ᠨᠢᠳᠧᠷᠯᠠᠨᠲ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠨᠢᠳᠧᠷᠯᠠᠨ᠋ᠳ᠋ ᠍ ᠤᠨ ᠸᠠᠩᠲᠤ ᠤᠯᠤᠰ
Koninkrijk der Nederlanden
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: ᠪᠢ ᠪᠠᠲᠤ ᠵᠣᠭᠰᠣᠨ᠎ᠠ
(ᠹᠷᠠᠨᠼᠢ: Je maintiendrai)
ᠲᠥᠷᠥ ᠶᠢᠨ ᠳᠠᠭᠤᠯᠠᠯ ᠤᠨ ᠨᠡᠷ᠎ᠡ:
ᠤᠬᠢᠯᠢᠮ
(Wilhelmus)

ᠨᠡᠶᠢᠰᠯᠡᠯ 
(ᠶᠡᠬᠡ ᠬᠣᠲᠠ)
ᠠᠮᠰᠲ᠋ᠧᠷᠳᠠᠮ
ᠠᠯᠪᠠᠨ ᠬᠡᠯᠡ ᠨᠢᠳᠧᠷᠯᠠᠨᠲ
ᠵᠥᠪᠰᠢᠶᠡᠷᠡᠭᠳᠡᠭᠰᠡᠨ ᠣᠷᠣᠨ ᠨᠤᠲᠤᠭ ᠤᠨ ᠬᠡᠯᠡ ᠹᠷᠢᠽᠫᠠᠫᠢᠮᠧᠨᠲ᠋ᠣᠠᠩᠭᠯᠢ
ᠠᠷᠠᠳ ᠲᠦᠮᠡᠨ 
(2008 ᠤᠨ)
63.1% ᠨᠢᠳᠧᠷᠯᠠᠨᠲ
23.7% ᠧᠦ᠋ᠷᠣᠫᠠ ᠍ ᠤᠨ
2.9% ᠢᠨᠳᠦ᠋ᠨᠢᠱᠢᠶ ᠠ
2.1% ᠲᠦᠷᠺ
2% ᠰᠤᠷᠢᠨᠠᠮ
2% ᠮᠠᠷᠣᠺᠺᠣ
5.6% ᠪᠤᠰᠤᠳ
ᠲᠥᠷᠥ ᠵᠠᠰᠠᠭ ᠦᠨᠳᠦᠰᠦᠨ ᠬᠠᠤᠯᠢᠳᠤ ᠬᠠᠭᠠᠨᠲᠤ ᠵᠠᠰᠠᠭᠯᠠᠯ
 -  ᠬᠠᠭᠠᠨ ᠸᠢᠯᠯᠧᠮ-ᠠᠯᠧᠺᠰᠠᠨᠳᠠᠷ
 -  ᠶᠡᠷᠦᠩᠬᠡᠢ ᠰᠠᠶᠢᠳ ᠮᠠᠷᠺ ᠷᠦᠲ᠋ᠠᠲ᠋ᠧ
 -  ᠣᠷᠣᠯᠠᠭᠴᠢ ᠶᠡᠷᠦᠩᠬᠡᠢ ᠰᠠᠶᠢᠳ ᠮᠠᠺᠰᠢᠮᠧ ᠸᠧᠷᠬᠡᠭᠧᠨ
ᠤᠯᠤᠰ ᠤᠨ ᠬᠤᠷᠠᠯ ᠰᠲ᠋ᠠᠲ᠋ᠧᠨ-ᠵᠧᠨᠧᠷᠠᠭᠠᠯ
