ᠨᠢᠶᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠨᠢᠶᠠᠨ
ᠣᠷᠣᠰᠢᠨ ᠪᠠᠶᠢᠭᠰᠠᠨ ᠬᠤᠭᠤᠴᠠᠭ᠎ᠠ: ᠠᠷᠬᠧᠢ᠂ ᠲᠡᠭᠦᠨ ᠡᠴᠡ ᠴᠤ ᠡᠮᠦᠨ᠎ᠡ - ᠥᠨᠥ  ᠬᠦᠷᠲᠡᠯ᠎ᠡ
Escherichia coli ᠨᠢᠶᠠᠨ  ‍ᠣ  ᠡᠯᠧᠺᠲ᠋ᠷᠣᠨ ᠮᠢᠺᠷᠣᠹ ᠵᠢᠷᠤᠭ
Escherichia coli ᠨᠢᠶᠠᠨ ‍ᠣ ᠡᠯᠧᠺᠲ᠋ᠷᠣᠨ ᠮᠢᠺᠷᠣᠹ ᠵᠢᠷᠤᠭ
ᠪᠢᠣᠯᠣᠭᠢ ᠶᠢᠨ ᠠᠩᠭᠢᠯᠠᠯ
ᠰᠠᠯᠪᠤᠷᠢ: ᠨᠢᠶᠠᠨ
Phyla[1]

Actinobacteria (high-G+C)
Firmicutes (low-G+C)
Tenericutes (no wall)

Aquificae
Bacteroidetes/Chlorobi
Chlamydiae/Verrucomicrobia
Deinococcus-Thermus
Fusobacteria
Gemmatimonadetes
Nitrospirae
Proteobacteria
Spirochaetes
Synergistetes

  • unknown/ungrouped

Acidobacteria
Chloroflexi
Chrysiogenetes
Cyanobacteria
Deferribacteres
Dictyoglomi
Fibrobacteres
Planctomycetes
Thermodesulfobacteria
Thermotogae

ᠨᠢᠶᠠᠨ ᠪᠤᠶᠤ ᠪᠠᠺᠲ᠋ᠧᠷᠢ ᠨᠢ ᠶᠠᠮᠠᠷ ᠨᠢᠭᠡᠨ ᠠᠮᠢᠳᠤ ᠪᠡᠶ᠎ᠡ ᠮᠠᠬᠠᠪᠣᠳ ᠤᠨ ᠪᠤᠢ ᠪᠣᠯᠭᠠᠭᠰᠠᠨ ᠰᠢᠮᠡᠳᠤ ᠪᠣᠳᠠᠰ ᠢᠶᠠᠷ ᠬᠣᠭᠣᠯᠠᠯᠠᠳᠠᠭ᠂ ᠭᠠᠭᠴᠠ ᠡᠰ ᠲᠡᠢ ᠨᠡᠭᠦᠳᠡᠯᠯᠡᠳᠡᠭ ᠠᠮᠢᠳᠤ ᠪᠡᠶ᠎ᠡ ᠶᠤᠮ᠃

ᠨᠢᠶᠠᠨ ᠨᠢ ᠲᠣᠳᠣᠷᠬᠠᠢ ᠬᠡᠯᠪᠡᠷᠢ ᠳᠦᠷᠰᠦ ᠲᠡᠢ᠂ ᠥᠰᠴᠦ ᠦᠷᠡᠵᠢᠬᠦ᠂ ᠤᠳᠤᠮᠰᠢᠵᠤ ᠬᠤᠪᠢᠰᠬᠤ ᠴᠢᠳᠠᠪᠤᠷᠢ ᠲᠠᠢ᠂ ᠡᠰ ᠦᠨ ᠬᠠᠨ᠎ᠠ ᠲᠠᠢ᠂ ᠨᠢᠭᠡ ᠡᠰᠲᠦ᠂ ᠫᠷᠣᠺᠠᠷᠢᠶᠠᠲᠤ ᠶᠢᠨ ᠪᠦᠯᠦᠭ ᠲᠦ ᠬᠠᠮᠢᠶᠠᠷᠠᠭᠳᠠᠬᠤ ᠪᠢᠴᠢᠯ ᠪᠡᠶᠡᠲᠦ ᠶᠤᠮ᠃ ᠪᠠᠺᠲ᠋ᠧᠷᠢ ᠶᠢᠨ ᠡᠰ ᠨᠢ 0,3-5 ᠮᠺᠮ ᠬᠡᠮᠵᠢᠶ᠎ᠡ ᠲᠡᠢ᠃

ᠬᠡᠯᠪᠡᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠺᠲ᠋ᠧᠷᠢ ᠶᠢ ᠮᠢᠺᠷᠣᠰᠺᠣᠫ ᠢᠶᠠᠷ 500-1000 ᠳᠠᠬᠢᠨ ᠲᠣᠮᠣᠷᠠᠭᠤᠯᠤᠨ ᠬᠠᠷᠠᠬᠤ ᠳᠤ ᠪᠥᠮᠪᠥᠯᠢᠭ /coccus/᠂ ᠰᠠᠪᠬᠠᠨᠴᠢᠷ /bacillus/᠂ ᠮᠤᠰᠬᠢᠶ᠎ᠠ /spiralis/ ᠭᠡᠰᠡᠨ 3 ᠲᠥᠷᠥᠯ ᠦᠨ ᠬᠡᠯᠪᠡᠷᠢ ᠲᠡᠢ ᠬᠠᠷᠠᠭᠳᠠᠳᠠᠭ᠃

  • ᠪᠥᠮᠪᠥᠯᠢᠭ

ᠪᠥᠮᠪᠥᠯᠢᠭ ᠬᠡᠯᠪᠡᠷᠢ ᠲᠡᠢ ᠪᠠᠺᠲ᠋ᠧᠷᠢ ᠨᠢ ᠬᠤᠪᠢᠶᠠᠭᠳᠠᠯ ᠤᠨ ᠳᠠᠷᠠᠭᠠᠬᠢ ᠪᠠᠶᠢᠷᠢᠯᠠᠯ ᠢᠶᠠᠷ ᠨᠢ ᠨᠡᠷᠡᠯᠡᠭᠳᠡᠳᠡᠭ: ᠨᠢᠭᠡ ᠪᠡᠷ ᠢᠶᠡᠨ ᠪᠠᠶᠢᠭ᠎ᠠ ᠲᠣᠬᠢᠶᠠᠯᠳᠤᠯ ᠳᠤ ᠮᠣᠨᠣᠺᠣᠺᠺ᠂ ᠬᠣᠣᠰ ᠢᠶᠠᠷ ᠳ᠋ᠢᠫᠯᠣᠺᠣᠺᠺ᠂ ᠳᠥᠷᠪᠡ ᠪᠡᠷ ᠢᠶᠡᠨ ᠲᠧᠲᠷᠠᠺᠣᠺᠺ᠂ ᠲᠡᠭᠰᠢ ᠲᠣᠭᠠᠲᠠᠢ ᠪᠠᠷ ᠪᠠᠶᠢᠬᠤ ᠰᠠᠷᠠᠴᠠᠨ᠂ ᠨᠢᠭᠡ ᠬᠠᠪᠲᠠᠭᠠᠢ ᠪᠠᠷ ᠬᠤᠪᠢᠶᠠᠭᠳᠠᠨ᠂ ᠳᠠᠷᠠᠭ᠎ᠠ ᠨᠢ ᠰᠠᠯᠠᠭ᠎ᠠ ᠦᠭᠡᠢ  ᠭᠢᠨᠵᠢ ᠮᠡᠲᠦ ᠪᠠᠶᠢᠷᠢᠯᠠᠬᠤ ᠰᠲᠷᠧᠫᠲ᠋ᠣᠺᠣᠺᠺ᠂ ᠬᠠᠷᠢᠯᠴᠠᠨ ᠫᠧᠷᠫᠡᠨᠳᠢᠺᠦᠶᠢᠯᠢᠶᠠᠷ ᠬᠠᠪᠲᠠᠭᠠᠢ ᠪᠠᠷ ᠬᠤᠪᠢᠶᠠᠭᠳᠠᠵᠤ᠂ ᠪᠥᠭᠡᠭᠡᠨᠡᠷᠡᠴᠢ ᠪᠠᠶᠢᠷᠢᠯᠠᠭᠰᠠᠨ ᠪᠣᠯ ᠰᠲ᠋ᠠᠹᠢᠯᠣᠺᠣᠺᠺ ᠭᠡᠵᠦ ᠨᠡᠷᠡᠯᠡᠳᠡᠭ᠃

  • ᠰᠠᠪᠬᠠᠨᠴᠢᠷ

ᠰᠠᠪᠬᠠᠨᠴᠢᠷ ᠬᠡᠯᠪᠡᠷᠢ ᠶᠢᠨ ᠪᠠᠺᠲ᠋ᠧᠷᠢ ᠶᠢ ᠪᠠᠶᠢᠷᠢᠯᠠᠯ᠂ ᠲᠡᠭᠦᠰᠬᠡᠯ᠂ ᠭᠣᠣᠯᠴᠢ ᠶᠢᠨ ᠬᠡᠮᠵᠢᠶ᠎ᠡ ᠪᠡᠷ ᠨᠢ ᠠᠩᠭᠢᠯᠠᠳᠠᠭ᠃

ᠪᠠᠶᠢᠷᠢᠯᠠᠯ ᠢᠶᠠᠷ ᠨᠢ: ᠨᠢᠭᠡ ᠪᠡᠷ ᠢᠶᠡᠨ ᠮᠣᠨᠣᠪᠠᠼᠢᠯ᠂ ᠬᠣᠶᠠᠷ ᠢᠶᠠᠷ ᠢᠶᠠᠨ ᠳ᠋ᠢᠫᠯᠣᠪᠠᠼᠢᠯ᠂ ᠭᠢᠨᠵᠢ ᠠᠳᠠᠯᠢ ᠬᠡᠯᠬᠢᠯᠳᠦᠨ ᠪᠠᠶᠢᠷᠢᠯᠠᠭᠰᠠᠨ ᠰᠲᠷᠧᠫᠲ᠋ᠣᠪᠠᠼᠢᠯ᠃ 
ᠲᠡᠭᠦᠰᠬᠡᠯ ᠢᠶᠡᠷ ᠨᠢ: ᠳᠤᠭᠤᠶᠢᠷᠠᠭᠰᠠᠨ (E.coli)᠂ ᠬᠤᠷᠴᠠ (Fusobacterium)᠂ ᠣᠭᠲᠣᠯᠤᠭᠳᠠᠭᠰᠠᠨ (B. anthracis)᠂

ᠬᠡᠮᠵᠢᠶ᠎ᠡ ᠪᠡᠷ ᠨᠢ: ᠤᠷᠲᠤ (3 ᠮᠺᠮ ᠡᠴᠡ ᠳᠡᠭᠡᠭᠰᠢ)᠂ ᠪᠣᠭᠣᠨᠢ (1.5-3.0 ᠮᠺᠮ)᠂ ᠮᠠᠰᠢ ᠪᠣᠭᠣᠨᠢ (1.0 ᠮᠺ ᠡᠴᠡ ᠪᠣᠭᠣᠨᠢ)

  • ᠮᠤᠰᠬᠢᠶ᠎ᠠ
ᠸᠢᠪᠷᠢᠨ ᠮᠤᠰᠬᠢᠶ᠎ᠠ ᠬᠡᠯᠪᠡᠷᠢ ᠲᠡᠢ᠃

ᠰᠫᠢᠷᠢᠯ ᠬᠡᠳᠡ ᠬᠡᠳᠦᠨ ᠭᠣᠭᠴᠣᠭ᠎ᠠ ᠲᠠᠢ᠃

ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠺᠲ᠋ᠧᠷᠢ ᠶᠢᠨ ᠡᠰ ᠦᠨ ᠴᠢᠲ᠋ᠣᠫᠯᠠᠽᠮ ᠢ ᠴᠢᠲ᠋ᠣᠫ ᠯᠠᠽᠮ ᠤᠨ ᠮᠸᠠᠮᠪᠷᠠᠨ᠂ ᠲvvᠨᠢᠭᠢ ᠭᠠᠳᠠᠨ᠎ᠠ ᠲᠠᠯ᠎ᠠ ᠪᠠᠷ ᠡᠰ ᠦᠨ ᠬᠠᠨ᠎ᠠ ᠬvᠷᠢᠶᠡᠯᠡᠵᠦ ᠪᠠᠶᠢᠨ᠎ᠠ᠃ ᠵᠠᠷᠢᠮ ᠪᠠᠺᠲ᠋ᠧᠷᠢ ᠡᠰ ᠦᠨ ᠬᠠᠨᠠᠨ ᠤ ᠪᠠᠨ ᠭᠠᠳᠠᠨ᠎ᠠ ᠲᠠᠯ᠎ᠠ ᠪᠠᠷ ᠺᠠᠫᠱᠤᠯ ᠭᠡᠳᠡᠭ ᠪᠠᠰᠠ ᠨᠢᠭᠡᠨ ᠳᠠᠪᠬᠤᠷᠭ᠎ᠠ ᠲᠠᠢ᠃ ᠡᠳᠡᠭᠡᠷ ᠳᠠᠪᠬᠤᠷᠭ᠎ᠠ ᠨᠤᠭᠤᠳ ᠢ ᠨᠢᠭᠡᠳᠬᠡᠨ ᠡᠰ ᠦᠨ ᠪvᠷᠬvvᠯᠠ ᠭᠡᠵᠦ ᠨᠡᠷᠡᠯᠡᠳᠡᠭ᠃

ᠺᠠᠫᠱᠤᠯ᠂ ᠪvᠷ ᠡᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠺᠲ᠋ᠧᠷᠢ ᠶᠢᠨ ᠡᠰ ᠦᠨ ᠬᠠᠨᠠᠨ ᠤ ᠭᠠᠳᠠᠨ᠎ᠠ ᠲᠠᠯ᠎ᠠ ᠪᠠᠷ ᠬᠦᠷᠢᠶᠡᠯᠡᠵᠦ ᠪᠠᠶᠢᠳᠠᠭ ᠬᠠᠮᠠᠭᠠᠯᠠᠬᠤ ᠪᠦᠲᠦᠴᠡ᠃ ᠺᠠᠫᠰᠤᠶᠢᠯ ᠲᠠᠢ ᠪᠠᠺᠲ᠋ᠧᠷᠢ ᠶᠢᠨ ᠺᠣᠯᠣᠨᠢ ᠴᠢᠭᠢᠭᠯᠢᠭ᠂ ᠭᠢᠯᠠᠯᠵᠠᠭᠰᠠᠨ᠂ ᠨᠠᠭᠠᠯᠳᠤᠮᠠᠬᠠᠢ ᠪᠠᠶᠢᠳᠠᠭ᠃ ᠪᠠᠺᠲ᠋ᠧᠷᠢ ᠶᠢᠨ ᠲᠥᠷᠥᠯ᠂ ᠵᠦᠢᠯ ᠡᠴᠡ ᠬᠠᠮᠢᠶᠠᠷᠤᠨ ᠺᠠᠫᠰᠤᠶᠢᠯ ᠤᠨ ᠬᠢᠮᠢ ᠶᠢᠨ ᠪᠦᠷᠢᠳᠦᠯ ᠬᠠᠷᠢᠯᠴᠠᠨ ᠠᠳᠠᠯᠢ ᠦᠭᠡᠢ ᠪᠣᠯᠪᠠᠴᠤ ᠶᠡᠬᠡᠪᠴᠢᠯᠡᠨ ᠫᠣᠯᠢᠰᠠᠬᠠᠷᠤᠳ ᠠᠴᠠ ᠲᠣᠭᠲᠠᠳᠠᠭ᠃ (S. pneumoniae, H.influenzae, K. pneumoniae) ᠺᠠᠫᠰᠤᠶᠢᠯ ᠤᠨ ᠫᠣᠯᠢᠰᠠᠬᠠᠷᠤᠳ ᠢ ᠡᠺᠽᠣᠫᠣᠯᠢᠰᠠᠬᠠᠷᠢ ᠳᠤ ᠭᠡᠳᠡᠭ᠃

ᠵᠠᠷᠢᠮ ᠪᠠᠺᠲ᠋ᠧᠷᠢ ᠶᠢᠨ ᠵᠢᠱᠢᠶᠡᠯᠡᠪᠡᠯ Bacillus ᠲᠥᠷᠥᠯ ᠦᠨ ᠨᠢᠩ ᠦᠨ ᠺᠠᠫᠱᠤᠯ ᠠᠽᠣᠲ ᠠᠭᠤᠯᠠᠭᠰᠠᠨ ᠨᠢᠭᠡᠳᠦᠯ ᠭᠯᠶᠦᠶᠢᠺᠦᠽᠠᠮᠢᠨ᠂ ᠭᠯᠶᠦᠶᠢᠺᠦ᠋ᠷᠣᠨ ᠤ ᠬᠦᠴᠢᠯ᠂ D ᠍ ᠠᠮᠢᠨ ᠬᠦᠴᠢᠯ ᠡᠴᠡ ᠪᠦᠷᠢᠳᠳᠡᠭ᠃ ᠺᠠᠫᠰᠤᠶᠢᠯ ᠢ ᠰᠥᠷᠭᠦ ᠪᠤᠳᠤᠯᠲᠠ ᠶᠢᠨ ᠠᠷᠭ᠎ᠠ ᠨᠤᠭᠤᠳ ᠢᠶᠠᠷ ᠬᠢᠯᠪᠠᠷ ᠢᠯᠡᠷᠡᠭᠦᠯᠳᠡᠭ᠃ ᠺᠠᠫᠱᠤᠯ ᠳᠤᠷᠢᠳᠠᠭᠰᠠᠨ ᠡᠭᠦᠷᠭᠡ ᠶᠢ ᠭᠦᠢᠴᠡᠳᠭᠡᠳᠡᠭ᠃

  • ᠪᠠᠺᠲ᠋ᠧᠷᠢ ᠶᠢ ᠬᠠᠮᠠᠭᠠᠯᠠᠨ᠎ᠠ᠃

ᠺᠠᠫᠱᠤᠯ ᠪᠠᠺᠲ᠋ᠧᠷᠢ ᠶᠢ ᠡᠤᠶᠢᠷᠶᠣᠲ᠋ ᠡᠰᠡ ᠵᠠᠯᠭᠢᠨ ᠪᠣᠯᠪᠠᠰᠤᠷᠠᠭᠤᠯᠬᠤ (ᠹᠠᠭᠣᠴᠢᠲ᠋ᠣᠽ) ᠍ ᠠᠴᠠ ᠬᠠᠮᠠᠭᠠᠯᠠᠳᠠᠭ᠃ ᠲᠤᠬᠠᠶᠢᠯᠠᠪᠠᠯ Streptococcus pneumoniae ᠺᠠᠫᠱᠤᠯᠭvᠢ vᠶᠡᠳᠡᠭᠡ ᠠᠭᠤᠰᠬᠢ ᠶᠢ vᠷᠪᠢᠰvvᠯᠳᠡ ᠦᠭvᠢ᠃ ᠤᠴᠢᠷ ᠨᠢ ᠺᠠᠫᠱᠤᠯ ᠦᠭᠡᠢ ᠪᠠᠺᠲ᠋ᠧᠷᠢ ᠶᠢ ᠹᠠᠭᠣᠴᠢᠲ ᠵᠠᠯᠭᠢᠵᠤ ᠪᠣᠯᠪᠠᠰᠤᠷᠠᠭᠤᠯᠬᠤ ᠨᠢ ᠬᠢᠯᠪᠠᠷ ᠪᠠᠶᠢᠳᠠᠭ᠃ ᠡᠶᠢᠮᠦ ᠡᠴᠡ ᠺᠠᠫᠱᠤᠯ ᠪᠠᠺᠲ᠋ᠧᠷᠢ ᠶᠢᠨ ᠡᠮᠭᠡᠭ ᠲᠥᠷᠥvvᠯᠢᠬᠦ ᠰᠢᠨᠵᠢ ᠶᠢᠨ ᠨᠢᠭᠡ ᠬvᠴᠢᠨ ᠽvᠢᠯ ᠪᠣᠯᠳᠠᠭ᠃

