ᠨᠣᠭᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠨᠣᠭᠠᠢ ᠬᠠᠨ (1299 ᠣᠨ ᠳᠤ ᠨᠠᠰᠤ ᠪᠠᠷᠠᠭᠰᠠᠨ) ᠪᠤᠶᠤ ᠬᠠᠷ᠎ᠠ ᠨᠣᠭᠠᠢ ᠨᠢ ᠠᠯᠲᠠᠨ ᠣᠷᠳᠣ ᠍ ᠤᠨ ᠴᠡᠷᠢᠭ ᠦᠨ ᠵᠠᠩᠵᠤᠨ᠂ ᠳᠧ ᠹᠠᠺᠲ᠋ᠣ ᠤᠳᠤᠷᠢᠳᠤᠭᠴᠢ ᠪᠠᠶᠢᠴᠠᠢ᠃ ᠲᠡᠷᠡᠪᠡᠷ ᠴᠢᠩᠭᠢᠰ ᠬᠠᠭᠠᠨᠢ ᠭᠤᠴᠢ ᠶᠤᠮ᠃ ᠲᠡᠭᠦᠨ ᠦ ᠡᠴᠢᠭᠡ ᠪᠠᠦ᠋ᠯ/ᠲᠧᠸᠠᠯ ᠬᠠᠨ ᠨᠢ ᠵᠦᠴᠢ ᠍ ᠶᠢᠨ ᠳᠣᠯᠣᠳᠤᠭᠠᠷ ᠬᠥᠪᠡᠭᠦᠨ ᠪᠢᠯᠡ᠃

ᠧᠦᠢᠷᠣᠫᠠ ᠶᠢ ᠳᠠᠶᠢᠯᠠᠭᠰᠠᠨ ᠤ ᠳᠠᠷᠠᠭ᠎ᠠ᠂ ᠪᠠᠲᠤ ᠬᠠᠨ ᠨᠣᠭᠠᠢ ᠶᠢ ᠨᠢᠭᠡ ᠲᠦᠮᠡᠨ ᠦ (10000 ᠴᠡᠷᠢᠭ) ᠬᠠᠮᠲᠤ ᠥᠨᠥ ᠶᠢᠨ ᠮᠣᠯᠳᠤᠪᠠ ᠍ ᠤᠨ ᠨᠤᠲᠤᠭ ᠲᠤ ᠬᠠᠷᠠᠭᠤᠯ ᠢᠶᠠᠷ ᠦᠯᠡᠳᠡᠭᠡᠵᠢ ᠪᠡᠨ᠃ ᠲᠡᠷᠡᠪᠡᠷ ᠪᠡᠷᠬᠡ ᠬᠠᠨ᠂ ᠪᠠᠲᠤ ᠬᠠᠨ᠂ ᠣᠷᠣᠳᠠ ᠬᠠᠨ ᠤ ᠠᠴᠢ ᠳᠡᠭᠦᠦ ᠪᠠᠶᠢᠭᠰᠠᠨ ᠪᠥᠭᠡᠳ ᠠᠪᠠᠭ᠎ᠠ ᠠᠬ᠎ᠠ ᠪᠡᠷᠬᠡ ᠶᠢᠨ ᠢᠶᠡᠨ ᠦᠶ᠎ᠡ ᠳᠦ ᠬᠦᠴᠦᠷᠬᠡᠭ᠂ ᠠᠨᠪᠢᠴᠠ ᠲᠠᠢ ᠴᠡᠷᠢᠭ ᠦᠨ ᠤᠳᠤᠷᠢᠳᠤᠭᠴᠢ ᠪᠣᠯᠵᠠᠢ᠃

ᠪᠡᠷᠬᠡ ᠬᠠᠭᠠᠨᠴᠢᠯᠠᠯ ᠤᠨ ᠢᠶᠠᠨ ᠰᠡᠭᠦᠯᠴᠢ ᠶᠢᠨ ᠵᠢᠯ ᠤᠨᠳ ᠲᠤ ᠥᠪᠡᠷ ᠦᠨ ᠢᠷᠡᠭᠡᠳᠦᠢ ᠲᠡᠢ ᠠᠴᠢ ᠳᠤ ᠤᠯᠠᠮ ᠶᠡᠬᠡ ᠡᠭᠦᠷᠭᠡ ᠬᠠᠷᠢᠭᠤᠴᠠᠯᠭ᠎ᠠ ᠥᠭᠴᠦ ᠡᠬᠢᠯᠡᠵᠡᠢ᠃ ᠨᠣᠭᠠᠢ ᠮᠣᠩᠭᠣᠯ ᠤᠨ ᠠᠯᠳᠠᠷᠲᠤ ᠵᠠᠩᠵᠤᠨ ᠪᠤᠷᠤᠩᠳᠠᠢᠨ ᠬᠠᠮᠲᠤ 1259 ᠣᠨ ᠳᠤ ᠫᠣᠯᠢᠰᠢ ᠶᠢᠨ ᠡᠰᠡᠷᠬᠦ ᠬᠢᠭᠰᠡᠨ ᠮᠣᠩᠭᠣᠯᠴᠤᠳ ᠤᠨ ᠬᠣᠶᠠᠷ ᠲᠤ ᠬᠢ ᠳᠣᠪᠲᠣᠯᠭᠠᠨ ᠢ ᠲᠣᠯᠣᠭᠠᠶᠢᠯᠠᠵᠤ᠂ ᠰᠠᠩᠳᠣᠮᠢᠶᠡᠷᠵᠡᠺᠷᠠᠺᠣᠸ ᠪᠣᠯᠤᠨ ᠪᠤᠰᠤᠳ ᠬᠣᠲᠠ ᠶᠢ ᠡᠪᠳᠡᠨ ᠰᠦᠢᠳᠬᠡᠭᠰᠡᠨ ᠨᠢ ᠲᠡᠭᠦᠨ ᠦ ᠤᠳᠤᠷᠢᠳᠬᠤ ᠲᠣᠯᠣᠭᠠᠶᠢᠯᠠᠬᠤ ᠡᠭᠦᠷᠭᠡ ᠶᠢᠨ ᠠᠩᠬᠠᠨ ᠤ ᠰᠣᠷᠢᠯ ᠪᠠᠶᠢᠯ᠎ᠠ᠃

ᠨᠣᠭᠠᠢ ᠠᠪᠠᠭ᠎ᠠ ᠪᠡᠷᠬᠡ ᠬᠠᠨ ᠤ ᠨᠢᠭᠡᠨ ᠠᠳᠠᠯᠢ ᠯᠠᠯᠤ ᠶᠢᠨ ᠱᠠᠰᠢᠨ ᠳᠤ ᠣᠷᠣᠭᠰᠠᠨ ᠪᠣᠯᠪᠠᠴᠤ ᠶᠠᠭ ᠬᠡᠵᠢᠶ᠎ᠡ ᠣᠷᠣᠭᠰᠠᠨ ᠨᠢ ᠲᠣᠳᠣᠷᠬᠠᠢ ᠦᠭᠡᠢ ᠪᠠᠶᠢᠳᠠᠭ᠃ ᠭᠡᠬᠦ ᠳᠦ ᠪᠡᠨ ᠲᠡᠦᠬᠡᠴᠢᠳ 1250 ᠍ ᠊ᠭᠠᠳ ᠣᠨ ᠤ ᠦᠶ᠎ᠡ ᠳᠦ ᠪᠡᠷᠬᠡ ᠶᠢ ᠯᠠᠯᠤ ᠶᠢᠨ ᠱᠠᠰᠢᠨ ᠳᠤ ᠣᠷᠣᠭᠰᠠᠨ ᠤ ᠳᠠᠷᠠᠭᠠᠬᠠᠨ ᠯᠠ ᠣᠷᠣᠭᠰᠠᠨ ᠪᠠᠶᠢᠬᠤ ᠭᠡᠵᠦ ᠲᠠᠭᠠᠮᠠᠭᠯᠠᠳᠠᠭ᠃ ᠲᠡᠭᠦᠨ ᠦ ᠨᠡᠷ᠎ᠡ 1262/1263 ᠣᠨ ᠳᠤ ᠪᠡᠷᠬᠡ ᠶᠢᠨ ᠮᠠᠮᠤᠯᠶᠤᠶᠢᠺ ᠰᠤᠯᠲᠠᠨ ᠠᠯᠢ-ᠮᠠᠯᠢᠺ ᠠᠵᠠ-ᠵᠠᠬᠢᠷ ᠲᠤ ᠢᠯᠡᠭᠡᠭᠰᠡᠨ ᠯᠠᠯᠤ ᠶᠢᠨ ᠱᠠᠰᠢᠨ ᠳᠤ ᠰᠢᠨ᠎ᠡ ᠪᠡᠷ ᠣᠷᠣᠭᠰᠠᠨ ᠬᠦᠮᠦᠰ ᠦᠨ ᠨᠡᠷᠡᠰ ᠦᠨ ᠵᠢᠭ᠌ᠰᠠᠭᠠᠯᠳᠠ ᠳᠤ ᠣᠷᠣᠭᠰᠠᠨ ᠪᠠᠶᠢᠳᠠᠭ᠃ ᠪᠠᠷᠤᠭ ᠠᠷᠪᠠᠨ ᠵᠢᠯ ᠦᠨ ᠳᠠᠷᠠᠭ᠎ᠠ 1270/1271 ᠣᠨ ᠳᠤ ᠨᠣᠭᠠᠢ ᠥᠪᠡᠷ ᠢᠶᠡᠨ ᠶᠸᠵᠠᠫᠲ ᠤᠨ ᠰᠤᠯᠲᠠᠨ ᠳᠤ ᠪᠢᠴᠢᠭᠰᠡᠨ ᠵᠠᠬᠢᠳᠠᠯ ᠳᠤ ᠪᠠᠨ ᠯᠠᠯᠤ ᠶᠢᠨ ᠱᠠᠰᠢᠨ ᠳᠤ ᠣᠷᠣᠭᠰᠠᠨ ᠢᠶᠠᠨ ᠮᠡᠳᠡᠭᠳᠡᠵᠡᠢ᠃[1]

1262 ᠣᠨ ᠳᠤ ᠪᠡᠷᠬᠡ᠂ ᠬᠦᠯᠢᠭᠦ ᠬᠠᠨ ᠤ ᠬᠣᠭᠣᠷᠣᠨᠳᠣᠬᠢ ᠳᠣᠲᠣᠭᠠᠳᠤ ᠶᠢᠨ ᠳᠠᠶᠢᠨ ᠤ ᠦᠶ᠎ᠡ ᠪᠡᠷ ᠨᠣᠭᠠᠢ ᠶᠢᠨ ᠠᠷᠮᠢ ᠲᠧᠷᠧᠺ ᠭᠣᠣᠯ ᠳᠡᠭᠡᠷ᠎ᠡ ᠬᠦᠯᠢᠭᠦ ᠶᠢᠨ ᠴᠡᠷᠢᠭ ᠷᠦᠦ ᠭᠡᠨᠡᠳᠡᠭᠦᠯᠦᠨ ᠳᠣᠪᠲᠣᠯᠵᠠᠢ᠃ ᠬᠦᠯᠢᠭᠦ ᠶᠢᠨ ᠣᠯᠠᠨ ᠮᠢᠩᠭᠠᠨ ᠴᠡᠷᠢᠭ ᠭᠣᠣᠯ ᠳᠤ ᠦᠢᠵ᠂ ᠠᠮᠢᠳᠤ ᠦᠯᠡᠳᠡᠭᠰᠡᠳ ᠨᠢ ᠠᠽᠧᠷᠪᠠᠶᠢᠵᠠᠨ ᠷᠤ ᠡᠷᠭᠢᠵᠦ ᠳᠤᠲᠠᠭᠠᠴᠠᠢ᠃ 1265 ᠣᠨ ᠳᠤ ᠨᠣᠭᠠᠢ ᠴᠡᠷᠢᠭ ᠢᠶᠡᠨ ᠳᠠᠭᠠᠭᠤᠯᠤᠨ ᠳᠤᠨᠠᠢ ᠮᠥᠷᠡᠨ ᠢ ᠭᠠᠲᠤᠯᠬᠤ ᠳᠤ ᠸᠢᠰᠠᠩᠲᠤ ᠶᠢᠨ ᠴᠡᠷᠢᠭ ᠲᠡᠳᠡᠨ ᠢ ᠢᠷᠡᠬᠦ ᠡᠴᠡ ᠡᠮᠦᠨ᠎ᠡ ᠵᠢᠭᠤᠲᠠᠭᠰᠠᠨ ᠪᠠᠶᠢᠯ᠎ᠠ᠃ ᠨᠣᠭᠠᠢ ᠶᠢᠨ ᠴᠡᠷᠢᠭ ᠴᠠᠭᠠᠰᠢᠯᠠᠵᠤ ᠹᠷᠠᠺ ᠍ ᠤᠨ ᠬᠣᠲᠠ ᠨᠤᠭᠤᠳ ᠢ ᠡᠪᠳᠡᠨ ᠰᠦᠢᠳᠬᠡᠭᠰᠡᠨ ᠶᠤᠮ᠃ 1266 ᠣᠨ ᠳᠤ ᠡᠵᠡᠨ ᠬᠠᠭᠠᠨ ᠮᠬᠤᠡᠯ VIII ᠫᠠᠯᠤᠯ᠎ᠠ ᠨᠤᠰ ᠨᠣᠭᠠᠢ ᠲᠠᠢ ᠬᠣᠯᠪᠣᠭᠠᠲᠠᠨ ᠪᠣᠯᠬᠤ ᠶᠢ ᠬᠦᠰᠴᠢ᠂ ᠲᠡᠭᠦᠨ ᠳᠦ ᠥᠪᠡᠷ ᠦᠨ ᠬᠠᠤᠯᠢ ᠪᠤᠰᠤ ᠥᠬᠢᠨ ᠧᠦᠹᠷᠣᠰᠢᠨᠢᠶ᠎ᠠ ᠫᠠᠯᠣᠯᠣᠭᠢᠨᠠᠭ ᠭᠡᠷᠭᠡᠢ ᠪᠣᠯᠭᠠᠨ ᠥᠭᠴᠡᠢ᠃ ᠲᠡᠷᠡ ᠵᠢᠯ ᠢᠶᠡᠨ ᠨᠣᠭᠠᠢ ᠥᠪᠡᠷ ᠦᠨ ᠬᠠᠮᠢᠶᠠᠲᠠᠨ ᠠᠪᠠᠬᠠ ᠬᠠᠨ ᠲᠠᠢ ᠲᠢᠹᠯᠢᠰ ᠲᠤ ᠪᠠᠶᠢᠯᠳᠤᠨ ᠨᠢᠭᠡ ᠨᠢᠳᠦ ᠦᠭᠡᠢ ᠪᠣᠯᠪᠠ᠃ 1285 ᠣᠨ ᠳᠤ ᠨᠣᠭᠠᠢ ᠶᠢᠨ ᠲᠤᠯᠠᠪᠤᠭᠤ ᠪᠣᠯᠤᠨ ᠺᠦ᠋ᠮᠠᠨ ᠴᠡᠷᠢᠭ ᠦᠨ ᠬᠠᠮᠲᠤ ᠪᠠᠷ ᠬᠠᠩᠭᠠᠷᠢ ᠍ ᠢ ᠳᠠᠶᠢᠯᠠᠭᠰᠠᠨ ᠳᠠᠶᠢᠨ ᠳᠥᠴᠢ ᠭᠠᠷᠤᠢ ᠵᠢᠯ ᠦᠨ ᠲᠡᠷᠲᠡᠭᠡ ᠥᠭᠡᠲᠡᠢ ᠬᠠᠭᠠᠨ ᠤ ᠦᠶ᠎ᠡ ᠳᠦ ᠰᠦᠪᠡᠭᠡᠳᠡᠢ ᠵᠠᠩᠵᠤᠨ ᠢᠶᠠᠷ ᠤᠳᠤᠷᠢᠳᠤᠭᠤᠯᠤᠨ ᠧᠦᠢᠷᠣᠫᠠ ᠶᠢ ᠳᠠᠶᠢᠯᠠᠭᠰᠠᠨ ᠠᠮᠵᠢᠯᠲᠠ ᠲᠠᠢ ᠠᠶᠠᠨ ᠳᠠᠶᠢᠨ ᠠᠴᠠ ᠮᠠᠰᠢ ᠢᠯᠭᠠᠭ᠎ᠠ ᠲᠠᠢ ᠪᠠᠶᠢᠯ᠎ᠠ᠃ ᠲᠷᠠᠨᠰᠢᠯᠪᠠᠨᠢ ᠍ ᠶᠢ ᠲᠣᠨᠣᠨ ᠰᠦᠢᠳᠬᠡᠭᠰᠡᠨ ᠦ ᠪᠡᠨ ᠳᠠᠷᠠᠭ᠎ᠠ ᠲᠡᠷᠡ ᠫᠧᠱᠲᠡᠶᠢᠨ ᠣᠶᠢᠷᠠᠯᠴᠠᠭ᠎ᠠ IV ᠯᠠᠳᠢᠰᠯᠠᠪ ᠍ ᠤᠨ ᠤᠳᠤᠷᠢᠳᠤᠭᠰᠠᠨ ᠬᠠᠩᠭᠠᠷᠢ ᠶᠢᠨ ᠴᠡᠷᠢᠭ ᠦᠨ ᠬᠦᠴᠦᠩᠳᠡ ᠪᠤᠲ᠋ᠴᠤᠬᠢᠭᠤᠯᠵᠤ᠂ ᠪᠤᠴᠠᠬᠤ ᠳᠤ ᠪᠠᠨ ᠱᠧᠺᠧᠯ ᠍ ᠶᠢᠨ ᠣᠲᠣᠯᠲᠣᠳ ᠪᠠᠶᠢᠨ ᠪᠠᠶᠢᠨ ᠣᠷᠣᠵᠤ ᠪᠠᠶᠢᠪᠠ[1]. ᠲᠡᠷᠡᠪᠡᠷ ᠮᠥᠨ 1287 ᠣᠨ ᠳᠤ ᠲᠤᠯᠠᠪᠤᠭ᠎ᠠ ᠶᠢᠨ ᠬᠠᠮᠲᠤ ᠫᠣᠯᠢᠰᠢ ᠶᠢᠨ ᠡᠰᠡᠷᠬᠦ ᠭᠤᠷᠪᠠ ᠳᠤ ᠬᠢ ᠤᠳᠠᠭ᠎ᠠ ᠶᠢᠨ ᠠᠮᠵᠢᠯᠲᠠ ᠦᠭᠡᠢ ᠳᠣᠪᠲᠣᠯᠭᠠᠨ ᠳᠤ ᠣᠷᠣᠯᠴᠠᠵᠠᠢ᠃

