ᠨᠣᠭᠣᠭᠠᠨᠨᠠᠭᠤᠷ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠨᠣᠭᠣᠭᠠᠨᠨᠠᠭᠤᠷ ᠰᠤᠮᠤ ᠨᠢ ᠪᠠᠶᠠᠨ-ᠥᠯᠥᠭᠡᠢ ᠠᠶᠢᠮᠠᠭ ᠤᠨ ᠰᠤᠮᠤ ᠶᠤᠮ᠃

ᠹᠢᠽᠢᠺ ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠵᠦᠢ ᠶᠢᠨ ᠪᠠᠶᠢᠷᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠪᠠᠶᠢᠭᠤᠯᠤᠭᠳᠠᠭᠰᠠᠨ ᠣᠨ: 1952 ᠣᠹᠢᠼᠧᠷᠢᠼᠧᠷ ᠤ 9 ᠍ ᠳᠦᠭᠡᠷ ᠰᠠᠷᠠ
  • ᠭᠠᠵᠠᠷ ᠨᠤᠲᠤᠭ ᠤᠨ ᠬᠡᠮᠵᠢᠶ᠎ᠡ: 522,194 ᠭᠠ
  • ᠡᠷᠦᠬᠡ ᠶᠢᠨ ᠲᠣᠭ᠎ᠠ: 1371
  • ᠬᠦᠮᠦᠨ ᠠᠮᠠ: 6200
  • ᠵᠠᠰᠠᠭ ᠵᠠᠬᠢᠷᠭ᠎ᠠ: 8 ᠪᠠᠭ᠂ 1 ᠲᠣᠰᠬᠣᠨ ᠲᠠᠢ
  • ᠭᠠᠵᠠᠷ ᠵᠦᠢ ᠶᠢᠨ ᠰᠣᠯᠢᠪᠢᠯᠴᠠᠯ: ᠽ᠃ᠤ᠃90 ᠣᠹᠢᠼᠧᠷᠢᠼᠧᠷ 12’, ᠬ᠃ᠥ᠃49 ᠣᠹᠢᠼᠧᠷᠢᠼᠧᠷ 42’
  • ᠭᠠᠵᠠᠷ ᠵᠦᠢ ᠶᠢᠨ ᠨᠡᠷᠡᠯᠡᠯ: ᠮ-45 ᠬ᠃ᠥ᠃49,070 ᠬ᠃ᠥ᠃500
  • ᠮ-46 ᠽ᠃ᠤ᠃89,20 ᠽ᠃ᠤ᠃90,70

ᠨᠣᠭᠣᠭᠠᠨᠨᠠᠭᠤᠷ ᠰᠤᠮᠤ ᠨᠢ 1952 ᠣᠹᠢᠼᠧᠷᠢᠼᠧᠷ ᠤ 9 ᠍ ᠳᠦᠭᠡᠷ ᠰᠠᠷ᠎ᠠ ᠳᠤ ᠣᠳᠣ ᠶᠢᠨ ᠴᠠᠭᠠᠨᠨᠠᠭᠤᠷ ᠲᠣᠰᠬᠣᠨ ᠠᠴᠠ ᠡᠷᠦᠬᠡ ᠲᠤᠰᠠᠭᠠᠷᠯᠠᠨ ᠪᠥᠬᠡᠮᠥᠶᠢᠷᠡᠨ ᠭᠣᠣᠯ ᠤᠨ ᠰᠠᠪᠠ ᠭᠠᠵᠠᠷ ᠲᠤ ᠪᠠᠶᠢᠷᠢᠯᠠᠭᠰᠠᠨ᠃ ᠨᠡᠶᠢᠲᠡ ᠭᠠᠵᠠᠷ ᠨᠤᠲᠤᠭ ᠤᠨ 5200 ᠭᠠ ᠲᠠᠯᠠᠪᠠᠢ ᠶᠢ ᠬᠠᠳᠤᠯᠠᠩ ᠤᠨ ᠲᠠᠯᠠᠪᠠᠢ ᠡᠵᠡᠯᠡᠨ᠎ᠡ᠃ ᠲᠣᠮᠣᠬᠠᠨ ᠭᠣᠣᠯ ᠮᠥᠷᠢᠳ ᠲᠦ ᠠᠰᠬᠠᠲᠤ᠂ ᠪᠥᠬᠡᠮᠥᠶᠢᠷᠡᠨ᠂ ᠬᠠᠪᠴᠢᠯ᠂ ᠲᠦᠷᠭᠡᠨ᠂ ᠬᠠᠲᠠᠭᠤ ᠶᠢᠨ ᠲᠦᠷᠭᠡᠨ ᠤᠷᠤᠰᠬᠠᠯ ᠲᠠᠢ ᠭᠣᠣᠯ ᠤᠳ ᠣᠷᠣᠨ᠎ᠠ᠃ ᠬᠠᠮᠤᠭ ᠤᠨ ᠲᠣᠮᠣ ᠨᠠᠭᠤᠷ ᠨᠢ ᠠᠴᠢᠲᠤ ᠨᠠᠭᠤᠷ᠃ ᠡᠨᠡ ᠨᠠᠭᠤᠷ ᠢ 2004 ᠣᠹᠢᠼᠧᠷᠢᠼᠧᠷ ᠤ 03 ᠍ ᠳᠦᠭᠡᠷ ᠰᠠᠷ᠎ᠠ ᠶᠢᠨ 22 ᠍ ᠳᠦ ᠤᠰᠤ ᠨᠠᠮᠤᠭᠠᠷᠬᠠᠭ ᠭᠠᠵᠠᠷ ᠤᠨ ᠷᠠᠮᠰᠠᠷ ᠲᠤ ᠣᠷᠣᠭᠤᠯᠤᠭᠰᠠᠨ᠃ ᠲᠣᠮᠣᠬᠠᠨᠨᠠᠭᠤᠷᠠᠨ ᠳᠤ ᠳᠤᠮᠳᠠ ᠨᠠᠭᠤᠷ᠂ ᠬᠠᠲᠠᠭᠤ ᠶᠢᠨ ᠨᠠᠭᠤᠷ ᠭᠡᠬᠦ ᠮᠡᠲᠦ ᠨᠠᠭᠤᠷ ᠤᠳ ᠣᠷᠣᠳᠠᠭ᠃

ᠠᠭᠤᠯᠠ ᠵᠦᠢ ᠶᠢᠨ ᠰᠢᠰᠲ᠋ᠧᠮ ᠨᠢ ᠳᠠᠩ ᠰᠡᠶᠢᠯᠦᠭᠡᠮ ᠦᠨ ᠨᠢᠷᠤᠭᠤ ᠪᠠᠷ ᠲᠣᠭᠲᠠᠭᠰᠠᠨ ᠪᠠ ᠰᠤᠮᠤ ᠶᠢᠨ ᠡᠮᠦᠨᠡᠲᠦ ᠬᠡᠰᠡᠭ ᠡᠴᠡ ᠡᠬᠢᠯᠡᠨ ᠬᠣᠶᠢᠳᠤ ᠬᠡᠰᠡᠭ ᠬᠦᠷᠲᠡᠯ᠎ᠡ ᠬᠦᠷᠢᠶᠡᠯᠡᠭᠰᠡᠨ ᠪᠠᠶᠢᠳᠠᠭ᠃ ᠮᠥᠩᠬᠡ ᠴᠠᠰᠤ ᠲᠠᠢ ᠣᠯᠠᠨ ᠠᠭᠤᠯᠠ ᠪᠠᠶᠢᠳᠠᠭ ᠪᠠ ᠲᠡᠳᠡᠭᠡᠷ ᠡᠴᠡ ᠬᠠᠮᠤᠭ ᠤᠨ ᠥᠨᠳᠥᠷ ᠨᠢ ᠶᠡᠬᠡ ᠲᠦᠷᠭᠡᠨ ᠤᠤᠯ ᠳ᠃ᠲ᠃ᠳ 4029 ᠮ ᠶᠤᠮ᠃ ᠭᠠᠳᠠᠷᠭᠤ ᠶᠢᠨ ᠶᠡᠷᠦᠩᠬᠡᠢ ᠬᠡᠯᠪᠡᠷᠢ ᠨᠢ ᠲᠠᠯᠠᠷᠬᠠᠭ᠂ ᠠᠭᠤᠯᠠᠷᠬᠠᠭ᠂ ᠥᠨᠳᠥᠷ ᠠᠭᠤᠯᠠ ᠨᠤᠷ ᠤᠳ ᠲᠠᠢ᠃ ᠰᠤᠮᠤ ᠶᠢᠨ ᠵᠡᠭᠦᠨ ᠬᠡᠰᠡᠭ ᠡᠴᠡ ᠡᠬᠢᠯᠡᠵᠦ /ᠬᠠᠮᠤᠭ ᠤᠨ ᠨᠠᠮ ᠭᠠᠵᠠᠷ ᠳ᠃ᠲ᠃ᠳ 1435 ᠮ 《ᠠᠴᠢᠲᠤ》 ᠨᠠᠭᠤᠷ/ ᠪᠠᠷᠠᠭᠤᠨ ᠲᠡᠰᠢ ᠪᠣᠯᠬᠤ ᠲᠤᠰᠤᠮ ᠥᠨᠳᠥᠷ ᠠᠭᠤᠯᠠ ᠨᠢᠷᠤᠭᠤᠳ /ᠬᠠᠮᠤᠭ ᠤᠨ ᠥᠨᠳᠥᠷ ᠴᠡᠭ ᠳ᠃ᠲ᠃ᠳ 4029 ᠮ 《ᠶᠡᠬᠡ ᠲᠦᠷᠭᠡᠨ》 ᠠᠭᠤᠯᠠ/ ᠰᠢᠯᠵᠢᠳᠡᠭ᠃

ᠬᠢᠯᠢ ᠬᠢᠵᠠᠭᠠᠷ ᠲᠠᠯ᠎ᠠ ᠠᠴᠠ ᠨᠢ ᠠᠪᠴᠤ ᠦᠵᠡᠪᠡᠯ ᠪᠠᠷᠠᠭᠤᠨ ᠬᠣᠶᠢᠳᠤ ᠲᠠᠯ᠎ᠠ ᠪᠠᠷ ᠣᠷᠣᠰ ᠬᠣᠯᠪᠣᠭᠠᠨ ᠤ ᠤᠯᠤᠰ ᠤᠨ ᠲᠤᠸᠠ ᠤᠯᠤᠰ ᠲᠠᠢ᠂ ᠪᠠᠷᠠᠭᠤᠨ ᠲᠠᠯ᠎ᠠ ᠪᠠᠷ ᠣᠷᠣᠰ ᠬᠣᠯᠪᠣᠭᠠᠨ ᠤ ᠤᠯᠤᠰ ᠤᠨ ᠠᠯᠲᠠᠢ ᠶᠢᠨ ᠮᠤᠵᠢ ᠲᠠᠢ᠂ ᠵᠡᠭᠦᠨ ᠲᠠᠯ᠎ᠠ ᠪᠠᠷ ᠤᠪᠰᠤ ᠠᠶᠢᠮᠠᠭ ᠤᠨ ᠬᠣᠪᠳᠣ ᠪᠠ ᠵᠡᠭᠦᠨ ᠬᠣᠶᠢᠳᠤ ᠲᠠᠯ᠎ᠠ ᠪᠠᠷ ᠪᠥᠬᠡᠮᠥᠶᠢᠷᠡᠨ ᠰᠤᠮᠤ ᠨᠤᠭᠤᠳ ᠲᠠᠢ᠂ ᠵᠡᠭᠦᠨ ᠡᠮᠦᠨᠡᠲᠦ ᠲᠠᠯ᠎ᠠ ᠪᠠᠨ ᠢᠶᠠᠷ ᠢᠶᠠᠨ ᠥᠪᠡᠷ ᠦᠨ ᠢᠶᠡᠨ ᠠᠶᠢᠮᠠᠭ ᠤᠨ ᠠᠯᠲᠠᠨᠴᠥᠭᠥᠴᠡ᠂ ᠡᠮᠦᠨᠡᠲᠦ ᠲᠠᠯ᠎ᠠ ᠪᠠᠷ ᠪᠤᠭᠤ ᠳᠤ᠂ ᠪᠠᠷᠠᠭᠤᠨ ᠡᠮᠦᠨᠡᠲᠦ ᠲᠠᠯ᠎ᠠ ᠪᠠᠷ ᠤᠯᠠᠭᠠᠨᠬᠤᠰ ᠰᠤᠮᠤ ᠨᠤᠭᠤᠳ ᠲᠠᠢ ᠲᠤᠰ ᠲᠤᠰ ᠬᠢᠯᠢ ᠵᠠᠯᠭᠠᠳᠠᠭ᠃ ᠠᠶᠢᠮᠠᠭ ᠤᠨ ᠲᠥᠪ ᠡᠴᠡ 100 ᠺᠢᠯᠣᠮᠧᠲ᠋ᠷ ᠵᠠᠶᠢᠲᠠᠢ᠃