 -  ᠳᠡᠭᠡᠳᠦ ᠲᠠᠩᠬᠢᠮ ᠴᠢᠭᠤᠯᠭᠠᠨ (ᠰᠧᠨᠠᠲ)
 -  ᠳᠣᠣᠷᠠᠳᠣ ᠲᠠᠩᠬᠢᠮ ᠲᠥᠯᠥᠭᠡᠯᠡᠭᠴᠢᠳ ᠦᠨ ᠲᠠᠩᠬᠢᠮ
ᠬᠠᠪᠰᠪᠦᠦᠭᠠ ᠠᠴᠠ ᠬᠠᠪᠰᠪᠦᠦᠭᠠ ᠠᠴᠠ 
 -  ᠲᠤᠰᠠᠭᠠᠷ ᠲᠣᠭᠲᠠᠨᠢᠯ ᠢᠶᠠᠨ ᠵᠠᠷᠯᠠᠨ ᠲᠤᠩᠬᠠᠭᠯᠠᠭᠰᠠᠨ 1581 ᠣᠨ ᠤ 7 ᠰᠠᠷ᠎ᠠ ᠶᠢᠨ 26 
 -  ᠸᠧᠰᠲ᠋ᠹᠠᠯ ᠤᠨ ᠭᠡᠷ᠎ᠡᠭᠡᠷ᠎ᠡ ᠬᠦᠯᠢᠶᠡᠨ ᠵᠥᠪᠰᠢᠶᠡᠷᠡᠭᠳᠡᠭᠰᠡᠨ 1648 ᠣᠨ ᠤ 1 ᠰᠠᠷ᠎ᠠ ᠶᠢᠨ 30 
ᠨᠤᠲᠤᠭ ᠳᠡᠪᠢᠰᠬᠡᠷ
 -  ᠪᠦᠬᠦ ᠲᠠᠯᠠᠪᠠᠢ 41,848 km2 (135)
 -  ᠭᠠᠳᠠᠷᠭᠤ ᠶᠢᠨ ᠤᠰᠤ (%) 18.41
ᠬᠦᠮᠦᠨ ᠠᠮᠠ
 -  ᠲᠣᠭᠠᠴᠠᠭ᠎ᠠ (2011) 16,703,900 (61)
 -  ᠨᠢᠭᠲᠠᠴᠠ ᠰᠡᠶᠢᠷᠡᠭ 402.3 ᠬᠦᠮᠦᠨ/km2 
GDP (ХАЧТ) 2010 ᠣᠨ ᠤ ᠲᠣᠭᠠᠴᠠᠭ᠎ᠠ
 -  ᠨᠡᠶᠢᠲᠡ ᠳ᠋ᠦᠩ $676.895 ᠲᠡᠷᠪᠤᠮ[1] 
 -  ᠨᠢᠭᠡ ᠬᠦᠨᠳᠦ $40,764[1] 
GDP (ᠨᠡᠷᠡᠯᠡᠭᠰᠡᠨ) 2010 ᠣᠨ ᠤ ᠲᠣᠭᠠᠴᠠᠭ᠎ᠠ
 -  ᠨᠡᠶᠢᠲᠡ ᠳ᠋ᠦᠩ $783.293 ᠲᠡᠷᠪᠤᠮ[1] 
 -  ᠨᠢᠭᠡ ᠬᠦᠨᠳᠦ $47,172[1] 
Gini (2006) 30.9 (ᠳᠤᠮᠳᠠᠴᠢ
ᠬᠡᠦᠬᠡᠳ ᠦᠨ ᠬᠥᠭᠵᠢᠯ ᠦᠨ ᠢᠨᠳᠧᠺᠰ (2010) 0.890[2] (ᠳᠡᠭᠡᠳᠦ) (7)
ᠮᠥᠩᠭᠥᠨ ᠦ ᠨᠢᠭᠡᠴᠡ ᠧᠦ᠋ᠷᠣ () (EUR)
ᠴᠠᠭ ᠤᠨ ᠪᠥᠰᠡ +1 ᠪᠣᠯᠤᠨ −4
ᠵᠠᠮ ᠤᠨ ᠬᠥᠳᠡᠯᠭᠡᠭᠡᠨ ᠪᠠᠷᠠᠭᠤᠨ
ᠳ᠋ᠦᠮᠠᠢᠨ ᠤ ᠨᠡᠷ᠎ᠡ .nl
ᠤᠲᠠᠰᠤᠨ ᠤ ᠲᠣᠮᠢᠶ᠎ᠠ 31, 599

ᠨᠢᠳᠧᠷᠯᠠᠨᠲ (ᠬᠣᠯᠠᠨᠳ᠋) ᠨᠢ ᠨᠢᠳᠧᠷᠯᠠᠨᠲ ᠪᠣᠯᠤᠨ ᠺᠠᠷᠠᠪ ᠤᠨ ᠲᠡᠩᠭᠢᠰ ᠲᠤ ᠤᠷᠤᠰᠢᠬᠤ ᠨᠢᠳᠧᠷᠯᠠᠨ᠋ᠳ᠋ ᠍ ᠤᠨ ᠠᠨᠲ᠋ᠢᠯ ᠤᠨ ᠠᠷᠠᠯ ᠤᠳᠠᠷᠤᠪᠠᠭᠠ ᠠᠴᠠ ᠪᠦᠷᠢ ᠳᠦ ᠬᠢ ᠨᠢᠳᠧᠷᠯᠠᠨ᠋ᠳ᠋ ᠍ ᠤᠨ ᠸᠠᠩᠲᠤ ᠤᠯᠤᠰ ᠤᠨ ᠧᠦ᠋ᠷᠣᠫᠠ ᠳᠤ ᠤᠷᠤᠰᠢᠬᠤ ᠬᠡᠰᠡᠭ ᠨᠢ ᠶᠤᠮ᠃ ᠨᠢᠳᠧᠷᠯᠠᠨᠲ ᠨᠢ ᠪᠠᠷᠠᠭᠤᠨ ᠧᠦ᠋ᠷᠣᠫᠠ ᠶᠢᠨ᠂ ᠫᠠᠷᠯᠠᠮᠧᠨᠲ ᠤᠨ ᠠᠷᠠᠳᠴᠢᠯᠠᠭᠰᠠᠨ ᠦᠨᠳᠦᠰᠦᠨ ᠬᠠᠤᠯᠢᠳᠤ ᠬᠠᠭᠠᠨᠲᠤ ᠵᠠᠰᠠᠭᠯᠠᠯ ᠲᠠᠢ ᠤᠯᠤᠰ ᠪᠣᠯᠤᠨ᠎ᠠ᠃ ᠲᠤᠰ ᠤᠯᠤᠰ ᠬᠣᠶᠢᠳᠤ ᠪᠣᠯᠤᠨ ᠪᠠᠷᠠᠭᠤᠨ ᠲᠠᠯ᠎ᠠ ᠪᠠᠷ ᠢᠶᠠᠨ ᠬᠣᠶᠢᠳᠤ ᠲᠡᠩᠭᠢᠰᠡᠭᠡᠷᠡ ᠬᠦᠷᠢᠶᠡᠯᠡᠭᠳᠡᠭᠰᠡᠨ ᠪᠠ ᠡᠮᠦᠨ᠎ᠡ ᠵᠦᠭ ᠲᠤ ᠪᠧᠯᠬᠢ᠂ ᠵᠡᠭᠦᠨ ᠵᠦᠭ ᠲᠤ ᠭᠧᠷᠮᠠᠨᠲᠠᠢ ᠲᠤᠰ ᠲᠤᠰ ᠬᠢᠯᠢᠯᠡᠳᠡᠭ᠃

