ᠨᠣᠬᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠣᠩᠭᠣᠯ ᠠᠩᠴᠢ ᠨᠣᠬᠠᠢ: ᠲᠠᠶᠢᠭ᠎ᠠ ᠬᠣᠲᠠᠴᠢ ᠮᠣᠩᠭᠣᠯ ᠨᠣᠬᠠᠢ ᠶᠢᠨ ᠲᠤᠬᠠᠢ

ᠨᠣᠬᠠᠢ
ᠣᠷᠣᠰᠢᠨ ᠪᠠᠶᠢᠭᠰᠠᠨ ᠬᠤᠭᠤᠴᠠᠭ᠎ᠠ: ᠬᠣᠵᠢᠭᠤ ᠫᠯᠧᠢᠰᠲ᠋ᠣᠼᠧᠨᠡᠶᠢᠨ ᠦᠶᠡᠰ ᠣᠳᠣ ᠬᠦᠷᠲᠡᠯ᠎ᠡ
Coat types 3.jpg
ᠬᠣᠪᠣᠷᠳᠠᠯᠲᠠ ᠶᠢᠨ ᠵᠡᠷᠭᠡᠯᠡᠯ
ᠭᠡᠷᠰᠢᠭᠦᠯᠦᠭᠰᠡᠨ
ᠪᠢᠣᠯᠣᠭᠢ ᠶᠢᠨ ᠠᠩᠭᠢᠯᠠᠯ
ᠰᠠᠯᠪᠤᠷᠢ: Eukaryota
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠠᠩᠭᠢ: ᠬᠥᠬᠥᠲᠡᠨ
ᠪᠠᠭ: ᠮᠢᠬ᠎ᠠ ᠢᠳᠡᠰᠢᠲᠡᠨ
ᠣᠪᠤᠭ: ᠴᠢᠨᠣ᠎ᠠ ᠶᠢᠨ ᠬᠢᠨ
ᠲᠥᠷᠥᠯ: ᠰᠠnis
ᠵᠦᠢᠯ: C. lupus
ᠳᠡᠳ᠋ ᠵᠦᠢᠯ: C. l. familiaris
ᠯᠠᠲ᠋ᠢᠨ ᠨᠡᠷ᠎ᠡ
Canis lupus familiaris
(ᠯᠢᠨᠡᠨᠢ᠂ 1758)

ᠨᠣᠬᠠᠢ (ᠮᠣᠩᠭᠣᠯ:Nohai.pngᠨᠣᠬᠠᠢ; Canis lupus familiaris) ᠨᠢ ᠬᠥᠬᠥᠲᠡᠨ ᠪᠠ ᠮᠢᠬᠠᠨ ᠢᠳᠡᠰᠢ ᠳᠦ ᠠᠮᠢᠲᠠᠨ ᠶᠠᠭᠤᠮ᠎ᠠ᠃ ᠬᠦᠮᠦᠨ ᠦ ᠬᠠᠮᠤᠭ ᠤᠨ ᠦᠨᠡᠨᠴᠢ᠂ ᠳᠣᠲᠣᠨ ᠤ ᠨᠥᠬᠥᠷ ᠭᠡᠭᠳᠡᠳᠡᠭ ᠨᠣᠬᠠᠢ ᠶᠢ ᠲᠡᠭᠦᠨ ᠦ ᠡᠪᠦᠭᠡ ᠪᠣᠯᠬᠤ ᠰᠠᠷᠠᠯ ᠴᠢᠨᠣ᠎ᠠᠨᠣᠣᠰᠣ 15,000 ᠵᠢᠯ ᠦᠨ ᠡᠮᠦᠨ᠎ᠡ ᠭᠡᠷᠰᠢᠭᠦᠯᠦᠭᠰᠡᠨ ᠭᠡᠵᠦ ᠦᠵᠡᠳᠡᠭ᠃ ᠣᠳᠣ ᠪᠠᠷ ᠳᠡᠯᠡᠬᠡᠢ ᠳᠡᠭᠡᠷ᠎ᠡ ᠨᠡᠶᠢᠲᠡ 800 ᠣᠷᠴᠢᠮ ᠡᠭᠦᠯᠳᠡᠷ ᠦᠨ 400 ᠰᠠᠶ᠎ᠠ ᠨᠣᠬᠠᠢ ᠪᠠᠶᠢᠨ᠎ᠠ᠃ ᠡᠮ ᠨᠣᠬᠠᠢ ᠶᠢ ᠵᠢᠩᠭᠢᠷ᠂ ᠦᠷ᠎ᠡ ᠲᠥᠯ ᠢ ᠭᠥᠯᠥᠭᠡ ᠭᠡᠨ᠎ᠡ᠃

ᠠᠨᠠᠲ᠋ᠣᠮᠢ[ᠵᠠᠰᠠᠪᠤᠷᠢᠯᠠᠬᠤ | ᠺᠣᠳ᠋ ᠢᠶᠠᠷ ᠵᠠᠰᠠᠬᠣ]