  • ᠪᠠᠺᠲ᠋ᠧᠷᠢ ᠺᠠᠫᠱᠤᠯ ᠢᠶᠠᠷ ᠢᠶᠠᠨ ᠣᠯᠠᠨ ᠲᠥᠷᠥᠯ ᠦᠨ ᠭᠠᠳᠤᠷ᠎ᠠ ᠳᠤ ᠰᠢᠳᠦᠨ ᠦ ᠡᠮᠠᠯ᠂ ᠨᠠᠷᠢᠨ ᠭᠡᠳᠡᠰᠦ᠂ ᠥᠭᠡᠷ᠎ᠡ ᠪᠠᠺᠲ᠋ᠧᠷᠢ ᠭᠡᠬᠦ ᠮᠡᠲᠦ ᠨᠠᠭᠠᠯᠳᠤᠳᠠᠭ᠃ Streptococcus mutans ᠰᠢᠳᠦ ᠴᠣᠭᠣᠷᠠᠬᠤ ᠳᠤ ᠦᠨᠳᠦᠰᠦᠨ ᠰᠢᠯᠲᠠᠭᠠᠨ ᠪᠣᠯᠳᠠᠭ᠃ ᠤᠭ ᠪᠠᠺᠲ᠋ᠧᠷᠢ ᠭᠯᠶᠦᠶᠢᠺᠦᠽ ᠠᠴᠠ ᠲᠣᠭᠲᠠᠭᠰᠠᠨ ᠫᠣᠯᠢᠰᠠᠬᠠᠷᠢᠳᠠᠨ ᠺᠠᠫᠰᠤᠶᠢᠯ ᠲᠠᠢ ᠦᠶᠡᠳᠡᠭᠡ ᠰᠢᠳᠦᠨ ᠦ ᠥᠩᠭᠦᠷᠲᠦ ᠨᠠᠭᠠᠯᠳᠤᠨ ᠬᠤᠷᠠᠮᠲᠤᠯᠠᠭᠳᠠᠬᠤ ᠨᠢ ᠢᠯᠡᠭᠦᠦ ᠪᠠᠶᠢᠳᠠᠭ᠃ ᠵᠠᠯᠬᠠᠭ ᠳᠠᠪᠬᠤᠷᠭ᠎ᠠ᠂ slime layer ᠬᠢᠮᠢ ᠶᠢᠨ ᠪᠦᠷᠢᠳᠦᠯ ᠢᠶᠡᠷ ᠢᠶᠡᠨ ᠺᠠᠫᠰᠤᠶᠢᠯ ᠲᠠᠢ ᠢᠵᠢᠯ ᠪᠣᠯᠪᠠᠴᠤ ᠡᠰ ᠦᠨ ᠬᠠᠨ᠎ᠠ ᠲᠠᠢ ᠨᠢᠭᠲᠠᠴᠠ ᠪᠠᠷᠢᠴᠠᠯᠳᠤᠭ᠎ᠠ ᠦᠭᠡᠢ᠂ ᠪᠠᠺᠲ᠋ᠧᠷᠢ ᠶᠢᠨ ᠡᠰ ᠢ ᠤᠰᠤᠭᠦᠶᠢᠵᠢᠬᠦ᠂ ᠲᠡᠵᠢᠭᠡᠯ ᠦᠨ ᠪᠣᠳᠠᠰ ᠢᠶᠠᠨ ᠭᠠᠳᠠᠭᠰᠢ ᠠᠯᠠᠳᠠᠬᠤ ᠠᠴᠠ ᠬᠠᠮᠠᠭᠠᠯᠠᠳᠠᠭ᠃

ᠡᠰ ᠦᠨ ᠬᠠᠨ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠧᠫᠲ᠋ᠢᠳᠠᠭᠯᠢᠺᠠᠨ ᠪᠤᠶᠤ ᠮᠤᠷᠧᠢᠨ ᠡᠰ ᠦᠨ ᠬᠠᠨ ᠢ ᠪvᠷ ᠲᠤvvᠯᠳᠡᠭ᠃ Yvᠨᠳ ᠦᠨᠳᠦᠰᠦᠨ ᠬᠣᠶᠠᠷ ᠲᠥᠷᠥᠯ ᠦᠨ ᠰᠠᠬᠠᠷ ᠤᠨ ᠨᠢᠭᠡᠳᠦᠯ ᠪᠣᠯᠤᠨ ᠠᠮᠢᠨ ᠬᠦᠴᠦᠯᠡ ᠣᠷᠣᠳᠠᠭ᠃ N ᠍ ᠭᠯᠶᠦᠶᠢᠺᠦᠽᠠᠮᠢᠨ᠂ N ᠍ ᠠᠼᠧᠲ᠋ᠢᠮᠤᠷᠮ᠎ᠠ ᠶᠢᠨ ᠬᠦᠴᠢᠯ ᠰᠣᠯᠪᠢᠩ ᠳᠠᠷᠠᠭᠠᠯᠠᠵᠤ v ᠍ ᠭᠯᠢᠺᠣᠽᠢᠳ ᠤᠨ ᠬᠣᠯᠪᠣᠭ᠎ᠠ ᠪᠠᠷ ᠬᠣᠯᠪᠣᠭᠳᠠᠨ ᠭᠢᠨᠵᠢ vvᠰᠡᠭᠡᠨ᠎ᠡ᠃ ᠵᠡᠷᠭᠡᠴᠡᠭᠡ ᠭᠢᠨᠵᠢvvᠳ᠋ᠢ ᠶᠢᠨ ᠬᠣᠭᠣᠷᠣᠨᠳᠣ ᠪᠠᠨ ᠫᠧᠫᠲ᠋ᠢᠳ᠋ ᠬᠣᠯᠪᠣᠭ᠎ᠠ ᠪᠠᠷ ᠬᠣᠯᠪᠣᠭᠳᠠᠬᠤ ᠪᠥᠭᠡᠳ ᠵᠡᠷᠭᠡᠴᠡᠭᠡ ᠭᠢᠨᠵᠢvvᠳ᠋ᠢ ᠶᠢᠨ N ᠍ ᠠᠼᠧᠲ᠋ᠢᠯᠤᠮᠤᠷᠮ᠎ᠠ ᠶᠢᠨ ᠬᠦᠴᠢᠯ ᠦᠨ ᠲᠡᠭᠦᠰᠬᠡᠯ ᠳ᠋ᠡᠬᠢ ᠣᠯᠢᠭᠫᠧᠫᠲ᠋ᠢᠳ ᠦᠨ ᠬᠣᠭᠣᠷᠣᠨᠳᠣ ᠤᠭ ᠫᠧᠫᠲ᠋ᠢᠳ᠋ ᠬᠣᠯᠪᠣᠭ᠎ᠠ vvᠰᠡᠳᠡᠭ᠃ ᠫᠧᠫᠲ᠋ᠢᠳᠠᠭᠯᠢᠺᠠᠨ ᠤ ᠨᠢᠮᠭᠡᠨ᠂ ᠵᠤᠵᠠᠭᠠᠨ; ᠠᠮᠢᠨ ᠬvᠴᠢᠯ ᠦᠨ ᠲᠥᠷᠥᠯ᠂ ᠡᠰ ᠦᠨ ᠬᠠᠨᠠᠨ ᠳᠠᠬᠤ ᠪᠤᠰᠤᠳ ᠨᠢᠭᠡᠳᠦᠯ ᠡᠴᠡ ᠬᠠᠮᠢᠶᠠᠷᠤᠨ ᠪᠠᠺᠲ᠋ᠧᠷᠢ ᠶᠢᠨ ᠡᠰ ᠦᠨ ᠬᠠᠨ᠎ᠠ ᠬᠣᠶᠠᠷ ᠲᠥᠷᠥᠯ ᠪᠠᠶᠢᠨ᠎ᠠ᠃ Yvᠨᠢᠭᠢᠭ ᠭᠷᠠᠮ ᠤᠨ ᠠᠷᠭ᠎ᠠ ᠪᠠᠷ ᠪᠤᠳᠤᠵᠤ ᠢᠯᠡᠷvvᠯᠡᠨ᠎ᠡ᠃

  • ᠭᠠᠷᠤᠮ᠎ᠠ ᠡᠶᠡᠷᠡᠭ ᠪᠠᠺᠲ᠋ᠧᠷᠢ ᠶᠢᠨ ᠡᠰ ᠦᠨ ᠬᠠᠨ᠎ᠠ

ᠫᠧᠫᠲ᠋ᠢᠳᠠᠭᠯᠢᠺᠠᠨ ᠤ ᠳᠠᠪᠬᠤᠷᠭ᠎ᠠ ᠵᠤᠵᠠᠭᠠᠨ᠃ ᠫᠣᠯᠢᠰᠠᠬᠠᠷᠢᠳᠠᠨ ᠭᠢᠨᠵᠢᠨ ᠦ N ᠍ ᠠᠼᠧᠲ᠋ᠢᠯᠤᠮᠤᠷᠮ᠎ᠠ ᠶᠢᠨ ᠬᠦᠴᠢᠯ ᠲᠡᠢ L-ala-D-glu-L-lys-D-ala ᠲᠧᠲᠷᠠᠫᠧᠫᠲ᠋ᠢᠳ᠋ ᠬᠣᠪᠤᠭᠳᠠᠭᠰᠠᠨ ᠪᠠᠶᠢᠨ᠎ᠠ᠃ ᠨᠢᠭᠡ ᠭᠢᠨᠵᠢᠨ ᠦ ᠲᠧᠲᠷᠠᠫᠧᠫᠲ᠋ᠢᠳ᠋ ᠳ᠋ᠡᠬᠢ D-ala ᠵᠡᠷᠭᠡᠴᠡᠭᠡ ᠭᠢᠨᠵᠢᠨ ᠦ L-lys- ᠲᠡᠢ ᠫᠧᠨᠲᠠᠭᠯᠢᠽᠢᠨ ᠢᠶᠡᠷ ᠫᠧᠫᠲ᠋ᠢᠳ᠋ ᠬᠣᠯᠪᠣᠭ᠎ᠠ ᠡᠭᠦᠰᠭᠡᠬᠦ ᠵᠠᠮ ᠢᠶᠠᠷ ᠵᠡᠷᠭᠡᠴᠡᠭᠡ ᠭᠢᠨᠵᠢ ᠨᠦᠭᠦᠳ ᠬᠣᠭᠣᠷᠣᠨᠳᠣ ᠪᠠᠨ ᠬᠣᠯᠪᠣᠭᠳᠠᠨ᠎ᠠ᠃ ᠲvvᠨᠴᠢᠯᠡᠨ ᠭᠠᠷᠤᠮ᠎ᠠ ᠡᠶᠡᠷᠡᠭ ᠪᠠᠺᠲ᠋ᠧᠷᠢ ᠶᠢᠨ ᠡᠰ ᠦᠨ ᠬᠠᠨᠠᠨ ᠳᠤ ᠲᠧᠢᠬᠦ ᠶᠢᠨ ᠬᠦᠴᠢᠯ ᠪᠠᠶᠢᠨ᠎ᠠ᠃ ᠲᠧᠢᠬᠦ ᠶᠢᠨ ᠬᠦᠴᠢᠯ ᠡᠰᠡᠷᠭᠦᠲᠥ᠋ᠷᠥᠭᠴᠢ ᠶᠢᠨ ᠰᠢᠨᠵᠢ ᠲᠡᠢ᠂ ᠬᠢᠮᠢ ᠶᠢᠨ ᠪᠦᠲᠦᠴᠡ ᠪᠡᠷ ᠢᠶᠡᠨ ᠷᠢᠪᠢᠲ- ᠪᠣᠯᠤᠨ ᠭᠯᠢᠽᠢᠷᠢᠨᠲ᠋ᠧᠢᠬᠦ ᠶᠢᠨ ᠬᠦᠴᠢᠯ ᠭᠡᠵᠦ ᠬᠣᠶᠠᠷ ᠲᠥᠷᠥᠯ ᠪᠠᠶᠢᠨ᠎ᠠ᠃

  • ᠭᠠᠷᠤᠮ᠎ᠠ ᠰᠥᠷᠭᠦ ᠪᠠᠺᠲ᠋ᠧᠷᠢ ᠶᠢᠨ ᠡᠰ ᠦᠨ ᠬᠠᠨ᠎ᠠ

ᠭᠠᠷᠤᠮ᠎ᠠ ᠡᠶᠡᠷᠡᠭ ᠪᠠᠺᠲ᠋ᠧᠷᠢ ᠶᠢᠨ ᠡᠰ ᠦᠨ ᠬᠠᠨ᠎ᠠ ᠲᠠᠢ ᠬᠠᠷᠢᠴᠠᠭᠤᠯᠬᠤ ᠳᠤ ᠫᠧᠫᠲ᠋ᠢᠳᠠᠭᠯᠢᠺᠠᠨ ᠤ ᠳᠠᠪᠬᠤᠷᠭ᠎ᠠ ᠨᠢᠮᠭᠡᠨ᠂ ᠲᠡᠭᠦᠨ ᠦ ᠭᠠᠳᠠᠨ᠎ᠠ ᠲᠠᠯ᠎ᠠ ᠪᠠᠷ ᠹᠣᠰᠹᠣᠯᠢᠫᠢᠳ ᠡᠴᠡ ᠲᠣᠭᠲᠠᠬᠤ ᠭᠠᠳᠠᠷ ᠮᠸᠠᠮᠪᠷᠠᠨ ᠲᠠᠢ᠂ ᠯᠢᠫᠣᠫᠣᠯᠢᠰᠠᠬᠠᠷᠢ ᠳᠤ (ЛПС), ᠯᠢᠫᠣᠫᠷᠣᠲ᠋ᠧᠢᠨ ᠢ ᠠᠭᠤᠯᠠᠨ᠎ᠠ᠃ ᠴᠢᠲ᠋ᠣᠫᠯᠠᠽᠮ ᠤᠨ ᠮᠸᠠᠮᠪᠷᠠᠨ᠂ ᠡᠰ ᠦᠨ ᠬᠠᠨ᠎ᠠ ᠬᠣᠶᠠᠷ ᠤᠨ ᠬᠣᠭᠣᠷᠣᠨᠳᠣ ᠫᠧᠷᠢᠫᠯᠠᠽᠮ ᠤᠨ ᠵᠠᠶᠢᠲᠠᠢ᠃ ЛПС ᠨᠢ ᠴᠢᠲ᠋ᠣᠫᠯᠠᠽᠮ ᠤᠨ ᠮᠸᠠᠮᠪᠷᠠᠨ ᠠᠴᠠ ᠡᠬᠢᠯᠡᠵᠦ᠂ ᠡᠰ ᠦᠨ ᠬᠠᠨ ᠢ ᠨᠡᠪᠲᠡᠯᠦᠨᠭᠠᠳᠠᠭᠰᠢ ᠣᠷᠣᠨ ᠵᠠᠢ ᠳᠤ ᠠᠩᠲ᠋ᠧᠨ ᠠᠳᠠᠯᠢ ᠴᠤᠬᠤᠶᠢᠵᠤ ᠪᠠᠶᠢᠷᠢᠯᠠᠳᠠᠭ᠃ ЛПС ᠍ ᠦᠨ ᠫᠣᠯᠢᠰᠠᠬᠠᠷᠢᠳᠠᠨ ᠬᠡᠰᠡᠭ ᠡᠰᠡᠷᠭᠦᠲᠥ᠋ᠷᠥᠭᠴᠢ ᠶᠢᠨ ᠰᠢᠨᠵᠢ ᠲᠡᠢ᠂ ᠯᠢᠫᠢᠳ ᠨᠢ ᠬᠣᠣᠷ ᠤᠨ ᠢᠳᠡᠪᠬᠢᠲᠡᠢ᠂ ᠡᠩᠳᠣ- ᠪᠤᠶᠤ ᠳᠣᠲᠣᠷ᠎ᠠ ᠬᠣᠣᠷ ᠭᠡᠵᠦ ᠨᠡᠷᠡᠯᠡᠳᠡᠭ᠃ ᠯᠢᠫᠣᠫᠷᠣᠲ᠋ᠧᠢ ᠶᠢᠨ ᠨᠢ ᠭᠠᠳᠠᠷ ᠮᠸᠠᠮᠪᠷᠠᠨ ᠢ ᠡᠰ ᠦᠨ ᠬᠠᠨ᠎ᠠ ᠲᠠᠢ ᠪᠡᠬᠢᠯᠡᠨ᠎ᠡ᠃ ᠲvvᠨᠴᠢᠯᠡᠨ ᠭᠠᠷᠤᠮ᠎ᠠ ᠰᠥᠷᠭᠦ ᠪᠠᠺᠲ᠋ᠧᠷᠢ ᠶᠢᠨ ᠡᠰ ᠦᠨ ᠬᠠᠨᠠᠨ ᠳᠤ ᠫᠣᠷᠢᠨ᠂ porin, ᠨᠣᠨ ᠫᠣᠷᠢᠨ᠂ non-porin ᠠᠭᠤᠷᠤᠭ ᠤᠳ ᠪᠠᠶᠢᠨ᠎ᠠ᠃

ᠴᠢᠲ᠋ᠣᠫᠯᠠᠽᠮ ᠤᠨ ᠮᠸᠠᠮᠪᠷᠠᠨ (ЦМ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠲ᠋ᠣᠫᠯᠠᠽᠮ ᠤᠨ ᠮᠸᠠᠮᠪᠷᠠᠨ ᠤ ᠦᠨᠳᠦᠰᠦᠨ ᠪᠦᠲᠦᠴᠡ ᠨᠢ ᠹᠣᠰᠹᠣᠯᠢᠫᠢᠳ ᠶᠤᠮ᠃ ᠡᠤᠪᠠᠺᠲ᠋ᠧᠷᠢ ᠶᠢᠨ ᠴᠢᠲ᠋ᠣᠫᠯᠠᠽᠮ ᠤᠨ ᠮᠸᠠᠮᠪᠷᠠᠨ ᠳᠤ ᠰᠲ᠋ᠧᠷᠠᠯ ᠠᠭᠤᠯᠤᠭᠳᠠᠬᠤ ᠲᠤᠯᠠ ᠠᠷᠴᠧᠪᠠᠺᠲ᠋ᠧᠷᠢ ᠶᠢᠨ ЦМ ᠍ ᠠᠴᠠ ᠢᠯᠭᠠᠭ᠎ᠠ ᠲᠠᠢ ᠪᠠᠶᠢᠳᠠᠭ᠃ ᠹᠣᠰᠹᠣᠯᠢᠫᠢᠳ ᠦᠨ ᠬᠣᠶᠠᠷ ᠳᠠᠪᠬᠤᠷᠭ᠎ᠠ ᠨᠢ ᠲᠣᠰᠤᠨ ᠤ ᠬᠦᠴᠢᠯ᠂ ᠭᠯᠢᠽᠧᠷᠠᠯ: ᠲᠡᠳᠡᠭᠡᠷ ᠢ ᠬᠣᠭᠣᠷᠣᠨᠳᠣ ᠨᠢ ᠬᠣᠯᠪᠣᠭᠰᠠᠨ ᠹᠣᠰᠹᠠᠲ ᠠᠴᠠ ᠲᠣᠭᠲᠠᠳᠠᠭ᠃ ᠲᠣᠰᠤᠨ ᠤ ᠬᠦᠴᠢᠯ ᠡᠴᠡ ᠲᠣᠭᠲᠠᠭᠰᠠᠨ ᠭᠢᠳ᠋ᠷᠣᠹᠣᠪ ᠬᠡᠰᠡᠭ ᠨᠢ ᠴᠢᠲ᠋ᠣᠫᠯᠠᠽᠮ ᠤᠨ ᠮᠸᠠᠮᠪᠷᠠᠨ ᠤ ᠳᠣᠲᠣᠷ᠎ᠠ ᠳᠠᠪᠬᠤᠷᠭ᠎ᠠ ᠶᠢ ᠪᠦᠷᠢᠳᠦᠭᠦᠯᠳᠡᠭ᠃ ᠬᠠᠷᠢᠨ ᠴᠢᠲ᠋ᠣᠫᠯᠠᠽᠮ ᠷᠤ ᠪᠣᠯᠤᠭᠠᠳ ᠡᠰ ᠢ ᠬᠦᠷᠢᠶᠡᠯᠡᠵᠦ ᠪᠤᠢ ᠣᠷᠴᠢᠨ ᠯᠤᠤ ᠬᠠᠨᠳᠤᠭᠰᠠᠨ ᠲᠠᠯ᠎ᠠ ᠨᠢ ᠭᠯᠢᠽᠧᠷᠠᠯ ᠠᠴᠠ ᠪvᠷᠳᠡᠭᠰᠡᠨ᠂ ᠭᠢᠳ᠋ᠷᠣᠹᠢᠯ ᠰᠢᠨᠵᠢ ᠲᠡᠢ᠃

ᠴᠢᠲ᠋ᠣᠫᠯᠠᠽᠮ ᠤᠨ ᠮᠸᠠᠮᠪᠷᠠᠨ:

  • ᠮᠸᠠᠮᠪᠷᠠᠨ ᠲᠠᠢ ᠬᠣᠯᠪᠣᠭ᠎ᠠ ᠳᠤ ᠤᠭᠤᠷᠠᠭ ᠲᠠᠢ

ᠪᠠᠺᠲ᠋ᠧᠷᠢ ᠭᠠᠳᠠᠭᠠᠳᠤ ᠣᠷᠴᠢᠨ ᠠᠴᠠ ᠪᠠᠨ ᠡᠨᠧᠷᠭᠢ᠂ ᠡᠰ ᠦᠨ ᠪvᠷᠳᠦᠯ ᠬᠡᠰᠡᠭvvᠳ᠋ᠢ ᠶᠢᠨ ᠡᠬᠡ vvᠰᠪᠦᠷ ᠨᠢᠭᠡᠳᠦᠯvvᠳ᠋ᠢ ᠶᠢ ᠠᠪᠳᠠᠭ᠃ ᠡᠳᠡᠭᠡᠷ ᠮᠠᠺᠷᠣ ᠨᠢᠭᠡᠳᠦᠯvvᠳ ᠮᠣᠯᠧᠺᠤᠯ ᠵᠢᠩ ᠦᠨ ᠢᠶᠡᠨ ᠤᠯᠠᠮ ᠠᠴᠠ ᠡᠰ ᠦᠨ ᠬᠠᠨ᠎ᠠ᠂ ᠴᠢᠲ᠋ᠣᠫᠯᠠᠽᠮ ᠤᠨ ᠮᠸᠠᠮᠪᠷᠠᠨ ᠢᠶᠠᠷ ᠳᠠᠮᠵᠢᠨ ᠨᠡᠪᠲᠡᠷᠡᠬᠦ ᠴᠢᠳᠠ ᠳᠤᠭvᠢ᠃ ᠡᠶᠢᠮᠦ ᠡᠴᠡ ᠡᠳᠡᠭᠡᠷ ᠨᠢᠭᠡᠳᠦᠯ ᠢ ᠡᠰ ᠦᠨ ᠳᠣᠲᠣᠭᠰᠢ ᠨᠡᠪᠲᠡᠷvvᠯᠬᠦ ᠶᠢᠨ ᠲᠤᠯᠠᠳᠠ ᠴᠢᠲ᠋ᠣᠫᠯᠠᠽᠮ ᠤᠨ ᠮᠸᠠᠮᠪᠷᠠᠨ ᠤ ᠬᠣᠯᠪᠣᠭᠠᠲᠤ ᠡᠩᠵᠡᠮᠢ ᠪᠡᠷ ᠮᠣᠨᠣᠮᠧᠷ ᠪᠣᠯᠵᠤ ᠵᠠᠳᠠᠯᠳᠠᠭ᠃

