ᠨᠣᠣᠯᠣᠭᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠨᠣᠣᠯᠣᠭᠤᠷᠠᠨ ᠣᠷᠢᠶᠠᠯᠲᠠ

ᠨᠣᠣᠯᠣᠭᠤᠷ ᠨᠢ ᠵᠠᠷᠢᠮ ᠠᠮᠢᠲᠠᠨ ᠤ ᠵᠥᠭᠡᠯᠡᠨ ᠤᠩᠭᠠᠷᠢᠯ ᠦᠰᠦ ᠶᠤᠮ᠃ ᠭᠣᠣᠯ ᠲᠥᠯᠥᠪ ᠡᠨᠡ ᠦᠭᠡ ᠶᠢ ᠢᠮᠠᠭ᠎ᠠᠨ ᠤ ᠦᠰᠦ ᠶᠢ ᠨᠡᠷᠡᠯᠡᠬᠦ ᠳᠦ ᠬᠡᠷᠡᠭᠯᠡᠳᠡᠭ᠃

ᠣᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠣᠣᠯᠣᠭᠤᠷ ᠨᠢ ᠨᠠᠷᠢᠨ ᠰᠢᠷᠬᠡᠭ ᠲᠡᠢ᠂ ᠨᠢᠭᠲᠠᠴᠠ ᠶᠡᠬᠡ ᠲᠡᠢ ᠪᠣᠯᠪᠠᠴᠤ ᠬᠥᠩᠭᠡᠨ᠂ ᠳᠤᠯᠠᠭᠠᠨ᠂ ᠳᠡᠭᠡᠳᠦ ᠵᠡᠷᠭᠡᠯᠡᠯ ᠦᠨ ᠪᠦᠲᠦᠭᠡᠭᠳᠡᠬᠦᠨ ᠶᠤᠮ᠃

ᠪᠠᠶᠢᠭᠠᠯᠢ ᠶᠢᠨ ᠥᠩᠭᠡ ᠨᠢ ᠴᠠᠭᠠᠨ᠂ ᠰᠠᠷᠠᠯ᠂ ᠪᠣᠷᠣ ᠪᠠᠶᠢᠳᠠᠭ᠃

ᠨᠣᠣᠯᠣᠭᠤᠷ ᠤᠨ ᠴᠢᠨᠠᠷ ᠢ ᠲᠡᠭᠦᠨ ᠦ ᠨᠠᠷᠢᠨ ᠴᠢᠨᠠᠷ᠂ ᠴᠠᠭᠠᠨ ᠥᠩᠭᠡ᠂ ᠤᠷᠲᠤ ᠪᠠᠷ ᠨᠢ ᠰᠢᠨᠵᠢᠨ᠎ᠡ᠃ ᠨᠠᠷᠢᠨ ᠪᠠᠶᠢᠬᠤ ᠲᠤᠰᠤᠮ ᠢᠶᠠᠨ ᠵᠥᠭᠡᠯᠡᠨ ᠪᠣᠯᠳᠠᠭ᠃ ᠴᠠᠭᠠᠨ ᠨᠣᠣᠯᠣᠭᠤᠷ ᠨᠢ ᠴᠠᠶᠢᠷᠠᠭᠤᠯᠬᠤ ᠱᠠᠭᠠᠷᠳᠠᠯᠭ᠎ᠠ ᠦᠭᠡᠢ ᠲᠤᠯᠠ ᠪᠠᠭ᠎ᠠ ᠭᠡᠮᠲᠦᠳᠡᠭ_ ᠥᠩᠭᠡ ᠰᠠᠶᠢᠨ ᠣᠷᠣᠳᠠᠭ ᠪᠠᠶᠢᠨ᠎ᠠ᠃