ᠨᠣᠭᠣᠭᠠᠨᠨᠠᠭᠤᠷ ᠰᠤᠮᠤ ᠫᠠᠷᠲ᠋ᠢᠽᠠᠨ ᠨᠤᠭᠤᠳ ᠤᠨ ᠥᠯᠥᠭᠡᠢ ᠨᠤᠲᠤᠭ᠃ ᠬᠥᠳᠡᠯᠮᠦᠷᠢ ᠶᠢᠨ ᠪᠠᠭᠠᠲᠤᠷ ᠮ᠃ᠠᠬᠠᠨ᠂ ᠲ᠃ᠱᠠᠷᠢᠪᠠᠬᠠᠨ᠂ ᠳᠠᠶᠢᠴᠢᠨ᠂ ᠬᠥᠳᠡᠯᠮᠦᠷᠢ ᠶᠢᠨ ᠪᠠᠭᠠᠲᠤᠷ ᠬ᠃ᠬᠠᠪᠳᠢᠷᠠᠯ᠂ ᠤᠯᠤᠰ ᠤᠨ ᠬᠣᠰᠢᠶ᠎ᠠ ᠠᠪᠤᠷᠭᠤ ᠬ᠃ᠱᠠᠺᠸᠨ᠂ ᠬ᠃ᠮᠤᠬᠤᠮᠧᠲ᠋ᠬᠠᠯᠢ᠂ ᠰᠢᠮᠪᠠ ᠳᠤ ᠨᠠᠷ ᠤᠨ ᠠᠯᠳᠠᠷᠲᠠᠨ ᠨᠤᠭᠤᠳ ᠢᠶᠠᠷ ᠢᠶᠠᠨ ᠪᠠᠬᠠᠷᠬᠠᠳᠠᠭ᠃ ᠰᠤᠮᠤ ᠶᠢᠨ ᠠᠬᠠᠯᠠᠬᠤ ᠰᠤᠷᠭᠠᠭᠤᠯᠢ ᠨᠢ 1250 ᠬᠡᠦᠬᠡᠳ ᠲᠡᠢ᠃ ᠲᠣᠭᠣᠷᠢᠭ ᠤᠨ 4 ᠪᠠᠭ᠎ᠠ ᠰᠤᠷᠭᠠᠭᠤᠯᠢ ᠳᠤ 320 ᠬᠡᠦᠬᠡᠳ ᠲᠡᠢ᠃ ᠳᠣᠲᠣᠭᠤᠷ ᠪᠠᠶᠢᠷᠢᠨ ᠳᠤ 400 ᠭᠠᠷᠤᠢ ᠬᠡᠦᠬᠡᠳ ᠠᠮᠢᠳᠤᠷᠠᠵᠤ ᠪᠠᠶᠢᠨ᠎ᠠ᠃ ᠬᠡᠦᠬᠡᠳ ᠦᠨ ᠴᠡᠴᠡᠷᠯᠢᠭ ᠲᠦ 4 ᠪᠦᠯᠦᠭᠲᠦ 100 ᠬᠡᠦᠬᠡᠳ ᠬᠢᠴᠢᠶᠡᠯᠯᠡᠵᠦ ᠬᠦᠮᠦᠵᠢᠵᠦ ᠪᠠᠶᠢᠨ᠎ᠠ᠃ ᠰᠤᠮᠤ ᠳᠤᠮᠳᠠ ᠶᠢᠨ ᠡᠮᠨᠡᠯᠭᠡ ᠲᠡᠢ᠃ ᠤᠯᠠᠭᠠᠨᠪᠠᠶᠢᠰᠢᠩ ᠳᠤ ᠭᠡᠰᠡᠨ ᠪᠣᠭᠣᠮᠲᠠ ᠲᠠᠢ᠃ ᠲᠡᠷᠡ ᠨᠢ ᠣᠷᠣᠰ ᠬᠣᠯᠪᠣᠭᠠᠨ ᠤ ᠤᠯᠤᠰ ᠳᠦ ᠭᠠᠷᠬᠤ ᠭᠠᠷᠴᠠ ᠨᠢ ᠶᠤᠮ᠃ ᠤᠯᠠᠭᠠᠨᠪᠠᠶᠢᠰᠢᠩ ᠳᠤ ᠪᠣᠭᠣᠮᠲᠠ ᠣᠷᠣᠰ᠂ ᠮᠣᠩᠭᠣᠯ ᠤᠨ ᠬᠣᠭᠣᠷᠣᠨᠳᠣ 1934 ᠣᠹᠢᠼᠧᠷᠢᠼᠧᠷ ᠲᠤ ᠠᠦ᠋ᠲ᠋ᠣᠵᠠᠮ ᠢ ᠵᠠᠰᠠᠴᠢ᠂ 1935 ᠣᠹᠢᠼᠧᠷᠢᠼᠧᠷ ᠲᠤ ᠣᠷᠣᠰ ᠤᠨ ᠪᠠᠷᠢᠯᠭᠠᠴᠢᠳ 10 ᠲᠠᠰᠤᠯᠭ᠎ᠠ ᠪᠦᠬᠦᠢ ᠮᠣᠳᠣᠨ ᠪᠠᠷᠢᠯᠭ᠎ᠠ ᠪᠠᠷᠢᠵᠤ ᠤᠯᠠᠭᠠᠨ ᠵᠣᠰᠣ ᠪᠠᠷ ᠪᠤᠳᠠᠰᠤᠨ ᠠᠴᠠ ᠡᠭᠦᠳᠡᠨ 《 ᠤᠯᠠᠭᠠᠨᠪᠠᠶᠢᠰᠢᠩ ᠳᠤ 《 ᠭᠡᠳᠡᠭ ᠨᠡᠷ᠎ᠡ ᠠᠪᠤᠭᠰᠠᠨ ᠪᠠᠶᠢᠨ᠎ᠠ᠃

1986 ᠣᠹᠢᠼᠧᠷᠢᠼᠧᠷ ᠠᠴᠠ ᠲᠤᠰ ᠰᠠᠯᠪᠤᠷᠢ ᠥᠷᠭᠡᠵᠢᠨ 5 ᠣᠹᠢᠼᠧᠷᠢᠽᠧᠷᠣᠨ ᠲᠣᠭ᠎ᠠ ᠲᠠᠢ ᠪᠠᠶᠢᠭᠰᠠᠨ ᠪᠣᠯ ᠣᠳᠣ 34 ᠣᠹᠢᠼᠧᠷᠢᠽᠧᠷᠣᠨ ᠲᠣᠭ᠎ᠠ ᠲᠠᠢ᠂ ᠭᠠᠶᠢᠯᠢ ᠶᠢᠨ ᠬᠢᠨᠠᠯᠲᠠ ᠶᠢᠨ ᠢᠵᠢ ᠪᠦᠷᠢᠨ ᠴᠣᠭᠴᠠᠯᠠᠪᠤᠷᠢ ᠶᠢᠨ ᠪᠠᠷᠢᠯᠭ᠎ᠠ᠂ ᠲᠦᠷᠢ ᠠᠭᠤᠯᠬᠤ᠂ ᠬᠠᠯᠠᠭᠤᠨ ᠤᠰᠤ᠂ ᠵᠣᠴᠢᠳ ᠪᠠᠭᠤᠳᠠᠯ᠂ ᠳ᠋ᠢᠽᠧᠯ ᠰᠲ᠋ᠠᠨᠼᠢ ᠲᠠᠢ᠂ 25 ᠠᠶᠢᠯ ᠤᠨ ᠣᠷᠣᠨ ᠰᠠᠭᠤᠴᠠ ᠲᠠᠢ ᠪᠣᠯᠵᠤ ᠬᠢᠯᠢ᠂ ᠭᠠᠶᠢᠯᠢ ᠶᠢᠨ ᠬᠢᠨ ᠢ ᠲᠦᠰᠢᠭᠯᠡᠨ ᠬᠣᠯᠪᠣᠭᠠᠨ ᠤ ᠪᠣᠯᠤᠨ ХААН ᠪᠠᠩᠬᠢᠨ ᠤᠰᠤᠯᠪᠤᠷᠢ᠂ ᠬᠢᠯᠢ ᠶᠢᠨ ᠬᠢᠨᠠᠯᠲᠠ ᠶᠢᠨ ᠠᠯᠪᠠᠳ ᠤᠳ ᠠᠵᠢᠯᠯᠠᠵᠤ᠂ ᠣᠷᠣᠰ᠂ ᠬᠠᠰᠠᠭᠰᠲ᠋ᠠᠨ ᠪᠣᠯᠤᠨ ᠦᠨᠳᠦᠰᠦᠨ ᠦ ᠲᠧᠯᠧᠸᠢᠽ ᠦᠵᠡᠵᠦ ᠪᠠᠶᠢᠨ᠎ᠠ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠣᠷᠣᠨ ᠶᠡᠷᠦᠩᠬᠡᠢ ᠳᠤ ᠪᠡᠨ ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ ᠤᠴᠢᠷ ᠲᠡᠷᠡ ᠨᠢ ᠨᠣᠭᠣᠭᠠᠨᠨᠠᠭᠤᠷ ᠰᠤᠮᠤ ᠳᠤ ᠴᠤ ᠲᠣᠳᠣ ᠢᠯᠡᠷᠡᠳᠡᠭ᠃ ᠲᠤᠬᠠᠢ ᠶᠢᠨ ᠭᠠᠵᠠᠷ ᠨᠤᠲᠤᠭ ᠤᠨ ᠴᠠᠭ ᠠᠭᠠᠷ ᠨᠢ ᠶᠠᠮᠠᠷ ᠪᠠᠶᠢᠳᠠᠯ ᠲᠠᠢ ᠪᠤᠢ? ᠭᠡᠳᠡᠭ ᠢ ᠬᠠᠷᠠᠭᠤᠯᠳᠠᠭ ᠵᠦᠢᠯ ᠦᠳ ᠦᠨ ᠨᠢᠭᠡ ᠨᠢ ᠳᠠᠯᠠᠢ ᠶᠢᠨ ᠲᠦᠪᠰᠢᠨ ᠡᠴᠡ ᠳᠡᠭᠡᠭᠰᠢ ᠡᠷᠭᠦᠭᠳᠡᠭᠰᠡᠨ ᠭᠠᠵᠠᠷ ᠨᠤᠲᠤᠭ ᠤᠨ ᠲᠣᠭᠲᠠᠯᠴᠠᠭ᠎ᠠ ᠶᠤᠮ᠃ ᠲᠡᠭᠡᠪᠡᠯ ᠬᠣᠲᠣᠭᠣᠷ ᠭᠦᠳᠦᠭᠦᠷ ᠦᠨ ᠮᠣᠷᠹᠣᠯᠣᠭᠢ ᠬᠡᠪᠰᠢᠨᠵᠢ ᠶᠢᠨ ᠥᠨᠳᠥᠷ ᠠᠭᠤᠯᠠ᠂ ᠳᠤᠮᠳᠠᠴᠢ ᠥᠨᠳᠥᠷ᠂ ᠨᠠᠮ ᠠᠭᠤᠯᠠ᠂ ᠥᠨᠳᠥᠷᠯᠢᠭ ᠲᠠᠯ᠎ᠠ ᠪᠠ ᠴᠠᠪ ᠲᠣᠯᠣᠭᠠᠳ᠂ ᠨᠠᠮᠳᠠᠭᠤ ᠲᠠᠯ᠎ᠠ ᠭᠡᠰᠡᠨ ᠲᠠᠪᠤᠨ ᠦᠶ᠎ᠡ ᠨᠢ ᠨᠣᠭᠣᠭᠠᠨᠨᠠᠭᠤᠷ ᠰᠤᠮᠤ ᠶᠢᠨ ᠭᠠᠳᠠᠷᠭᠤ ᠶᠢᠨ ᠲᠣᠭᠲᠠᠴᠠ ᠶᠢ ᠪᠦᠬᠦᠯᠢ ᠳᠦ ᠨᠢ ᠬᠠᠮᠤᠷᠳᠠᠭ᠃ ᠨᠠᠮᠳᠠᠭᠤ ᠲᠠᠯ᠎ᠠ ᠳᠤ ᠨᠢ ᠠᠴᠢᠲᠤ ᠨᠠᠭᠤᠷ ᠤᠨ ᠡᠷᠭᠢᠨ ᠲᠣᠭᠣᠷᠢᠨ ᠰᠤᠮᠤ ᠶᠢᠨ ᠲᠥᠪ ᠬᠠᠮᠢᠶᠠᠷᠤᠭᠳᠠᠵᠤ ᠲᠡᠨᠳᠡ ᠵᠤᠨ ᠤ ᠴᠠᠭ ᠲᠤ ᠠᠭᠠᠷ ᠤᠨ ᠲᠣᠯᠠᠭᠠᠨ ᠤ ᠬᠡᠮᠵᠢᠶ᠎ᠡ +30 ᠣᠹᠢᠼᠧᠷᠢᠼᠧᠷ ᠪᠣᠯᠵᠤ ᠪᠠᠶᠢᠬᠤ ᠳᠤ ᠥᠨᠳᠥᠷ ᠠᠭᠤᠯᠠ ᠶᠢᠨ ᠬᠡᠪᠰᠢᠨᠵᠢ ᠳᠦ ᠬᠠᠮᠢᠶᠠᠷᠳᠠᠭ ᠶᠡᠬᠡ ᠲᠦᠷᠭᠡᠨ ᠠᠭᠤᠯᠠ ᠶᠢᠨ ᠡᠷᠭᠢᠨ ᠲᠣᠭᠣᠷᠢᠨ ᠨᠢ +14,5 ᠣᠹᠢᠼᠧᠷᠢᠼᠧᠷ ᠪᠣᠯᠵᠤ᠂ ᠠᠭᠤᠯᠠ ᠶᠢᠨ ᠣᠷᠣᠢ ᠶᠢᠨ ᠮᠥᠩᠬᠡ ᠶᠢᠨ ᠴᠠᠰᠤ᠂ ᠮᠥᠰᠥ ᠲᠡᠢ ᠶᠤᠮ᠃ ᠡᠪᠦᠯ ᠨᠢ ᠮᠠᠰᠢ ᠬᠠᠬᠢᠷ ᠬᠠᠲᠠᠭᠤ ᠬᠦᠢᠲᠡᠨ᠃ ᠵᠤᠨ ᠤ ᠴᠠᠭ ᠲᠤ ᠬᠠᠮᠤᠭ ᠤᠨ ᠬᠠᠯᠠᠭᠤᠨ ᠨᠢ +29 ᠣᠹᠢᠼᠧᠷᠢᠼᠧᠷ-(+32 ᠣᠹᠢᠼᠧᠷᠢᠼᠧᠷ) ᠍ ᠳᠦ ᠬᠦᠷᠴᠦ ᠪᠠᠶᠢᠬᠤ ᠳᠤ᠂ ᠡᠪᠦᠯ ᠨᠢ -36 ᠣᠹᠢᠼᠧᠷᠢᠼᠧᠷ-40 ᠣᠹᠢᠼᠧᠷᠢᠼᠧᠷ ᠳᠦ ᠬᠦᠷᠴᠦ ᠬᠦᠢᠲᠡᠷᠡᠳᠡᠭ᠃ ᠠᠭᠠᠷ ᠤᠨ ᠲᠣᠯᠠᠭᠠᠨ ᠤ ᠬᠡᠮᠵᠢᠶ᠎ᠡ ᠤᠨ ᠵᠢᠯ ᠦᠨ ᠳᠤᠮᠳᠠᠴᠢ ᠨᠢ 0 ᠣᠹᠢᠼᠧᠷᠢᠼᠧᠷ ᠠᠴᠠ -4 ᠣᠹᠢᠼᠧᠷᠢᠼᠧᠷ ᠪᠠᠶᠢᠨ᠎ᠠ᠃