  • ᠬᠠᠭᠠᠰ ᠨᠡᠪᠴᠢᠮᠡᠬᠡᠢ᠂ ᠰᠣᠩᠭᠣᠨ ᠨᠡᠪᠲᠡᠷvvᠯᠢᠬᠦ ᠰᠢᠨᠵᠢ ᠲᠡᠢ᠃

ᠪᠠᠺᠲ᠋ᠧᠷᠢ ᠪᠠᠶᠢᠭ᠎ᠠ ᠣᠷᠴᠢᠨ ᠠᠴᠠ ᠪᠠᠨ ᠪᠣᠳᠠᠰ ᠤᠨ ᠰᠣᠯᠢᠯᠴᠠᠭᠠᠨ ᠤ ᠡᠬᠢ ᠡᠭᠦᠰᠪᠦᠷᠢ ᠨᠢᠭᠡᠳᠦᠯ ᠢ ᠠᠪᠬᠤ ᠠᠴᠠ ᠭᠠᠳᠠᠨ᠎ᠠ ᠡᠴᠦᠰ ᠦᠨ ᠪᠦᠲᠦᠭᠡᠭᠳᠡᠬᠦᠨ ᠨᠢᠭᠡᠳᠦᠯ ᠦᠳ ᠡᠰ ᠡᠴᠡ ᠭᠠᠳᠠᠭᠰᠢᠯᠠᠬᠤ ᠳᠤ ᠪᠠᠨ ᠴᠢᠲ᠋ᠣᠫᠯᠠᠽᠮ ᠤᠨ ᠮᠸᠠᠮᠪᠷᠠᠨ ᠢᠶᠠᠷ ᠳᠠᠮᠵᠢᠳᠠᠭ᠃ ᠪᠣᠳᠠᠰ ᠲᠡᠭᠡᠭᠡᠪᠦᠷᠢᠯᠡᠭᠳᠡᠬᠦ ᠶᠠᠪᠤᠴᠠ ᠦᠨᠳᠦᠰᠦᠨ ᠬᠣᠶᠠᠷ ᠬᠡᠯᠪᠡᠷᠢ ᠲᠡᠢ: ᠢᠳᠡᠪᠬᠢ ᠦᠭᠡᠢ᠂ ᠢᠳᠡᠪᠬᠢᠲᠡᠢ᠃ ᠢᠳᠡᠪᠬᠢᠭїᠢ ᠬᠡᠯᠪᠡᠷᠢ ᠶᠢᠨ ᠲᠡᠭᠡᠭᠡᠪᠦᠷᠢᠯᠡᠯᠲᠡ ᠶᠢᠨ ᠶᠠᠪᠤᠴᠠ ᠳᠤ ᠡᠨᠧᠷᠭᠢ ᠵᠠᠷᠤᠴᠠᠭᠤᠯᠳᠠᠭ ᠦᠭᠡᠢ᠂ ᠲᠦᠪᠰᠢᠷᠡᠭᠦᠯᠦᠭ᠂ ᠺᠣᠨᠼᠧᠨᠲᠷᠠᠼᠢ ᠦᠨ ᠵᠥᠷᠢᠭᠦᠦ᠂ ᠭᠷᠠᠳᠢᠶᠸᠨᠲ ᠦᠨ ᠳᠠᠭᠠᠤ ᠪᠣᠳᠠᠰ ᠰᠢᠯᠵᠢᠳᠡᠭ᠃ ᠪᠣᠳᠠᠰ ᠲᠡᠭᠡᠭᠡᠪᠦᠷᠢᠯᠡᠭᠳᠡᠬᠦ ᠢᠳᠡᠪᠬᠢ ᠦᠭᠡᠢ ᠬᠡᠯᠪᠡᠷᠢ ᠳᠦ ᠢᠳᠡᠪᠬᠢ ᠦᠭᠡᠢ ᠳ᠋ᠢᠹᠹᠦᠽ᠂ ᠣᠰᠮᠠᠰ᠂ ᠬᠥᠩᠭᠡᠪᠴᠢᠯᠡᠭᠰᠡᠨ ᠳ᠋ᠢᠹᠹᠦᠽ ᠣᠷᠣᠨ᠎ᠠ᠃

1. ᠢᠳᠡᠪᠬᠢᠭvᠢ ᠳ᠋ᠢᠹᠹᠦᠽ ᠴᠢᠲ᠋ᠣᠫᠯᠠᠽᠮ ᠤᠨ ᠮᠸᠠᠮᠪᠷᠠᠨ ᠢᠶᠠᠷ ᠲᠤᠰᠠᠭᠠᠷᠯᠠᠭᠳᠠᠭᠰᠠᠨ ᠡᠰ ᠦᠨ ᠭᠠᠳᠠᠨ᠎ᠠ ᠪᠠ ᠳᠣᠲᠣᠭᠠᠳᠤ ᠣᠷᠴᠢᠨ ᠤ ᠬᠣᠭᠣᠷᠣᠨᠳᠣ ᠪᠣᠳᠠᠰ ᠶᠡᠬᠡ ᠺᠣᠨᠼᠧᠨᠲᠷᠠᠼᠢ ᠲᠠᠢ ᠲᠠᠯ᠎ᠠ ᠠᠴᠠ ᠪᠠᠨ ᠪᠠᠭ᠎ᠠ ᠺᠣᠨᠼᠧᠨᠲᠷᠠᠼᠢ ᠲᠠᠢ ᠲᠠᠯ᠎ᠠ ᠷᠠᠭᠤ ᠶᠢ ᠪᠠᠨ ᠰᠢᠯᠵᠢᠨ᠎ᠡ᠃ ᠪᠠᠺᠲ᠋ᠧᠷᠢ ᠶᠢᠨ ᠴᠢᠲ᠋ᠣᠫᠯᠠᠽᠮ ᠤᠨ ᠮᠸᠠᠮᠪᠷᠠᠨ ᠢᠶᠠᠷ ᠵᠠᠷᠢᠮ ᠨᠢᠭᠡᠨ ᠰᠠᠬᠠᠷᠠ (ᠭᠯᠶᠦᠶᠢᠺᠦᠽ), ᠠᠮᠢᠨ ᠬᠦᠴᠢᠯ (ᠲᠷᠢᠹᠲ᠋ᠣᠹᠠᠨ) ᠡᠨᠡ ᠬᠡᠯᠪᠡᠷᠢ ᠪᠡᠷ ᠡᠰ ᠦᠨ ᠳᠣᠲᠣᠭᠰᠢ ᠨᠡᠪᠲᠡᠷᠡᠳᠡᠭ᠃ ᠭᠡᠪᠡᠴᠦ ᠡᠨᠡ ᠶᠠᠪᠤᠴᠠ ᠮᠠᠰᠢ ᠤᠳᠠᠭᠠᠨ᠃

2. ᠣᠰᠮᠠᠰ ᠤᠰᠤᠨ ᠳᠤ ᠠᠭᠤᠰᠤᠭᠰᠠᠨ ᠨᠢᠭᠡᠳᠦᠯ ᠦᠨ ᠺᠣᠨᠼᠧᠨᠲᠷᠠᠼ ᠤᠨ ᠵᠥᠷᠢᠭᠦᠦ ᠡᠴᠡ ᠬᠠᠮᠢᠶᠠᠷᠤᠨ ᠴᠢᠲ᠋ᠣᠫᠯᠠᠽᠮ ᠤᠨ ᠮᠸᠠᠮᠪᠷᠠᠨ ᠢᠶᠠᠷ ᠤᠰᠤ ᠰᠢᠯᠵᠢᠳᠡᠭ᠃ ᠤᠰᠤᠨ ᠳᠤ ᠠᠭᠤᠰᠤᠭᠰᠠᠨ ᠡᠳᠡᠭᠡᠷ ᠨᠢᠭᠡᠳᠦᠯ ᠦᠳ ᠴᠢᠲ᠋ᠣᠫᠯᠠᠽᠮ ᠤᠨ ᠮᠸᠠᠮᠪᠷᠠᠨ ᠢ ᠳᠠᠪᠠᠵᠤ ᠴᠢᠳᠠᠬᠤ ᠦᠭᠡᠢ ᠨᠢᠭᠡᠳᠦᠯ ᠪᠠᠶᠢᠳᠠᠭ ᠠᠴᠠ ᠤᠰᠤ ᠪᠣᠳᠠᠰ ᠶᠡᠬᠡ ᠺᠣᠨᠼᠧᠨᠲᠷᠠᠼᠢ ᠲᠠᠢ ᠪᠠᠶᠢᠭ᠎ᠠ ᠲᠠᠯ᠎ᠠ ᠷᠤ ᠨᠡᠪᠲᠡᠷᠡᠳᠡᠭ᠃

3. ᠬᠥᠩᠭᠡᠪᠴᠢᠯᠡᠭᠰᠡᠨ ᠳ᠋ᠢᠹᠹᠦᠽ ᠪᠣᠳᠠᠰ ᠬᠥᠩᠭᠡᠪᠴᠢᠯᠡᠭᠰᠡᠨ ᠳ᠋ᠢᠹᠹᠦᠽ ᠢᠶᠡᠷ ᠲᠡᠭᠡᠭᠡᠪᠦᠷᠢᠯᠡᠭᠳᠡᠬᠦ ᠶᠠᠪᠤᠴᠠ ᠡᠤᠶᠢᠷᠶᠣᠲ᠋ ᠡᠰ ᠲᠦ ᠲᠦᠭᠡᠮᠡᠯ᠃ ᠵᠠᠷᠢᠮ ᠪᠠᠺᠲ᠋ᠧᠷᠢ ᠳᠤ ᠭᠯᠢᠽᠧᠷᠠᠯ ᠡᠨᠡ ᠬᠡᠯᠪᠡᠷᠢ ᠪᠡᠷ ᠵᠥᠭᠡᠭᠳᠡᠳᠡᠭ᠃ ᠪᠣᠳᠠᠰ ᠶᠡᠬᠡ ᠺᠣᠨᠼᠧᠨᠲᠷᠠᠼᠢ ᠲᠠᠢ ᠪᠠᠶᠢᠭ᠎ᠠ ᠣᠷᠴᠢᠨ ᠠᠴᠠ ᠪᠠᠭ᠎ᠠ ᠺᠣᠨᠼᠧᠨᠲᠷᠠᠼᠢ ᠲᠠᠢ ᠪᠠᠶᠢᠭ᠎ᠠ ᠣᠷᠴᠢᠨ ᠷᠤ ᠰᠢᠯᠵᠢᠬᠦ ᠳᠦ ᠬᠥᠩᠭᠦᠪᠯᠡᠭᠴᠢ ᠤᠭᠤᠷᠠᠭ᠂ facilitator protein ᠣᠷᠣᠯᠴᠠᠨ᠎ᠠ᠃ ᠪᠣᠳᠠᠰ ᠢᠳᠡᠪᠬᠢᠲᠡᠢ ᠬᠡᠯᠪᠡᠷᠢ ᠪᠡᠷ ᠲᠡᠭᠡᠭᠡᠪᠦᠷᠢᠯᠡᠭᠳᠡᠬᠦ ᠶᠠᠪᠤᠴᠠ ᠺᠣᠨᠼᠧᠨᠲᠷᠠᠼ ᠤᠨ ᠭᠷᠠᠳᠢᠶᠸᠨᠲ ᠤᠨ ᠡᠰᠡᠷᠬᠦ ᠡᠨᠧᠷᠭᠢ ᠵᠠᠷᠤᠴᠠᠭᠤᠯᠤᠨ ᠶᠠᠪᠤᠭᠳᠠᠳᠠᠭ: ᠢᠳᠡᠪᠬᠢᠲᠡᠢ ᠵᠥᠭᠡᠭᠡᠪᠦᠷᠢᠯᠡᠯᠲᠡ᠂ ᠭᠷᠦᠶᠢᠫ ᠲᠷᠠᠨᠰᠯᠣᠺᠠᠼᠢ᠂ group translocation, ᠬᠣᠯᠪᠣᠭᠴᠢ ᠤᠷᠭ᠎ᠠ ᠪᠠᠷ ᠲᠡᠭᠡᠭᠡᠪᠦᠷᠢᠯᠡᠭᠳᠡᠬᠦ᠂ binding protein transport, ᠴᠢᠲ᠋ᠣᠽ ᠭᠡᠰᠡᠨ ᠬᠡᠯᠪᠡᠷᠢ ᠨᠦᠭᠦᠳ ᠲᠡᠢ᠃

1. ᠢᠳᠡᠪᠬᠢᠲᠡᠢ ᠵᠥᠭᠡᠭᠡᠪᠦᠷᠢᠯᠡᠯᠲᠡ ᠪᠣᠳᠠᠰ ᠶᠡᠬᠡ ᠺᠣᠨᠼᠧᠨᠲᠷᠠᠼᠢ ᠲᠠᠢ ᠪᠠᠶᠢᠭ᠎ᠠ ᠣᠷᠴᠢᠨ ᠯᠤᠤ ᠡᠨᠧᠷᠭᠢ ᠵᠠᠷᠤᠴᠠᠭᠤᠯᠤᠨ᠂ ᠬᠣᠯᠪᠣᠭᠴᠢ ᠤᠭᠤᠷᠠᠭ ᠤᠨ ᠲᠤᠰᠠᠯᠠᠮᠵᠢ ᠲᠠᠢ ᠵᠥᠭᠡᠭᠳᠡᠨ᠎ᠡ᠃ ᠡᠨᠡ ᠶᠠᠪᠤᠴᠠ ᠶᠢᠨ їᠶᠡᠳ ᠵᠠᠷᠤᠴᠠᠭᠤᠯᠤᠭᠳᠠᠬᠤ ᠡᠨᠧᠷᠭᠢ АТФ ᠍ ᠤᠨ ᠭᠢᠳ᠋ᠷᠣᠯᠢᠰ᠂ ᠫᠷᠣᠲ᠋ᠣᠨ ᠬᠥᠳᠡᠯᠭᠡᠭᠴᠢ ᠬᠦᠴᠦ᠂ protonmotive force -᠎ᠡ ᠡᠴᠡ ᠡᠭᠦᠰᠳᠡᠭ᠃ ᠪᠠᠺᠲ᠋ᠧᠷᠢ ᠫᠷᠣᠲ᠋ᠣᠨ ᠬᠥᠳᠡᠯᠭᠡᠭᠴᠢ ᠬᠦᠴᠦ ᠶᠢ ᠪᠣᠳᠠᠰ ᠢᠳᠡᠪᠬᠢᠲᠡᠢ ᠬᠡᠯᠪᠡᠷᠢ ᠪᠡᠷ ᠲᠡᠭᠡᠭᠡᠪᠦᠷᠢᠯᠡᠬᠦ ᠳᠦ ᠪᠡᠨ ᠠᠰᠢᠭᠯᠠᠳᠠᠭ᠃ ᠪᠠᠺᠲ᠋ᠧᠷᠢ ᠶᠢᠨ ᠮᠧᠲ᠋ᠠᠪᠦᠯᠢᠰᠮ ᠤᠨ ᠶᠠᠪᠤᠴᠠ ᠳᠤ ᠡᠰ ᠦᠨ ᠭᠠᠳᠠᠭᠠᠳᠤ ᠤᠷᠴᠢᠨ ᠳᠤ ᠫᠷᠣᠲ᠋ᠣᠨ ᠪᠤᠶᠤ ᠤᠰᠤᠲᠥᠶᠢᠷᠦᠭᠴᠢ ᠶᠢᠨ ᠢᠶᠤᠨ᠂ H+ ᠬᠤᠷᠠᠮᠲᠤᠯᠠᠭᠳᠠᠭᠰᠠᠨ ᠠᠴᠠ ᠡᠭᠦᠰᠴᠢ ᠪᠠᠶᠢᠭ᠎ᠠ ᠡᠨᠧᠷᠭᠢ ᠶᠢ ᠫᠷᠣᠲ᠋ᠣᠨ ᠬᠥᠳᠡᠯᠭᠡᠭᠴᠢ ᠬᠦᠴᠦ ᠭᠡᠳᠡᠭ᠃ ᠡᠰ ᠦᠨ ᠭᠠᠳᠠᠭᠠᠳᠤ ᠤᠷᠴᠢᠨ ᠳᠤ ᠤᠰᠤᠲᠥᠶᠢᠷᠦᠭᠴᠢ ᠶᠢᠨ ᠪᠣᠯᠤᠭᠠᠳ ᠪᠤᠰᠤᠳ ᠨᠡᠮᠡᠬᠦ ᠴᠡᠨᠡᠭ ᠲᠡᠢ ᠢᠶᠤᠨ ᠬᠤᠷᠠᠮᠲᠤᠯᠠᠭᠳᠠᠬᠤ ᠨᠢ ᠡᠰ ᠦᠨ ᠳᠣᠲᠣᠭᠠᠳᠤ ᠣᠷᠴᠢᠨ ᠯᠤᠤ ᠨᠡᠮᠡᠬᠦ ᠴᠡᠨᠡᠭ ᠲᠡᠢ ᠢᠣᠨ ᠨᠤᠭᠤᠳ ᠰᠢᠯᠵᠢᠬᠦ ᠶᠢ ᠳᠡᠮᠵᠢᠬᠦ ᠨᠥᠬᠥᠴᠡᠯ ᠪᠣᠯᠬᠤ ᠶᠢᠨ ᠬᠠᠮᠲᠤ ᠬᠠᠰᠤᠬᠤ ᠴᠡᠨᠡᠭ ᠲᠡᠢ ᠹᠣᠰᠹᠠᠲ (PO43-), ᠰᠦᠯᠢᠹᠠᠲ (SO42-) ᠍ ᠤᠨ ᠢᠣᠨ ᠨᠤᠭᠤᠳ ᠫᠷᠣᠲ᠋ᠣᠨ ᠢ ᠬᠣᠯᠪᠣᠭᠰᠠᠨ ᠫᠧᠷᠮᠧᠠᠵᠠ ᠳᠤ ᠨᠢᠭᠡᠳᠦᠨ ᠵᠡᠷᠭᠡ᠂ symport ᠵᠥᠭᠡᠭᠳᠡᠳᠡᠭ᠃ ᠡᠨᠡ ᠶᠠᠪᠤᠴᠠ ᠳᠤ ᠠᠨᠢᠣᠨ ᠤ ᠴᠡᠨᠡᠭ ᠰᠠᠭᠠᠷᠮᠠᠭᠵᠢᠨ ᠡᠯᠧᠺᠲ᠋ᠷᠣᠬᠢᠮ ᠤᠨ ᠵᠥᠷᠢvvᠭᠡᠶᠢᠨ ᠡᠰᠡᠷᠬᠦ ᠰᠢᠯᠵᠢᠬᠦ ᠪᠣᠯᠤᠮᠵᠢ ᠪᠦᠷᠢᠳᠳᠡᠭ ᠪᠠᠶᠢᠨ᠎ᠠ᠃ ᠬᠣᠯᠪᠣᠭᠴᠢ ᠤᠭᠤᠷᠠᠭ ᠪᠤᠶᠤ ᠫᠧᠷᠮᠧᠠᠵᠠ᠂ permeasa ᠨᠢ ᠵᠥᠪᠬᠡᠨ ᠨᠢᠭᠡ ᠲᠥᠷᠥᠯ ᠦᠨ ᠪᠣᠳᠠᠰ ᠢ ᠲᠡᠭᠡᠭᠡᠪᠦᠷᠢᠯᠡᠳᠡᠭ ᠪᠣᠯ uniporter, ᠨᠢᠭᠡ ᠪᠤᠰᠤ ᠲᠥᠷᠥᠯ ᠦᠨ ᠪᠣᠳᠠᠰ ᠢ ᠬᠣᠯᠪᠣᠨ ᠵᠥᠭᠡᠭᠡᠵᠦ ᠪᠠᠶᠢᠪᠠᠯ ᠬᠠᠮᠰᠠᠷᠠᠭᠤᠯᠤᠨ ᠵᠥᠭᠡᠭᠡᠭᠴᠢ᠂ co-transporter ᠭᠡᠳᠡᠭ᠃ ᠲvvᠨᠴᠢᠯᠡᠨ ᠬᠣᠶᠠᠷ ᠪᠣᠳᠠᠰ ᠨᠢᠭᠡ ᠴᠢᠭᠯᠡᠯ ᠳᠦ ᠵᠡᠷᠭᠡ ᠵᠥᠭᠡᠭᠳᠡᠵᠦ ᠪᠠᠶᠢᠪᠠᠯ symport: ᠨ+, ᠯᠠᠺᠲ᠋ᠣᠽ ᠲᠠᠢ ᠵᠡᠷᠭᠡ ᠡᠰ ᠦᠨ ᠭᠠᠳᠠᠭᠠᠳᠤ ᠣᠷᠴᠢᠨ ᠠᠴᠠ ᠳᠣᠲᠣᠭᠰᠢ ᠲᠡᠭᠡᠭᠡᠪᠦᠷᠢᠯᠡᠭᠳᠡᠳᠡᠭ᠃

