠸᠠ᠂ ᠪᠡᠷᠬᠡ ᠶᠢᠨ ᠭᠣᠣᠯ ᠥᠨᠳᠥᠷ , ᠴᠠᠭᠠᠨ ᠣᠪᠣᠭ᠎ᠠ ,ᠪᠤᠶᠠᠨ ᠳᠡᠯᠭᠡᠷ᠂ ᠪᠦᠷᠢᠨ ᠬᠠᠭᠠᠨ᠂ ᠤᠷᠠᠨ ᠳᠥᠰᠢ᠂ ᠲᠦᠮᠡᠨ ᠬᠠᠭᠠᠨ᠂ ᠬᠠᠶᠠᠳᠡᠯᠭᠡᠷ ᠬᠠᠭᠠᠨ , ᠠᠩᠭᠢᠷᠲ ᠤᠨ ᠬᠠᠷ᠎ᠠ ᠣᠪᠣᠭᠠᠲᠤ᠂ᠨᠣᠷᠪᠯᠢᠩ᠂ ᠤᠷᠲᠤ ᠶᠢᠨ ᠪᠠᠶᠠᠨ ᠠᠭᠤᠯᠠ ᠵᠡᠷᠭᠡ ᠶᠤᠮ᠃


ᠲᠤᠰ ᠰᠤᠮᠤ ᠶᠢᠨ ᠨᠤᠲᠤᠭ ᠲᠤ ᠣᠷᠣᠰᠢᠵᠤ ᠢᠷᠡᠭᠰᠡᠨ ᠱᠠᠰᠢᠨ ᠰᠢᠲᠦᠯᠭᠡ᠂ ᠰᠦᠮ᠎ᠡ ᠬᠡᠶᠢᠳ ᠦᠳ

ᠡᠷᠳᠡᠨᠢ ᠳᠠᠯᠠᠢ ᠸᠠᠩ ᠤᠨ ᠬᠦᠷᠢᠶ᠎ᠡ
1805 ᠣᠨ ᠳᠤ ᠪᠠᠶᠢᠭᠤᠯᠤᠭᠳᠠᠭᠰᠠᠨ ᠬᠤᠸᠠ ᠬᠣᠰᠢᠭᠤᠨ ᠤ ᠬᠡᠶᠢᠳ
1860 ᠣᠨ ᠳᠤ ᠲᠡᠮᠦᠷ ᠯᠠᠮᠠ ᠶᠢᠨ ᠰᠠᠨᠠᠭᠠᠴᠢᠯᠠᠭ᠎ᠠ ᠪᠠᠷ ᠪᠠᠶᠢᠭᠤᠯᠤᠭᠳᠠᠭᠰᠠᠨ ᠮᠥᠰᠦᠲᠦ ᠪᠤᠶᠤ ᠳᠠᠯᠲᠠ ᠶᠢᠨ ᠰᠢᠲᠦᠭᠡᠨ ᠬᠡᠶᠢᠳ ᠰᠤᠮᠤ ᠶᠢᠨ ᠲᠥᠪ ᠡᠴᠡ ᠵᠡᠭᠦᠨ ᠬᠣᠶᠢᠰᠢ 21 ᠺᠢᠯᠣᠮᠧᠲ᠋ᠷ ᠲ
1888 ᠣᠨ ᠳᠤ ᠪᠠᠶᠢᠭᠤᠯᠤᠭᠳᠠᠭᠰᠠᠨ ᠠᠩᠭᠢᠷ ᠲᠤ ᠨᠠᠭᠤᠷ ᠤᠨ ᠵᠡᠭᠦᠨ ᠡᠩᠭᠡᠷ ᠦᠨ ᠠᠩᠭᠢᠷᠲ ᠤᠨ ᠬᠡᠶᠢᠳ