Indian spitz.jpg

ᠨᠣᠬᠠᠢ ᠨᠢ ᠡᠭᠦᠯᠳᠡᠷ ᠤᠭᠰᠠᠭᠠᠨ ᠠᠴᠠ ᠰᠢᠯᠲᠠᠭᠠᠯᠠᠨ ᠪᠡᠶ᠎ᠡ ᠶᠢᠨ ᠬᠡᠮᠵᠢᠶ᠎ᠡ ᠶᠠᠩᠵᠤ ᠪᠦᠷᠢ ᠪᠠᠶᠢᠨ᠎ᠠ᠃ ᠬᠠᠮᠤᠭ ᠤᠨ ᠵᠢᠵᠢᠭ ᠨᠣᠬᠠᠢ (ᠢᠣᠷᠺᠰᠢᠷ ᠲᠧᠷᠧᠷ) ᠨᠢ ᠮᠥᠷᠡᠨ ᠦ ᠥᠨᠳᠥᠷ 6.3 ᠰᠠᠨᠲ᠋ᠢᠮᠧᠲ᠋ᠷ᠂ ᠪᠡᠶ᠎ᠡ ᠶᠢᠨ ᠤᠷᠲᠤ 9.5 ᠰᠠᠨᠲ᠋ᠢᠮᠧᠲ᠋ᠷ᠂ ᠵᠢᠩ ᠨᠢ 113 ᠭᠷᠦᠶᠢᠫ ᠪᠠᠶᠢᠭᠰᠠᠨ ᠪᠣᠯ ᠬᠠᠮᠤᠭ ᠤᠨ ᠲᠣᠮᠣ ᠨᠢ (ᠠᠩᠭᠯᠢ ᠮᠠᠰᠲ᠋ᠢᠹ) 155.6 ᠺᠢᠯᠣᠭ᠍ᠷᠠᠮ ᠵᠢᠩᠲᠡᠢ᠂ ᠬᠣᠩᠰᠢᠶᠠᠷ ᠠᠴᠠ ᠰᠡᠭᠦᠯ ᠬᠦᠷᠲᠡᠯᠡᠬᠢ ᠤᠷᠲᠤ ᠨᠢ 250 ᠰᠠᠨᠲ᠋ᠢᠮᠧᠲ᠋ᠷ ᠪᠠᠶᠢᠴᠠᠢ᠃ ᠬᠠᠮᠤᠭ ᠤᠨ ᠥᠨᠳᠥᠷ ᠨᠣᠬᠠᠢ ᠶᠢᠨ (ᠳᠣᠭ) ᠮᠥᠷᠡᠨ ᠦ ᠥᠨᠳᠥᠷ 106.7 ᠰᠠᠨᠲ᠋ᠢᠮᠧᠲ᠋ᠷ ᠭᠡᠵᠦ ᠪᠦᠷᠢᠳᠬᠡᠭᠳᠡᠭᠡᠳ ᠪᠠᠶᠢᠨ᠎ᠠ᠃ ᠨᠣᠬᠠᠢ ᠨᠢ ᠪᠤᠰᠤᠳ ᠮᠢᠬᠠᠨ ᠢᠳᠡᠰᠢ ᠳᠦ᠂ ᠬᠥᠬᠥᠲᠡᠨ ᠠᠮᠢᠲᠠᠳ ᠤᠨ ᠠᠳᠠᠯᠢ ᠪᠠᠷ ᠬᠦᠴᠦᠷᠬᠡᠭ ᠪᠤᠯᠴᠢᠩ᠂ ᠤᠷᠲᠤ ᠨᠠᠷᠢᠨ ᠬᠥᠯ᠂ ᠳᠠᠪᠬᠢᠵᠤ ᠬᠠᠷᠠᠶᠢᠬᠤ᠂ ᠬᠣᠯᠠ ᠭᠠᠵᠠᠷ ᠲᠤᠭᠤᠯᠬᠤ ᠳᠤ ᠲᠡᠰᠪᠦᠷᠢᠲᠡᠢ ᠵᠣᠬᠢᠴᠠᠭᠰᠠᠨ ᠵᠢᠷᠦᠬᠡ ᠰᠤᠳᠠᠰᠤᠨ ᠤ ᠰᠢᠰᠲ᠋ᠧᠮ᠂ ᠪᠡᠶ᠎ᠡ ᠶᠢᠨ ᠪᠦᠲᠦᠴᠡ ᠲᠡᠢ ᠪᠠᠶᠢᠳᠠᠭ᠃

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠨᠣᠬᠠᠢ»
ᠸᠢᠭᠵᠦᠢᠯ ᠳᠦ ᠨᠣᠬᠠᠢ ᠍ ᠲᠠᠢ ᠬᠣᠯᠪᠣᠭᠠᠲᠠᠢ ᠮᠡᠳᠡᠭᠡᠯᠡᠯ ᠪᠠᠶᠢᠨ᠎ᠠ᠃
http://wiki.uhaan.com/index.php?title=ᠨᠣᠬᠠᠢ&oldid=432081》 ᠍  ᠡᠴᠡ ᠠᠪᠤᠭᠰᠠᠨ

ᠪᠢᠴᠢᠭᠡᠰᠦ