1286 ᠣᠨ ᠳᠤ ᠨᠣᠭᠠᠢ ᠰᠧᠷᠪᠢ ᠍ ᠶᠢᠨ ᠸᠠᠩ ᠰᠲ᠋ᠧᠹᠠᠨ ᠤᠷᠣᠰᠢ II ᠮᠢᠯᠦ᠋ᠲ᠋ᠢᠨᠢᠭᠢᠭ ᠰ ᠲᠽᠧᠷᠢᠨᠢᠲ᠋ᠧᠲ ᠪᠣᠯᠭᠠᠵᠠᠢ᠃ ᠲᠡᠷᠡᠪᠡᠷ ᠮᠥᠨ ᠪᠣᠯᠭᠠᠷᠢᠶ᠎ᠠ ᠳᠠᠬᠢ ᠮᠣᠩᠭᠣᠯᠴᠤᠳ ᠤᠨ ᠬᠢᠨᠠᠯᠲᠠ ᠶᠢ ᠪᠡᠬᠢᠵᠢᠭᠦᠯᠵᠦ᠂ ᠣᠯᠠᠨ ᠲᠦᠮᠡᠨ ᠦ ᠳᠤᠮᠳᠠ ᠨᠥᠯᠥᠭᠡᠲᠡᠢ ᠭᠠᠬᠠᠶᠢᠴᠢᠨ ᠢᠪᠠᠶᠢᠯᠠ ᠶᠢ ᠴᠠᠭᠠᠰᠢ ᠬᠠᠷᠠᠭᠤᠯᠵᠤ᠂ ᠭᠧᠣᠷᠭᠡᠢ ᠲᠧᠷᠲ᠋ᠧᠷᠡᠶᠢᠭ (1280-1302) ᠥᠪᠡᠷ ᠦᠨ ᠸᠠᠰᠰᠠᠯ ᠪᠣᠯᠭᠠᠨ᠂ ᠭᠧᠣᠷᠠᠭ ᠢ ᠸᠢᠽᠠᠨᠲ᠋ᠢ ᠷᠤ ᠵᠤᠭᠠᠲᠠᠭᠰᠠᠨ ᠤ ᠳᠠᠷᠠᠭ᠎ᠠ᠂ ᠥᠪᠡᠷ ᠦᠨ ᠲᠣᠭᠯᠠᠭᠠᠮ ᠤᠨ ᠸᠠᠩ ᠰᠮᠢᠯᠧᠼᠡᠶᠢᠭ ᠣᠷᠣᠨ ᠳᠤ ᠨᠢ ᠲᠠᠯᠪᠢᠵᠠᠢ᠃

ᠨᠣᠭᠠᠢ ᠳᠠᠶᠢᠨ ᠲᠤᠯᠤᠭᠠᠨ ᠳᠤ ᠴᠢᠳᠠᠪᠤᠷᠢᠯᠢᠭ᠂ ᠬᠦᠴᠦᠷᠬᠡᠭ ᠨᠢᠭᠡᠨ ᠪᠠᠶᠢᠭᠰᠠᠨ ᠪᠣᠯᠪᠠᠴᠤ ᠬᠠᠨᠯᠢᠭ ᠢ ᠥᠪᠡᠷ ᠦᠨ ᠪᠣᠯᠭᠠᠬᠤ ᠶᠢ ᠬᠡᠵᠢᠶ᠎ᠡ ᠴᠤ ᠣᠷᠣᠯᠳᠤᠵᠤ ᠪᠠᠶᠢᠭ᠎ᠠ ᠦᠭᠡᠢ ᠶᠤᠮ᠃ ᠬᠠᠷᠢᠨ ᠡᠭᠦᠨ ᠦ ᠣᠷᠣᠨ ᠳᠤ ᠥᠪᠡᠷ ᠢᠶᠡᠨ ᠬᠠᠩᠭ᠎ᠠ ᠨᠤᠭᠤᠳ ᠲᠥᠷᠦᠭᠦᠯᠳᠡᠭ ᠪᠠᠶᠢᠬᠤ ᠶᠢ ᠢᠯᠡᠭᠦᠦ ᠳᠦ ᠦᠵᠡᠭᠰᠡᠨ ᠠᠵᠡᠢ᠃ ᠲᠡᠷᠡᠪᠡᠷ ᠪᠡᠷᠬᠡ᠂ ᠮᠥᠩᠬᠡᠲᠡᠮᠦᠷᠲᠣᠳᠣᠮᠥᠶᠢᠩᠬᠡᠲᠤᠯᠠᠪᠤᠭᠤᠲᠤᠬᠤᠲᠠ ᠨᠠᠷ ᠤᠨ ᠳᠣᠣᠷ᠎ᠠ ᠠᠵᠢᠯᠯᠠᠵᠤ ᠪᠠᠶᠢᠪᠠ᠃ ᠡᠳᠡᠨ ᠡᠴᠡ ᠬᠠᠮᠤᠭ ᠤᠨ ᠰᠡᠭᠦᠯ ᠦᠨ ᠬᠠᠨ ᠨᠢ ᠪᠤᠰᠤᠳ ᠠᠴᠠ ᠪᠠᠨ ᠢᠯᠡᠭᠦᠦ ᠢᠯᠡᠭᠦᠦ ᠳᠤᠷ᠎ᠠ ᠪᠠᠷ ᠢᠶᠠᠨ ᠪᠠᠶᠢᠭᠰᠠᠨ ᠪᠥᠭᠡᠳ ᠨᠣᠭᠠᠢ ᠲᠠᠢ ᠲᠡᠮᠡᠴᠡᠯᠳᠦᠵᠦ ᠡᠬᠢᠯᠡᠵᠡᠢ᠃ ᠡᠨᠡ ᠦᠶ᠎ᠡ ᠳᠦ ᠨᠣᠭᠠᠢ ᠠᠯᠲᠠᠨ ᠣᠷᠳᠣ ᠍ ᠤᠨ ᠪᠠᠷᠠᠭᠤᠨ ᠬᠡᠰᠡᠭ ᠢ ᠭᠠᠷ ᠲᠤ ᠪᠠᠨ ᠠᠳᠬᠤᠵᠤ ᠪᠠᠶᠢᠪᠠ᠃ ᠨᠣᠭᠠᠢ ᠲᠣᠳᠣᠮᠦᠩᠬᠡᠢ ᠶᠢ ᠬᠠᠭᠠᠨ ᠰᠢᠷᠡᠭᠡᠨ ᠡᠴᠡ ᠠᠪᠴᠤ ᠬᠠᠶᠠᠨ᠂ ᠲᠤᠯᠠᠪᠤᠭᠠᠭ ᠬᠣᠷᠢᠶᠠᠭᠰᠠᠨ ᠪᠠᠶᠢᠯ᠎ᠠ᠃

ᠨᠣᠭᠠᠢ ᠠᠩᠬ᠎ᠠ ᠪᠠᠭ᠎ᠠ ᠵᠠᠯᠠᠭᠤ ᠲᠤᠬᠤᠲᠠ ᠳᠤ ᠲᠥᠷᠥ ᠶᠢᠨ ᠡᠷᠬᠡ ᠠᠪᠴᠤ ᠥᠭᠬᠦ ᠳᠦ ᠪᠡᠨ ᠲᠣᠭᠯᠠᠭᠠᠮ ᠤᠨ ᠬᠠᠨ ᠪᠣᠯᠭᠠᠨ᠂ ᠬᠡᠷᠡᠭ ᠦᠭᠡᠢ ᠪᠣᠯᠤᠩᠭᠤᠲᠠ ᠨᠢ ᠬᠠᠶᠠᠴᠢᠬᠠᠵᠤ ᠪᠣᠯᠤᠨ᠎ᠠ ᠭᠡᠵᠦ ᠪᠣᠳᠣᠵᠤ ᠪᠠᠶᠢᠴᠠᠢ᠃ ᠭᠡᠪᠡᠴᠦ ᠠᠰᠠᠭᠤᠳᠠᠯ ᠥᠭᠡᠷ᠎ᠡ ᠪᠡᠷ ᠡᠷᠭᠢᠵᠦ᠂ ᠲᠤᠬᠤᠲᠠ (1291-1312) ᠣᠨᠴᠠᠭᠠᠢ ᠴᠢᠳᠠᠪᠤᠷᠢᠯᠢᠭ ᠡᠷ᠎ᠡ ᠪᠣᠯᠬᠤ ᠪᠠᠨ ᠬᠠᠷᠠᠭᠤᠯᠵᠤ᠂ ᠲᠥᠷᠥ ᠶᠢᠨ ᠡᠷᠬᠡ ᠶᠢ ᠵᠢᠩᠬᠢᠨᠢ ᠤᠳᠬ᠎ᠠ ᠪᠠᠷ ᠨᠢ ᠭᠠᠷ ᠲᠤ ᠪᠠᠨ ᠠᠪᠴᠤ ᠡᠬᠢᠯᠡᠯ᠎ᠡ᠃ ᠨᠣᠭᠠᠢ ᠲᠤᠬᠤᠲᠠ ᠲᠠᠢ ᠲᠤᠯᠤᠯᠳᠤᠭᠰᠠᠨ ᠡᠬᠢᠨ ᠦ ᠲᠤᠯᠤᠯᠳᠤᠭᠠᠨ ᠳᠤ ᠪᠠᠨ ᠢᠯᠠᠯᠲᠠ ᠪᠠᠶᠢᠭᠤᠯᠪᠠ᠃ ᠭᠡᠪᠡᠴᠦ ᠲᠡᠷᠡ ᠲᠤᠬᠤᠲᠠᠭ ᠦᠯᠳᠡᠨ ᠬᠥᠭᠡᠭᠡᠬᠦ ᠶᠢ ᠶᠠᠭᠠᠷᠠᠭᠰᠠᠨ ᠦᠭᠡᠢ᠃ ᠤᠴᠢᠷ ᠨᠢ ᠨᠣᠭᠠᠢ ᠶᠢᠨ ᠠᠴᠢ ᠬᠦᠦ ᠠᠭᠲᠠᠵᠢᠭ ᠺᠷ ᠤᠮ ᠳᠤ ᠠᠯᠪᠠ ᠭᠤᠪᠴᠢᠭᠤᠷ ᠬᠤᠷᠢᠶᠠᠭᠠᠳ ᠶᠠᠪᠤᠵᠤ ᠪᠠᠶᠢᠬᠤ ᠳᠤ ᠨᠢ ᠭᠧᠨᠤᠶᠠᠴᠤᠤ ᠳᠤ ᠬᠣᠷᠢᠶᠠᠴᠠᠢ᠃ ᠡᠭᠦᠨ ᠳᠦ ᠬᠢᠯᠢᠩᠨᠡᠭᠰᠡᠨ ᠨᠣᠭᠠᠢ ᠲᠠᠲ᠋ᠠᠷ ᠴᠡᠷᠢᠭ ᠦᠳ ᠢᠶᠡᠨ ᠢᠯᠡᠭᠡᠨ ᠺᠷ ᠤᠮ ᠳ᠋ᠡᠬᠢ ᠢᠲ᠋ᠠᠯᠢ ᠶᠢᠨ ᠪᠣᠭᠣᠮᠲᠠ ᠨᠤᠭᠤᠳ ᠢ ᠰᠦᠢᠳᠬᠡᠭᠦᠯᠪᠡ᠃

ᠨᠣᠭᠠᠢ 1299 ᠣᠨ ᠳᠤ ᠳᠨᠧᠫᠷ ᠮᠥᠷᠡᠨ ᠦ ᠣᠶᠢᠷᠠᠯᠴᠠᠭ᠎ᠠ ᠺᠠᠭᠠᠮᠠᠯᠢᠺ ᠲᠤ ᠲᠤᠬᠤᠲᠠ ᠬᠠᠨ ᠤ ᠮᠣᠩᠭᠣᠯᠴᠤᠳ ᠲᠠᠢ ᠳᠠᠬᠢᠨ ᠲᠤᠯᠤᠯᠳᠤᠵᠤ ᠪᠠᠶᠢᠭᠠᠳ ᠠᠯᠠᠭᠳᠠᠵᠠᠢ᠃ ᠲᠤᠬᠤᠲᠠ ᠬᠠᠨ ᠲᠠᠢ ᠵᠥᠷᠢᠴᠡᠯᠳᠦᠳᠡᠭ ᠪᠠᠶᠢᠭᠰᠠᠨ ᠤᠴᠢᠷ᠂ ᠲᠡᠭᠦᠨ ᠢ ᠠᠮᠢᠳᠤ ᠪᠠᠶᠢᠯᠭᠠᠬᠤ ᠳᠤ ᠬᠡᠲᠦᠷᠬᠡᠢ ᠠᠶᠤᠯ ᠲᠠᠢ ᠪᠠᠶᠢᠪᠠ᠃ ᠲᠡᠭᠦᠨ ᠦ ᠲᠣᠯᠣᠭᠠᠢ ᠶᠢ ᠲᠤᠬᠤᠲᠠ ᠬᠠᠨᠳᠠ ᠠᠪᠠᠴᠢᠵᠤ ᠥᠭᠬᠦ ᠳᠦ᠂ ᠨᠣᠭᠠᠢ ᠶᠢ ᠶᠡᠷᠦᠳᠡ ᠶᠢᠨ ᠨᠢᠭᠡ ᠣᠷᠣᠰ ᠴᠡᠷᠢᠭ ᠠᠯᠠᠭᠰᠠᠨ ᠪᠠᠶᠢᠭᠰᠠᠨ ᠳᠤ ᠶᠡᠬᠡᠳᠡ ᠡᠭᠳᠡᠭᠦᠴᠡᠵᠡᠢ᠃ ᠲᠤᠬᠤᠲᠠ 《ᠡᠩ ᠦᠨ ᠠᠷᠠᠳ ᠢᠵᠠᠭᠤᠷ ᠤᠭᠰᠠᠭᠠᠲᠤ ᠬᠦᠮᠦᠨ ᠢ ᠬᠣᠷᠢᠶᠠᠵᠤ ᠲᠠᠭᠠᠷᠠᠬᠤ ᠦᠭᠡᠢ》 ᠬᠡᠮᠡᠨ ᠨᠣᠭᠠᠢ ᠶᠢ ᠠᠯᠠᠭᠰᠠᠨ ᠣᠷᠣᠰ ᠴᠡᠷᠢᠭ ᠢ ᠴᠠᠭᠠᠵᠠ ᠪᠠᠷ ᠠᠪᠴᠠᠢ᠃