1936 ᠣᠨ ᠳᠤ ᠰᠢᠨ᠎ᠡ ᠪᠡᠷ ᠴ᠃ᠰᠣᠳᠣᠪ ᠭᠡᠯᠦᠩ ᠦᠨ ᠪᠠᠶᠢᠭᠤᠯᠤᠭᠰᠠᠨ ᠪᠦᠷᠭᠦᠳ ᠦᠨ ᠱᠠᠩᠳᠠ ᠶᠢᠨ ᠳᠤᠭᠠᠩ ,ᠭᠠᠨᠵᠤᠤᠷ ᠤᠨ ᠬᠤᠷᠠᠯ ᠶᠢᠰᠦᠨ ᠬᠦᠮᠦᠨ ᠦ ᠠᠭᠤᠢ ᠳᠠᠬᠢ ᠯᠠᠮᠠᠪᠤᠷᠢᠮᠪᠠ ᠵᠡᠷᠭᠡ ᠪᠠᠶᠢᠴᠠᠢ᠃

ᠬᠦᠮᠦᠨ ᠠᠮᠠ ᠶᠢᠨ ᠤᠭᠰᠠᠭᠠᠲᠠᠨ ᠤ ᠪᠦᠲᠦᠴᠡ ᠶᠢᠨ ᠬᠤᠪᠢ ᠳᠤ ᠬᠠᠯᠬ᠎ᠠ ,ᠪᠤᠷᠢᠶᠠᠳ ᠵᠣᠩᠬᠢᠯᠠᠭᠰᠠᠨ ᠠᠷᠠᠳ ᠲᠦᠮᠡᠨ ᠲᠡᠢ᠃ ᠵᠠᠰᠠᠭ ᠵᠠᠬᠢᠷᠭᠠᠨ ᠤ ᠨᠢᠭᠡᠴᠡ 4 ᠪᠠᠭ ᠲᠠᠢ 2008 ᠣᠨ ᠤ ᠡᠴᠦᠰ ᠦᠨ ᠪᠠᠶᠢᠳᠠᠯ ᠢᠶᠠᠷ 646 ᠡᠷᠦᠬᠡ 2340 ᠬᠦᠮᠦᠨ ᠠᠮᠠ ᠲᠠᠢ᠃ ᠯᠠ᠃ᠪᠠᠰᠠᠩᠳᠣᠷᠵᠢ /2 ᠮᠢᠩᠭᠠᠲᠤ/, ,ᠰ᠃ᠡᠩᠬᠡᠪᠠᠭᠠᠲᠤᠷ᠂ ᠰ᠃ᠨᠡᠷᠡᠭᠦᠶᠢᠵᠠᠮᠢᠶᠠᠨ ,ᠯᠠ᠃ᠪᠠᠨᠽᠠᠷᠠᠭᠴᠢ᠂ ᠨ᠃ᠶᠤᠶᠢᠷᠠ᠂ ᠱ᠃ᠴᠢᠯᠠᠭᠤᠨᠪᠠᠭᠠᠲᠤᠷ᠂ ᠪ᠃ᠡᠩᠬᠠᠮᠤᠭᠤᠯᠠᠩ᠂ ᠰ᠃ᠰᠢᠵᠢᠷᠪᠠᠭᠠᠲᠤᠷ᠂ ᠳᠠᠸᠠᠵᠠᠪ᠂ ᠴ᠃ᠲᠤᠩᠭᠠᠯᠠᠭ᠂ ᠫ᠃ᠠᠷᠢᠭᠤᠨᠪᠠᠶᠠᠷ᠂ ᠳᠣᠨᠣᠢ ᠳᠤ ᠪᠠᠨ ᠨᠠᠷ ᠤᠨ 12 ᠮᠢᠩᠭᠠᠲᠤ ᠮᠠᠯᠴᠢᠨ ᠲᠠᠢ᠃ ᠭᠠᠵᠠᠷ ᠲᠠᠷᠢᠶᠠᠯᠠᠩ ᠤᠨ 3000 ᠭᠠ ᠲᠠᠯᠠᠪᠠᠢ ᠲᠠᠢ ᠪᠥᠭᠡᠳ 2008 ᠣᠨ ᠳᠤ 1000 ᠭᠠ ᠳᠦ ᠲᠠᠷᠢᠶᠠᠯᠠᠵᠤ 1000 ᠲᠣᠨ ᠦᠷ᠎ᠡ ᠲᠠᠷᠢᠶ᠎ᠠ᠂ 8.6 ᠭᠠ ᠳᠦ ᠲᠥᠮᠥᠰᠥ 43.5 ᠲᠣᠨ ,9.1 ᠭᠠ ᠳᠦ ᠬᠦᠨᠡᠰᠦᠨ ᠦ ᠨᠣᠭᠣᠭ᠎ᠠ ᠲᠠᠷᠢᠶᠠᠯᠠᠵᠤ 71.2 ᠲᠣᠨ ᠬᠦᠨᠡᠰᠦᠨ ᠦ ᠨᠣᠭᠣᠭ᠎ᠠ ᠬᠤᠷᠢᠶᠠᠵᠤ ᠪᠠᠶᠢᠭᠠᠯᠢ ᠶᠢᠨ ᠬᠠᠳᠤᠯᠠᠩ 7325 ᠲᠣᠨ ᠪᠡᠯᠡᠳᠬᠡᠭᠰᠡᠨ᠃ ᠬᠠᠳᠤᠯᠠᠩ ᠲᠠᠷᠢᠶᠠᠨ ᠤ ᠰᠢᠮᠡᠲᠦ ᠬᠥᠷᠥᠰᠥ ᠪᠦᠬᠦᠢ ᠠᠷᠪᠢᠨ ᠠᠭᠤᠳᠠᠮ ᠡᠶᠢᠮᠦ ᠭᠠᠵᠠᠷ ᠨᠤᠲᠤᠭ ᠲᠤ ᠲᠠᠪᠤᠨ ᠬᠣᠰᠢᠭᠤ ᠮᠠᠯ ᠢᠶᠠᠨ ᠥᠰᠬᠡᠬᠦ ᠳᠦ ᠪᠡᠨ ᠦᠬᠡᠷ ᠦᠨ ᠮᠢᠬ᠎ᠠ ᠰᠦᠨ ᠦ ᠴᠢᠭᠯᠡᠯ ᠢᠶᠡᠷ᠂ᠬᠣᠨᠢ ᠪᠠᠨ ᠪᠠᠷᠭᠤ ᠦᠵᠦᠮᠦᠴᠢᠨ ᠣᠮᠤᠭ ᠢᠶᠠᠷ ,ᠢᠮᠠᠭ᠎ᠠ ᠶᠢ ᠪᠠᠨ ᠪᠠᠶᠠᠩᠳᠡᠯᠭᠡᠷ ᠭᠠᠯᠠᠱᠠᠷ ᠤᠨ ᠨᠣᠣᠯᠣᠭᠤᠷ ᠤᠨ ᠴᠢᠭᠯᠡᠯ ᠢᠶᠡᠷ ᠰᠠᠶᠢᠵᠢᠷᠠᠭᠤᠯᠵᠤ ᠢᠷᠡᠭᠰᠡᠨ ᠤᠯᠠᠮᠵᠢᠯᠠᠯ᠎ᠠ ᠦᠷᠭᠦᠯᠵᠢᠯᠢᠭᠦᠯᠬᠦ , ᠥᠭᠡᠷ᠎ᠡ ᠳᠣᠲᠣᠷ᠎ᠠ ᠨᠢ ᠰᠢᠯᠢᠨ ᠰᠤᠩᠭᠤᠬᠤ ᠵᠠᠮ ᠢᠶᠠᠷ ᠨᠤᠲᠤᠭ ᠤᠨ ᠬᠡᠪᠰᠢᠯ ᠦᠨ ᠰᠢᠯᠢᠮᠡᠯ ᠰᠦᠷᠦᠭ ᠲᠡᠢ ᠪᠣᠯᠬᠤ᠂ᠮᠥᠨ ᠭᠠᠵᠠᠷ ᠲᠠᠷᠢᠶᠠᠯᠠᠩ ᠮᠠᠯ ᠠᠵᠤ ᠠᠬᠤᠢ ᠬᠣᠣᠰᠯᠠᠭᠰᠠᠨ ᠬᠣᠷᠰᠢᠶ᠎ᠠ ᠹᠧᠷᠮᠧᠷ ᠤᠨ ᠠᠵᠤ ᠠᠬᠤᠢ ᠡᠷᠬᠢᠯᠡᠬᠦ ᠬᠥᠭᠵᠢᠭᠦᠯᠬᠦ ᠪᠦᠷᠢᠨ ᠪᠣᠯᠤᠮᠵᠢ ᠪᠠᠶᠢᠨ᠎ᠠ᠃ ᠮᠥᠨ ᠲᠡᠭᠦᠨᠴᠢᠯᠡᠨ ᠪᠠᠶᠢᠭᠠᠯᠢ ᠶᠢᠨ ᠪᠠᠶᠠᠯᠢᠭ ᠢᠶᠠᠨ ᠠᠰᠢᠭᠯᠠᠨ ᠮᠣᠳᠣ ᠪᠠᠷ ᠬᠠᠨ᠎ᠠ᠂ ᠤᠨᠢ᠂ ᠬᠠᠭᠠᠯᠭ᠎ᠠ᠂ ᠴᠢᠩᠭᠡᠯᠢᠭ ,ᠮᠤᠬᠤᠯᠠᠭ ,ᠡᠮᠡᠭᠡᠯ᠂ ᠲᠡᠷᠭᠡ᠂ᠬᠣᠨᠢ ᠲᠡᠮᠡᠭᠡᠨ ᠦ ᠨᠣᠣᠰᠣ ᠪᠠᠷ ᠢᠰᠡᠭᠡᠢ ᠢᠰᠡᠭᠡᠢ ᠭᠤᠲᠤᠯ᠂ ᠣᠶᠢᠮᠣᠰᠤ ᠪᠡᠯᠡᠭ ᠳᠤᠷᠠᠰᠬᠠᠯ ᠤᠨ ᠵᠦᠢᠯ ᠬᠢᠬᠦ .ᠭᠠᠬᠠᠢ ,ᠲᠠᠬᠢᠶ᠎ᠠ᠂ ᠵᠥᠭᠡᠢ᠂ ᠦᠷᠡᠵᠢᠭᠦᠯᠬᠦ᠃ ᠲᠥᠮᠥᠰᠥ ᠬᠦᠨᠡᠰᠦᠨ ᠦ ᠨᠣᠭᠣᠭ᠎ᠠ ,ᠵᠢᠮᠢᠰᠦᠨ ᠦ ᠪᠤᠲᠠ ᠲᠠᠷᠢᠶᠠᠯᠠᠬᠤ ᠵᠡᠷᠭᠡ ᠪᠡᠷ ᠡᠷᠦᠬᠡ ᠶᠢᠨ ᠠᠵᠤ ᠠᠬᠤᠢ ᠡᠷᠬᠢᠯᠡᠨ ᠥᠭᠡᠳᠡ ᠲᠡᠢ ᠰᠠᠶᠢᠨ ᠠᠮᠢᠳᠤᠷᠠᠬᠤ ᠲᠠᠭᠠᠲᠠᠢ ᠣᠷᠴᠢᠨ ᠪᠦᠷᠢᠳᠦᠭᠰᠡᠨ ᠰᠠᠶᠢᠬᠠᠨ ᠨᠤᠲᠤᠭ ᠢᠶᠠᠨ᠃ ᠮᠠᠨ ᠤ ᠰᠤᠮᠤ ᠶᠢᠨ ᠢᠷᠭᠡᠳ ᠬᠥᠳᠡᠯᠮᠦᠷᠢᠴᠢᠳ ᠡᠵᠡᠨ ᠴᠢᠩᠭᠢᠰ ᠬᠠᠭᠠᠨ ᠤ ᠳᠣᠮᠣᠭ ᠣᠷᠣᠰᠢᠭᠰᠠᠨ ᠡᠨᠡ ᠨᠤᠲᠤᠭ ᠣᠷᠣᠨ ᠤ ᠪᠠᠨ ᠣᠨᠴᠠᠯᠢᠭ ᠳᠠᠪᠠᠭᠤ ᠲᠠᠯ᠎ᠠ ᠶᠢ ᠪᠦᠷᠢᠨ ᠠᠰᠢᠭᠯᠠᠵᠤ ᠥᠪᠡᠷ ᠢᠶᠡᠨ ᠥᠪᠡᠷ ᠢ ᠪᠡᠨ ᠪᠣᠯᠤᠨ ᠡᠷᠦᠬᠡ ᠭᠡᠷ ᠢᠶᠡᠨ ᠥᠭᠡᠳᠡ ᠨᠢ ᠲᠠᠲᠠᠵᠤ ᠲᠥᠷᠥᠯᠬᠢ ᠰᠤᠮᠤ ᠪᠠᠨ ᠥᠭᠡᠳᠡᠯᠡᠨ ᠳᠡᠭᠵᠢᠭᠡᠵᠦ ᠬᠥᠭᠵᠢᠭᠦᠯᠬᠦ ᠶᠢᠨ ᠲᠥᠯᠥᠭᠡ ᠵᠣᠷᠢᠭ ᠡᠷᠮᠡᠯᠵᠡᠯᠡᠯ ᠳᠦᠭᠦᠷᠡᠩ ᠪᠠᠶᠢᠳᠠᠭ ᠶᠠᠭᠤᠮ᠎ᠠ ᠪᠠᠨ᠃

ᠰᠤᠮᠤ ᠶᠢᠨ ᠲᠤᠩᠨ ᠦ ᠵᠣᠬᠢᠶᠠᠭᠴᠢ ᠨᠢ ᠣ᠃ᠲᠦᠪᠰᠢᠨᠳᠡᠮᠪᠡᠷᠢᠯ᠂ ᠵᠢᠷᠤᠭᠠᠴᠢ ᠰ᠃ᠬᠠᠯᠢᠭᠤᠨ ᠨᠠᠷ ᠤᠨ ᠪᠦᠲᠦᠭᠡᠭᠰᠡᠨ ᠵᠠᠭᠪᠤᠷ ᠢ ᠰᠤᠮᠤ ᠶᠢᠨ ᠢᠷᠭᠡᠨ ᠦ ᠲᠥᠯᠥᠭᠡᠯᠡᠭᠴᠢᠳ ᠦᠨ ᠬᠤᠷᠠᠯ ᠤᠨ 2006-07-21 ᠍ ᠤ ᠡᠳᠦᠷ ᠦᠨ 28 ᠳ᠋ᠤᠭᠠᠷ ᠲᠣᠭᠲᠠᠭᠠᠯ ᠢᠶᠠᠷ ᠪᠠᠲᠤᠯᠠᠭᠰᠠᠨ᠃ ᠪᠡᠯᠭᠡᠳᠡᠯ ᠦᠨ ᠲᠠᠶᠢᠯᠪᠤᠷᠢ ᠪᠢᠴᠢᠭ 1. ᠲᠤᠭᠠᠨ ᠤ ᠣᠷᠣᠢ ᠶᠢᠨ ᠳᠦᠷᠰᠦᠯᠡᠯ ᠨᠢ ᠡᠷᠲᠡᠨ ᠦ ᠪᠣᠷᠵᠢᠭᠢᠨ ᠠᠶᠢᠮᠠᠭ ᠤᠨ ᠰᠢᠲᠦᠭᠡᠨ ᠴᠠᠭᠠᠨ ᠱᠣᠩᠬᠣᠷ ᠰᠢᠪᠠᠭᠤ ᠶᠢ ᠪᠢᠯᠢᠭᠳᠡᠨ ᠳᠦᠷᠰᠦᠯᠡᠭᠰᠡᠨ ᠪᠣᠯᠤᠨ᠎ᠠ᠃ 2. ᠲᠤᠭ ᠲᠣᠭᠣᠷᠢᠭᠰᠠᠨ ᠤᠯᠠᠭᠠᠨ ᠵᠠᠯᠠᠭ᠎ᠠ ᠨᠢ ᠮᠣᠩᠭᠣᠯ ᠲᠦᠮᠡᠨ ᠦ ᠭᠠᠯ ᠰᠢᠲᠦᠭᠡᠨ᠂ ᠮᠥᠨ ᠨᠢᠵᠡᠭᠡᠳ ᠲᠣᠭ᠎ᠠ ᠨᠢ 12 ᠪᠠᠶᠢᠭ᠎ᠠ ᠨᠢ ᠰᠠᠷ᠎ᠠ ᠵᠢᠯ ᠦᠨ ᠮᠥᠴᠡᠯᠭᠡ ᠶᠢ ᠣᠷᠣᠭᠤᠯᠤᠭᠰᠠᠨ ᠶᠤᠮ 3. ᠲᠤᠭᠠᠨ ᠤ ᠦᠨᠳᠦᠰᠦᠨ ᠭᠤᠷᠪᠠᠯᠵᠢᠨ ᠬᠡᠯᠪᠡᠷᠢ ᠨᠢ ᠮᠣᠩᠭᠣᠯ ᠠᠶᠢᠮᠠᠭ ᠤᠳ ᠤᠨ ᠲᠤᠭ ᠰᠦᠯᠳᠡ ᠶᠢ ᠥᠪᠯᠡᠭ ᠪᠢᠯᠢᠭᠳᠡᠭᠰᠡᠨ 4. ᠲᠤᠭᠠᠨ ᠤ ᠰᠠᠭᠤᠷᠢ ᠬᠥᠬᠡ ᠥᠩᠭᠡ ᠨᠢ ᠬᠥᠬᠡ ᠲᠩᠷᠢ᠂ ᠳᠡᠭᠡᠳᠦ ᠳ᠋ᠣᠣ ᠳᠤ ᠴᠠᠭᠠᠨ ᠬᠦᠷᠢᠶ᠎ᠡ ᠨᠢ ᠰᠠᠭᠠᠳ ᠦᠭᠡᠢ ᠭᠡᠭᠡᠨ ᠣᠷᠣᠰᠢᠬᠤ ᠶᠢᠨ ᠪᠢᠯᠢᠭᠳᠡᠯ 5. ᠲᠤᠭᠠᠨ ᠤ ᠳᠡᠭᠡᠳᠦ ᠬᠡᠰᠡᠭ ᠦᠨ ᠵᠠᠳᠠᠭᠠᠢ ᠴᠢᠨᠳᠠᠮᠠᠨᠢ ᠨᠢ ᠨᠣᠷᠪᠠ ᠡᠷᠳᠡᠨᠢ ᠶᠢᠨ ᠪᠢᠯᠢᠭᠳᠡᠯ ᠳᠦᠷᠰᠦ ᠪᠣᠯᠤᠨ᠎ᠠ 6. ᠲᠤᠭᠤᠨ ᠳᠡᠭᠡᠷ᠎ᠡ ᠤᠷᠤᠰᠢᠬᠤ ᠬᠣᠣᠰ ᠪᠤᠭᠤ ᠶᠢᠨ ᠡᠷᠲᠡᠨ ᠦ ᠳᠦᠷᠰᠦᠯᠡᠯ ᠨᠢ ᠮᠣᠩᠭᠣᠯ ᠲᠦᠮᠡᠨ ᠦ ᠳᠡᠭᠡᠳᠦ ᠡᠬᠢ ᠭᠣᠸ᠎ᠠ ᠮᠠᠷᠠᠯ ᠢ ᠲᠥᠯᠦᠭᠡᠯᠡᠭᠦᠯᠦᠭᠰᠡᠨ᠃ᠮᠥᠨ ᠲᠤᠰ ᠨᠤᠲᠤᠭ ᠲᠤ ᠡᠷᠲᠡᠨ ᠦ ᠲᠡᠦᠬᠡᠨ ᠳᠤᠷᠠᠰᠬᠠᠯᠲᠤ ᠭᠠᠵᠠᠷ᠂ ᠬᠥᠰᠢᠶ᠎ᠡ ᠬᠢᠷᠡᠭᠰᠦᠭᠦᠷ ᠡᠯᠪᠡᠭᠲᠡᠢ ᠶᠢ ᠢᠯᠡᠷᠬᠡᠶᠢᠯᠡᠭᠰᠡᠨ ᠪᠣᠯᠤᠨ᠎ᠠ᠃ 7. ᠲᠤᠭᠠᠨ ᠤ ᠣᠷᠣᠢ ᠶᠢᠨ ᠪᠤᠶᠤ ᠬᠠᠵᠠᠭᠤ ᠶᠢᠨ ᠬᠣᠣᠰ ᠮᠠᠨᠵᠢᠯᠭ᠎ᠠ ᠨᠢ ᠲᠣᠭ᠎ᠠ ᠨᠢᠭᠡᠴᠡᠭᠡᠳ ᠭᠤᠷᠪᠠ ᠪᠠᠶᠢᠭ᠎ᠠ ᠨᠢ ᠣᠳᠣ᠂ ᠥᠩᠭᠡᠷᠡᠭᠰᠡᠨ᠂ ᠢᠷᠡᠭᠡᠳᠦᠢ ᠴᠠᠭ ᠤᠨ ᠪᠢᠯᠢᠭᠳᠡᠯ᠂ ᠮᠠᠨᠵᠢᠯᠭ᠎ᠠ ᠶᠢᠨ ᠥᠩᠭᠡ ᠰᠢᠷ᠎ᠠ ᠨᠢ ᠠᠮᠤᠷ ᠠᠮᠤᠭᠤᠯᠠᠩ᠂ ᠡᠷᠳᠡᠮ ᠲᠡᠭᠦᠰ ᠣᠷᠬᠢᠰ ᠢ ᠪᠢᠯᠢᠭᠳᠡᠭᠰᠡᠨ

8. ᠲᠤᠭᠠᠨ ᠤ ᠡᠰᠢᠨ ᠳᠦ ᠰᠢᠷ᠎ᠠ ᠥᠩᠭᠡ ᠶᠢ ᠰᠣᠩᠭᠣᠭᠰᠠᠨ ᠨᠢ ᠮᠠᠨᠳᠤᠭᠤᠯᠤᠨ ᠪᠠᠳᠠᠷᠠᠭᠠᠭᠴᠢ ᠨᠣᠶᠠᠨ ᠨᠢᠷᠤᠭᠤ ᠨᠢ ᠠᠮᠤᠷ ᠠᠮᠤᠭᠤᠯᠠᠩ᠂ ᠡᠷᠳᠡᠮ ᠲᠡᠭᠦᠰ ᠪᠠᠶᠢᠵᠤ᠂ ᠠᠯᠲᠠᠨ ᠰᠢᠷ᠎ᠠ ᠥᠩᠭᠡ ᠪᠡᠷ ᠲᠥᠯᠦᠭᠡᠯᠡᠭᠦᠯᠦᠨ ᠦᠯᠦ ᠭᠤᠨᠳᠠᠬᠤ ᠶᠢ ᠪᠢᠯᠢᠭᠳᠡᠪᠡ᠃ ᠡᠨᠡᠬᠦ ᠲᠡᠭᠰᠢ ᠨᠠᠶᠢᠮᠠᠨ ᠪᠢᠯᠢᠭᠳᠡᠯ ᠢ ᠰᠢᠩᠭᠡᠭᠡᠵᠦ ᠣᠷᠣᠰᠢᠶᠠᠵᠤ ᠲᠤᠰ ᠲᠤᠭᠤ ᠶᠢ ᠪᠦᠲᠦᠭᠡᠭᠰᠡᠨ ᠪᠣᠯᠤᠨ᠎ᠠ᠃
  1. ᠮᠣᠩᠭᠣᠯ ᠤᠯᠤᠰ ᠤᠨ 2010 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠳᠦᠩ (ᠰᠤᠮᠤ᠂ ᠳᠡᠭᠦᠷᠭᠡ ᠶᠢᠨ ᠲᠦᠪᠰᠢᠨ ᠢᠶᠡᠷ)
  2. ᠮᠣᠩᠭᠣᠯ ᠤᠯᠤᠰ ᠤᠨ 2010 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠳᠦᠩ (ᠪᠠᠭ᠂ ᠬᠣᠷᠢᠶᠠᠨ ᠤ ᠲᠦᠪᠰᠢᠨ ᠢᠶᠡᠷ)

ᠪᠢᠴᠢᠭᠡᠰᠦ