ᠨᠢᠭᠡ ᠴᠠᠭ ᠬᠤᠭᠤᠴᠠᠭᠠᠨ ᠳᠤ ᠡᠰᠡᠷᠬᠦ ᠴᠢᠭᠯᠡᠯ ᠳᠦ ᠬᠣᠶᠠᠷ ᠪᠣᠳᠠᠰ ᠰᠢᠯᠵᠢᠬᠦ ᠶᠢ antiport, ᠡᠰᠡᠷᠬᠦ ᠵᠦᠭ ᠲᠤ ᠵᠥᠭᠡᠭᠳᠡᠬᠦ ᠭᠡᠵᠦ ᠨᠡᠷᠡᠯᠡᠳᠡᠭ᠃ ᠵᠢᠱᠢᠶᠡᠯᠡᠪᠡᠯ Na+ ᠡᠰ ᠦᠨ ᠭᠠᠳᠠᠭᠠᠳᠤ ᠣᠷᠴᠢᠨ ᠯᠤᠤ ᠰᠢᠯᠵᠢᠬᠦ ᠳᠦH+ ᠳᠣᠲᠣᠭᠠᠳᠤ ᠣᠷᠴᠢᠨ ᠯᠤᠤ ᠵᠥᠷᠢᠨ ᠵᠥᠭᠡᠭᠳᠡᠳᠡᠭ᠃

2. ᠭᠷᠦᠶᠢᠫ ᠲᠷᠠᠨᠰᠯᠣᠺᠠᠼᠢ᠂ Group Translocation- Phosphoenolpyruvate : Phosphotransferase System ᠹᠣᠰᠹᠣᠸᠨᠣᠯᠫᠢᠷᠤᠪᠠ ᠳᠤ : ᠹᠣᠰᠹᠣᠲᠷᠠᠨᠰᠹᠧᠷᠠᠵᠠ ᠰᠢᠰᠲ᠋ᠧᠮ᠂ Phosphoenolpyruvate : Phosphotransferase System, ᠪᠤᠶᠤ PEP:PTS ᠍ ᠦᠨ ᠲᠤᠰᠠᠯᠠᠮᠵᠢ ᠲᠠᠢ ᠪᠣᠳᠠᠰ ᠮᠸᠠᠮᠪᠷᠠᠨ ᠢᠶᠠᠷ ᠳᠠᠮᠵᠢᠬᠤ ᠶᠠᠪᠤᠴᠠ ᠳᠤ ᠵᠥᠭᠡᠭᠡᠭᠳᠡᠵᠦ ᠪᠤᠢ ᠪᠣᠳᠠᠰ ᠲᠤ ᠹᠣᠰᠹᠠᠲ ᠨᠡᠮᠡᠭᠳᠡᠨ᠂ ᠬᠢᠮᠢ ᠶᠢᠨ ᠬᠤᠪᠢᠷᠠᠯ ᠳᠤ ᠣᠷᠣᠵᠤ ᠰᠢᠯᠵᠢᠬᠦ ᠶᠢ ᠭᠷᠦᠶᠢᠫ ᠲᠷᠠᠨᠰᠯᠣᠺᠠᠼᠢ ᠭᠡᠳᠡᠭ᠃ ᠫᠷᠣᠺᠠᠷᠢᠭ᠎ᠠ ᠳᠤ ᠡᠰ ᠲᠦ ᠪᠣᠳᠠᠰ ᠭᠷᠦᠶᠢᠫ ᠲᠷᠠᠨᠰᠯᠣᠺᠠᠴᠠ ᠪᠠᠷ ᠲᠡᠭᠡᠭᠡᠪᠦᠷᠢᠯᠡᠭᠳᠡᠬᠦ ᠲᠦᠭᠡᠮᠡᠯ᠃ ᠲᠤᠬᠠᠶᠢᠯᠠᠪᠠᠯ ᠺᠠᠷᠪᠣᠭᠢᠳ᠋ᠷᠠ ᠳᠤ᠂ ᠲᠣᠰᠤᠨ ᠤ ᠬᠦᠴᠢᠯ᠂ ᠨᠢᠺᠯᠧᠢ ᠶᠢᠨ ᠬᠦᠴᠢᠯ ᠦᠨ ᠨᠡᠶᠢᠯᠡᠭᠵᠢᠯ ᠳᠤ ᠣᠷᠣᠯᠴᠠᠳᠠᠭ ᠵᠠᠷᠢᠮ ᠨᠢᠭᠡᠳᠦᠯ ᠦᠳ ᠹᠣᠰᠹᠣᠸᠨᠣᠯᠫᠢᠷᠤᠪᠠ ᠳᠤ:ᠹᠣᠰᠹᠣᠲᠷᠠᠨᠰᠹᠧᠷᠠᠵᠠ ᠰᠢᠰᠲ᠋ᠧᠮ ᠢᠶᠡᠷ ᠵᠥᠭᠡᠭᠳᠡᠳᠡᠭ᠃ E.coli ᠍ ᠳᠦ ᠭᠠᠳᠠᠭᠠᠳᠤ ᠣᠷᠴᠢᠨ ᠠᠴᠠ ᠭᠯᠶᠦᠶᠢᠺᠦᠽ PEP : PTS ᠍ ᠪᠡᠷ ᠵᠥᠭᠡᠭᠳᠡᠬᠦ ᠳᠦ ᠪᠡᠨ ᠡᠰ ᠦᠨ ᠳᠣᠲᠣᠭᠠᠳᠤ ᠤᠷᠴᠢᠨ ᠳᠤ ᠭᠯᠶᠦᠶᠢᠺᠦᠽ-6 ᠹᠣᠰᠹᠠᠲ ᠪᠣᠯᠤᠨ ᠬᠤᠪᠢᠷᠠᠵᠤ ᠣᠷᠣᠳᠠᠭ᠃ ᠠᠭᠠᠷᠭᠦᠶᠢᠲᠦᠨ ᠪᠠᠺᠲ᠋ᠧᠷᠢ ᠳᠤ ᠺᠠᠷᠪᠣᠭᠢᠳ᠋ᠷᠠ ᠳᠤ ᠮᠸᠠᠮᠪᠷᠠᠨ ᠢᠶᠠᠷ ᠹᠣᠰᠹᠣᠷᠵᠢᠨ ᠵᠥᠭᠡᠭᠳᠡᠬᠦ ᠶᠢᠨ ᠬᠠᠮᠲᠤ ᠡᠨᠧᠷᠭᠢ ᠡᠭᠦᠰᠭᠡᠬᠦ ᠰᠣᠯᠢᠯᠴᠠᠭᠠᠨ ᠤ ᠡᠬᠢᠯᠡᠯ ᠦᠨ ᠰᠢᠲᠠ ᠪᠣᠯᠳᠠᠭ ᠲᠤᠯᠠ ᠡᠨᠧᠷᠭᠢ ᠬᠡᠮᠨᠡᠳᠡᠭ᠃ ᠬᠠᠷᠢᠨ ᠠᠭᠠᠷᠲᠠᠨ ᠪᠠᠺᠲ᠋ᠧᠷᠢ ᠶᠢᠨ ᠮᠸᠠᠮᠪᠷᠠᠨ ᠢᠶᠠᠷ ᠪᠣᠳᠠᠰ ᠢᠳᠡᠪᠬᠢᠲᠡᠢ ᠲᠡᠭᠡᠭᠡᠪᠦᠷᠢᠯᠡᠯᠲᠡ ᠪᠡᠷ ᠳᠠᠮᠵᠢᠳᠠᠭ᠃ PEP:PTS ᠰᠢᠰᠲ᠋ᠧᠮ ᠬᠡᠳᠦ ᠬᠡᠳᠦᠨ ᠡᠩᠵᠡᠮ᠎ᠡ ᠲᠡᠢ᠂ ᠣᠯᠠᠨ ᠱᠠᠲᠤ ᠠᠴᠠ ᠪїᠷᠳᠡᠳᠡᠭ᠃ ᠹᠣᠰᠹᠣᠸᠨᠣᠯᠫᠢᠷᠤᠪᠠ ᠳᠤ᠂ PEP ᠍ ᠠᠴᠠ ᠹᠣᠰᠹᠠᠲ ᠤᠨ ᠭᠷᠦᠶᠢᠫ ᠪᠠᠭ᠎ᠠ ᠮᠣᠯᠧᠺᠤᠯ ᠵᠢᠩ ᠲᠡᠢ᠂ ᠭᠢᠰᠲ᠋ᠢᠳ᠋ᠨ ᠠᠭᠤᠯᠠᠭᠰᠠᠨ ᠤᠭᠤᠷᠠᠭ᠂ HPr ᠍ ᠳᠦ ᠰᠢᠯᠵᠢᠳᠡᠭ᠃ ᠡᠨᠡ ᠶᠠᠪᠤᠴᠠ ᠳᠤ ᠡᠩᠢᠮ I ᠺᠠᠲ᠋ᠠᠯᠢᠰᠠᠲ᠋ᠣᠷ᠂ ᠬᠤᠷᠳᠤᠰᠬᠠᠭᠤᠷ ᠪᠣᠯᠳᠠᠭ᠃ ᠹᠣᠰᠹᠣᠷᠵᠢᠭ᠌ᠰᠠᠨ HPr-᠎ᠠ ᠠᠴᠠ ᠹᠣᠰᠹᠠᠲ ᠤᠨ ᠭᠷᠦᠶᠢᠫ ᠨᠢ ᠡᠩᠢᠮ III ᠍ ᠳᠦ ᠰᠢᠯᠵᠢᠵᠦ᠂ ᠴᠠᠰᠢ ᠡᠩᠢᠮ III ᠨᠢ ᠹᠣᠰᠹᠠᠲ ᠤᠨ ᠭᠷᠦᠶᠢᠫ ᠢ ᠮᠸᠠᠮᠪᠷᠠᠨ ᠲᠠᠢ ᠬᠣᠯᠪᠣᠭᠠᠲᠤ ᠫᠧᠷᠮᠧᠠᠵᠠ ᠪᠤᠶᠤ ᠡᠩᠢᠮ II ᠍ ᠳᠦ ᠵᠥᠭᠡᠭᠡᠨ᠎ᠡ᠃ ᠭᠷᠦᠶᠢᠫ ᠲᠷᠠᠨᠰᠯᠣᠺᠠᠼ ᠤᠨ ᠡᠴᠦᠰ ᠦᠨ ᠱᠠᠲᠤᠨ ᠳᠤ ᠡᠩᠢᠮ II ᠍ ᠦᠨ ᠹᠣᠰᠹᠠᠲ ᠤᠨ ᠭᠷᠦᠶᠢᠫ ᠪᠣᠳᠠᠰ ᠲᠤ ᠨᠢᠭᠡᠳᠬᠦ ᠶᠢᠨ ᠵᠡᠷᠭᠡᠴᠡᠭᠡ ᠮᠸᠠᠮᠪᠷᠠᠨ ᠢ ᠳᠠᠮᠵᠢᠨ ᠨᠡᠪᠲᠡᠯᠦᠨ᠎ᠡ᠃ ᠭᠯᠶᠦᠶᠢᠺᠦᠽ ᠲᠠᠢ ᠠᠳᠠᠯᠢ ᠮᠣᠨᠣᠰᠠᠬᠠᠷ ᠤᠳ ᠵᠢᠱᠢᠶ᠎ᠡ ᠨᠢ ᠹᠷᠤᠶᠢᠺᠲ᠋ᠣᠽ PEP:PTS ᠍ ᠪᠡᠷ ᠵᠥᠭᠡᠭᠳᠡᠳᠡᠭ᠃ ᠪᠤᠰᠤᠳ ᠨᠢᠭᠡᠳᠦᠯ ᠵᠢᠱᠢᠶᠡᠯᠡᠪᠡᠯ ᠮᠠᠨᠠᠲᠠᠯ᠎ᠠ ᠭᠷᠦᠶᠢᠫ ᠲᠷᠠᠨᠰᠯᠣᠺᠠᠴᠠ ᠪᠠᠷ ᠲᠡᠭᠡᠭᠡᠭᠳᠡᠬᠦ ᠳᠦ ᠡᠩᠢᠮ II ᠍ ᠢ HPr ᠰᠢᠭᠤᠳ ᠹᠣᠰᠹᠣᠷᠵᠢᠭᠤᠯᠳᠠᠭ᠃ PEP:PTS ᠍ ᠦᠨ ᠵᠠᠷᠢᠮ ᠪᠦᠷᠢᠳᠦᠯ ᠲᠣᠳᠣᠷᠬᠠᠢ ᠨᠢᠭᠡᠳᠦᠯ ᠦᠨ ᠲᠡᠭᠡᠭᠡᠪᠦᠷᠢᠯᠡᠯᠲᠡᠨ ᠳᠦ ᠣᠷᠣᠯᠴᠠᠳᠠᠭ ᠥᠪᠡᠷᠮᠢᠴᠡ ᠰᠢᠨᠵᠢ ᠲᠡᠢ ᠪᠠᠶᠢᠬᠤ ᠳᠤ ᠡᠩᠢᠮ I, HPr ᠥᠪᠡᠷᠮᠢᠴᠡ ᠪᠤᠰᠤ ᠰᠢᠨᠵᠢ ᠲᠡᠢ᠃ E.coli ᠍ ᠦᠨ ᠡᠩᠢᠮ I, HPr ᠍ ᠦᠨ ᠭᠸᠨ ᠦ ᠮᠤᠲᠠᠼ ᠤᠨ ᠤᠯᠠᠮ ᠠᠴᠠ ᠭᠷᠦᠶᠢᠫ ᠲᠷᠠᠨᠰᠯᠣᠺᠠᠴᠠ ᠪᠠᠷ ᠵᠥᠭᠡᠭᠳᠡᠳᠡᠭ ᠨᠢᠭᠡᠳᠦᠯ ᠦᠳ ᠦᠨ ᠲᠡᠭᠡᠭᠡᠪᠦᠷᠢᠯᠡᠯᠲᠡ ᠰᠠᠭᠠᠲᠠᠳᠠᠭ ᠪᠣᠯ ᠭᠯᠶᠦᠶᠢᠺᠦᠽ᠂ ᠭᠯᠶᠦᠶᠢᠺᠦᠽᠠᠮᠢᠨ᠂ 2 ᠍ ᠳᠧᠣᠺᠰᠢᠭᠯᠶᠦᠶᠢᠺᠦᠽᠢ ᠶᠢᠨ ᠲᠡᠭᠡᠭᠡᠪᠦᠷᠢᠯᠡᠯᠲᠡᠨ ᠳᠦ ᠡᠭᠦᠷᠭᠡ ᠲᠡᠢ ᠡᠩᠢᠮ II ᠍ ᠤᠨ ᠭᠧᠨ ᠳᠦ ᠮᠤᠲᠠᠼᠢ ᠪᠣᠯᠬᠤ ᠳᠤ ᠵᠥᠪᠬᠡᠨ ᠡᠳᠡᠭᠡᠷ ᠨᠢᠭᠡᠳᠦᠯ ᠦᠨ ᠮᠸᠠᠮᠪᠷᠠᠨ ᠢᠶᠠᠷ ᠵᠥᠭᠡᠭᠳᠡᠬᠦ ᠶᠠᠪᠤᠴᠠ ᠠᠯᠳᠠᠭᠳᠠᠨ᠎ᠠ᠃

3. ᠬᠣᠯᠪᠣᠭᠴᠢ ᠤᠷᠭ᠎ᠠ ᠪᠠᠷ ᠵᠥᠭᠡᠭᠳᠡᠬᠦ᠂ Binding Protein Transport ᠬᠣᠯᠪᠣᠭᠴᠢ ᠤᠷᠭ᠎ᠠ ᠪᠠᠷ ᠪᠣᠳᠠᠰ ᠲᠡᠭᠡᠭᠡᠪᠦᠷᠢᠯᠡᠭᠳᠡᠬᠦ ᠨᠢ ᠵᠥᠪᠬᠡᠨ ᠭᠠᠷᠤᠮ᠎ᠠ ᠰᠥᠷᠭᠦ ᠨᠢᠩ ᠳᠦ ᠲᠣᠬᠢᠶᠠᠯᠳᠤᠳᠠᠭ᠃ ᠭᠠᠷᠤᠮ᠎ᠠ ᠰᠥᠷᠭᠦ ᠨᠢᠩ ᠦᠨ ᠭᠠᠳᠠᠷ ᠮᠸᠠᠮᠪᠷᠠᠨ ᠳᠠᠬᠤ ᠫᠣᠷᠢᠨ ᠠᠭᠤᠷᠤᠭ ᠤᠳ ᠭᠠᠳᠠᠷ ᠮᠸᠠᠮᠪᠷᠠᠨ ᠢᠶᠠᠷ ᠪᠣᠳᠠᠰ ᠨᠡᠪᠲᠡᠷᠡᠬᠦ ᠨᠥᠬᠥᠴᠡᠯ ᠢ ᠪvᠷ ᠲᠤvvᠯᠡᠨ᠎ᠡ᠃ ᠭᠠᠳᠠᠷ ᠪᠣᠯᠤᠭᠠᠳ ᠴᠢᠲ᠋ᠣᠫᠯᠠᠽᠮ ᠤᠨ ᠮᠸᠠᠮᠪᠷᠠᠨ ᠬᠣᠭᠣᠷᠣᠨᠳᠣ ᠶᠢᠨ ᠵᠠᠢ ᠶᠢ ᠫᠧᠷᠢᠫᠯᠠᠽᠮ ᠤᠨ ᠵᠠᠪᠰᠠᠷ ᠭᠡᠳᠡᠭ᠃ E.coli ᠍ ᠦᠨ ᠭᠠᠳᠠᠷ ᠮᠸᠠᠮᠪᠷᠠᠨ ᠤ LamB ᠤᠭᠤᠷᠠᠭ ᠮᠠᠯᠲ᠋ᠣᠽ ᠡᠰ ᠦᠨ ᠭᠠᠳᠠᠭᠠᠳᠤ ᠣᠷᠴᠢᠨ ᠠᠴᠠ ᠫᠧᠷᠢᠫᠯᠠᠽᠮ ᠤᠨ ᠵᠠᠪᠰᠠᠷ ᠲᠤ ᠰᠢᠯᠵᠢᠬᠦ ᠳᠦ ᠣᠷᠣᠯᠴᠠᠨ᠎ᠠ᠃ ᠫᠧᠷᠢᠫᠯᠠᠽᠮ ᠤᠨ ᠵᠠᠪᠰᠠᠷ ᠲᠤ ᠮᠠᠯᠲ᠋ᠣᠵᠠ ᠶᠢ ᠬᠣᠯᠪᠣᠭᠴᠢ ᠤᠭᠤᠷᠠᠭ ᠲᠠᠢ ᠨᠢᠭᠡᠳᠦᠨ᠂ ᠴᠠᠰᠢ ᠴᠢᠲ᠋ᠣᠫᠯᠠᠽᠮ ᠤᠨ ᠮᠸᠠᠮᠪᠷᠠᠨ ᠢ ᠨᠡᠪᠲᠡᠯᠬᠦ ᠳᠦ ᠫᠧᠷᠮᠧᠠᠵᠠᠭ ᠤᠨ ᠡᠭᠦᠷᠭᠡ ᠲᠡᠢ MalF, MalG, АТФ ᠍ ᠠᠴᠠ ᠡᠨᠧᠷᠭᠢ ᠴᠢᠯᠦᠭᠡᠯᠡᠳᠡᠭ MalK ᠠᠭᠤᠷᠤᠭ ᠤᠳ ᠣᠷᠣᠯᠴᠠᠨ᠎ᠠ᠃

4. ᠴᠢᠲ᠋ᠣᠽ᠂ Cytosis ᠬᠠᠷᠢᠴᠠᠩᠭᠤᠢ ᠲᠣᠮᠣ ᠬᠡᠮᠵᠢᠶ᠎ᠡ ᠲᠡᠢ ᠨᠢᠭᠡᠳᠦᠯ ᠡᠤᠶᠢᠷᠶᠣᠲ᠋ ᠡᠰ ᠦᠨ ᠳᠣᠲᠣᠭᠰᠢ ᠡᠰᠡᠪᠡᠯ ᠭᠠᠳᠠᠭᠠᠳᠤ ᠣᠷᠴᠢᠨ ᠯᠤᠤ ᠴᠢᠲ᠋ᠣᠫᠯᠠᠽᠮ ᠤᠨ ᠮᠸᠠᠮᠪᠷᠠᠨ ᠤ ᠲᠤᠰᠠᠯᠠᠮᠵᠢ ᠲᠠᠢ ᠪᠠᠷ ᠰᠢᠯᠵᠢᠳᠡᠭ᠃ ᠡᠰ ᠡᠴᠡ ᠪᠣᠳᠠᠰ ᠭᠠᠳᠠᠭᠰᠢ ᠰᠢᠯᠵᠢᠬᠦ ᠶᠢ ᠡᠺᠽᠣᠼᠢᠲ᠋ᠣᠽ ᠭᠡᠵᠦ ᠨᠡᠷᠡᠯᠡᠳᠡᠭ᠃ ᠡᠰ ᠦᠨ ᠳᠣᠲᠣᠭᠠᠳᠤ ᠤᠷᠴᠢᠨ ᠳᠤ ᠮᠸᠠᠮᠪᠷᠠᠨ ᠤ ᠭᠠᠷᠤᠯ ᠲᠠᠢ ᠬvvᠳᠡᠢ᠂ vesicle vvᠰᠡᠭᠡᠨ ᠣᠷᠣᠵᠤ ᠪᠠᠶᠢᠭ᠎ᠠ ᠶᠢ ᠡᠩᠳᠣᠼᠢᠲ᠋ᠣᠽ ᠭᠡᠬᠦ ᠪᠥᠭᠡᠳ ᠥᠪᠡᠷᠮᠢᠴᠡ ᠵᠢᠱᠢᠶ᠎ᠡ ᠨᠢ ᠹᠠᠭᠣᠴᠢᠲ᠋ᠣᠽ ᠶᠤᠮ᠃ ᠵᠠᠷᠢᠮ ᠨᠢᠭᠡᠳᠦᠯ (ᠸᠢᠷᠦᠰ) ᠡᠰ ᠦᠨ ᠭᠠᠳᠠᠷ ᠳᠠᠬᠤ ᠷᠧᠼᠧᠫᠲ᠋ᠣᠷ ᠲᠤ ᠨᠢᠭᠡᠳᠦᠨ ᠡᠩᠳᠣᠼᠢᠲ᠋ᠣᠽ ᠶᠠᠪᠤᠭᠳᠠᠳᠠᠭ᠃ ᠡᠨᠡ ᠲᠣᠬᠢᠶᠠᠯᠳᠤᠯ ᠢ ᠷᠧᠼᠧᠫᠲ᠋ᠣᠷ ᠢᠶᠠᠷ ᠳᠠᠮᠵᠢᠭ᠌ᠰᠠᠨ ᠡᠩᠳᠣᠼᠢᠲ᠋ᠣᠽ᠂ receptor-mediated endocytosis ᠭᠡᠨ᠎ᠡ᠃

ᠰᠢᠯᠪᠢᠭᠦᠷ᠂ ᠲᠷᠢᠬᠤ᠂ ᠹᠯᠠᠭᠧᠯᠯᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠯᠠᠭᠧᠯᠯᠠ ᠨᠢ ᠪᠠᠺᠲ᠋ᠧᠷᠢ ᠶᠢᠨ ᠪvᠷᠬvvᠯ ᠡᠴᠡ ᠭᠠᠳᠠᠭᠰᠢ ᠣᠷᠣᠨ ᠵᠠᠢ ᠳᠤ ᠴᠤᠬᠤᠶᠢᠵᠤ ᠪᠠᠶᠢᠷᠢᠯᠠᠭᠰᠠᠨ᠂ ᠬᠥᠳᠡᠯᠭᠡᠭᠡᠨ ᠦ vvᠷᠢᠭ ᠲᠡᠢ ᠤᠲᠠᠰᠤᠯᠢᠭ ᠪᠦᠲᠦᠴᠡ᠃ ᠹᠠᠯᠮᠧᠨᠲ ᠪᠤᠶᠤ ᠤᠲᠠᠰᠤᠯᠢᠭ , ᠭᠣᠭᠴᠣᠭ᠎ᠠ᠂ ᠰᠠᠭᠤᠷᠢ ᠪᠡᠶ᠎ᠡ᠂ basal body ᠭᠡᠰᠡᠨ ᠭᠤᠷᠪᠠᠨ ᠬᠡᠰᠡᠭ ᠲᠡᠢ᠃ ᠪᠠᠺᠲ᠋ᠧᠷᠢ ᠶᠢᠨ ᠴᠢᠲ᠋ᠣᠫᠯᠠᠽᠮ ᠤᠨ ᠮᠸᠠᠮᠪᠷᠠᠨ ᠠᠴᠠ ᠰᠠᠭᠤᠷᠢ ᠪᠡᠶ᠎ᠡ ᠡᠬᠢᠯᠡᠨ᠎ᠡ᠃ ᠰᠠᠭᠤᠷᠢ ᠪᠡᠶ᠎ᠡ ᠰᠠᠪᠠ ᠪᠠᠨ ᠮᠠᠶ᠋ᠢᠭ ᠤᠨ ᠪᠦᠲᠦᠴᠡ ᠲᠡᠭᠦᠨ ᠢ ᠬᠦᠷᠢᠶᠡᠯᠡᠭᠰᠡᠨ᠂ ᠴᠠᠭᠠᠷᠢᠭ ᠤᠳ ᠠᠴᠠ ᠲᠣᠭᠲᠠᠨ᠎ᠠ᠃ ᠭᠠᠷᠤᠮ᠎ᠠ ᠰᠥᠷᠭᠦ ᠨᠢᠩ ᠳᠦ ᠭᠠᠳᠠᠷ ᠮᠸᠠᠮᠪᠷᠠᠨ ᠤ ᠬᠡᠰᠡᠭ ᠲᠦ ᠬᠣᠶᠠᠳᠠᠭᠴᠢ ᠪᠠᠭᠴᠠ ᠴᠠᠭᠠᠷᠢᠭ ᠪᠠᠶᠢᠨ᠎ᠠ᠃ ᠰᠠᠭᠤᠷᠢ ᠪᠡᠶᠡᠰ ᠳᠡᠭᠡᠭᠡ ᠬᠡᠯᠪᠡᠷᠢ ᠲᠡᠢ ᠭᠣᠭᠴᠣᠭ᠎ᠠ ᠡᠬᠢᠯᠡᠵᠦ᠂ ᠹᠢᠯᠮᠧᠨᠲ ᠲᠤ ᠰᠢᠯᠵᠢᠳᠡᠭ᠃ ᠹᠠᠯᠮᠧᠨᠲ ᠹᠯᠠᠭᠧᠯᠯᠢᠨ ᠤᠭᠤᠷᠠᠭ ᠤᠨ ᠬᠡᠳᠦ ᠬᠡᠳᠦᠨ ᠭᠢᠨᠵᠢ ᠡᠴᠡ ᠪᠥᠷᠢᠳᠦᠨ᠎ᠡ᠃

ᠹᠯᠠᠭᠧᠯᠯᠠ ᠪᠠᠶᠢᠷᠢᠯᠠᠯ ᠢᠶᠠᠷ ᠢᠶᠠᠨ ᠢᠯᠭᠠᠭ᠎ᠠ ᠲᠠᠢ ᠲᠤᠯᠠ ᠪᠠᠺᠲ᠋ᠧᠷᠢ ᠶᠢ ᠢᠯᠭᠠᠨ ᠳїᠢᠬ ᠰᠢᠨᠵᠢ ᠶᠢᠨ ᠨᠢᠭᠡ vᠽvvᠯᠢᠯᠲᠡ ᠪᠣᠯᠳᠠᠭ᠃ ᠪᠠᠺᠲ᠋ᠧᠷᠢ ᠶᠢᠨ ᠰᠢᠯᠢᠪїїᠷ ᠢ ᠪᠠᠶᠢᠷᠢᠯᠠᠯ ᠢᠶᠠᠷ ᠨᠢ:

ᠠ᠃ ᠫᠧᠷᠢᠲ᠋ᠷᠠᠬᠢ- ᠪᠠᠺᠲ᠋ᠧᠷᠢ ᠶᠢᠨ ᠡᠰ ᠦᠨ ᠡᠷᠭᠢᠨ ᠲᠣᠭᠣᠷᠢᠨ ᠳᠤ ᠪᠠᠶᠢᠨ᠎ᠠ᠃ (Enterobacter, Bacillaceae)
ᠪ᠃ ᠮᠣᠨᠣᠲᠷᠢᠬᠢ- ᠨᠢᠭᠡ ᠰᠢᠯᠢᠪvvᠷ ᠲᠡᠢ᠃(Vibrio)
ᠸ᠃ ᠠᠮᠹᠢᠲ᠋ᠷᠠᠬᠢ- ᠬᠣᠶᠠᠷ ᠲᠤᠶᠢᠯ ᠳᠤ ᠪᠠᠶᠢᠷᠢᠯᠠᠭᠰᠠᠨ ᠪᠠᠭᠴᠠ ᠰᠢᠯᠪᠢᠭᠦᠷ᠃ (Spirillum)
ᠭ᠃ ᠯᠣᠹᠣᠲ᠋ᠷᠠᠬᠢ- ᠨᠢᠭᠡ ᠲᠤᠶᠢᠯ ᠳᠤ ᠪᠠᠶᠢᠷᠢᠯᠠᠭᠰᠠᠨ ᠪᠠᠭᠴᠠ ᠰᠢᠯᠪᠢᠭᠦᠷ (Pseudomonas) ᠭᠡᠵᠦ ᠠᠩᠭᠢᠯᠠᠳᠠᠭ᠃

ᠪᠠᠺᠲ᠋ᠧᠷᠢ ᠶᠢᠨ ᠫᠧᠷᠢᠲᠷᠢᠬᠤ ᠪᠠᠶᠢᠷᠢᠯᠠᠯ ᠲᠠᠢ ᠰᠢᠯᠪᠢᠭᠦᠷ ᠴᠠᠭ ᠤᠨ ᠽvvᠨᠢᠭᠢ ᠡᠰᠡᠷᠬᠦ 1-2 ᠰᠧᠺᠦᠶᠢᠨᠳ᠋ᠨᠳ᠋ ᠍ ᠤᠨ ᠬᠤᠭᠤᠴᠠᠭ᠎ᠠ ᠲᠠᠢ ᠡᠷᠭᠢᠯᠳᠦᠬᠦ ᠳᠦ ᠪᠠᠺᠲ᠋ᠧᠷᠢ ᠰᠢᠯᠤᠭᠤᠨ ᠭᠦᠶᠦᠬᠦ ᠬᠥᠳᠡᠯᠭᠡᠭᠡᠨ ᠢ ᠬᠢᠨ᠎ᠡ᠃ ᠡᠭᠦᠨ ᠦ ᠳᠠᠷᠠᠭ᠎ᠠ ᠰᠢᠯᠢᠪvvᠷ 0.1-0.2 ᠰᠧᠺᠦᠶᠢᠨᠳ᠋ ᠬᠤᠭᠤᠴᠠᠭ᠎ᠠ ᠲᠠᠢ ᠴᠠᠭ ᠤᠨ ᠽvvᠨᠢᠭᠢ ᠳᠠᠭᠠᠤ ᠡᠷᠭᠢᠯᠳᠦᠬᠦ ᠳᠦ ᠪᠠᠶᠢᠷᠢᠨ ᠳᠤ ᠪᠠᠨ ᠥᠩᠬᠥᠷᠢᠬᠦ ᠬᠥᠳᠡᠯᠭᠡᠭᠡᠨ ᠬᠢᠬᠦ ᠳᠦ ᠴᠢᠭᠯᠡᠯ ᠥᠭᠡᠷᠡᠴᠢᠯᠡᠭᠳᠡᠳᠡᠭ᠃ ᠡᠶᠢᠮᠦ ᠡᠴᠡ ᠪᠠᠺᠲ᠋ᠧᠷᠢ ᠰᠢᠯᠤᠭᠤᠨ ᠪᠠ ᠥᠩᠬᠥᠷᠢᠬᠦ ᠬᠥᠳᠡᠯᠭᠡᠭᠡᠨ ᠡᠭᠡᠯᠵᠢᠯᠡᠨ vᠷᠭᠦᠯᠵᠢᠯᠡᠭᠰᠡᠨ ᠦ ᠳᠦᠩ ᠳᠦ ᠠᠯᠢᠪᠠ ᠴᠣᠴᠢᠷᠠᠯ ᠢ ᠴᠢᠭᠯᠡᠨ ᠡᠰᠡᠪᠡᠯ ᠵᠠᠶᠢᠯᠠᠨ ᠵᠢᠭᠤᠳᠠᠬᠤ ᠬᠥᠳᠡᠯᠭᠡᠭᠡᠨ ᠬᠢᠳᠡᠭ ᠪᠠᠶᠢᠨ᠎ᠠ᠃ ᠴᠣᠴᠢᠷᠠᠯ ᠤᠨ ᠵᠦᠭ ᠴᠢᠭᠯᠡᠨ ᠣᠶᠢᠷᠠᠳᠬᠤ ᠳᠤ ᠰᠢᠯᠤᠭᠤᠨ ᠬᠥᠳᠡᠯᠭᠡᠭᠡᠨ ᠦ vᠷᠬᠦᠯᠵᠢᠯᠡᠬᠦ ᠬᠤᠭᠤᠴᠠᠭ᠎ᠠ ᠤᠷᠲᠤ᠂ ᠥᠩᠬᠥᠷᠢᠯᠲᠡ ᠶᠢᠨ ᠬᠤᠭᠤᠴᠠᠭ᠎ᠠ ᠪᠣᠭᠣᠨᠢ ᠪᠠᠶᠢᠳᠠᠭ ᠪᠣᠯ ᠵᠤᠭᠠᠲᠠᠨ ᠵᠠᠶᠢᠯᠠᠬᠤ ᠳᠤ ᠭᠦᠶᠦᠯᠲᠡ ᠶᠢᠨ ᠬᠤᠭᠤᠴᠠᠭ᠎ᠠ ᠪᠣᠭᠣᠨᠢᠰᠳᠠᠭ᠃ ᠡᠶᠢᠮᠦ ᠡᠴᠡ ᠪᠠᠺᠲ᠋ᠧᠷᠢ ᠶᠢᠨ ᠬᠥᠳᠡᠯᠭᠡᠭᠡᠨ ᠰᠢᠯᠤᠭᠤᠨ ᠪᠢᠰᠢ᠃ ᠰᠢᠯᠪᠢᠭᠦᠷ ᠦᠨ ᠡᠷᠭᠢᠯᠳᠦᠬᠦ ᠴᠢᠭ ᠢ ᠬᠢᠨᠠᠳᠠᠭ ᠰᠢᠰᠲ᠋ᠧᠮ ᠪᠠᠺᠲ᠋ᠧᠷᠢ ᠳᠤ ᠪᠤᠢ᠃ ᠡᠭᠦᠨ ᠳᠦ: ᠹᠣᠰᠹᠣᠲᠷᠠᠨᠰᠹᠧᠷᠠᠵᠠ ᠲᠡᠭᠡᠭᠡᠪᠦᠷᠢᠯᠡᠯᠲᠡ ᠶᠢᠨ ᠰᠢᠰᠲ᠋ᠧᠮ ᠦᠨ ᠡᠩᠢᠮII, ᠴᠢᠲ᠋ᠣᠫᠯᠠᠽᠮ ᠤᠨ ᠮᠸᠠᠮᠪᠷᠠᠨ ᠳᠠᠬᠤ ᠭᠡᠷᠡᠯ ᠪᠣᠯᠤᠨ ᠬᠦᠴᠢᠯᠲᠥᠷᠦᠭᠴᠢ ᠶᠢᠨ ᠷᠧᠼᠧᠫᠲ᠋ᠣᠷ᠂ ᠫᠧᠷᠢᠫᠯᠠᠽᠮ ᠤᠨ ᠵᠠᠪᠰᠠᠷ ᠳᠠᠬᠤ ᠬᠣᠯᠪᠣᠭᠴᠢ ᠠᠭᠤᠷᠤᠭ ᠤᠳ ᠰᠢᠯᠪᠢᠭᠦᠷ ᠦᠨ ᠡᠷᠭᠢᠯᠲᠡ ᠶᠢᠨ ᠴᠢᠭ ᠲᠦ ᠨᠥᠯᠦᠭᠡᠯᠡᠳᠡᠭ᠃

ᠪᠠᠺᠲ᠋ᠧᠷᠢ ᠶᠢᠨ ᠬᠢᠮᠢ ᠶᠢᠨ ᠴᠣᠴᠢᠷᠠᠯ ᠪᠤᠶᠤ ᠪᠣᠳᠠᠰ ᠤᠨ ᠽvᠭ ᠣᠶᠢᠷᠠᠳᠬᠤ ᠡᠰᠡᠪᠡᠯ ᠲvvᠨ ᠡᠴᠡ ᠵᠤᠭᠠᠲᠠᠬᠤ ᠦᠢᠯᠡᠳᠦᠯ ᠢ ᠬᠢᠮᠣᠲ᠋ᠠᠺᠰᠢᠰ ᠭᠡᠳᠡᠭ᠃ ᠪᠠᠺᠲ᠋ᠧᠷᠢ ᠴᠢᠲ᠋ᠣᠫᠯᠠᠽᠮ ᠤᠨ ᠮᠸᠠᠮᠪᠷᠠᠨ ᠳᠠᠬᠤ ᠰᠠᠨᠠᠬᠤ ᠰᠢᠰᠲ᠋ᠧᠮ ᠢᠶᠡᠷ ᠢᠶᠡᠨ ᠬᠢᠮᠢ ᠶᠢᠨ ᠴᠣᠴᠢᠷᠠᠯ ᠤᠨ ᠣᠳᠣ ᠪᠠᠶᠢᠭ᠎ᠠ ᠺᠣᠨᠼᠧᠨᠲᠷᠠᠼ ᠢ ᠤᠷᠳᠤᠬᠢ ᠤᠷᠴᠢᠨ ᠳᠤ ᠪᠠᠶᠢᠭᠰᠠᠨ ᠺᠣᠨᠼᠧᠨᠲᠷᠠᠼᠢ ᠲᠠᠢ ᠨᠢ ᠬᠠᠷᠢᠴᠠᠭᠤᠯᠤᠨ ᠲᠠᠨᠢᠵᠤ᠂ ᠳᠣᠬᠢᠶᠠᠯᠠᠯ ᠢ ᠰᠢᠯᠪᠢᠭᠦᠷᠲᠦ ᠳᠠᠮᠵᠢᠭᠤᠯᠠᠨ᠎ᠠ᠃ ᠪᠠᠺᠲ᠋ᠧᠷᠢ ᠶᠢ ᠥᠪᠡᠷ ᠦᠨ ᠵᠦᠭ ᠲᠠᠲᠠᠬᠤ ᠰᠡᠳᠡᠭᠡᠭᠴᠢ ᠶᠢ ᠬᠢᠮᠣᠲᠷᠠᠺᠲ᠋ᠠᠨᠲ᠂ chemoat-tractant, ᠬᠥᠳᠡᠯᠭᠡᠭᠡᠨ ᠢ ᠨᠢ ᠡᠶᠡᠷᠡᠭ ᠬᠢᠮᠣᠲ᠋ᠠᠺᠰᠢᠰ᠂ ᠬᠠᠷᠢᠨ ᠪᠣᠳᠠᠰ ᠠᠴᠠ ᠵᠤᠭᠲᠠᠭᠠᠵᠤ ᠪᠠᠶᠢᠪᠠᠯ ᠲᠤᠬᠠᠢ ᠶᠢᠨ ᠪᠣᠳᠠᠰ ᠢ ᠬᠢᠮᠣᠷᠧᠫᠧᠯᠯᠧᠨᠲ᠂ chemorepellent, vᠢᠯᠡᠳᠦᠯ ᠢ ᠨᠢ ᠰᠥᠷᠭᠦ ᠬᠢᠮᠣᠲ᠋ᠠᠺᠰᠢᠰ ᠭᠡᠳᠡᠭ᠃ ᠪᠠᠺᠲ᠋ᠧᠷᠢ ᠪᠣᠳᠠᠰ ᠠᠴᠠ ᠭᠠᠳᠠᠨ᠎ᠠ ᠣᠷᠴᠢᠨ ᠤ ᠪᠤᠰᠤᠳ ᠰᠡᠳᠡᠭᠡᠭᠴᠢ ᠶᠢ ᠮᠡᠳᠡᠷᠡᠨ᠂ ᠬᠠᠷᠢᠭᠤ ᠬᠥᠳᠡᠯᠭᠡᠭᠡᠨ ᠬᠢᠳᠡᠭ᠃ ᠵᠠᠷᠢᠮ ᠪᠠᠺᠲ᠋ᠧᠷᠢ ᠮᠠᠭᠨᠧᠲ᠋ᠣᠰᠤᠮ᠎ᠠ ᠭᠡᠬᠦ ᠤᠷᠭᠠᠨ ᠨᠢᠮᠭᠡᠨ ᠪїᠷᠬїїᠯ ᠲᠡᠢ᠂ ᠰᠣᠷᠢᠨᠵᠢᠨ᠂ ᠲᠡᠮᠦᠷ ᠦᠨ ᠣᠺᠰᠢ ᠳᠤ (Fe3O4) ᠍ ᠢ ᠠᠭᠤᠯᠵᠤ᠂ ᠰᠣᠷᠢᠨᠵᠢᠨ ᠲᠠᠯᠠᠪᠠᠢ ᠳᠤ ᠲᠠᠲᠠᠭᠳᠠᠭᠰᠠᠨ ᠬᠥᠳᠡᠯᠭᠡᠭᠡᠨ᠂ ᠮᠠᠭᠨᠧᠲ᠋ᠣᠲ᠋ᠠᠺᠰᠢᠰ᠂ magnetotaxis ᠬᠢᠳᠡᠭ᠃ ᠭᠡᠷᠡᠯ ᠦᠨ ᠡᠷᠴᠢᠮ ᠦᠨ ᠢᠯᠭᠠᠭ᠎ᠠ ᠶᠢ ᠮᠡᠳᠡᠷᠡᠨ᠂ ᠬᠢᠵᠦ ᠪᠠᠶᠢᠭ᠎ᠠ ᠬᠥᠳᠡᠯᠭᠡᠭᠡᠨ ᠢ ᠹᠣᠲ᠋ᠣᠲ᠋ᠠᠺᠰᠢᠰ ᠭᠡᠳᠡᠭ᠃ ᠤᠰᠤᠨ ᠤ ᠪᠠᠺᠲ᠋ᠧᠷᠢ ᠤᠰᠤᠲᠥᠶᠢᠷᠦᠭᠴᠢ ᠶᠢᠨ ᠬᠡᠢ ᠲᠡᠢ ᠸᠠᠺᠣᠯᠢ vvᠰᠡᠭᠡᠨ ᠵᠢᠩᠭᠡᠨ ᠲᠠᠭᠠᠷᠠᠭᠤᠯᠬᠤ ᠵᠠᠮ ᠢᠶᠠᠷ᠂ ᠹᠣᠲ᠋ᠣᠰᠢᠨᠲ᠋ᠧᠽ ᠶᠠᠪᠤᠭᠳᠠᠬᠤ ᠲᠣᠬᠢᠷᠠᠮᠵᠢᠲᠠᠢ ᠤᠰᠤᠨ ᠤ ᠪᠠᠭᠠᠨ᠎ᠠ ᠶᠢᠨ ᠲvᠸᠠᠰᠢᠨ ᠳᠤ ᠰᠢᠯᠵᠢᠨ ᠪᠠᠶᠢᠷᠢᠰᠢᠳᠠᠭ᠃