ᠨᠢᠭᠡ ᠵᠢᠯ ᠳᠤ ᠨᠠᠷᠠᠨ ᠤ ᠭᠡᠶᠢᠭᠦᠯᠬᠦ ᠳᠤᠮᠳᠠᠴᠢ ᠬᠤᠭᠤᠴᠠᠭ᠎ᠠ ᠨᠢ 2600-2900 ᠴᠠᠭᠪᠠᠶᠢᠳᠠᠭ ᠨᠢ ᠪᠠᠭ᠎ᠠ ᠦᠵᠡᠭᠦᠯᠦᠯᠲᠡ ᠶᠤᠮ᠃ ᠡᠨᠡ ᠨᠢ ᠡᠪᠦᠯ ᠬᠦᠢᠲᠡᠨ ᠪᠣᠯᠬᠤ ᠨᠢᠭᠡ ᠰᠢᠯᠲᠠᠭᠠᠨ ᠨᠢ ᠪᠣᠯᠵᠤ ᠪᠠᠶᠢᠭ᠎ᠠ ᠶᠤᠮ᠃ ᠢᠩᠭᠦᠬᠦ ᠳᠦ ᠪᠡᠨ ᠠᠭᠠᠷ ᠤᠨ ᠲᠣᠯᠠᠭᠠᠨ ᠤ ᠬᠡᠮᠵᠢᠶ᠎ᠡ ᠤᠨ ᠵᠢᠯ ᠦᠨ ᠳᠤᠮᠳᠠᠴᠢ ᠨᠢ -4 ᠣᠰ ᠡᠴᠡ 0 ᠣᠰ ᠪᠠᠶᠢᠳᠠᠭ᠃

ᠬᠤᠷ᠎ᠠ ᠲᠤᠨᠳᠠᠰᠤᠨ ᠤ ᠬᠤᠪᠢ ᠳᠤ ᠡᠪᠦᠯ ᠶᠡᠬᠡ ᠬᠤᠷ᠎ᠠ ᠲᠤᠨᠤᠳᠠᠰᠤ ᠤᠨᠠᠵᠤ ᠭᠠᠵᠠᠷ ᠨᠤᠲᠤᠭ ᠢ ᠪᠦᠬᠦᠯᠢ ᠳᠦ ᠨᠢ ᠴᠠᠰᠤ ᠪᠠᠷ ᠪᠥᠷᠬᠥᠳᠡᠭ᠃ ᠵᠤᠨ ᠬᠤᠷ᠎ᠠ ᠲᠤᠨᠳᠠᠰᠤᠨ ᠤ ᠶᠡᠬᠡᠩᠬᠢ ᠨᠢ ᠥᠨᠳᠥᠷ ᠠᠤᠯᠠᠯᠠᠰ ᠤᠨ ᠣᠷᠣᠢ ᠳᠤ ᠤᠨᠠᠵᠤ᠂ ᠨᠠᠮᠳᠠᠭᠤ ᠲᠠᠯᠠᠷᠬᠠᠭ ᠭᠠᠵᠠᠷ ᠲᠤ ᠪᠠᠭ᠎ᠠ ᠵᠡᠷᠭᠡ ᠤᠨᠠᠳᠠᠭ᠃ ᠬᠤᠷ᠎ᠠ ᠲᠤᠨᠳᠠᠰᠤᠨ ᠤ ᠵᠢᠯ ᠦᠨ ᠨᠡᠶᠢᠯᠡᠪᠦᠷᠢ ᠶᠢᠨ ᠬᠡᠮᠵᠢᠶ᠎ᠡ 200-300 ᠮᠢᠯᠯᠢᠮᠧᠲ᠋ᠷ᠃ ᠭᠣᠣᠯ ᠮᠥᠷᠡᠨ ᠦ ᠤᠷᠤᠴᠠᠰ ᠨᠢ ᠲᠥᠪ ᠠᠽᠢᠶ᠎ᠠ ᠶᠢᠨ ᠭᠠᠳᠠᠭᠰᠢ ᠤᠷᠤᠰᠬᠠᠯ ᠦᠭᠡᠢ ᠠᠢ ᠰᠠᠪᠠ ᠳᠤ ᠬᠠᠮᠢᠶᠠᠷᠴᠢ᠂ ᠪᠦᠬᠦ ᠭᠣᠣᠯ ᠤᠳ ᠨᠢ ᠠᠴᠢᠲᠤ ᠨᠠᠭᠤᠷ ᠲᠤ ᠴᠢᠳᠬᠤᠳᠠᠭ᠃ ᠠᠴᠢᠲᠤ ᠨᠠᠭᠤᠷ ᠠᠴᠠ ᠡᠬᠢ ᠠᠪᠤᠭᠰᠠᠨ ᠭᠣᠣᠯ ᠪᠠᠶᠠᠨ-ᠥᠯᠥᠭᠡᠢ ᠠᠶᠢᠮᠠᠭ ᠤᠨ ᠬᠠᠮᠤᠭ ᠤᠨ ᠲᠣᠮᠣ ᠭᠣᠣᠯ ᠨᠢ ᠪᠣᠯᠬᠤ ᠬᠣᠪᠳᠣ ᠭᠣᠣᠯ ᠳᠤ ᠴᠢᠳᠬᠤᠳᠠᠭ ᠶᠤᠮ᠃ ᠲᠣᠮᠣ ᠨᠠᠭᠤᠷ ᠤᠳ ᠤᠨ ᠲᠣᠭᠠᠨ ᠳᠤ ᠣᠷᠣᠳᠠᠭ ᠠᠴᠢᠲᠤ᠂ ᠳᠤᠮᠳᠠ ᠶᠢᠨ ᠨᠠᠭᠤᠷ ᠤᠳ ᠨᠢ ᠲᠧᠺᠲ᠋ᠣᠨᠢᠺ ᠲᠣᠭᠲᠠᠴᠠ ᠪᠠᠷ ᠡᠭᠦᠰᠦᠭᠰᠡᠨ᠃

ᠠᠭᠤᠷᠰᠢᠯᠲᠠ ᠶᠢᠨ ᠬᠤᠪᠢ ᠳᠤ ᠠᠴᠢᠲᠤ ᠨᠠᠭᠤᠷ ᠤᠨ ᠡᠷᠭᠢ ᠣᠷᠴᠢᠮ ᠳᠤ ᠶᠡᠬᠡ ᠪᠠ 150-200 ᠮᠢᠯᠯᠢᠮᠧᠲ᠋ᠷ᠂ ᠪᠤᠰᠤᠳ ᠭᠠᠵᠠᠷ ᠲᠤ ᠵᠢᠭᠳᠡ ᠪᠠ 50-150 ᠮᠢᠯᠯᠢᠮᠧᠲ᠋ᠷ ᠪᠠᠶᠢᠳᠠᠭ᠃ ᠰᠠᠯᠬᠢᠨ ᠤ ᠵᠦᠭ ᠰᠢᠭ ᠶᠡᠷᠦᠩᠬᠡᠢ ᠳᠤ ᠪᠡᠨ ᠪᠠᠷᠠᠭᠤᠨ᠂ ᠪᠠᠷᠠᠭᠤᠨ ᠬᠣᠶᠢᠳᠤ ᠵᠦᠭ ᠡᠴᠡ ᠰᠠᠯᠬᠢᠯᠠᠳᠠᠭ᠃ ᠵᠢᠯ ᠦᠨ ᠰᠠᠯᠬᠢᠨ ᠤ ᠳᠤᠮᠳᠠᠴᠢ ᠬᠤᠷᠳᠤ ᠬᠠᠷᠢᠯᠴᠠᠨ ᠠᠳᠠᠯᠢ ᠦᠭᠡᠢ ᠪᠠ 2-3 ᠮ/ᠰ ᠪᠠᠶᠢᠳᠠᠭ᠃ ᠡᠨᠡ ᠵᠢᠯ 2010 ᠣᠨ ᠤ 5 ᠍ ᠳᠦᠭᠡᠷ ᠰᠠᠷ᠎ᠠ ᠶᠢᠨ 16 ᠍ ᠳᠦ ᠰᠠᠯᠬᠢᠨ ᠤ ᠬᠤᠷᠳᠤ 35 ᠮ/ᠰ ᠳᠦ ᠬᠦᠷᠴᠦ ᠮᠠᠰᠢ ᠬᠦᠴᠦᠲᠡᠢ ᠰᠠᠯᠬᠢᠯᠠᠭᠰᠠᠨ ᠨᠢ ᠤᠷᠢᠳᠤ ᠡᠮᠦᠨ᠎ᠡ ᠨᠢ ᠪᠣᠯᠵᠤ ᠪᠠᠶᠢᠭ᠎ᠠ ᠦᠭᠡᠢ ᠦᠵᠡᠭᠳᠡᠯ  ᠶᠤᠮ᠃ ᠳᠡᠭᠡᠷᠡᠬᠢ ᠪᠦᠭᠦᠳᠡ ᠡᠴᠡ ᠳ᠋ᠦᠩᠨᠡᠵᠦ ᠦᠵᠡᠬᠦ ᠳᠦ ᠨᠣᠭᠣᠭᠠᠨᠨᠠᠭᠤᠷ ᠰᠤᠮᠤ ᠨᠢ ᠬᠠᠭᠤᠷᠠᠶᠢᠳᠠᠭᠤ ᠰᠡᠷᠢᠭᠦᠨ ᠵᠤᠨ ᠲᠠᠢ ᠪᠦᠰ ᠭᠡᠰᠡᠨ ᠠᠭᠤᠷ ᠠᠮᠢᠰᠬᠤᠯ ᠤᠨ ᠮᠤᠵᠢᠯᠠᠯᠲᠠ ᠳᠤ ᠬᠠᠮᠢᠶᠠᠷᠳᠠᠭ ᠪᠠᠶᠢᠨ᠎ᠠ᠃ ᠬᠥᠷᠦᠰᠦᠨ ᠦ ᠮᠤᠵᠢᠯᠠᠯᠲᠠ ᠪᠠᠷ ᠭᠣᠪᠢ ᠶᠢᠨ ᠮᠤᠵᠢ ᠲᠡᠭᠦᠨ ᠦ ᠳᠣᠲᠣᠷ᠎ᠠ ᠲᠥᠪ ᠠᠽᠢᠶ᠎ᠠ ᠶᠢᠨ ᠶᠡᠬᠡ ᠮᠤᠵᠢ ᠳᠤ ᠬᠠᠮᠢᠶᠠᠷᠳᠠᠭ᠃ ᠲᠡᠶᠢᠮᠦ ᠡᠴᠡ ᠭᠣᠪᠢ ᠴᠥᠯ ᠦᠨ ᠨᠥᠯᠦᠭᠡᠨ ᠳᠦ ᠶᠡᠬᠡᠬᠡᠨ ᠠᠪᠲᠠᠭᠳᠠᠭᠰᠠᠨ᠂ ᠤᠷᠭᠤᠮᠠᠯ ᠨᠢ ᠲᠡᠭᠦᠨ ᠳᠦ ᠳᠠᠰᠤᠨ ᠵᠡᠬᠢᠴᠠᠵᠤ ᠤᠷᠭᠤᠳᠠᠭ᠃

ᠨᠣᠭᠣᠭᠠᠨᠨᠠᠭᠤᠷ ᠰᠤᠮᠤ ᠶᠢᠨ ᠤᠰᠤ ᠴᠠᠭ ᠠᠭᠤᠷ ᠤᠨ ᠰᠲ᠋ᠠᠨᠼ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠰᠲ᠋ᠠᠨᠼ ᠤᠨ ᠨᠡᠷ᠎ᠡ: ᠨᠣᠭᠣᠭᠠᠨᠨᠠᠭᠤᠷ
  • ᠰᠲ᠋ᠠᠨᠼ ᠤᠨ ᠢᠨᠳᠧᠺᠰ:44210
  • ᠭᠠᠵᠠᠷ ᠵᠦᠢ ᠶᠢᠨ ᠰᠣᠯᠢᠪᠢᠯᠴᠠᠯ: ᠽ᠃ᠤ᠃900 01’ 29’’ᠬ᠃ᠥ᠃49036’54’’
  • ᠬᠢᠳᠡᠭ ᠠᠵᠢᠭᠡᠯᠡᠯᠲᠠ: 3 ᠴᠠᠭ ᠲᠤᠲᠤᠮ ᠳᠤ

ᠠᠩᠬ᠎ᠠ 1963 ᠣᠨ ᠳᠤ 7 ᠍ ᠳᠦᠭᠡᠷ ᠰᠠᠷ᠎ᠠ ᠶᠢᠨ 26 ᠍ ᠳᠦ ХАА ᠬᠠᠷᠠᠭᠤᠯ ᠪᠠᠶᠢᠭᠤᠯᠵᠤ᠂ ᠡᠳᠦᠷ ᠲᠦ 3 ᠬᠤᠭᠤᠴᠠᠭᠠᠨ ᠤ ᠠᠵᠢᠭᠡᠯᠡᠯᠲᠠ ᠬᠢᠵᠦ ᠪᠠᠶᠢᠭᠰᠠᠨ ᠪᠠ ᠠᠩᠬᠠᠨ ᠤ ᠠᠵᠢᠭᠡᠯᠡᠭᠴᠢ ᠪᠠᠷ:

  1. ᠽ᠃ᠶᠡᠷᠧᠵᠧᠸ 1963-1968 ᠣᠨ ᠳᠤ
  2. ᠲᠣᠬᠣᠨ 1968-1970 ᠣᠨ ᠳᠤ
  3. ᠫ᠃ᠠᠶᠤᠲᠠᠵᠠᠨ 1970-1971 ᠣᠨ ᠳᠤ
  4. ᠽ᠃ᠶᠡᠷᠧᠵᠧᠸ 1971-1973 ᠣᠨ ᠳᠤ
  5. ᠠ᠃ᠵᠢᠪᠠᠶᠢᠬᠠᠨ 1973-1984 ᠣᠨ ᠳᠤ

ᠲᠤᠰ ᠲᠤᠰ ᠠᠵᠢᠯᠯᠠᠵᠤᠪᠠᠶᠢᠭᠠᠳ ᠤᠰᠤ ᠴᠠᠭ ᠠᠭᠤᠷ ᠤᠨ ᠠᠯᠪᠠᠨ ᠤ ᠤᠳᠤᠷᠢᠳᠬᠤ ᠶᠡᠷᠦᠩᠬᠡᠢ ᠭᠠᠵᠠᠷ ᠤᠨ ᠳᠠᠷᠤᠭ᠎ᠠ ᠶᠢᠨ 1983 ᠣᠨ ᠤ 17 ᠍ ᠳᠦᠭᠡᠷ ᠲᠤᠰᠢᠶᠠᠯ ᠢᠶᠠᠷ 1984 ᠣᠨ ᠤ 11 ᠍ ᠳᠦᠭᠡᠷ ᠰᠠᠷ᠎ᠠ ᠶᠢᠨ 09 ᠍ ᠳᠦ 4 ᠍ ᠳᠦᠭᠡᠷ ᠵᠡᠷᠭᠡ ᠶᠢᠨ ᠤᠰᠤ ᠴᠠᠭ ᠠᠭᠤᠷ ᠤᠨ ᠰᠲ᠋ᠠᠨᠼ ᠪᠣᠯᠭᠠᠨ ᠠᠵᠢᠯ ᠳᠤ ᠣᠷᠣᠭᠤᠯᠤᠭᠰᠠᠨ ᠪᠠᠶᠢᠨ᠎ᠠ᠃

ᠬᠥᠷᠦᠰ᠂ ᠤᠷᠭᠤᠮᠠᠯ᠂ ᠠᠮᠢᠲᠠᠨ ᠤ ᠠᠶᠢᠮᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠨᠤᠲᠤᠭ ᠨᠢ ᠥᠷᠭᠡᠨ ᠠᠭᠤᠳᠠᠮ᠂ ᠪᠠᠶᠢᠭᠠᠯᠢ ᠶᠢᠨ ᠨᠥᠭᠡᠴᠡ ᠶᠡᠬᠡ ᠲᠡᠢ᠂ ᠠᠨ ᠠᠮᠢᠲᠠᠨ ᠢᠶᠠᠷ ᠪᠠᠶᠠᠯᠢᠭ ᠢᠷᠪᠢᠰ᠂ ᠴᠢᠨᠣ᠎ᠠ᠂ ᠦᠨᠡᠭᠡ᠂ ᠬᠢᠷᠰᠠ᠂ ᠠᠷᠭᠠᠯᠢ᠂ ᠤᠭᠠᠯᠵᠠ᠂ ᠶᠠᠩᠭᠢᠷ᠂ ᠲᠠᠷᠪᠠᠭ᠎ᠠ᠂ ᠲᠠᠤᠯᠠᠢ ᠵᠡᠷᠭᠡ ᠠᠮᠢᠲᠠᠨ ᠲᠠᠢ᠃ ᠰᠢᠪᠠᠭᠤᠳ ᠠᠴᠠ ᠪᠦᠷᠭᠦᠳ᠂ ᠶᠣᠯᠣ᠂ ᠲᠠᠰ᠂ ᠬᠠᠷᠴᠠᠭ᠎ᠠ᠂ ᠬᠣᠶᠢᠯᠣᠭ ᠭᠡᠬᠦ ᠮᠡᠲᠦ ᠰᠢᠪᠠᠭᠤᠳ ᠲᠠᠢ᠃ ᠤᠷᠭᠤᠮᠠᠯ ᠤᠨ ᠬᠤᠪᠢ ᠳᠤ ᠬᠤᠰᠢ᠂ ᠤᠯᠢᠶᠠᠰᠤ᠂ ᠪᠤᠷᠭᠠᠰᠤ᠂ ᠬᠤᠰᠤ᠂ ᠠᠭᠢ᠂ ᠲᠠᠭᠠᠨ᠎ᠠ᠂ ᠬᠥᠮᠡᠯᠢ᠂ ᠰᠢᠪᠠᠭ᠂ ᠰᠢᠷᠠᠯᠵᠢ᠂ ᠵᠢᠷᠤᠭᠸᠠ᠂ ᠶᠥᠷᠬᠥᠭ᠂ ᠬᠢᠶᠠᠭ᠂ ᠬᠠᠵᠠᠭᠠᠷ ᠡᠪᠡᠰᠦ᠂ ᠬᠠᠷᠭᠠᠨ᠎ᠠ᠂ ᠬᠢᠯᠭᠠᠨ᠎ᠠ᠂ ᠪᠤᠳᠤᠷᠭᠠᠨ᠎ᠠ ᠵᠡᠷᠭᠡ ᠬᠡᠭᠡᠷ᠎ᠡ᠂ ᠴᠥᠯᠡᠷᠬᠡᠭ ᠬᠡᠭᠡᠷ᠎ᠡ ᠶᠢᠨ ᠡᠪᠡᠰᠦ ᠤᠷᠭᠤᠮᠠᠯ ᠵᠣᠩᠬᠢᠯᠠᠵᠤ᠂ ᠴᠢᠭᠢᠭ ᠢᠯᠡᠭᠦᠦ ᠲᠡᠢ ᠠᠭᠤᠯᠠ ᠶᠢᠨ ᠰᠡᠭᠦᠳᠡᠷ ᠬᠠᠵᠠᠭᠤ ᠳᠤ ᠦᠬᠡᠷ ᠦᠨ ᠨᠢᠳᠦ᠂ ᠬᠠᠳ᠂ ᠲᠣᠰᠢᠯᠣᠢ᠂ ᠰᠣᠩᠭᠢᠨ᠎ᠠ ᠵᠡᠷᠭᠡ ᠵᠡᠷᠯᠢᠭ ᠵᠢᠮᠢᠰᠬᠡᠨ᠎ᠡ᠂ᠸᠠᠩᠰᠡᠮᠪᠡᠷᠦ᠂ ᠪᠠᠳᠮᠠᠯᠢᠩᠬᠤ᠎ᠠ᠂ ᠲᠡᠬᠡ ᠶᠢᠨ ᠰᠢᠭᠡᠭ᠂ ᠠᠯᠲᠠᠨ ᠭᠠᠩᠨᠠᠭᠤᠷ᠂ ᠰᠢᠬᠢᠷ ᠡᠪᠡᠰᠦ᠂ ᠪᠠᠮᠪᠠᠢ᠂ ᠴᠢᠭᠢᠭ ᠦᠨ ᠳᠠᠪᠠᠷᠬᠠᠢ᠂ ᠲᠠᠪᠤᠨ ᠰᠠᠯᠠᠭ᠎ᠠ᠂ ᠨᠣᠬᠠᠢ ᠶᠢᠨ ᠬᠣᠰᠢᠭᠤ ᠵᠡᠷᠭᠡ ᠡᠮ ᠦᠨ ᠤᠷᠭᠤᠮᠠᠯ ᠤᠷᠭᠤᠳᠠᠭ᠃ ᠬᠥᠷᠦᠰᠦᠨ ᠦ ᠬᠤᠪᠢ ᠳᠤ ᠠᠭᠤᠯᠠ ᠶᠢᠨ ᠬᠢᠦ᠋ᠷᠦᠩ ᠪᠠ ᠴᠠᠶᠢᠪᠤᠷ ᠬᠦᠷᠡᠩ ᠬᠥᠷᠥᠰᠥ ᠵᠣᠩᠬᠢᠯᠠᠭᠰᠠᠨ ᠭᠣᠣᠯ᠂ ᠮᠥᠷᠡᠨ ᠦ ᠰᠠᠪᠠ ᠪᠠᠷ ᠨᠤᠭᠤ ᠳᠤ ᠨᠠᠮᠤᠭ ᠤᠨ ᠵᠠᠷᠢᠮᠳᠤᠭ ᠳᠠᠪᠤᠰᠤᠷᠬᠠᠭ ᠬᠥᠷᠥᠰᠥ᠂ ᠥᠨᠳᠥᠷ ᠠᠭᠤᠯᠠ ᠶᠢᠨ ᠪᠥᠰᠡ ᠳᠦ ᠬᠠᠳᠠ ᠠᠰᠬ᠎ᠠ ᠪᠦᠬᠦᠢ ᠤᠤᠯ ᠤᠨ ᠲᠤᠨᠳ᠋ᠷ ᠤᠨ ᠪᠠ ᠤᠤᠯ ᠤᠨ ᠨᠤᠭᠤ ᠶᠢᠨ ᠬᠥᠷᠥᠰᠥᠲᠡᠢ᠂ ᠡᠯᠡᠭᠳᠡᠯ᠂ ᠥᠭᠢᠷᠡᠰᠢᠯ ᠦᠨ ᠠᠵᠢᠯᠯᠠᠭ᠎ᠠ ᠪᠠᠷ ᠲᠣᠭᠲᠠᠭᠰᠠᠨ ᠬᠣᠩᠬᠣᠷ᠂ ᠭᠦᠳᠦᠭᠦᠷ᠂ ᠠᠭᠤᠯᠠ ᠨᠢᠷᠤᠭᠤᠳ ᠠᠴᠠ ᠲᠣᠭᠲᠠᠳᠠᠭ᠃

ᠪᠠᠶᠢᠭᠠᠯᠢ ᠶᠢᠨ ᠦᠵᠡᠰᠬᠦᠯᠡᠩᠲᠦ ᠭᠠᠵᠠᠷ ᠤᠳ ᠢᠶᠠᠷ ᠠᠰᠬᠠᠲᠤ᠂ ᠲᠦᠷᠭᠡᠨ᠂ ᠠᠴᠢᠲᠤ ᠨᠠᠭᠤᠷ᠂ ᠬᠣᠪᠳᠣ᠂ ᠤᠯᠠᠭᠠᠨ ᠴᠢᠯᠠᠭᠤ ᠭᠡᠬᠦ ᠭᠠᠵᠠᠷ ᠤᠳ ᠲᠣᠭᠠᠴᠠᠭᠳᠠᠳᠠᠭ᠃ ᠠᠯᠲᠠᠢ ᠰᠣᠶᠣᠩ ᠤ ᠪᠣᠯᠤᠨ ᠳᠡᠪᠦᠯ ᠦᠨ ᠠᠷᠠᠯ᠂ ᠰᠡᠶᠢᠯᠦᠭᠡᠮ ᠦᠨ ᠨᠢᠷᠤᠭᠤᠨ ᠤ 《ᠠ》, 《ᠪ》ᠭᠡᠰᠡᠨ ᠲᠤᠰᠬᠠᠢ ᠬᠠᠮᠠᠭᠠᠯᠲᠠ ᠲᠠᠢ ᠭᠠᠵᠠᠷ ᠤᠳ ᠪᠤᠢ᠃ ᠡᠨᠳᠡ ᠰᠡᠶᠢᠯᠦᠭᠡᠮ ᠦᠨ ᠨᠢᠷᠤᠭᠤ ᠨᠢ ᠪᠠᠶᠢᠭᠠᠯᠢ ᠶᠢᠨ ᠴᠣᠭᠴᠠᠯᠠᠪᠤᠷᠢ ᠳᠤ ᠭᠠᠵᠠᠷ᠂ ᠳᠡᠪᠦᠯ ᠦᠨ ᠠᠷᠠᠯ ᠨᠢ ᠪᠠᠶᠢᠭᠠᠯᠢ ᠶᠢᠨ ᠨᠥᠭᠡᠴᠡ ᠭᠠᠵᠠᠷ ᠲᠤ ᠬᠠᠮᠢᠶᠠᠷᠳᠠᠭ᠃ ᠰᠡᠶᠢᠯᠦᠭᠡᠮ ᠦᠨ ᠨᠢᠷᠤᠭᠤᠨ ᠤ ᠲᠤᠰᠬᠠᠢ ᠬᠠᠮᠠᠭᠠᠯᠲᠠ ᠲᠠᠢ ᠭᠠᠵᠠᠷ ᠤᠨ 《ᠠ》 ᠬᠡᠰᠡᠭ ᠦᠨ 20 ᠣᠷᠴᠢᠮ ᠬᠤᠪᠢ ᠨᠢ᠂ 《ᠪ》 ᠬᠡᠰᠡᠭ ᠨᠢ ᠲᠡᠷᠡ ᠰᠢᠭ ᠢᠶᠡᠷ ᠢᠶᠡᠨ 75460 ᠭᠠ᠂ ᠳᠡᠪᠦᠯ ᠦᠨ ᠠᠷᠠᠯ ᠤᠨ 60 ᠭᠠᠷᠤᠢ ᠬᠤᠪᠢ ᠨᠢ ᠨᠣᠭᠣᠭᠠᠨᠨᠠᠭᠤᠷ ᠰᠤᠮᠤ ᠶᠢᠨ ᠭᠠᠵᠠᠷ ᠨᠤᠲᠤᠭ ᠲᠤ ᠣᠷᠣᠰᠢᠳᠠᠭ᠃

ᠪᠥᠰᠡ᠂ ᠪᠦᠰᠡᠯᠡᠭᠦᠷ ᠦᠨ ᠶᠡᠷᠦᠩᠬᠡᠢ ᠬᠡᠪ ᠰᠢᠨᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠣᠭᠣᠭᠠᠨᠨᠠᠭᠤᠷ ᠰᠤᠮᠤ ᠨᠢ ᠮᠣᠩᠭᠣᠯ ᠣᠷᠣᠨ ᠤ ᠭᠠᠵᠠᠷ ᠵᠦᠢ ᠶᠢᠨ ᠮᠤᠵᠢᠯᠠᠯᠲᠠ ᠪᠠᠷ ᠲᠥᠪ ᠠᠽᠢᠶ᠎ᠠ ᠶᠢᠨ ᠥᠨᠳᠥᠷᠯᠢᠭ ᠲᠠᠯ᠎ᠠ᠂ ᠬᠣᠲᠣᠭᠣᠷ᠂ ᠠᠭᠤᠯᠠ ᠳᠤ ᠶᠡᠬᠡ ᠮᠤᠵᠢ ᠳᠤ ᠬᠠᠮᠢᠶᠠᠷᠳᠠᠭ᠃ ᠥᠨᠳᠥᠷᠯᠢᠭ ᠲᠠᠯ᠎ᠠ᠂ ᠬᠣᠲᠣᠭᠣᠷ᠂ ᠠᠭᠤᠯᠠ ᠭᠡᠬᠦ ᠮᠡᠲᠦ ᠨᠢ ᠲᠣᠳᠣ ᠢᠯᠡᠷᠡᠳᠡᠭ᠃

ᠤᠷᠭᠤᠮᠠᠯ ᠭᠠᠵᠠᠷ ᠵᠦᠢ ᠶᠢᠨ ᠠᠩᠬᠢᠯᠠᠯ ᠢᠶᠠᠷ ᠨᠣᠭᠣᠭᠠᠨᠨᠠᠭᠤᠷ ᠰᠤᠮᠤ ᠶᠢᠨ ᠭᠠᠵᠠᠷ ᠨᠤᠲᠤᠭ ᠨᠢ ᠮᠣᠩᠭᠣᠯ ᠤᠯᠤᠰ ᠤᠨ ᠬᠡᠮᠵᠢᠶᠡᠨ ᠳᠦ ᠠᠪᠴᠤᠦᠵᠡᠪᠡᠯ ᠬᠠᠭᠤᠷᠠᠢ ᠬᠡᠭᠡᠷ᠎ᠡ ᠶᠢᠨ ᠪᠥᠰᠡ ᠳᠦ ᠣᠷᠣᠰᠢᠳᠠᠭ᠃ ᠪᠦᠷ ᠨᠠᠷᠢᠰᠬᠠᠨ ᠰᠤᠮᠤ ᠶᠢᠨ ᠬᠡᠮᠵᠢᠶᠡᠨ ᠳᠦ ᠠᠪᠴᠤ ᠦᠵᠡᠪᠡᠯ ᠳᠣᠣᠷᠠᠬᠢ ᠪᠥᠰᠡ᠂ ᠪᠦᠰᠡᠯᠡᠭᠦᠷ ᠲᠡᠢ ᠶᠤᠮ᠃ ᠡᠭᠦᠨ ᠳᠦ:

  1. ᠴᠥᠯᠡᠷᠬᠡᠭ ᠬᠡᠭᠡᠷ᠎ᠡ ᠶᠢᠨ ᠪᠥᠰᠡ
  2. ᠬᠠᠭᠤᠷᠠᠢ ᠬᠡᠭᠡᠷ᠎ᠡ ᠶᠢᠨ ᠪᠥᠰᠡ
  3. ᠤᠤᠯ ᠤᠨ ᠣᠶᠢᠲᠤ ᠬᠡᠭᠡᠷ᠎ᠡ ᠶᠢᠨ ᠪᠥᠰᠡ
  4. ᠤᠤᠯ ᠤᠨ ᠲᠠᠶᠢᠭ᠎ᠠ ᠶᠢᠨ ᠪᠦᠰᠡᠯᠡᠭᠦᠷ
  5. ᠥᠨᠳᠥᠷ ᠠᠭᠤᠯᠠ ᠶᠢᠨ /ᠲᠠᠭ ᠤᠨ/ ᠪᠦᠰᠡᠯᠡᠭᠦᠷ