ᠦᠢᠯᠡᠳᠪᠦᠷᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠣᠣᠯᠣᠭᠤᠷ ᠤᠨ ᠢᠮᠠᠭ᠎ᠠ ᠨᠢ ᠡᠷᠡᠰ ᠲᠡᠰᠦ ᠠᠭᠤᠷ ᠠᠮᠢᠰᠬᠤᠯ ᠲᠠᠢ ᠨᠤᠲᠤᠭ ᠲᠤ ᠠᠮᠢᠳᠤᠷᠠᠳᠠᠭ ᠲᠤᠯᠠ ᠪᠦᠳᠦᠭᠦᠨ ᠰᠢᠷᠬᠡᠭ ᠲᠡᠢ ᠨᠣᠣᠰᠣ ᠪᠠᠷ ᠪᠦᠷᠬᠦᠭᠳᠡᠭᠰᠡᠨ ᠪᠠᠶᠢᠬᠤ ᠪᠥᠭᠡᠳ ᠲᠡᠭᠦᠨ ᠦ ᠳᠣᠲᠣᠷ᠎ᠠ ᠲᠠᠯ᠎ᠠ ᠪᠠᠷ ᠵᠥᠭᠡᠯᠡᠨ᠂ ᠨᠠᠷᠢᠨ ᠦᠰᠦ ᠪᠠᠶᠢᠳᠠᠭ᠃ ᠬᠠᠪᠤᠷ ᠪᠣᠯᠵᠤ ᠳᠤᠯᠠᠭᠠᠷᠠᠬᠤ ᠦᠶ᠎ᠡ ᠳᠦ ᠲᠡᠷᠬᠡᠦ ᠦᠰᠦ ᠶᠢ ᠲᠤᠰᠬᠠᠢ ᠰᠠᠮ ᠢᠶᠠᠷ ᠰᠠᠮᠨᠠᠵᠤ ᠠᠪᠳᠠᠭ ᠨᠢ ᠨᠣᠣᠯᠣᠭᠤᠷ ᠶᠤᠮ᠃ ᠨᠢᠭᠡ ᠢᠮᠠᠭᠠᠨ ᠠᠴᠠ 150-300 ᠭᠷᠠᠮ ᠯᠠ ᠨᠣᠣᠯᠣᠭᠤᠷ ᠭᠠᠷᠳᠠᠭ ᠪᠠᠶᠢᠨ᠎ᠠ᠃ᠮᠥᠨ ᠡᠷᠯᠢᠵᠡ ᠡᠭᠦᠯᠳᠡᠷ ᠦᠨ ᠢᠮᠠᠭᠠᠨ ᠠᠴᠠ 1 ᠺᠢᠯᠣᠭ᠍ᠷᠠᠮ ᠬᠦᠷᠲᠡᠯ᠎ᠡ ᠨᠣᠣᠯᠣᠭᠤᠷ ᠭᠠᠷᠬᠤ ᠨᠢ ᠪᠤᠢ᠃ ᠡᠶᠢᠮᠦ ᠡᠴᠡ ᠨᠣᠣᠯᠣᠭᠤᠷ ᠤᠨ ᠦᠢᠯᠡᠳᠪᠦᠷᠢᠯᠡᠯ ᠬᠢᠵᠠᠭᠠᠷᠯᠠᠭᠳᠠᠮᠠᠯ᠂ ᠥᠷᠲᠡᠭ ᠥᠨᠳᠥᠷ ᠲᠡᠢ ᠲᠤᠯᠠ ᠦᠨᠡᠲᠡᠢ ᠪᠦᠲᠦᠭᠡᠭᠳᠡᠬᠦᠨ ᠪᠣᠯᠤᠨ᠎ᠠ᠃

ᠨᠣᠣᠯᠣᠭᠤᠷ ᠤᠨ ᠢᠮᠠᠭ᠎ᠠ ᠨᠢ ᠮᠣᠩᠭᠣᠯ ᠤᠯᠤᠰᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠪᠠᠷᠠᠭᠤᠨ ᠬᠣᠶᠢᠳᠤ ᠬᠡᠰᠡᠭ᠂ ᠳᠤᠮᠳᠠᠳᠤ ᠠᠽᠢᠶ᠎ᠠᠪᠠᠯᠪᠠ ᠶᠢᠨ ᠭᠢᠮᠠᠯᠢᠶ ᠠ ᠣᠷᠴᠢᠮ ᠤᠨ ᠪᠥᠰᠡ᠂ ᠢᠷᠡᠨᠢ ᠠᠭᠤᠯᠠᠷᠬᠠᠭ ᠨᠤᠲᠤᠭ ᠢᠶᠠᠷ ᠲᠠᠷᠬᠠᠭᠰᠠᠨ ᠪᠠᠶᠢᠳᠠᠭ᠃

ᠪᠣᠯᠪᠠᠰᠤᠷᠠᠭᠤᠯᠤᠭ᠎ᠠ ᠦᠭᠡᠢ ᠨᠣᠣᠯᠣᠭᠤᠷ ᠤᠨ ᠦᠢᠯᠡᠳᠪᠦᠷᠢᠯᠡᠯ ᠢᠶᠡᠷ ᠳᠡᠯᠡᠬᠡᠢ ᠳᠦ ᠬᠢᠲᠠᠳ ᠲᠡᠷᠢᠭᠦᠯᠡᠳᠡᠭ ᠪᠥᠭᠡᠳ ᠵᠢᠯ ᠦᠨ ᠦᠢᠯᠡᠳᠪᠦᠷᠢᠯᠡᠯ ᠦᠨ ᠬᠡᠮᠵᠢᠶ᠎ᠡ ᠨᠢ 10 ᠮᠢᠩᠭ᠎ᠠ ᠣᠷᠴᠢᠮ ᠲᠣᠨ ᠭᠡᠵᠦ ᠦᠵᠡᠳᠡᠭ᠃ ᠳᠠᠷᠠᠭ᠎ᠠ ᠨᠢ ᠮᠣᠩᠭᠣᠯ 5000 ᠭᠠᠷᠤᠢ ᠲᠣᠨ᠂ ᠲᠡᠭᠦᠨᠴᠢᠯᠡᠨ ᠡᠨᠡᠳᠬᠡᠭᠫᠠᠺᠢᠰᠲᠠᠨ᠂ ᠢᠷᠡᠨ᠂ ᠠᠹᠬᠠᠨᠨᠢᠰᠲᠠᠨᠲᠦᠷᠺ᠂ ᠳᠤᠮᠳᠠᠳᠤ ᠠᠽᠢᠶ᠎ᠠ ᠶᠢᠨ ᠣᠷᠣᠨ ᠨᠤᠭᠤᠳ ᠣᠷᠣᠨ᠎ᠠ᠃ ᠳᠡᠯᠡᠬᠡᠢ ᠶᠢᠨ ᠬᠡᠮᠵᠢᠶᠡᠨ ᠳᠦ ᠨᠣᠣᠯᠣᠭᠤᠷ ᠤᠨ ᠦᠢᠯᠡᠳᠪᠦᠷᠢᠯᠡᠯ ᠦᠨ ᠨᠡᠶᠢᠲᠡ ᠬᠡᠮᠵᠢᠶ᠎ᠡ ᠨᠢ 15,000-20,000 ᠲᠣᠨ ᠪᠠᠶᠢᠳᠠᠭ᠃

ᠪᠣᠯᠪᠠᠰᠤᠷᠠᠭᠤᠯᠤᠭ᠎ᠠ ᠦᠭᠡᠢ ᠨᠣᠣᠯᠣᠭᠤᠷ ᠠᠴᠠ ᠲᠣᠰᠣᠯᠢᠭ᠂ ᠬᠠᠭ ᠬᠣᠭ᠂ ᠲᠧᠭᠨᠣᠯᠣᠭ ᠲᠤ ᠲᠣᠬᠢᠷᠠᠬᠤ ᠦᠭᠡᠢ ᠬᠢᠯᠭᠠᠰᠤ ᠵᠡᠷᠭᠡ ᠶᠢ ᠢᠯᠭᠠᠭᠰᠠᠨ ᠢᠶᠠᠷ ᠨᠣᠣᠯᠣᠭᠤᠷᠠᠨ ᠪᠦᠲᠦᠭᠡᠭᠳᠡᠬᠦᠨ ᠬᠢᠬᠦ ᠳᠦ ᠪᠡᠯᠡᠨ ᠪᠣᠯᠤᠨ᠎ᠠ᠃ ᠪᠣᠯᠪᠠᠰᠤᠷᠠᠭᠤᠯᠤᠭᠰᠠᠨ ᠨᠣᠣᠯᠣᠭᠤᠷ ᠤᠨ ᠨᠡᠶᠢᠲᠡ ᠦᠢᠯᠡᠳᠪᠦᠷᠢᠯᠡᠯ ᠦᠨ ᠬᠡᠮᠵᠢᠶ᠎ᠡ 6,500 ᠲᠣᠨ ᠪᠣᠯᠤᠨ᠎ᠠ᠃

ᠬᠡᠷᠡᠭᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠣᠣᠯᠣᠭᠤᠷ ᠢ ᠪᠤᠳᠤᠵᠤ᠂ ᠨᠣᠣᠯᠣᠭᠤᠷᠠᠨ ᠤᠲᠠᠰᠤ ᠪᠣᠯᠭᠠᠭᠰᠠᠨ ᠤ ᠳᠠᠷᠠᠭ᠎ᠠ ᠴᠠᠮᠴᠠᠣᠷᠢᠶᠠᠯᠲᠠᠮᠠᠯᠠᠭᠠᠢᠪᠡᠭᠡᠯᠡᠢᠣᠶᠢᠮᠣᠰᠤᠴᠤᠪᠠᠬᠠᠨᠳᠠᠭᠠᠵᠠᠳᠣᠲᠣᠭᠤᠷ ᠬᠤᠪᠴᠠᠰᠤᠤᠨᠲᠠᠯᠭ᠎ᠠ ᠶᠢᠨ ᠬᠤᠪᠴᠠᠰᠤᠠᠯᠴᠢᠭᠤᠷᠬᠥᠨᠵᠢᠯᠡ ᠵᠡᠷᠭᠡ ᠶᠢ ᠬᠢᠨ᠎ᠡ᠃ ᠬᠣᠨᠢᠨ ᠤ ᠨᠣᠣᠰᠣᠨᠡᠶᠢᠯᠡᠭ ᠤᠲᠠᠰᠤ ᠵᠡᠷᠭᠡ ᠲᠡᠢ ᠬᠣᠯᠢᠵᠤ ᠠᠰᠢᠭᠯᠠᠬᠤ ᠲᠣᠬᠢᠶᠠᠯᠳᠤᠯ ᠪᠤᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