ᠭᠠᠳᠤᠷ᠎ᠠ ᠳᠤ ᠬᠣᠯᠪᠣᠭᠳᠠᠳᠠᠭ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠯ ᠪᠡᠶᠡᠲᠡᠨ ᠥᠪᠡᠷᠮᠢᠴᠡ ᠪᠦᠲᠦᠴᠡ ᠪᠡᠷ ᠢᠶᠡᠨ ᠭᠠᠳᠤᠷ᠎ᠠ ᠳᠤ ᠬᠣᠯᠪᠣᠭᠳᠠᠳᠠᠭ ᠪᠥᠭᠡᠳ ᠡᠨᠡ ᠨᠢ ᠠᠮᠢᠳᠤ ᠦᠯᠡᠳᠡᠬᠦ ᠳᠦ ᠴᠢᠬᠤᠯᠠ ᠲᠡᠳᠦᠢ ᠶᠢvᠢ ᠬᠠᠯᠳᠠᠪᠤᠷᠢ ᠶᠢᠨ ᠡᠬᠢᠨ ᠦ ᠱᠠᠲᠤ᠂ ᠪᠤᠰᠤᠳ ᠠᠮᠢᠳᠤ ᠣᠷᠭᠠᠨᠢᠰᠮ ᠳᠣᠲᠣᠷ᠎ᠠ ᠦᠷᠡᠵᠢᠯ ᠨᠢ ᠶᠠᠪᠤᠭᠳᠠᠬᠤ ᠨᠥᠬᠥᠴᠡᠯ ᠢ ᠪvᠷ ᠲᠤvvᠯᠳᠡᠭ᠃

  • ᠭᠯᠢᠺᠣᠺᠠᠯᠢᠺᠰ᠂ glycocalyx

ᠣᠯᠠᠨ ᠪᠠᠺᠲ᠋ᠧᠷᠢ ᠶᠢᠨ ᠡᠰᠡ ᠭᠯᠢᠺᠣᠺᠠᠯᠢᠺᠰ ᠭᠡᠬᠦ ᠪїᠲᠦᠴᠡ ᠪᠡᠷ ᠬїᠷᠢᠶᠡᠯᠡᠭᠳᠡᠭᠰᠡᠨ ᠪᠠᠶᠢᠳᠠᠭ᠃ ᠡᠨᠡ ᠪvᠲᠡᠴᠡ ᠪᠠᠺᠲ᠋ᠧᠷᠢ ᠶᠢᠨ ᠨᠢᠭᠡ ᠡᠰ ᠶᠤᠮ ᠤᠤ ᠺᠣᠯᠣᠨᠢ ᠶᠢ ᠬvᠷᠡᠯᠡᠭᠰᠡᠨ᠂ ᠰᠠᠯᠠᠭᠠᠯᠠᠵᠤ ᠣᠷᠢᠶᠠᠴᠠᠯᠳᠤᠭᠰᠠᠨ ᠫᠣᠯᠢ ᠰᠠᠬᠠᠷᠤᠳ ᠤᠨ ᠤᠲᠠᠰᠤᠯᠢᠭ ᠤᠳ ᠶᠤᠮ᠃ ᠭᠯᠢᠺᠣᠺᠠᠯᠢᠺᠰ ᠡᠰ ᠦᠳ ᠢ ᠬᠣᠭᠣᠷᠣᠨᠳᠣ ᠬᠣᠯᠪᠣᠨ ᠡᠰ ᠦᠨ ᠠᠭᠷᠧᠭᠠᠲ vvᠰᠡᠭᠡᠬᠦ ᠶᠢᠨ ᠵᠡᠷᠭᠡᠴᠡᠭᠡ ᠵᠠᠷᠢᠮ ᠪᠠᠺᠲ᠋ᠧᠷᠢ ᠬᠠᠲᠠᠭᠤ ᠭᠠᠳᠤᠷ᠎ᠠ ᠳᠤ ᠬᠣᠯᠪᠣᠭᠳᠠᠬᠤ ᠳᠤ ᠣᠷᠣᠯᠴᠠᠳᠠᠭ᠃ ᠪᠠᠺᠲ᠋ᠧᠷᠢ ᠶᠢᠨ ᠡᠰ ᠡᠴᠡ ᠢᠯᠭᠠᠷᠠᠨ ᠪᠤᠢ ᠪᠣᠯᠳᠠᠭ ᠵᠠᠯᠬᠠᠭ ᠳᠠᠪᠬᠤᠷᠭ᠎ᠠ᠂ slime layer ᠍ ᠠᠴᠠ ᠭᠯᠢᠺᠣᠺᠠᠯᠢᠺᠰ ᠢᠯᠭᠠᠭᠳᠠᠭvᠢ᠃

  • ᠫᠢᠯ᠂ pili

ᠪᠠᠺᠲ᠋ᠧᠷᠢ ᠶᠢᠨ ᠡᠰ ᠡᠴᠡ ᠭᠠᠳᠠᠭᠰᠢ ᠴᠤᠬᠤᠶᠢᠭᠰᠠᠨ᠂ ᠰᠢᠯᠤᠭᠤᠨ᠂ vᠰ ᠮᠡᠲᠦ ᠪvᠲᠡᠴᠡ᠃ ᠫᠢᠯᠠᠭ ᠪᠦᠲᠦᠭᠡᠵᠦ ᠪᠠᠶᠢᠭ᠎ᠠ ᠤᠭᠤᠷᠠᠭ ᠨᠢ ᠨᠢᠭᠡᠨ ᠲᠥᠷᠥᠯ ᠦᠨ ᠫᠢᠯᠢᠨ ᠭᠡᠭᠳᠡᠬᠦ ᠨᠢᠭᠡᠴᠡ ᠡᠴᠡ ᠭᠠᠳᠠᠨ᠎ᠠ ᠹᠣᠰᠹᠠᠲ᠂ ᠺᠠᠷᠪᠣᠭᠢᠳ᠋ᠷᠠ ᠳᠤ ᠠᠭᠤᠯᠠᠭᠰᠠᠨ ᠪᠠᠶᠢᠳᠠᠭ᠃ ᠫᠢᠯ vvᠷ ᠡᠴᠡ ᠪᠡᠨ ᠬᠠᠮᠢᠶᠠᠷᠤᠨ ᠣᠯᠠᠨ ᠲᠥᠷᠥᠯ ᠪᠠᠶᠢᠨ᠎ᠠ᠃ ᠤᠳᠤᠮ ᠤᠨ ᠮᠡᠳᠡᠭᠡᠯᠡᠯ ᠢᠶᠡᠨ ᠰᠣᠯᠢᠯᠴᠠᠵᠤ ᠪᠠᠶᠢᠭ᠎ᠠ ᠳ᠋ᠣᠨᠤᠷ᠂ ᠷᠧᠼᠢᠫᠢᠶᠠᠨᠲ ᠪᠠᠺᠲ᠋ᠧᠷᠢ ᠶᠢᠨ ᠡᠰᠡ ᠬᠣᠯᠪᠣᠭᠣᠳᠠᠬᠤ ᠳᠤ ᠣᠷᠣᠯᠴᠠᠵᠤ ᠪᠠᠶᠢᠭ᠎ᠠ ᠲᠥᠷᠥᠯ ᠢ ᠨᠢ ᠫᠢᠯ᠂ pilus ᠪᠤᠰᠤᠳ ᠲᠣᠬᠢᠶᠠᠯᠳᠤᠯ ᠲᠤᠬᠠᠶᠢᠯᠠᠪᠠᠯ ᠡᠵᠡᠨ ᠡᠰ ᠲᠦ ᠨᠠᠭᠠᠯᠳᠤᠬᠤ ᠳᠤ ᠣᠷᠣᠯᠴᠠᠳᠠᠭ ᠪᠣᠯ ᠹᠢᠩᠪᠷᠢ᠂ fimbriae ᠭᠡᠵᠦ ᠨᠡᠷᠡᠯᠡᠳᠡᠭ᠃

F ᠫᠢᠯ᠂ F pilus-ᠤᠳᠤᠮ ᠤᠨ ᠮᠡᠳᠡᠭᠡᠯᠡᠯ ᠰᠣᠯᠢᠯᠴᠠᠵᠤ ᠪᠠᠶᠢᠭ᠎ᠠ ᠪᠠᠺᠲ᠋ᠧᠷᠢ ᠶᠢᠨ ᠡᠰᠡїїᠳ᠋ᠢ ᠶᠢᠨ ᠬᠣᠭᠣᠷᠣᠨᠳᠣ ᠬᠣᠯᠪᠣᠭᠠᠰᠤ їїᠰᠡᠭᠡᠳᠡᠭ᠃ F ᠫᠢᠯ ᠳ᠋ᠣᠨᠤᠷ ᠪᠤᠶᠤ ᠳᠧᠽᠣᠺᠰᠢᠷᠢᠪᠨᠢᠺᠯᠧᠢᠨ ᠦ ᠬᠦᠴᠢᠯ ᠦᠨ ᠬᠡᠰᠡᠭ ᠢᠶᠡᠨ ᠥᠭᠴᠦ ᠪᠠᠶᠢᠭ᠎ᠠ ᠪᠠᠺᠲ᠋ᠧᠷᠢ ᠶᠢᠨ ᠡᠰ ᠲᠦ ᠪᠠᠶᠢᠨ᠎ᠠ᠃ ᠳ᠋ᠣᠨᠤᠷ ᠪᠠᠺᠲ᠋ᠧᠷᠢ F ᠫᠢᠯᠢᠭ ᠢᠶᠡᠷ ᠢᠶᠡᠨ ᠷᠧᠼᠢᠫᠢᠶᠠᠨᠲ ᠪᠠᠺᠲ᠋ᠧᠷᠢ ᠲᠠᠢ ᠬᠣᠯᠪᠣᠭᠳᠠᠵᠤ᠂ ᠬᠥᠨᠳᠡᠢ ᠪїᠬᠡᠢ ᠭᠦᠦᠷᠡ ᠡᠭᠦᠰᠦᠨ᠂ ᠡᠭᠦᠪᠡᠷ ᠳᠧᠽᠣᠺᠰᠢᠷᠢᠪᠨᠢᠺᠯᠧᠢᠨ ᠦ ᠬᠦᠴᠢᠯ ᠦᠨ ᠬᠡᠰᠡᠭ ᠳᠠᠮᠵᠢᠳᠠᠭ᠃ ᠲvvᠨᠴᠢᠯᠡᠨ ᠫᠢᠯ ᠵᠠᠷᠢᠮ ᠪᠠᠺᠲ᠋ᠧᠷᠢᠣᠹᠠ ᠶᠢᠨ ᠷᠧᠼᠧᠫᠲ᠋ᠣᠷ ᠪᠣᠯᠬᠤ ᠶᠢᠨ ᠵᠡᠷᠭᠡᠴᠡᠭᠡ ᠪᠠᠺᠲ᠋ᠧᠷᠢ ᠹᠢᠩᠪᠷᠢ ᠪᠡᠷ ᠢᠶᠡᠨ ᠡᠤᠶᠢᠷᠶᠣᠲ᠋ ᠡᠰ ᠦᠨ ᠭᠠᠳᠠᠷ ᠳᠠᠬᠤ ᠥᠪᠡᠷᠮᠢᠴᠡ ᠷᠧᠼᠧᠫᠲ᠋ᠣᠷ ᠢ ᠲᠠᠨᠢᠵᠤ ᠨᠠᠭᠠᠯᠳᠤᠳᠠᠭ᠃

ᠤᠳᠤᠮ ᠤᠨ ᠮᠡᠳᠡᠭᠡᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠺᠲ᠋ᠧᠷᠢ ᠶᠢᠨ ᠤᠳᠤᠮ ᠤᠨ ᠮᠡᠳᠡᠭᠡᠯᠡᠯ ᠢ ᠨᠢᠭᠡ ᠾᠷᠣᠮᠣᠰᠤᠮ᠎ᠠ ᠠᠭᠤᠯᠬᠤ ᠪᠥᠭᠡᠳ ᠴᠠᠭᠠᠷᠢᠭ ᠲᠣᠭᠲᠠᠴᠠ ᠲᠠᠢ ᠳᠧᠽᠣᠺᠰᠢᠷᠢᠪᠨᠢᠺᠯᠧᠢᠨ ᠦ ᠬᠦᠴᠢᠯ ᠶᠢᠨ ᠨᠢᠭᠡ ᠮᠣᠯᠧᠺᠤᠯ ᠠᠴᠠ ᠪᠥᠷᠢᠳᠦᠨ᠎ᠡ᠃ ᠳᠧᠽᠣᠺᠰᠢᠷᠢᠪᠨᠢᠺᠯᠧᠢᠨ ᠦ ᠬᠦᠴᠢᠯ ᠦᠨ ᠨᠢᠺᠯᠶᠣᠲ᠋ᠢᠳ ᠦᠨ ᠲᠣᠭᠠᠨ ᠠᠴᠠ ᠬᠠᠮᠢᠶᠠᠷᠤᠨ ᠮᠣᠯᠧᠺᠤᠯ ᠵᠢᠩ ᠨᠢ ᠪᠠᠺᠲ᠋ᠧᠷᠢ ᠶᠢᠨ ᠲᠥᠷᠥᠯ ᠵᠦᠢᠯ ᠳᠦ ᠬᠠᠷᠢᠯᠴᠠᠨ ᠠᠳᠠᠯᠢ ᠦᠭᠡᠢ ᠪᠣᠯᠪᠠᠴᠤ ᠳᠤᠮᠳᠠᠴᠢ ᠪᠠᠷ 5 ᠬ 10- 15 ᠭᠷᠠᠮ ᠵᠢᠩ ᠲᠡᠢ ᠪᠠᠶᠢᠳᠠᠭ᠃ E. coli ᠍ ᠦᠨ ᠳᠧᠽᠣᠺᠰᠢᠷᠢᠪᠨᠢᠺᠯᠧᠢᠨ ᠦ ᠬᠦᠴᠢᠯ 4.7 ᠬ 106 ᠬᠣᠣᠰ ᠨᠢᠺᠯᠶᠣᠲ᠋ᠢᠳ ᠲᠡᠢ᠃

ᠪᠠᠺᠲ᠋ᠧᠷᠢ ᠶᠢᠨ ᠳᠧᠽᠣᠺᠰᠢᠷᠢᠪᠨᠢᠺᠯᠧᠢᠨ ᠦ ᠬᠦᠴᠢᠯ ᠡᠰ ᠦᠨ ᠴᠢᠲ᠋ᠣᠫᠯᠠᠽᠮ ᠳᠤ ᠤᠷᠤᠰᠢᠬᠤ ᠪᠥᠭᠡᠳ ᠵᠠᠷᠢᠮ ᠬᠡᠰᠡᠭ ᠨᠢᠺᠯᠶᠣᠲ᠋ᠢᠳ ᠦᠨ ᠳᠠᠷᠠᠭᠠᠯᠠᠯ ᠨᠢ ЦМ ᠍ ᠲᠠᠢ ᠬᠣᠯᠪᠣᠭᠠᠲᠠᠢ ᠪᠠᠶᠢᠨ᠎ᠠ᠃ ᠳᠧᠽᠣᠺᠰᠢᠷᠢᠪᠨᠢᠺᠯᠧᠢᠨ ᠦ ᠬᠦᠴᠢᠯ ᠦᠨ ᠡᠷᠴᠢᠯᠡᠯᠲᠡ ᠶᠢᠨ ᠵᠡᠷᠭᠡ ᠥᠨᠳᠥᠷ: ᠳᠧᠽᠣᠺᠰᠢᠷᠢᠪᠨᠢᠺᠯᠧᠢᠨ ᠦ ᠬᠦᠴᠢᠯ ᠦᠨ ᠤᠲᠠᠰᠤᠯᠢᠭ ᠤᠨ ᠡᠷᠡᠴᠢᠯᠡᠭᠳᠡᠭᠡ ᠶᠢvᠢ ᠪᠠᠶᠢᠭ᠎ᠠ ᠬᠡᠯᠪᠡᠷᠢ ᠶᠢᠨ ᠤᠷᠲᠤ 1 ᠮᠢᠯᠯᠢᠮᠧᠲ᠋ᠷ᠂ ᠡᠰ ᠦᠨ ᠳᠣᠲᠣᠷ᠎ᠠ ᠪᠠᠶᠢᠭ᠎ᠠ᠂ ᠡᠷᠡᠴᠢᠯᠡᠭᠳᠡᠭᠰᠡᠨ ᠲᠣᠬᠢᠶᠠᠯᠳᠤᠯ ᠳᠤ 1 ᠮᠺᠮ ᠬᠡᠮᠵᠢᠶ᠎ᠡ ᠲᠡᠢ᠃ ᠪᠠᠺᠲ᠋ᠧᠷᠢ ᠶᠢᠨ ᠾᠷᠣᠮᠣᠰᠤᠮ᠎ᠠ ᠶᠢᠨ ᠳᠧᠽᠣᠺᠰᠢᠷᠢᠪᠨᠢᠺᠯᠧᠢᠨ ᠦ ᠬᠦᠴᠢᠯ ᠦᠨ ᠪvᠲᠦᠴᠡ ᠳᠦ ᠭᠢᠰᠲ᠋ᠣᠨ ᠤ ᠤᠭᠤᠷᠠᠭ ᠪᠠᠶᠢᠳᠠᠭᠠᠭvᠢ᠃ ᠾᠷᠣᠮᠣᠰᠤᠮ᠎ᠠ ᠳᠤ ᠳᠧᠽᠣᠺᠰᠢᠷᠢᠪᠨᠢᠺᠯᠧᠢᠨ ᠦ ᠬᠦᠴᠦᠯᠡ ᠦᠨ ᠷᠧᠫᠯᠢᠺᠶᠠᠴᠢ᠂ ᠳᠧᠽᠣᠺᠰᠢᠷᠢᠪᠨᠢᠺᠯᠧᠢᠨ ᠦ ᠬᠦᠴᠢᠯ ᠳ᠋ᠡᠬᠢ ᠤᠳᠤᠮ ᠤᠨ ᠮᠡᠳᠡᠭᠡᠯᠡᠯ ᠷᠢᠪᠨᠢᠺᠯᠧᠢ ᠶᠢᠨ ᠬᠦᠴᠢᠯ ᠳᠦ ᠬᠠᠭᠤᠯᠪᠤᠷᠢᠯᠠᠭᠳᠠᠬᠤ ᠲᠷᠠᠨᠰᠺᠷᠢᠫᠴᠡ ᠶᠢᠨ ᠶᠠᠪᠤᠴᠠ᠂ ᠭᠸᠨ ᠦ ᠡᠺᠰᠫᠷᠧᠰ ᠲᠡᠢ ᠬᠣᠯᠪᠣᠭ᠎ᠠ ᠲᠠᠢ ᠠᠭᠤᠷᠤᠭ ᠤᠳ ᠪᠠᠶᠢᠨ᠎ᠠ᠃ ᠪᠠᠺᠲ᠋ᠧᠷᠢ ᠶᠢᠨ ᠾᠷᠣᠮᠣᠰᠤᠮ᠎ᠠ ᠶᠢᠨ ᠷᠧᠫᠯᠢᠺᠶᠠᠴᠢ ᠡᠰ ᠦᠨ ᠬᠤᠪᠢᠶᠠᠭᠳᠠᠯᠲᠠᠢ ᠬᠣᠯᠪᠣᠭ᠎ᠠ ᠲᠠᠢ ᠶᠠᠪᠤᠭᠳᠠᠳᠠᠭ᠃ ᠪᠠᠺᠲ᠋ᠧᠷᠢ ᠶᠢᠨᠡᠰᠡ ᠬᠤᠪᠢᠶᠠᠭᠳᠠᠵᠤ᠂ ᠡᠬᠡ ᠡᠰ ᠡᠴᠡ ᠬᠣᠶᠠᠷ ᠰᠢᠨ᠎ᠡ ᠡᠰᠡ ᠪᠤᠢ ᠪᠣᠯᠬᠤ ᠵᠠᠮ ᠢᠶᠠᠷ vᠷᠵᠢᠳᠡᠭ᠃ ᠡᠨᠡ ᠶᠠᠪᠤᠴᠠ ᠳᠤ ᠡᠰᠡ ᠲᠤᠰ ᠪїᠷ ᠤᠳᠤᠮ ᠤᠨ ᠮᠡᠳᠡᠭᠡᠯᠡᠯ ᠢ ᠥᠪᠯᠡᠨ ᠠᠪᠳᠠᠭ ᠤᠴᠢᠷ ᠠᠴᠠ ᠡᠰ ᠦᠨ ᠬᠤᠪᠢᠶᠠᠭᠳᠠᠯ ᠶᠠᠪᠤᠭᠳᠠᠬᠤ ᠠᠴᠠ ᠡᠮᠦᠨ᠎ᠡ ᠳᠧᠽᠣᠺᠰᠢᠷᠢᠪᠨᠢᠺᠯᠧᠢᠨ ᠦ ᠬᠦᠴᠢᠯ- ᠡᠶᠢᠨ ᠷᠧᠫᠯᠢᠺᠶᠠᠴᠢ ᠳᠠᠭᠤᠰᠴᠢ᠂ ᠡᠰᠡ ᠬᠤᠪᠢᠶᠠᠭᠳᠠᠬᠤ ᠳᠤ ЦМ, ᠡᠰ ᠦᠨ ᠬᠠᠨ᠎ᠠ ᠳᠣᠲᠣᠭᠰᠢ ᠲїᠷᠢᠨ ᠪᠤᠢ ᠪᠣᠯᠳᠠᠭ ᠰᠧᠫᠲ᠋ᠦᠶᠢᠮ vvᠰᠡᠬᠡ ᠶᠠᠪᠤᠴᠠ ᠶᠢ ᠵᠣᠬᠢᠴᠠᠭᠤᠯᠳᠠᠭ ᠭᠸᠨ ᠦ ᠡᠺᠰᠫᠷᠧᠰ ᠶᠠᠪᠤᠭᠳᠠᠨ᠎ᠠ᠃