ᠡᠳᠡᠭᠡᠷ ᠪᠥᠰᠡ ᠪᠦᠰᠡᠯᠡᠭᠦᠷ ᠦᠳ ᠡᠴᠡ ᠴᠥᠯᠡᠷᠬᠡᠭ ᠬᠡᠭᠡᠷ᠎ᠡ ᠶᠢᠨ ᠪᠥᠰᠡ᠂ ᠬᠠᠭᠤᠷᠠᠢ ᠬᠡᠭᠡᠷ᠎ᠡ ᠶᠢᠨ᠂ ᠥᠨᠳᠥᠷ ᠠᠭᠤᠯᠠ ᠶᠢᠨ ᠪᠦᠰᠡᠯᠡᠭᠦᠷ ᠵᠡᠷᠭᠡ ᠨᠢ ᠬᠠᠮᠤᠭ ᠤᠨ ᠶᠡᠬᠡ ᠲᠠᠯᠠᠪᠠᠢ ᠶᠢ ᠡᠵᠡᠯᠡᠳᠡᠭ᠃

ᠥᠨᠳᠥᠷ ᠠᠭᠤᠯᠠ ᠶᠢᠨ ᠪᠦᠰᠡᠯᠡᠭᠦᠷ ᠨᠣᠭᠣᠭᠠᠨᠨᠠᠭᠤᠷ ᠰᠤᠮᠤ ᠶᠢᠨ ᠪᠦᠬᠦ ᠭᠠᠵᠠᠷ ᠨᠤᠲᠤᠭ ᠢᠶᠠᠷ ᠵᠣᠩᠬᠢᠯᠠᠵᠤ ᠣᠷᠣᠢ ᠶᠢᠨ ᠴᠠᠰᠤ᠂ ᠮᠥᠰᠥ ᠲᠡᠢ᠂ ᠨᠢᠴᠦᠭᠦᠨ ᠬᠠᠳᠠ ᠠᠰᠬ᠎ᠠ ᠲᠠᠢ ᠪᠣᠯᠵᠤ ᠪᠠᠶᠢᠬᠤ ᠳᠤ᠂ ᠠᠭᠤᠯᠠ ᠶᠢᠨ ᠲᠠᠶᠢᠭ᠎ᠠ ᠶᠢᠨ ᠪᠦᠰᠡᠯᠡᠭᠦᠷ ᠨᠢ ᠠᠰᠬᠠᠲᠤ ᠪᠠᠭ᠂ ᠤᠯᠠᠭᠠᠨᠴᠢᠯᠠᠭᠤ ᠪᠠᠭ ᠤᠨ ᠬᠠᠭᠤᠷᠠᠢ ᠳᠤ᠂ ᠰᠢᠨᠡᠰᠦ ᠳᠦ ᠭᠠᠵᠠᠷ ᠤᠳ ᠢᠶᠠᠷ ᠲᠠᠭᠠᠷᠠᠯᠳᠤᠵᠤ ᠬᠤᠰᠢ ᠮᠣᠳᠣ ᠤᠷᠭᠤᠳᠠᠭ᠃ ᠠᠭᠤᠯᠠ ᠶᠢᠨ ᠣᠢ ᠳᠤ ᠬᠡᠭᠡᠷ᠎ᠡ ᠶᠢᠨ ᠪᠥᠰᠡ ᠳᠦ ᠤᠯᠠᠭᠠᠨᠴᠢᠯᠠᠭᠤ ᠪᠠᠭ᠂ ᠨᠣᠭᠣᠭᠠᠨᠨᠠᠭᠤᠷ ᠰᠤᠮᠤ ᠶᠢᠨ ᠲᠥᠪ᠂ ᠬᠣᠪᠳᠣ ᠪᠠᠭ ᠤᠨ ᠭᠠᠵᠠᠷ ᠨᠤᠲᠤᠭ ᠲᠤ ᠲᠠᠷᠬᠠᠭᠰᠠᠨ ᠪᠠᠶᠢᠳᠠᠭ᠃ ᠬᠠᠭᠤᠷᠠᠢ ᠬᠡᠭᠡᠷ᠎ᠡ ᠶᠢᠨ ᠪᠣᠯᠤᠨ ᠴᠥᠯᠡᠷᠬᠡᠭ ᠬᠡᠭᠡᠷ᠎ᠡ ᠶᠢᠨ ᠪᠦᠰ ᠦᠳ ᠲᠦ ᠢᠮᠠᠭᠠᠲᠤ᠂ ᠴᠢᠬᠢ ᠲᠡᠢ᠂ ᠪᠠᠬᠠᠯᠠᠭ ᠪᠠᠭ ᠤᠳ ᠤᠨ ᠭᠠᠵᠠᠷ ᠨᠤᠲᠤᠭ ᠬᠠᠮᠢᠶᠠᠷᠳᠠᠭ᠃ ᠨᠣᠭᠣᠭᠠᠨᠨᠠᠭᠤᠷ ᠰᠤᠮᠤ ᠶᠢᠨ ᠬᠤᠪᠢ ᠳᠤ ᠶᠡᠷᠦᠩᠬᠡᠢ ᠳᠤ ᠪᠡᠨ ᠵᠡᠭᠦᠨ ᠡᠴᠡ ᠪᠠᠷᠠᠭᠤᠨ ᠲᠡᠰᠢ ᠪᠣᠯᠬᠤ ᠲᠤᠰᠤᠮ ᠤᠷᠭᠤᠮᠠᠯ ᠤᠨ ᠲᠠᠷᠬᠠᠯᠲᠠ᠂ ᠠᠭᠠᠷ ᠤᠨ ᠲᠣᠯᠠᠭᠠᠨ ᠤ ᠬᠡᠮᠵᠢᠶ᠎ᠡ ᠤᠨ ᠵᠥᠷᠢᠶ᠎ᠡ᠂ ᠭᠠᠳᠠᠷᠭᠤ ᠶᠢᠨ ᠶᠡᠷᠦᠩᠬᠡᠢ ᠭᠧᠣᠯᠣᠭᠢ ᠶᠢᠨ ᠲᠣᠭᠲᠠᠴᠠ ᠭᠡᠬᠦ ᠵᠡᠷᠭᠡ ᠨᠢ ᠲᠣᠳᠣ ᠢᠯᠡᠷᠡᠳᠡᠭ ᠣᠨᠴᠠᠯᠢᠭ ᠲᠠᠢ᠃

ᠨᠡᠶᠢᠭᠡᠮ ᠡᠳ᠋ ᠍ ᠦᠨ ᠵᠠᠰᠠᠭ ᠤᠨ ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠤᠰ ᠲᠤ ᠲᠣᠮᠣᠬᠠᠨ ᠣᠷᠣᠳᠠᠭ ᠠᠰᠬᠠᠲᠤ ᠶᠢᠨ ᠮᠥᠩᠭᠥᠨ ᠦ ᠠᠭᠤᠷᠬᠠᠢ᠂ ᠤᠯᠠᠭᠠᠨ ᠠᠭᠤᠯᠠ ᠶᠢᠨ ᠸᠣᠯᠹᠷᠣᠮ᠂ ᠳᠠᠷᠢᠲᠤ ᠶᠢᠨ ᠬᠣᠶᠢᠯᠣᠮᠠᠭ ᠮᠧᠲ᠋ᠠᠯ᠂ ᠪᠣᠷᠣ ᠬᠠᠭᠲᠤ ᠶᠢᠨ ᠵᠡᠰ᠂ ᠬᠥᠪᠰᠥᠭᠥᠯ ᠦᠨ ᠠᠯᠲᠠ᠂ ᠳᠤᠯᠠᠭᠠᠨ ᠬᠠᠷ᠎ᠠ ᠶᠢᠨ ᠬᠠᠷ᠎ᠠ ᠲᠤᠭᠤᠯᠭ᠎ᠠ᠂ ᠪᠤᠳᠤᠭ ᠵᠡᠷᠭᠡ ᠠᠰᠢᠭᠲᠤ ᠮᠠᠯᠲᠠᠮᠠᠯ ᠤᠨ ᠣᠷᠳᠣ ᠭᠠᠵᠠᠷ ᠤᠳ ᠲᠠᠢ᠃ᠣᠳᠣ ᠪᠠᠷ ᠠᠵᠢᠯᠯᠠᠵᠤ ᠪᠠᠶᠢᠭ᠎ᠠ ᠠᠭᠤᠯᠠ ᠠᠭᠤᠷᠬᠠᠢ ᠶᠢᠨ ᠦᠢᠯᠡᠳᠪᠦᠷᠢ ᠭᠡᠪᠡᠯ ᠤᠯᠠᠭᠠᠨ ᠤᠤᠯ ᠤᠨ ᠠᠭᠤᠷᠬᠠᠢ ᠶᠤᠮ᠃ ᠲᠡᠷᠡ ᠨᠢ ᠸᠣᠯᠹᠷᠣᠮ ᠣᠯᠪᠤᠷᠢᠯᠠᠳᠠᠭ ᠪᠠ ᠮᠣᠩᠭᠣᠯ᠂ ᠠᠦᠢᠰᠲ᠋ᠷᠯᠢᠶ᠎ᠠ ᠬᠣᠶᠠᠷ ᠤᠨ ᠬᠠᠮᠲᠤᠷᠠᠭᠰᠠᠨ ᠦᠢᠯᠡᠳᠪᠦᠷᠢ᠃ ᠤᠯᠠᠭᠠᠨ ᠤᠤᠯ ᠤᠨ ᠠᠭᠤᠷᠬᠠᠢ ᠨᠢ ᠨᠣᠭᠣᠭᠠᠨᠨᠠᠭᠤᠷ ᠰᠤᠮᠤ ᠶᠢᠨ ᠴᠢᠬᠢ ᠲᠡᠢ ᠪᠠᠭ ᠤᠨ ᠭᠠᠵᠠᠷ ᠨᠤᠲᠤᠭ ᠲᠤ ᠣᠷᠣᠰᠢᠳᠠᠭ ᠪᠠ ᠰᠤᠮᠤ ᠶᠢᠨ ᠲᠥᠪ ᠡᠴᠡ ᠤᠷᠤᠭᠰᠢ ᠪᠠᠨ ᠢ ᠪᠠᠨ 50 ᠺᠢᠯᠣᠮᠧᠲ᠋ᠷ ᠦᠨ ᠵᠠᠢ ᠳᠤ ᠪᠠᠶᠢᠷᠢᠯᠠᠳᠠᠭ ᠶᠤᠮ᠃