ᠲᠡᠭᠦᠨ ᠦ ᠧᠦᠹᠷᠣᠰᠢᠨᠢᠶ᠎ᠠ ᠬᠠᠲᠤᠨ ᠠᠴᠠ ᠭᠠᠷᠤᠭᠰᠠᠨ ᠬᠦᠦ ᠴᠠᠺᠠ ᠪᠣᠯᠭᠠᠷᠢᠶ᠎ᠠ ᠶᠢᠨ ᠴᠠᠷᠢ ᠪᠣᠯᠤᠭᠰᠠᠨ ᠪᠥᠭᠡᠳ ᠤᠷᠠᠯ ᠤᠨ ᠨᠢᠷᠤᠭᠤᠨ ᠠᠴᠠ ᠵᠡᠭᠦᠨ ᠲᠡᠶᠢᠰᠢᠬᠦ ᠨᠤᠲᠤᠭ ᠢ ᠵᠠᠬᠢᠷᠴᠢ ᠪᠠᠶᠢᠭᠰᠠᠨ ᠨᠣᠭᠠᠢ ᠶᠢᠨ ᠣᠷᠳᠣ ᠨᠣᠭᠠᠢ ᠶᠢᠨ ᠨᠡᠷ᠎ᠡ ᠪᠡᠷ ᠨᠡᠷᠡᠯᠡᠭᠳᠡᠵᠦ ᠪᠠᠶᠢᠯ᠎ᠠ᠃

ᠯᠠᠪᠠᠯᠠᠬᠤ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • Saunders, J.J. The History of the Mongol Conquests, 2001
  • ᠵ᠃ᠪᠣᠷᠣ ᠮᠣᠩᠭᠣᠯ ᠬᠢᠭᠡᠳ ᠧᠦ᠋ᠷᠠᠽᠢ ᠶᠢᠨ ᠳ᠋ᠢᠫᠯᠣᠮᠠᠲ ᠱᠠᠰᠳᠢᠷ ᠪᠣᠲᠢ 2, 2003
  • ᠎ᠡ᠃ᠡᠨᠡᠷᠢᠯᠲᠦ 《ᠶᠤᠸᠠᠨ ᠤ ᠠᠰ ᠤᠳ》 2007
  • István Vásáry, Cumans and Tatars, Cambridge University Press 2005

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Vásáry, p.71
http://wiki.uhaan.com/index.php?title=ᠨᠣᠭᠠᠢ&oldid=393248》 ᠍  ᠡᠴᠡ ᠠᠪᠤᠭᠰᠠᠨ

ᠪᠢᠴᠢᠭᠡᠰᠦ