ᠪᠠᠺᠲ᠋ᠧᠷᠢ ᠳᠤ ᠾᠷᠣᠮᠣᠰᠣᠮ ᠠᠴᠠ ᠭᠠᠳᠠᠨ᠎ᠠ ᠴᠠᠭᠠᠷᠢᠭ ᠲᠣᠭᠲᠠᠴᠠ ᠲᠠᠢ ᠨᠢᠭᠡ ᠪᠠ ᠬᠡᠳᠦ ᠬᠡᠳᠦᠨ ᠳᠧᠽᠣᠺᠰᠢᠷᠢᠪᠨᠢᠺᠯᠧᠢᠨ ᠦ ᠬᠦᠴᠢᠯ ᠦᠨ ᠮᠣᠯᠧᠺᠤᠯ ᠪᠠᠶᠢᠨ᠎ᠠ᠃ Yvᠨᠢᠭᠢᠭ ᠫᠯᠠᠽᠮ ᠳᠤ ᠭᠡᠳᠡᠭ᠃ ᠫᠯᠠᠽᠮ ᠳᠤ ᠪᠠᠺᠲ᠋ᠧᠷᠢ ᠶᠢᠨ ᠽvᠢᠯ ᠪvᠷᠲ ᠲᠣᠬᠢᠶᠠᠯᠳᠤᠳᠠᠭ ᠦᠭїᠢ᠃ ᠪᠠᠺᠲ᠋ᠧᠷᠢ ᠶᠢᠨ ᠫᠯᠠᠽᠮ ᠳᠤ ᠾᠷᠣᠮᠣᠰᠤᠮ᠎ᠠ ᠶᠢᠨ 5-10% ᠍ ᠲᠠᠢ ᠲᠡᠩᠴᠡᠬᠦ ᠬᠡᠮᠵᠢᠶ᠎ᠡ ᠲᠡᠢ ᠪᠣᠯᠪᠠᠴᠤ ᠠᠭᠤᠯᠵᠤ ᠪᠠᠶᠢᠭ᠎ᠠ ᠨᠡᠮᠡᠯᠲᠡ ᠮᠡᠳᠡᠭᠡᠯᠡᠯ ᠨᠢ ᠤᠳᠤᠮ ᠤᠨ ᠮᠡᠳᠡᠭᠡᠯᠡᠯ ᠰᠤᠯᠢᠯᠴᠠᠬᠤ᠂ ᠬᠣᠣᠷ їїᠰᠡᠭᠡᠬᠦ᠂ ᠠᠩᠲ᠋ᠢᠪᠢᠣᠲ᠋ᠧᠺ ᠬїᠨᠳ ᠮᠧᠲ᠋ᠠᠯ ᠤᠨ ᠳᠠᠪᠤᠰᠠᠩ ᠳᠤ ᠲᠡᠰᠪᠦᠷᠢᠲᠡᠢ ᠪᠠᠶᠢᠬᠤ ᠰᠢᠨᠵᠢ ᠶᠢ ᠲᠣᠳᠣᠷᠬᠠᠶᠢᠯᠠᠳᠠᠭ ᠲᠤᠯᠠ ᠪᠠᠺᠲ᠋ᠧᠷᠢ ᠠᠮᠢᠳᠤ їᠯᠳᠦᠬᠦ ᠳᠦ ᠠᠴᠢ ᠲᠤᠰᠠ ᠲᠠᠢ᠃ ᠫᠯᠠᠽᠮᠢᠳ ᠤᠨ ᠬᠡᠮᠵᠢᠶ᠎ᠡ ᠵᠢᠵᠢᠭ᠂ ᠷᠧᠫᠯᠢᠺᠶᠠᠴᠢ ᠨᠢ ᠾᠷᠣᠮᠣᠰᠣᠮ ᠠᠴᠠ ᠬᠠᠮᠢᠶᠠᠷᠤᠯ ᠦᠭᠡᠢ ᠶᠠᠪᠤᠭᠳᠠᠳᠠᠭ᠂ ᠡᠰᠡ ᠬᠣᠭᠣᠷᠣᠨᠳᠣ ᠳᠠᠮᠵᠢᠳᠠᠭ ᠰᠢᠨᠵᠢ ᠶᠢ ᠨᠢ їᠨᠳᠡᠰᠯᠡᠨ ᠭᠸᠨ ᠦ ᠢᠨᠵᠧᠨᠧᠷ ᠦᠨ ᠰᠤᠳᠤᠯᠤᠭᠠᠨ ᠳᠤ ᠲїᠭᠡᠭᠡᠮᠡᠯ ᠬᠡᠷᠡᠭᠯᠡᠳᠡᠭ᠃

ᠷᠢᠪᠣᠰᠤᠮ᠎ᠠ᠂ ᠤᠭᠤᠷᠠᠭ ᠤᠨ ᠨᠡᠶᠢᠯᠡᠭᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰ ᠦᠨ ᠪᠣᠳᠠᠰ ᠤᠨ ᠰᠣᠯᠢᠯᠴᠠᠭᠠᠨ ᠤ ᠡᠩᠢᠮ᠂ ᠡᠰᠬᠡᠭ᠂ ᠢᠰᠭᠡᠬᠦᠷ ᠦᠨ ᠠᠮᠢᠨ ᠬᠦᠴᠢᠯ ᠦᠨ ᠳᠠᠷᠠᠭᠠᠯᠠᠯ ᠳᠧᠽᠣᠺᠰᠢᠷᠢᠪᠨᠢᠺᠯᠧᠢᠨ ᠦ ᠬᠦᠴᠢᠯ ᠦᠨ ᠨᠢᠺᠯᠶᠣᠲ᠋ᠢᠳ ᠢᠶᠡᠷ ᠲᠣᠳᠣᠷᠬᠠᠶᠢᠯᠠᠭᠳᠠᠨ᠎ᠠ᠃ ᠳᠧᠽᠣᠺᠰᠢᠷᠢᠪᠨᠢᠺᠯᠧᠢᠨ ᠦ ᠬᠦᠴᠢᠯ ᠳ᠋ᠡᠬᠢ ᠤᠳᠤᠮ ᠤᠨ ᠮᠡᠳᠡᠭᠡᠯᠡᠯ ᠦᠨ ᠳᠠᠭᠠᠤ ᠤᠭᠤᠷᠠᠭ ᠨᠡᠶᠢᠯᠡᠭᠵᠢᠬᠦ ᠶᠠᠪᠤᠴᠠ ᠷᠢᠪᠣᠰᠤᠮ᠎ᠠ ᠳᠡᠭᠡᠷ᠎ᠡ ᠶᠠᠪᠤᠭᠳᠠᠳᠠᠭ᠃ ᠷᠢᠪᠣᠰᠤᠮ᠎ᠠ ᠴᠢᠲ᠋ᠣᠫᠯᠠᠽᠮ ᠳᠤ ᠪᠠᠶᠢᠳᠠᠭ᠂ ᠤᠭᠤᠷᠠᠭ᠂ ᠷᠢᠪᠣᠰᠤᠮ᠎ᠠ ᠶᠢᠨ ᠷᠢᠪᠨᠢᠺᠯᠧᠢ ᠶᠢᠨ ᠬᠦᠴᠢᠯ᠂ ᠷᠷᠩᠬ ᠡᠴᠡ ᠪїᠷᠳᠡᠳᠡᠭ ᠣᠷᠭᠠᠨᠧᠯᠯ ᠶᠤᠮ᠃ ᠫᠷᠣᠺᠠᠷᠢᠭ᠎ᠠ ᠳᠤ ᠡᠰ ᠦᠨ ᠷᠢᠪᠣᠰᠤᠮ᠎ᠠ ᠶᠢᠨ ᠬᠣᠶᠠᠷ ᠳᠡᠳ᠋ ᠨᠢᠭᠡᠴᠡ Mg++ᠢᠶᠤᠨ ᠤ ᠣᠷᠣᠯᠴᠠᠭ᠎ᠠ ᠲᠠᠢ ᠡᠨᠧᠷᠭᠢ ᠵᠠᠷᠤᠴᠠᠭᠤᠯᠤᠨ ᠬᠣᠭᠣᠷᠣᠨᠳᠣ ᠪᠠᠨ ᠨᠢᠭᠡᠳᠴᠦ᠂ ᠤᠭᠤᠷᠠᠭ ᠨᠡᠶᠢᠯᠡᠭᠵᠢᠭᠦᠯᠬᠦ ᠢᠳᠡᠪᠬᠢᠲᠡᠢ ᠪᠣᠯᠳᠠᠭ᠃ ᠳᠧᠽᠣᠺᠰᠢᠷᠢᠪᠨᠢᠺᠯᠧᠢᠨ ᠦ ᠬᠦᠴᠢᠯ ᠳ᠋ᠡᠬᠢ ᠤᠭᠤᠷᠠᠭ ᠤᠨ ᠮᠡᠳᠡᠭᠡᠯᠡᠯ ᠢ ᠬᠠᠭᠤᠯᠪᠤᠷᠢᠯᠠᠭᠰᠠᠨ ᠮᠷᠩᠬ ᠦᠨ ᠳᠠᠭᠠᠤ ᠷᠢᠪᠣᠰᠤᠮ᠎ᠠ ᠳᠡᠭᠡᠷ᠎ᠡ ᠤᠭᠤᠷᠠᠭ ᠨᠡᠶᠢᠯᠡᠭᠵᠢᠨ᠎ᠡ᠃ ᠫᠷᠣᠺᠠᠷᠢᠭ᠎ᠠ ᠳᠤ ᠡᠰᠡ 30S ᠪᠠ 50S ᠳᠡᠳ᠋ ᠨᠢᠭᠡᠴᠡvvᠳᠡᠭᠡᠰᠦ ᠪїᠷᠳᠡᠳᠡᠭ 70S ᠷᠢᠪᠣᠰᠤᠮ ᠲᠠᠢ᠃ 30S ᠨᠢᠭᠡᠴᠡ ᠶᠢ 21 ᠤᠭᠤᠷᠠᠭ᠂ 16S ᠷᠷᠩᠬ ᠪvᠷ ᠲᠤvvᠯᠢᠬᠦ ᠪᠥᠭᠡᠳ ᠳᠤᠮᠳᠠᠴᠢ ᠪᠠᠷ 1540 ᠨᠢᠺᠯᠶᠣᠲ᠋ᠢᠳ᠋ ᠠᠭᠤᠯᠠᠨ᠎ᠠ᠃ ᠬᠠᠷᠢᠨ 50S ᠨᠢᠭᠡᠴᠡ ᠶᠢᠨ ᠪїᠷᠦᠳᠡᠯ ᠳᠦ ᠣᠶᠢᠷᠠᠯᠴᠠᠭ᠎ᠠ ᠪᠠᠷ 2900 ᠨᠢᠺᠯᠶᠣᠲ᠋ᠢᠳ ᠲᠡᠢ 34 ᠣᠷᠴᠢᠮ ᠤᠭᠤᠷᠠᠭ᠂ 23S ᠷᠷᠩᠬ ᠲᠡᠢ ᠬᠡᠰᠡᠭ᠂ 120 ᠣᠷᠴᠢᠮ ᠨᠢᠺᠯᠶᠣᠲ᠋ᠢᠳ ᠲᠡᠢ 5S ᠷᠷᠩᠬ ᠣᠷᠣᠳᠠᠭ᠃ ᠡᠤᠶᠢᠷᠶᠣᠲ᠋ ᠡᠰ ᠦᠨ 80S ᠷᠢᠪᠣᠰᠤᠮ᠎ᠠ ᠶᠢᠨ ᠤᠭᠤᠷᠠᠭ᠂ ᠷᠢᠪᠨᠢᠺᠯᠧᠢ ᠶᠢᠨ ᠬᠦᠴᠢᠯ ᠪᠣᠯᠤᠨ ᠪᠦᠲᠦᠴᠡ ᠨᠢ ᠫᠷᠣᠺᠠᠷᠢᠭ᠎ᠠ ᠳᠤ ᠡᠰ ᠦᠨ ᠷᠢᠪᠣᠰᠣᠮ ᠠᠴᠠ ᠢᠯᠭᠠᠭ᠎ᠠ ᠲᠠᠢ ᠲᠤᠯᠠ ᠷᠢᠪᠣᠰᠤᠮ᠎ᠠ ᠳᠤ ᠨᠥᠯᠦᠭᠡᠯᠡᠳᠡᠭ ᠬᠢᠮᠢ ᠵᠠᠰᠠᠯ ᠤᠨ ᠪᠡᠯᠡᠳᠦᠮᠡᠯ ᠢ ᠡᠮᠴᠢᠯᠡᠭᠡᠨ ᠳᠦ ᠬᠡᠷᠡᠭᠯᠡᠬᠦ ᠦᠨᠳᠦᠰᠦ ᠪᠣᠯᠳᠠᠭ᠃ ᠪᠣᠳᠠᠰ ᠤᠨ ᠰᠣᠯᠢᠯᠴᠠᠭᠠᠨ ᠤ ᠠᠭᠤᠷᠤᠭ ᠤᠳ ᠷᠢᠪᠣᠰᠤᠮ᠎ᠠ ᠳᠡᠭᠡᠷ᠎ᠡ ᠨᠡᠶᠢᠯᠡᠭᠵᠢᠵᠦ᠂ ᠡᠰ ᠢ ᠪᠦᠲᠦᠭᠡᠭᠴᠢ ᠮᠠᠺᠷᠣ ᠨᠢᠭᠡᠳᠦᠯ ᠢ ᠪᠤᠢ ᠪᠣᠯᠭᠠᠬᠤ ᠶᠢᠨ ᠵᠡᠷᠭᠡᠴᠡᠭᠡ ᠡᠨᠧᠷᠭᠡ ᠪᠤᠢ ᠪᠣᠯᠭᠠᠬᠤ ᠦᠢᠯᠡ ᠶᠠᠪᠤᠴᠠ ᠶᠢ ᠵᠣᠬᠢᠴᠠᠭᠤᠯᠳᠠᠭ᠃ ᠡᠷᠢᠲ᠋ᠷᠣᠮᠢᠼᠢᠨ᠂ ᠰᠲᠷᠧᠫᠲ᠋ᠣᠮᠢᠼᠢᠨ ᠵᠡᠷᠭᠡ ᠠᠩᠲ᠋ᠢᠪᠢᠣᠲ᠋ᠧᠺ ᠤᠳ ᠰᠣᠩᠭᠣᠮᠠᠯ ᠢᠶᠠᠷ 70S ᠷᠢᠪᠣᠰᠤᠮ᠎ᠠ ᠶᠢᠨ ᠬᠡᠯᠪᠡᠷᠢ ᠶᠢ ᠥᠭᠡᠷᠡᠴᠢᠯᠡᠬᠦ ᠵᠠᠮ ᠢᠶᠠᠷ ᠪᠠᠺᠲ᠋ᠧᠷᠢ ᠶᠢᠨ ᠤᠭᠤᠷᠠᠭ ᠤᠨ ᠨᠡᠶᠢᠯᠡᠭᠵᠢᠯ ᠢ ᠳᠠᠷᠤᠩᠭᠤᠶᠢᠯᠠᠨ᠎ᠠ᠃

ᠡᠰ ᠦᠨ АТФ ᠡᠭᠦᠰᠬᠦ ᠬᠡᠰᠡᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠢᠳᠤ ᠡᠰ ᠡᠨᠧᠷᠭᠢ᠂ ᠡᠷᠴᠢᠮ ᠡᠭᠦᠰᠬᠡᠵᠦ᠂ АТФ ᠪᠠᠶᠢᠳᠠᠯ ᠢᠶᠠᠷ ᠬᠠᠳᠠᠭᠠᠯᠠᠨ ᠵᠠᠷᠤᠴᠠᠭᠤᠯᠵᠤ ᠪᠠᠶᠢᠳᠠᠭ᠃ АТФ ᠪᠤᠶᠤ ᠡᠨᠧᠷᠭᠢ ᠪᠤᠢ ᠪᠣᠯᠬᠤ ᠦᠨᠳᠦᠰᠦᠨ 2 ᠵᠠᠮ ᠪᠠᠶᠢᠨ᠎ᠠ: ᠰᠦᠪᠰᠲᠷᠠᠲ ᠹᠣᠰᠹᠣᠷᠵᠢᠬᠦ᠂ subsrate level phosphorylation, ᠬᠢᠮᠢᠣᠰᠮᠣᠽ᠂ chemiosmosis.

ᠴᠢᠲ᠋ᠣᠫᠯᠠᠽᠮ ᠳᠤ ᠶᠠᠪᠤᠭᠳᠠᠵᠤ ᠪᠠᠶᠢᠭ᠎ᠠ ᠤᠷᠪᠠᠯ ᠤᠨ ᠳїᠨᠳ ᠡᠨᠧᠷᠭᠢ ᠪᠤᠢ ᠪᠣᠯᠬᠤ ᠶᠢ ᠰᠦᠪᠰᠲᠷᠠᠲ ᠹᠣᠰᠹᠣᠷᠵᠢᠨ ᠡᠨᠧᠷᠭᠢ ᠡᠭᠦᠰᠬᠦ ᠭᠡᠨ᠎ᠡ᠃ ᠬᠢᠮᠢᠣᠰᠮᠣᠽᠢ ᠶᠢᠨ їᠶᠡᠳ ᠮᠸᠠᠮᠪᠷᠠᠨ᠂ ᠮᠸᠠᠮᠪᠷᠠᠨ ᠲᠠᠢ ᠬᠣᠯᠪᠣᠭᠠᠲᠤ АТФаза ᠱᠠᠭᠠᠷᠳᠠᠯᠭ᠎ᠠ ᠲᠠᠢ᠃ ᠮᠸᠠᠮᠪᠷᠠᠨ ᠢᠶᠠᠷ ᠵᠠᠭᠠᠭᠯᠠᠭᠳᠠᠭᠰᠠᠨ ᠤᠷᠴᠢᠨ ᠳᠤ ᠫᠷᠣᠲ᠋ᠣᠨ ᠤ ᠭᠷᠠᠳᠢᠶᠸᠨᠲ ᠡᠭᠦᠰᠴᠢ᠂ ᠡᠭᠦᠨ ᠦ ᠤᠯᠠᠮ ᠠᠴᠠ ᠪᠤᠢ ᠪᠣᠯᠵᠤ ᠬᠠᠳᠠᠭᠠᠯᠠᠭᠳᠠᠭᠰᠠᠨ ᠡᠨᠧᠷᠭᠢ ᠶᠢ ᠵᠠᠷᠤᠴᠠᠭᠤᠯᠤᠨ АТФаза АДФ ᠍ ᠢ ᠹᠣᠰᠹᠣᠷᠵᠢᠭᠤᠯᠳᠠᠭ᠃