ᠨᠣᠭᠣᠭᠠᠨᠨᠠᠭᠤᠷ ᠰᠤᠮᠤ ᠨᠢ ᠠᠰᠢᠭᠲᠤ ᠮᠠᠯᠲᠠᠮᠠᠯ ᠢᠶᠠᠷ ᠪᠠᠶᠠᠨ ᠨᠤᠲᠤᠭ ᠤᠴᠢᠷ ᠠᠴᠠ ᠬᠥᠭᠵᠢᠯ ᠦᠨ ᠨᠢᠭᠡ ᠡᠬᠢ ᠡᠭᠦᠰᠪᠦᠷᠢ ᠨᠢ ᠲᠡᠷᠡ ᠪᠣᠯᠵᠤ ᠪᠠᠶᠢᠭ᠎ᠠ ᠶᠤᠮ᠃ ᠥᠭᠡᠷ᠎ᠡ ᠨᠢᠭᠡ ᠬᠥᠭᠵᠢᠯ ᠦᠨ ᠲᠦᠯᠬᠢᠭᠦᠷ ᠨᠢ ᠭᠠᠵᠠᠷ ᠲᠠᠷᠢᠶᠠᠯᠠᠩ ᠡᠷᠬᠢᠯᠡᠬᠦ᠂ ᠴᠢᠴᠠᠷᠭᠠᠨ ᠤ ᠦᠢᠯᠡᠳᠪᠦᠷᠢ ᠪᠠᠶᠢᠭᠤᠯᠬᠤ᠂ ᠵᠢᠭᠠᠰᠤᠨ ᠤ ᠠᠵᠤ ᠠᠬᠤᠢ ᠶᠢ ᠥᠷᠨᠢᠭᠦᠯᠬᠦ ᠲᠡᠢ ᠬᠣᠯᠪᠣᠭ᠎ᠠ ᠲᠠᠢ ᠪᠣᠯᠵᠤ ᠪᠠᠶᠢᠨ᠎ᠠ᠃ ᠪᠠᠰᠠ ᠨᠢᠭᠡ ᠲᠤᠤᠱᠲᠠᠢ ᠠᠪᠴᠤ ᠬᠡᠷᠢᠭᠵᠢᠭᠦᠯᠬᠦ ᠵᠦᠢᠯ ᠪᠣᠯ ᠬᠠᠳᠤᠯᠠᠩ ᠶᠤᠮ᠃ ᠬᠠᠳᠤᠯᠠᠩ ᠤᠨ ᠲᠠᠯᠠᠪᠠᠢ ᠶᠢ ᠤᠰᠤᠵᠢᠭᠤᠯᠵᠤ ᠡᠪᠡᠰᠦ ᠪᠡᠯᠡᠳᠬᠡᠬᠦ ᠳᠦ ᠨᠡᠩ ᠲᠣᠬᠢᠷᠠᠮᠵᠢᠲᠠᠢ ᠪᠥᠰᠡ ᠨᠤᠲᠤᠭ ᠶᠤᠮ᠃ ᠭᠠᠳᠠᠷᠭᠤ ᠶᠢᠨ ᠪᠣᠯᠤᠨ ᠤᠯᠠ ᠬᠥᠷᠦᠰᠦᠨ ᠦ ᠤᠰᠤ ᠪᠠᠷ ᠨᠡᠯᠢᠶᠡᠳ ᠪᠠᠶᠠᠨ᠃ ᠲᠡᠶᠢᠮᠦ ᠡᠴᠡ ᠬᠠᠳᠤᠯᠠᠩ ᠤᠨ ᠠᠵᠤ ᠠᠬᠤᠢ ᠶᠢ ᠪᠦᠷᠢᠨ ᠬᠥᠭᠵᠢᠭᠦᠯᠬᠦ ᠪᠣᠯᠤᠮᠵᠢ ᠲᠠᠢ᠃ ᠲᠡᠭᠡᠵᠦ ᠴᠢᠳᠠᠪᠠᠯ ᠲᠤᠬᠠᠢ ᠶᠢᠨ ᠠᠶᠢᠮᠠᠭ ᠢ ᠡᠪᠡᠰᠦ ᠲᠡᠵᠢᠭᠡᠯ ᠢᠶᠡᠷ ᠪᠦᠷᠢᠨ ᠬᠠᠩᠭᠠᠵᠤ ᠴᠢᠳᠠᠬᠤ ᠬᠡᠮᠵᠢᠶᠡᠨ ᠳᠦ ᠬᠦᠷᠬᠦ ᠮᠠᠭᠠᠳᠯᠠᠯ ᠥᠨᠳᠥᠷ ᠶᠤᠮ᠃ ᠢᠩᠭᠢᠭᠰᠡᠨ ᠢᠶᠡᠷ ᠠᠷᠠᠳ ᠲᠦᠮᠡᠨ ᠦ ᠠᠰᠢᠭ ᠣᠷᠣᠯᠭ᠎ᠠ ᠨᠢ ᠨᠡᠮᠡᠭᠳᠡᠬᠦ ᠪᠣᠯᠤᠯᠴᠠᠭ᠎ᠠ ᠲᠠᠢ᠃ ᠬᠠᠭᠠᠨ ᠪᠠᠩᠬᠢ᠂ᠬᠠᠳᠠᠭᠠᠯᠠᠮᠵᠢ ᠪᠠᠩᠬᠢ᠂ ᠬᠣᠯᠪᠣᠭ᠎ᠠ᠂ 4 ᠰᠢᠲᠠᠬᠤᠨ ᠲᠦᠭᠡᠭᠡᠬᠦ ᠰᠲ᠋ᠠᠨᠼ ᠲᠠᠢ᠂ ᠰᠤᠮᠤ ᠶᠢᠨ ᠢᠷᠭᠡᠳ ᠦᠨ ᠠᠮᠢᠳᠤᠷᠠᠯ ᠤᠨ ᠡᠬᠢ ᠡᠭᠦᠰᠪᠦᠷᠢ ᠨᠢ ᠮᠠᠯ ᠠᠵᠤ ᠠᠬᠤᠢ ᠪᠠ ᠬᠠᠳᠤᠯᠠᠩ ᠪᠥᠭᠡᠳ 1 ᠡᠷᠦᠬᠡ ᠵᠢᠯ ᠳᠤ ᠳᠤᠮᠳᠠᠴᠢ ᠪᠠᠷ 5-10 ᠲᠣᠨ ᠡᠪᠡᠰᠦ ᠪᠡᠯᠡᠳᠬᠡᠳᠡᠭ᠃ 《ᠠᠴᠢᠲᠤ ᠠᠯᠬᠠᠪ ᠤ》 ХХК ᠍ ᠲᠠᠢ ᠵᠢᠯ ᠳᠤ 5000 ᠲᠣᠨ ᠡᠪᠡᠰᠦ ᠪᠡᠯᠡᠳᠬᠡᠨ ᠠᠶᠢᠮᠠᠭ ᠢ ᠡᠪᠡᠰᠦ ᠲᠡᠵᠢᠭᠡᠯ ᠢᠶᠡᠷ ᠬᠠᠩᠭᠠᠳᠠᠭ᠃ ᠠᠴᠢᠲᠤ ᠨᠠᠭᠤᠷ ᠠᠴᠠ ᠵᠢᠯ ᠳᠤ 135 ᠲᠣᠨ ᠵᠢᠭᠠᠰᠤ ᠠᠩᠨᠠᠳᠠᠭ ᠨᠥᠭᠡᠴᠡ ᠲᠡᠢ᠃ ᠲᠡᠷᠡ ᠨᠠᠭᠤᠷᠠᠨ ᠳᠤ ᠲᠥᠪ ᠠᠽᠢᠶ᠎ᠠ᠂ ᠮᠣᠩᠭᠣᠯ ᠤᠨ ᠠᠭᠤᠭᠤᠯ ᠵᠢᠭᠠᠰᠤᠨ ᠤ ᠲᠣᠭᠠᠨ ᠳᠤ ᠣᠷᠣᠳᠠᠭ ᠪᠠᠷᠠᠭᠤᠨ ᠮᠣᠩᠭᠣᠯ ᠤᠨ ᠬᠠᠳᠤᠷᠤᠨ᠂ ᠠᠯᠲᠠᠢ ᠶᠢᠨ ᠰᠤᠭᠤᠰᠤ ᠵᠢᠭᠠᠰᠤ ᠨᠤᠭᠤᠳ ᠪᠠᠰᠠ ᠨᠢᠴᠦᠭᠦᠨ ᠵᠠᠷ ᠢᠶᠠᠨ ᠵᠡᠷᠭᠡ ᠵᠦᠢᠯ ᠦᠨ ᠵᠢᠭᠠᠰᠤ ᠨᠤᠭᠤᠳ ᠪᠠᠶᠢᠳᠠᠭ᠃ ᠴᠢᠴᠠᠷᠭᠠᠨ ᠤ ᠮᠣᠳᠣ ᠶᠡᠬᠡ ᠪᠡᠷ ᠤᠷᠭᠤᠳᠠᠭ ᠤᠴᠢᠷ ᠴᠢᠴᠠᠷᠭᠠᠨ ᠤ ᠰᠢᠭᠦᠰᠦ ᠦᠢᠯᠡᠳᠪᠦᠷᠢᠯᠡᠬᠦ ᠪᠣᠯᠤᠮᠵᠢ ᠲᠠᠢ᠃ ᠲᠤᠰ ᠰᠤᠮᠤ ᠶᠢᠨ ᠬᠤᠪᠢ ᠳᠤ ᠭᠠᠵᠠᠷ ᠲᠠᠷᠢᠶᠠᠯᠠᠩ ᠤᠨ ᠲᠠᠯᠠᠪᠠᠢ ᠶᠢ ᠤᠰᠤᠵᠢᠭᠤᠯᠬᠤ᠂ ᠭᠠᠵᠠᠷ ᠲᠠᠷᠢᠶᠠᠯᠠᠩ ᠢ ᠪᠦᠷᠢᠨ ᠬᠥᠭᠵᠢᠭᠦᠯᠬᠦ ᠪᠣᠯᠤᠮᠵᠢ ᠲᠠᠢ᠃

ᠳᠡᠳ᠋ ᠪᠦᠲᠦᠴᠡ ᠨᠢ ᠬᠥᠭᠵᠢᠭᠡ ᠦᠭᠡᠢ ᠶᠠᠮᠠᠷ ᠴᠤ ᠭᠠᠵᠠᠷ ᠣᠷᠣᠨ ᠬᠥᠭᠵᠢᠬᠦ ᠪᠣᠯᠤᠮᠵᠢ ᠦᠭᠡᠢ ᠪᠠᠶᠢᠳᠠᠭ ᠪᠢᠯᠡ᠃ ᠲᠡᠭᠡᠪᠡᠯ ᠨᠣᠭᠣᠭᠠᠨᠨᠠᠭᠤᠷ ᠰᠤᠮᠤ ᠨᠢ ᠬᠥᠭᠵᠢᠯ ᠢᠶᠡᠷ ᠢᠶᠡᠨ ᠲᠠᠭᠠᠷᠠᠤ ᠪᠠᠶᠢᠭᠰᠠᠨ ᠪᠠ ᠣᠳᠣ ᠬᠥᠭᠵᠢᠭᠡᠳ ᠡᠬᠢᠯᠡᠵᠦ ᠪᠠᠶᠢᠨ᠎ᠠ᠃ ᠤᠴᠢᠷ ᠨᠢ ᠨᠣᠭᠣᠭᠠᠨᠨᠠᠭᠤᠷ ᠰᠤᠮᠤ ᠨᠢ ᠥᠨᠳᠥᠷ ᠬᠦᠴᠦᠳᠡᠯ ᠦᠨ /35 ᠺᠢᠯᠣᠸᠣᠯᠲ᠋/ ᠱᠤᠭᠤᠮ ᠳᠤ 2009 ᠣᠨ ᠤ 10 ᠍ ᠳᠦᠭᠡᠷ ᠰᠠᠷ᠎ᠠ ᠶᠢᠨ 20 ᠍ ᠤ ᠡᠳᠦᠷ ᠬᠣᠯᠪᠣᠭᠳᠠᠭᠰᠠᠨ᠃ ᠥᠨᠳᠥᠷ ᠬᠦᠴᠦᠳᠡᠯ ᠢ ᠳᠠᠭᠠᠭᠠᠳ ᠣᠳᠣ ᠪᠠᠷ ᠺᠣᠮᠫᠢᠶᠦ᠋ᠲ᠋ᠧᠷ ᠦᠨ ᠦᠴᠢᠯᠡᠭᠡᠨ ᠦ ᠭᠠᠵᠠᠷ ᠤᠳ ᠨᠡᠭᠡᠭᠡᠭᠳᠡᠵᠦ ᠪᠠᠶᠢᠨ᠎ᠠ᠃ ᠪᠠᠰᠠ ᠭᠠᠷ ᠤᠲᠠᠰᠤᠨ ᠤ ᠺᠣᠷᠫᠣᠷᠠᠼᠢ ᠨᠤᠭᠤᠳ ᠪᠠᠶᠢᠭᠤᠯᠤᠭᠳᠠᠭᠰᠠᠨ᠃ ᠵᠢᠱᠢᠶ᠎ᠡ ᠨᠢ: MobiCom, G-mobile, Unitel, Skytel. ᠥᠭᠡᠷ᠎ᠡ ᠮᠠᠰᠢᠨ ᠤ ᠵᠠᠰᠠᠪᠤᠷᠢ ᠶᠢᠨ ᠭᠠᠵᠠᠷ᠂ ᠭᠠᠩᠨᠠᠭᠤᠷ ᠤᠨ ᠭᠠᠵᠠᠷ ᠤᠳ ᠨᠡᠭᠡᠭᠡᠭᠳᠡᠭᠰᠡᠨ᠃ ᠠᠯᠪᠠᠨ ᠪᠠᠶᠢᠭᠤᠯᠤᠯᠭ᠎ᠠ ᠨᠤᠭᠤᠳ ᠰᠦᠯᠵᠢᠶᠡᠨ ᠳᠦ ᠬᠣᠯᠪᠣᠭᠳᠠᠵᠤ ᠺᠣᠮᠫᠢᠶᠦ᠋ᠲ᠋ᠧᠷ ᠢᠶᠡᠷ ᠦᠢᠯᠡ ᠠᠵᠢᠯᠯᠠᠭ᠎ᠠ ᠶᠢ ᠪᠠᠨ ᠶᠠᠪᠤᠭᠤᠯᠳᠠᠭ ᠪᠣᠯᠤᠭᠰᠠᠨ᠃ ᠰᠢᠲᠠᠬᠤᠨ ᠲᠦᠭᠡᠭᠡᠬᠦ ᠰᠲ᠋ᠠᠨᠼ ᠤᠳ ᠨᠢ ᠲᠣᠭ ᠢᠶᠠᠷ ᠠᠵᠢᠯᠯᠠᠵᠤ ᠪᠠᠶᠢᠨ᠎ᠠ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠣᠭᠣᠭᠠᠨᠨᠠᠭᠤᠷ ᠰᠤᠮᠤ ᠶᠢᠨ ᠬᠦᠮᠦᠨ ᠠᠮᠠ ᠶᠢᠨ 94% ᠨᠢ ᠬᠠᠰᠠᠺ ᠶᠠᠰᠤᠲᠠᠨ᠂ 6% ᠨᠢ ᠳᠥᠷᠪᠡᠳ᠂ ᠤᠷᠢᠶᠠᠩᠬᠠᠢ ᠦᠨᠳᠦᠰᠦᠲᠡᠨᠡᠭ ᠦᠳ ᠡᠵᠡᠯᠡᠳᠡᠭ᠃ ᠡᠶᠢᠮᠦ ᠤᠴᠢᠷ ᠠᠴᠠ ᠬᠡᠯᠡ ᠪᠢᠴᠢᠭ᠂ ᠵᠠᠩ ᠵᠠᠩᠰᠢᠯ ᠨᠢ ᠪᠤᠰᠤᠳ ᠠᠶᠢᠮᠠᠭ ᠠᠴᠠ ᠢᠯᠭᠠᠭ᠎ᠠ ᠲᠠᠢ᠃ ᠬᠦᠮᠦᠨ ᠠᠮᠠ ᠶᠢᠨ ᠳᠡᠶᠢᠯᠦᠩᠬᠢ ᠨᠢ ᠬᠡᠦᠬᠡᠳ ᠦᠳ ᠪᠣᠯᠤᠨ ᠵᠠᠯᠠᠭᠤᠴᠤᠳ᠃

ᠬᠥᠳᠡᠭᠡ ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠣᠭᠣᠭᠠᠨᠨᠠᠭᠤᠷ ᠰᠤᠮᠤ ᠶᠢᠨ ᠡᠳ᠋ ᠍ ᠦᠨ ᠵᠠᠰᠠᠭ ᠤᠨ ᠭᠣᠣᠯ ᠰᠠᠯᠪᠤᠷᠢ ᠨᠢ ᠮᠠᠯ ᠠᠵᠤ ᠠᠬᠤᠢ ᠶᠤᠮ᠃ ᠮᠠᠯ ᠤᠨ ᠨᠡᠶᠢᠲᠡ ᠲᠣᠭ᠎ᠠ ᠲᠣᠯᠣᠭᠠᠢ: 98557 ᠡᠭᠦᠨ ᠡᠴᠡ:

  • ᠬᠣᠨᠢ 30090,
  • ᠢᠮᠠᠭ᠎ᠠ 60155,
  • ᠦᠬᠡᠷ 4130,
  • ᠠᠳᠤᠭᠤ 3865,
  • ᠲᠡᠮᠡᠭᠡ 317.

ᠬᠣᠨᠢᠨ ᠰᠦᠷᠦᠭ ᠲᠦ ᠨᠢ ᠬᠠᠰᠠᠭ ᠤᠨ ᠤᠭᠤᠴᠠᠨ ᠰᠡᠭᠦᠯᠲᠦ ᠬᠣᠨᠢ ᠭᠣᠣᠯᠯᠠᠨ ᠥᠰᠬᠡᠵᠦ ᠰᠢᠯᠢᠮᠡᠯ ᠣᠮᠤᠭ ᠤᠨ ᠺᠧᠷᠧᠢ ᠬᠣᠩ ᠢ ᠮᠢᠬ᠎ᠠ ᠥᠭᠡᠬᠦᠨ ᠦ ᠴᠢᠭᠯᠡᠯ ᠢᠶᠡᠷ ᠦᠷᠡᠵᠢᠭᠦᠯᠳᠡᠭ᠃ ᠢᠮᠠᠭᠠᠨ ᠰᠦᠷᠦᠭ ᠦᠨ ᠢᠶᠡᠨ ᠵᠣᠬᠢᠬᠤ ᠬᠡᠰᠡᠭ ᠢᠠᠭᠤᠯᠠᠷᠬᠠᠭ ᠠᠯᠲᠠᠢ ᠶᠢᠨ ᠨᠣᠣᠯᠣᠭᠤᠷ ᠤᠨ ᠢᠮᠠᠭ᠎ᠠ ᠪᠠᠷ ᠡᠭᠦᠯᠳᠡᠷ ᠰᠠᠶᠢᠵᠢᠷᠠᠭᠤᠯᠵᠤ ᠪᠠᠶᠠᠨ ᠥᠯᠥᠭᠡᠢ ᠭᠡᠳᠡᠭ ᠨᠣᠣᠯᠣᠭᠤᠷ ᠤᠨ ᠰᠢᠨ᠎ᠡ ᠡᠭᠦᠯᠳᠡᠷ ᠦᠨ ᠢᠮᠠᠭ᠎ᠠ ᠶᠢ ᠪᠤᠢ ᠪᠣᠯᠭᠠᠵᠠᠢ᠃

ᠠᠭᠤᠯᠠᠷᠬᠠᠭ ᠨᠤᠲᠤᠭ ᠤᠨ ᠪᠠᠶᠢᠭᠠᠯᠢ ᠶᠢᠨ ᠪᠡᠯᠴᠢᠭᠡᠷ ᠲᠦ ᠵᠣᠬᠢᠴᠠᠭᠰᠠᠨ᠂ ᠠᠰᠢᠭ ᠰᠢᠮ᠎ᠡ᠂ ᠨᠣᠣᠯᠣᠭᠤᠷ ᠤᠨ ᠭᠠᠷᠴᠠ ᠶᠡᠬᠡ ᠲᠡᠢ ᠪᠡᠷ ᠢᠶᠡᠨ ᠣᠨᠴᠠᠯᠢᠭ᠃ ᠦᠬᠡᠷ ᠰᠦᠷᠦᠭ ᠲᠦ ᠨᠢ ᠰᠠᠷᠯᠤᠭ ᠵᠣᠩᠬᠢᠯᠠᠳᠠᠭ᠃ ᠰᠠᠷᠯᠤᠭ ᠲᠤ ᠲᠣᠬᠢᠷᠠᠮᠵᠢᠲᠠᠢ ᠵᠣᠵᠢᠷ ᠡᠪᠡᠰᠦ ᠳᠦ᠂ ᠪᠡᠷᠦᠯᠵᠢᠲᠦ ᠪᠣᠯᠤᠨ ᠪᠤᠰᠤᠳ ᠰᠥᠭᠡᠭ᠂ ᠰᠥᠭᠡᠭᠦᠨᠴᠢᠷ ᠲᠦ ᠲᠤᠨᠳᠠᠷ ᠪᠦᠬᠦᠢ ᠤᠤᠯ ᠤᠨ ᠨᠤᠭᠤ ᠶᠢᠨ ᠢᠯᠵᠠᠮᠠᠭᠲᠤ ᠬᠥᠷᠥᠰᠥᠲᠡᠢ ᠪᠤᠰᠢᠯᠵᠠᠲ ᠪᠡᠯᠴᠢᠭᠡᠷ᠂ ᠪᠤᠰᠢᠯᠵᠠᠲ ᠬᠡᠷᠰᠢᠭᠰᠡᠨ ᠪᠡᠯᠴᠢᠭᠡᠷ᠂ ᠬᠣᠪᠳᠣ ᠭᠣᠣᠯ ᠤᠨ ᠬᠥᠨᠳᠡᠢ ᠳᠠᠭᠠᠭᠰᠠᠨ ᠲᠠᠲᠠᠮ ᠤᠨ ᠨᠤᠭᠤ ᠶᠢᠨ ᠬᠥᠷᠥᠰᠥᠲᠡᠢ᠂ ᠨᠤᠭᠤ ᠶᠢᠨ ᠠᠯᠠᠭ ᠡᠪᠡᠰᠦ ᠳᠦ ᠪᠡᠯᠴᠢᠭᠡᠷ ᠲᠡᠢ ᠨᠤᠲᠤᠭ ᠢᠶᠠᠷ ᠦᠬᠡᠷ ᠰᠦᠷᠦᠭ ᠢ ᠭᠣᠣᠯᠯᠠᠨ ᠥᠰᠬᠡᠳᠡᠭ᠃ ᠳᠡᠭᠡᠷᠡᠬᠢ ᠨᠤᠲᠤᠭ ᠨᠢ ᠮᠣᠩᠭᠣᠯ ᠠᠯᠲᠠᠢ ᠶᠢᠨ ᠨᠢᠷᠤᠭᠤ ᠶᠢ ᠳᠠᠭᠠᠭᠰᠠᠨ ᠨᠤᠲᠤᠭ ᠪᠥᠭᠡᠳ ᠮᠠᠨ ᠤ ᠣᠷᠣᠨ ᠤ ᠰᠠᠷᠯᠤᠭ ᠥᠰᠬᠡᠳᠡᠭ ᠬᠣᠶᠠᠷ ᠲᠤ ᠬᠢ ᠪᠥᠰᠡ ᠨᠤᠲᠤᠭ ᠪᠢᠯᠡ᠃

ᠪᠣᠭ ᠮᠠᠯᠦᠲ᠋ᠠ ᠲᠣᠬᠢᠷᠠᠮᠵᠢᠲᠠᠢ ᠪᠡᠯᠴᠢᠭᠡᠷ ᠠᠳᠤᠭᠤᠨ ᠳᠤ ᠨᠢᠭᠡ ᠠᠳᠠᠯᠢ ᠲᠣᠬᠢᠷᠠᠳᠠᠭ ᠲᠤᠯᠠ ᠠᠳᠤᠭᠤᠨ ᠰᠦᠷᠦᠭ ᠦᠨ ᠪᠠᠶᠢᠷᠢᠰᠢᠯ ᠨᠡᠯᠢᠶᠡᠳ ᠵᠢᠭᠳᠡ ᠶᠤᠮ᠃ ᠬᠥᠳᠡᠭᠡ ᠠᠵᠤ ᠠᠬᠤᠢ ᠶᠢᠨ ᠬᠣᠶᠠᠷ ᠲᠤ ᠬᠢ ᠰᠠᠯᠪᠤᠷᠢ ᠪᠣᠯᠬᠤ ᠭᠠᠵᠠᠷ ᠲᠠᠷᠢᠶᠠᠯᠠᠩ ᠢ ᠭᠣᠣᠯ ᠮᠥᠷᠡᠨ ᠦ ᠬᠥᠨᠳᠡᠢ᠂ ᠨᠠᠭᠤᠷ ᠤᠨ ᠬᠥᠪᠥᠭᠡ ᠪᠡᠷ ᠨᠠᠷᠢᠨ ᠵᠤᠷᠪᠤᠰ ᠭᠠᠵᠠᠷ ᠲᠤ ᠡᠷᠬᠡᠯᠡᠨ᠎ᠡ᠃ ᠲᠠᠷᠢᠶᠠᠯᠠᠭᠰᠠᠨ ᠲᠠᠯᠠᠪᠠᠢ ᠳᠤ ᠦᠷ᠎ᠡ ᠲᠠᠷᠢᠶ᠎ᠠ ᠲᠡᠵᠢᠭᠡᠯ ᠦᠨ ᠤᠷᠭᠤᠮᠠᠯ ᠭᠣᠣᠯᠯᠠᠨ᠎ᠠ᠃

ᠪᠢᠴᠢᠭᠡᠰᠦ