ᠪᠠᠺᠲ᠋ᠧᠷᠢ ᠶᠢᠨ ᠴᠢᠲ᠋ᠣᠫᠯᠠᠽᠮ ᠤᠨ ᠮᠸᠠᠮᠪᠷᠠᠨ ᠳᠤ ᠬᠢᠮᠢᠣᠰᠮᠣᠽᠢ ᠶᠢᠨ ᠵᠠᠮ ᠢᠶᠠᠷ ᠡᠨᠧᠷᠭᠢ ᠬᠤᠪᠢᠷᠠᠬᠤ ᠶᠠᠪᠤᠴᠠ ᠶᠠᠪᠤᠭᠳᠠᠳᠠᠭ᠃ ᠪᠠᠺᠲ᠋ᠧᠷᠢ ᠶᠢᠨ ᠮᠧᠲ᠋ᠠᠪᠦᠯᠢᠰᠮ ᠤᠨ ᠳᠦᠩ ᠳᠦ ᠴᠢᠲ᠋ᠣᠫᠯᠠᠽᠮ ᠤᠨ ᠮᠸᠠᠮᠪᠷᠠᠨ ᠤ ᠭᠠᠳᠠᠨ᠎ᠠ ᠲᠠᠯ᠎ᠠ ᠳᠤ ᠫᠷᠣᠲ᠋ᠣᠨ ᠢᠯᠡvvᠲᠡᠭᠡ ᠬᠤᠷᠠᠮᠲᠤᠯᠠᠭᠳᠠᠵᠤ᠂ ᠡᠰ ᠦᠨ ᠭᠠᠳᠠᠭᠠᠳᠤ ᠪᠣᠯᠤᠨ ᠳᠣᠲᠣᠭᠠᠳᠤ ᠣᠷᠴᠢᠨ ᠤ ᠬᠣᠭᠣᠷᠣᠨᠳᠣ ᠫᠷᠣᠲ᠋ᠣᠨ ᠤ ᠺᠣᠨᠼᠧᠨᠲᠷᠠᠼ ᠤᠨ ᠵᠥᠷᠢvv ᠡᠭᠦᠰᠳᠡᠭ᠃ ᠫᠷᠣᠲ᠋ᠣᠨ ᠴᠡᠨᠡᠭ ᠦᠨ ᠤᠯᠠᠮ ᠠᠴᠠ ᠡᠰ ᠦᠨ ᠮᠸᠠᠮᠪᠷᠠᠨ ᠢᠶᠠᠷ ᠴᠢᠯᠦᠭᠡᠲᠡᠢ ᠰᠢᠯᠵᠢᠵᠦ ᠴᠢᠳᠠᠳᠠᠭ ᠦᠭᠡᠢ ᠪᠣᠯᠪᠠᠴᠤ ᠮᠸᠠᠮᠪᠷᠠᠨ ᠤ АТФаза ᠍ ᠲᠠᠢ ᠥᠪᠡᠷᠮᠢᠴᠡ ᠪᠡᠷ ᠨᠢᠭᠡᠳᠦᠭᠰᠡᠨ ᠰїᠸ ᠢᠶᠡᠷ ᠳᠠᠮᠵᠢᠵᠤ᠂ ᠶᠠᠪᠤᠴᠠ ᠳᠤ ᠨᠢ АТФ ᠡᠭᠦᠰᠳᠡᠭ᠃ ᠭᠡᠷᠡᠯ ᠢ ᠡᠨᠧᠷᠭᠢ ᠶᠢ АТФ ᠍ ᠳᠦ ᠬᠤᠪᠢᠷᠠᠭᠠᠳᠠᠭ ᠹᠣᠲ᠋ᠣᠰᠢᠨᠲ᠋ᠧᠲ᠋ᠢᠭ ᠪᠠᠺᠲ᠋ᠧᠷᠢ ᠪᠣᠯᠤᠭᠠᠳ ᠨᠢᠲ᠋ᠷᠣᠭᠧᠨ ᠠᠭᠤᠯᠠᠭᠰᠠᠨ ᠣᠷᠭᠠᠨᠢᠭ ᠪᠤᠰᠤ ᠨᠢᠭᠡᠳᠦᠯ ᠢ ᠢᠰᠦᠯ ᠳᠦvvᠯᠡᠨ АТФ ᠡᠭᠦᠰᠬᠡᠳᠡᠭ ᠪᠠᠺᠲ᠋ᠧᠷᠢ ᠳᠤ ᠬᠢᠮᠢᠣᠰᠮᠣᠽ ᠶᠠᠪᠤᠭᠳᠠᠳᠠᠭ ᠳᠣᠲᠣᠭᠠᠳᠤ ᠮᠸᠠᠮᠪᠷᠠᠨ᠂ internal membrane ᠪᠠᠶᠢᠨ᠎ᠠ᠃ ᠪᠠᠺᠲ᠋ᠧᠷᠢ ᠶᠢᠨ ᠴᠢᠲ᠋ᠣᠫᠯᠠᠽᠮ ᠤᠨ ᠮᠸᠠᠮᠪᠷᠠᠨ ᠴᠦᠯ ᠬᠢᠵᠦ ᠨᠤᠭᠤᠯᠤᠭᠠᠲᠠᠨ ᠳᠣᠲᠣᠷ᠎ᠠ ᠮᠸᠠᠮᠪᠷᠠᠨ ᠢ ᠡᠭᠦᠰᠬᠡᠨ᠎ᠡ᠃ ᠡᠶᠢᠮᠦ ᠡᠴᠡ ᠴᠢᠲ᠋ᠣᠫᠯᠠᠽᠮ ᠤᠨ ᠮᠸᠠᠮᠪᠷᠠᠨ ᠲᠠᠢ ᠠᠳᠠᠯᠢ ᠤᠭᠤᠷᠠᠭ᠂ ᠯᠢᠫᠢᠳ ᠡᠴᠡ ᠲᠣᠭᠲᠠᠨ᠎ᠠ᠃

ᠰᠫᠣᠷ ᠡᠭᠦᠰᠬᠡᠵᠦ ᠠᠮᠢᠳᠤ vᠯ ᠳᠦ ᠬᠢ[ᠵᠠᠰᠠᠪᠤᠷᠢᠯᠠᠬᠤ | ᠺᠣᠳ᠋ ᠢᠶᠠᠷ ᠵᠠᠰᠠᠬᠣ]

Clostridium, Bacillus ᠲᠥᠷᠥᠯ ᠦᠨ ᠪᠠᠺᠲ᠋ᠧᠷᠢ ᠡᠩᠳᠣᠰᠫᠣᠷ ᠡᠭᠦᠰᠬᠡᠳᠡᠭ᠃ ᠪᠠᠺᠲ᠋ᠧᠷᠢ ᠶᠢᠨ ᠥᠰᠦᠯᠲᠡ ᠦᠷᠡᠵᠢᠯ ᠳᠤ ᠨᠥᠯᠦᠭᠡᠯᠡᠳᠡᠭ ᠳᠤᠯᠠᠭᠠᠨ᠂ ᠬᠦᠴᠢᠯᠲᠥᠷᠦᠭᠴᠢ᠂ ᠲᠡᠵᠢᠭᠡᠯ ᠦᠨ ᠡᠬᠢ ᠡᠭᠦᠰᠪᠦᠷᠢ᠂ ᠴᠢᠭᠢᠭᠯᠢᠭ ᠵᠡᠷᠭᠡ ᠬvᠴᠢᠨ ᠽvᠢᠯvvᠳ ᠲᠣᠬᠢᠷᠠᠮᠵᠢ ᠦᠭᠡᠢ ᠪᠠᠶᠢᠭ᠎ᠠ ᠨᠥᠬᠥᠴᠡᠯ ᠳᠦ ᠪᠠᠺᠲ᠋ᠧᠷᠢ ᠳᠤ ᠰᠫᠣᠷ ᠡᠭᠦᠰᠳᠡᠭ᠃ ᠪᠠᠺᠲ᠋ᠧᠷᠢ ᠶᠢᠨ ᠴᠢᠲ᠋ᠣᠫᠯᠠᠽᠮ ᠤᠨ ᠮᠸᠠᠮᠪᠷᠠᠨ ᠰᠫᠣᠷ ᠪvᠷᠡᠯ ᠳᠦ ᠬᠢ ᠬᠡᠰᠡᠭ ᠲᠦ ᠴvᠯᠬᠢᠵᠦ᠂ ᠪᠠᠺᠲ᠋ᠧᠷᠢ ᠶᠢᠨ ᠬᠣᠶᠠᠷᠴᠢᠯᠠᠭᠳᠠᠭᠰᠠᠨ ᠾᠷᠣᠮᠣᠰᠤᠮ᠎ᠠ ᠶᠢᠨ ᠨᠢᠭᠡ ᠬᠤᠪᠢ ᠶᠢ ᠴᠢᠲ᠋ᠣᠫᠯᠠᠽᠮ ᠠᠴᠠ ᠲᠤᠰᠠᠭᠠᠷᠯᠠᠭᠰᠠᠨ ᠤ ᠳᠠᠷᠠᠭ᠎ᠠ ᠳᠠᠪᠬᠤᠷᠭ᠎ᠠ ᠨᠤᠭᠤᠳ ᠨᠡᠶᠢᠯᠡᠭᠵᠢᠵᠦ᠂ ᠡᠩᠳᠣᠰᠫᠣᠷ ᠪᠥᠷᠢᠯᠳᠦᠨ᠎ᠡ᠃ ᠳᠠᠪᠬᠤᠷᠭ᠎ᠠ ᠶᠢᠨ ᠪvᠷᠦᠳᠡᠯ ᠳᠦ ᠣᠷᠣᠳᠠᠭ ᠳ᠋ᠢᠫᠢᠺᠣᠯ ᠤᠨ ᠬᠦᠴᠢᠯ ᠰᠫᠣᠷᠲ ᠳᠤᠯᠠᠭᠠᠨ ᠳᠤ ᠲᠡᠰᠪᠦᠷᠢ ᠳᠦ ᠴᠢᠨᠠᠷ ᠢ ᠪᠤᠢ ᠪᠣᠯᠭᠠᠨ᠎ᠠ; ᠤᠭᠤᠷᠠᠭ ᠨᠢ ᠵᠥᠪᠬᠡᠨ ᠴᠢᠰᠲ᠋ᠢᠨ ᠡᠴᠡ ᠲᠣᠭᠲᠠᠳᠠᠭ᠃ ᠬᠣᠶᠠᠷ ᠳᠠᠪᠬᠤᠷᠭ᠎ᠠ ᠺᠣᠷᠲ᠋ᠧᠺᠰ ᠬᠡᠯᠪᠡᠷᠢᠵᠢᠬᠦ ᠳᠦ ᠪᠦᠷᠢᠨ ᠰᠫᠣᠷ ᠡᠬᠡ ᠡᠰ ᠦᠨ ᠳᠣᠲᠣᠷ᠎ᠠ ᠪᠤᠢ ᠪᠣᠯᠤᠨ᠎ᠠ᠃ ᠢᠩᠭᠢᠭᠡᠳ ᠡᠬᠡ ᠡᠰ ᠵᠠᠳᠠᠷᠠᠵᠤ ᠰᠫᠣᠷ ᠴᠢᠯᠦᠭᠡᠯᠡᠭᠳᠡᠨ᠂ ᠬᠡᠳᠦᠨ ᠵᠠᠭᠤ ᠮᠢᠩᠭᠠᠨ ᠵᠢᠯ ᠬᠠᠳᠠᠭᠠᠯᠠᠭᠳᠠᠳᠠᠭ᠃ ᠥᠰᠦᠯᠲᠡ ᠦᠷᠡᠵᠢᠯ ᠦᠨ ᠲᠠᠭᠠᠲᠠᠢ ᠨᠥᠬᠥᠴᠡᠯ (ᠲᠣᠬᠢᠷᠠᠮᠵᠢᠲᠠᠢ ᠴᠢᠭᠢᠭᠯᠢᠭ᠂ ᠳᠤᠯᠠᠭᠠᠨ᠂ ᠬvᠴᠢᠯᠲᠥᠷᠦᠭᠴᠢ᠂ ᠲᠡᠵᠢᠭᠡᠯ ᠦᠨ ᠡᠬᠢ ᠡᠭᠦᠰᠪᠦᠷᠢ ᠪvᠬᠡᠢ) ᠍ ᠳᠦ ᠰᠫᠣᠷᠬᠥᠭᠡᠭᠡᠵᠦ ᠲᠣᠮᠣᠷᠠᠨ᠂ ᠪᠦᠷᠬᠦᠭᠦᠯ ᠦᠳ ᠨᠢ ᠵᠠᠳᠠᠷᠠᠵᠤ᠂ ᠮᠧᠲ᠋ᠠᠪᠣᠯᠢᠰᠮ ᠨᠢ ᠢᠳᠡᠪᠬᠢᠵᠢᠨ ᠤᠷᠭᠤᠯ ᠬᠡᠯᠪᠡᠷᠢ ᠳᠦ ᠰᠢᠯᠵᠢᠳᠡᠭ᠃

ᠪᠣᠳᠠᠰ ᠤᠨ ᠬᠠᠳᠠᠭᠠᠯᠠᠯᠲᠠ ᠪᠠ ᠰᠢᠯᠵᠢᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠺᠲ᠋ᠧᠷᠢ ᠶᠢᠨ ᠡᠰ ᠲᠦ ᠮᠸᠠᠮᠪᠷᠠᠨᠲ ᠣᠷᠭᠠᠨᠧᠯᠯ ᠪᠠᠶᠢᠳᠠᠭ ᠦᠭᠡᠢ ᠲᠤᠯᠠ ᠪᠣᠳᠠᠰ ᠴᠢᠲ᠋ᠣᠫᠯᠠᠽᠮ ᠳᠤ ᠴᠢᠯᠦᠭᠡᠲᠡᠢ ᠣᠷᠣᠰᠢᠳᠠᠭ᠃ ᠲvvᠨᠴᠢᠯᠡᠨ ᠪᠠᠺᠲ᠋ᠧᠷᠢ ᠪᠣᠳᠠᠰ ᠢ ᠤᠭᠤᠲᠠᠯᠠᠬᠤ᠂ ᠡᠰ ᠡᠴᠡ ᠭᠠᠳᠠᠭᠰᠢᠯᠠᠭᠤᠯᠬᠤ ᠪᠦᠲᠦᠴᠡ ᠦᠭᠡᠢ᠃ ᠭᠡᠪᠡᠴᠦ ᠪᠠᠺᠲ᠋ᠧᠷᠢ ᠶᠢᠨ ᠡᠺᠽᠣᠹᠧᠷᠮᠧᠨᠲ ᠡᠰ ᠡᠴᠡ ᠭᠠᠳᠠᠭᠰᠢ ᠢᠯᠭᠠᠷᠠᠳᠠᠭ᠃ ᠡᠺᠽᠣᠹᠧᠷᠮᠧᠨᠲ ᠦᠨ ᠠᠮᠢᠨ ᠲᠡᠭᠦᠰᠬᠡᠯ ᠳᠦ ᠭᠢᠳ᠋ᠷᠣᠹᠣᠪ ᠰᠢᠨᠵᠢ ᠲᠡᠢ 20 ᠣᠷᠴᠢᠮ ᠠᠮᠢᠨ ᠬᠦᠴᠢᠯ ᠡᠴᠡ ᠲᠣᠭᠲᠠᠭᠰᠠᠨ ᠳᠣᠬᠢᠶᠠᠨ ᠤ ᠳᠠᠷᠠᠭᠠᠯᠠᠯ᠂ signal sequence ᠪᠠᠶᠢᠨ᠎ᠠ᠃ ᠡᠨᠡ ᠳᠠᠷᠠᠭᠠᠯᠠᠯ ᠮᠸᠠᠮᠪᠷᠠᠨ ᠲᠠᠢ ᠬᠠᠷᠢᠯᠴᠠᠭᠰᠠᠨ ᠢᠶᠠᠷ ᠮᠸᠠᠮᠪᠷᠠᠨ ᠤ ᠤᠭᠤᠷᠠᠭ ᠢ ᠲᠷᠠᠨᠰᠯᠣᠺᠠᠼᠢ ᠪᠣᠯᠭᠠᠵᠤ᠂ ᠳᠣᠬᠢᠶᠠᠨ ᠤ ᠳᠠᠷᠠᠭᠠᠯᠠᠯ ᠵᠠᠳᠠᠷᠠᠨ᠂ ᠡᠺᠽᠣᠹᠧᠷᠮᠧᠨᠲ ᠨᠡᠶᠢᠯᠡᠭᠵᠢᠭᠰᠡᠨ ᠡᠴᠡ ᠪᠡᠨ ᠪᠠᠭ᠎ᠠ ᠮᠣᠯᠧᠺᠤᠯ ᠵᠢᠩᠲᠡᠢ ᠪᠡᠷ ᠡᠰ ᠦᠨ ᠭᠠᠳᠠᠭᠠᠳᠤ ᠤᠷᠴᠢᠨ ᠳᠤ ᠢᠯᠭᠠᠷᠠᠳᠠᠭ᠃ ᠡᠺᠽᠣᠹᠧᠷᠮᠧᠨᠲ ᠭᠠᠳᠠᠭᠠᠳᠤ ᠣᠷᠴᠢᠨ ᠳᠣᠬᠣ ᠲᠡᠵᠢᠭᠡᠯ ᠦᠨ ᠲᠣᠮᠣ ᠮᠣᠯᠧᠺᠤᠯ ᠳᠤ ᠨᠢᠭᠡᠳᠦᠯvvᠳ᠋ᠢ ᠶᠢ ᠵᠠᠳᠠᠯᠵᠤ᠂ ᠪᠠᠺᠲ᠋ᠧᠷᠢ ᠶᠢᠨ ᠴᠢᠲ᠋ᠣᠫᠯᠠᠽᠮ ᠤᠨ ᠮᠸᠠᠮᠪᠷᠠᠨ ᠢᠶᠠᠷ ᠰᠢᠯᠵᠢᠬᠦ ᠪᠣᠯᠤᠮᠵᠢ ᠲᠠᠢ ᠪᠣᠯᠭᠠᠬᠤ ᠶᠢᠨ ᠵᠡᠷᠭᠡᠴᠡᠭᠡ ᠬᠣᠣᠷ ᠲᠠᠢ ᠨᠢᠭᠡᠳᠦᠯ ᠦᠳ ᠢ ᠢᠳᠡᠪᠬᠢᠭᠦᠶᠢᠵᠢᠭᠦᠯᠳᠡᠭ᠃ ᠪᠠᠺᠲ᠋ᠧᠷᠢ ᠬᠡᠷᠡᠭᠴᠡᠭᠡᠲᠦ ᠨᠥᠬᠥᠴᠡᠯ ᠳᠦ ᠵᠠᠷᠤᠴᠠᠭᠤᠯᠬᠤ ᠨᠥᠭᠡᠴᠡ ᠪᠣᠯᠭᠠᠵᠤ ᠡᠰᠡᠪᠡᠯ ᠵᠠᠷᠢᠮ ᠨᠢᠭᠡᠳᠦᠯ ᠦᠨ ᠲᠡᠩᠴᠡᠪᠦᠷᠢ ᠶᠢ ᠬᠠᠳᠠᠭᠠᠯᠠᠬᠤ ᠶᠢᠨ ᠲᠤᠯᠠᠳᠠ ᠬᠢᠮᠢ ᠶᠢᠨ ᠨᠢᠭᠡᠳᠦᠯ ᠦᠳ ᠢ ᠬᠠᠳᠠᠭᠠᠯᠠᠳᠠᠭ᠃ ᠡᠳᠡᠭᠡᠷ ᠨᠥᠭᠡᠴᠡ ᠨᠢᠭᠡᠳᠦᠯ ᠴᠢᠲ᠋ᠣᠫᠯᠠᠽᠮ ᠤᠨ ᠮᠸᠠᠮᠪᠷᠠᠨ ᠲᠠᠢ ᠬᠣᠯᠪᠣᠭ᠎ᠠ ᠲᠠᠢ ᠮᠸᠠᠮᠪᠷᠠᠨ ᠤ ᠠᠭᠤᠯᠬᠤ ᠪᠡᠶ᠎ᠡ ᠪᠤᠶᠤ cytoplasmic inclusion body ᠍ ᠳᠦ ᠬᠤᠷᠠᠮᠲᠤᠯᠠᠭᠳᠠᠳᠠᠭ᠃ ᠨᠥᠭᠡᠴᠡ ᠪᠣᠳᠠᠰ ᠤᠳ ᠤᠨ ᠤᠰᠤᠨ ᠳᠤ ᠠᠭᠤᠰᠬᠤ ᠴᠢᠨᠠᠷ ᠪᠠᠭ᠎ᠠ ᠪᠠᠶᠢᠨ᠎ᠠ᠃

ᠣᠯᠠᠨ ᠪᠠᠺᠲ᠋ᠧᠷᠢ ᠫᠣᠯᠢᠹᠣᠰᠹᠠᠲ ᠢ ᠣᠷᠭᠠᠨᠢᠭ ᠪᠤᠰᠤ ᠹᠣᠰᠹᠠᠲ ᠤᠨ ᠨᠥᠭᠡᠴᠡ ᠪᠣᠯᠭᠠᠨ ᠬᠠᠳᠠᠭᠠᠯᠠᠵᠤ᠂ АТФ ᠍ ᠤᠨ ᠨᠡᠶᠢᠯᠡᠭᠵᠢᠯᠲᠡᠨ ᠳᠦ ᠵᠠᠷᠤᠴᠠᠭᠤᠯᠳᠠᠭ᠃ ᠫᠣᠯᠢᠹᠣᠰᠹᠠᠲ ᠤᠨ ᠮᠥᠬᠥᠯᠢᠭ ᠢ ᠸᠣᠯᠦᠲ᠋ᠢᠨ ᠪᠤᠶᠤ ᠮᠧᠲ᠋ᠠᠾᠷᠣᠮᠠᠲ ᠮᠥᠬᠥᠯᠢᠭ ᠴᠤ ᠭᠡᠵᠦ ᠨᠡᠷᠡᠯᠡᠳᠡᠭ᠃ ᠹᠣᠲ᠋ᠣᠰᠢᠨᠲ᠋ᠧᠽ ᠶᠠᠪᠤᠭᠤᠯᠳᠠᠭ ᠵᠠᠷᠢᠮ ᠪᠠᠺᠲ᠋ᠧᠷᠢ ᠬᠦᠬᠦᠷ ᠦᠨ ᠮᠥᠬᠥᠯᠢᠭ ᠲᠡᠢ᠃

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Bacteria (eubacteria). Taxonomy Browser. NCBI. 2008-09-10 ᠍ ᠳᠦ ᠬᠠᠨᠳᠤᠭᠰᠠᠨ᠃
http://wiki.uhaan.com/index.php?title=ᠨᠢᠶᠠᠨ&oldid=474624》 ᠍  ᠡᠴᠡ ᠠᠪᠤᠭᠰᠠᠨ

ᠪᠢᠴᠢᠭᠡᠰᠦ