ᠨᠢᠳᠧᠷᠯᠠᠨ᠋ᠳ᠋ ᠍ ᠢ ᠬᠣᠯᠠᠨᠳ᠋ ᠭᠡᠵᠦ ᠳᠠᠭᠤᠳᠠᠳᠠᠭ ᠨᠢ ᠪᠤᠷᠤᠭᠤ ᠶᠤᠮ᠃ ᠤᠴᠢᠷ ᠨᠢ ᠬᠣᠶᠢᠳᠤ ᠬᠣᠯᠠᠨᠳ᠋ ᠪᠣᠯᠤᠨ ᠡᠮᠦᠨᠡᠲᠦ ᠬᠣᠯᠠᠨᠳ᠋ ᠨᠢ ᠨᠢᠳᠧᠷᠯᠠᠨ᠋ᠳ᠋ ᠍ ᠤᠨ 12 ᠮᠤᠵᠢ ᠶᠢᠨ ᠬᠣᠶᠠᠷ ᠨᠢ ᠯᠠ ᠲᠡᠳᠦᠢ ᠶᠤᠮ᠃ ᠨᠢᠳᠧᠷᠯᠠᠨᠲ ᠨᠢ ᠣᠯᠠᠨ ᠤᠯᠤᠰ ᠤᠨ ᠲᠠᠪᠴᠠᠩ ᠳᠤ ᠢᠳᠡᠪᠬᠢᠲᠡᠢ ᠡᠭᠦᠷᠭᠡ ᠭᠦᠢᠴᠡᠳᠭᠡᠳᠡᠭ᠃ ᠲᠤᠰ ᠤᠯᠤᠰ ᠨᠢ ᠧᠦ᠋ᠷᠣᠫᠠ ᠶᠢᠨ ᠬᠣᠯᠪᠣᠭ᠎ᠠNorth Atlantic Treaty Organization, ᠡᠳ᠋ ᠍ ᠦᠨ ᠵᠠᠰᠠᠭ ᠤᠨ ᠬᠠᠮᠲᠤ ᠶᠢᠨ ᠠᠵᠢᠯᠯᠠᠭ᠎ᠠ ᠪᠠᠨ᠂ ᠬᠥᠭᠵᠢᠯ ᠦᠨ ᠪᠠᠶᠢᠭᠤᠯᠤᠯᠭ᠎ᠠ (OECD) ᠍ ᠢ ᠦᠨᠳᠦᠰᠦᠯᠡᠨ ᠪᠠᠶᠢᠭᠤᠯᠤᠭᠴᠢ ᠭᠡᠰᠢᠭᠦᠳ ᠦᠨ ᠨᠢᠭᠡ ᠶᠠᠭᠤᠮ᠎ᠠ᠃ ᠲᠡᠭᠦᠨᠴᠢᠯᠡᠨ ᠺᠢᠣᠲ᠋ᠣ ᠶᠢᠨ ᠫᠷᠣᠲ᠋ᠣᠺᠣᠯ ᠳᠤ ᠭᠠᠷ ᠤᠨ ᠦᠰᠦᠭ ᠵᠢᠷᠤᠭᠰᠠᠨ᠃ ᠨᠢᠳᠧᠷᠯᠠᠨᠲ ᠨᠢ ᠪᠧᠯᠬᠢ᠂ ᠯᠦᠺᠰᠧᠨᠪᠦ᠋ᠷᠦᠺᠡᠶᠢᠨ ᠬᠠᠮᠲᠤ ᠪᠠᠷ ᠪᠧᠨᠯᠶᠤᠶᠢᠺᠰ ᠬᠡᠮᠡᠬᠦ ᠡᠳ᠋ ᠍ ᠦᠨ ᠵᠠᠰᠠᠭ ᠤᠨ ᠬᠣᠯᠪᠣᠭ᠎ᠠ ᠶᠢ ᠪᠦᠷᠢᠳᠦᠭᠦᠯᠳᠡᠭ᠃ ᠲᠤᠰ ᠤᠯᠤᠰ ᠲᠤ ᠣᠯᠠᠨ ᠤᠯᠤᠰ ᠤᠨ ᠲᠠᠪᠤᠨ ᠰᠢᠭᠦᠬᠦ ᠪᠠᠶᠢᠷᠢᠯᠠᠳᠠᠭ᠃ ᠲᠤᠬᠠᠶᠢᠯᠠᠪᠠᠯ: ᠠᠷᠪᠢᠲ᠋ᠧᠷ ᠤᠨ ᠪᠠᠶᠢᠩᠭᠤ ᠶᠢᠨ ᠰᠢᠭᠦᠬᠦᠣᠯᠠᠨ ᠤᠯᠤᠰ ᠤᠨ ᠰᠢᠭᠦᠬᠦᠬᠠᠭᠤᠴᠢᠨ ᠶᠣᠭᠣᠰᠯᠠᠪ ᠤᠨ ᠠᠰᠠᠭᠤᠳᠠᠯ ᠢᠶᠠᠷ ᠬᠢ ᠣᠯᠠᠨ ᠤᠯᠤᠰ ᠤᠨ ᠡᠷᠡᠭᠦᠦ ᠶᠢᠨ ᠰᠢᠭᠦᠬᠦᠣᠯᠠᠨ ᠤᠯᠤᠰ ᠤᠨ ᠡᠷᠡᠭᠦᠦ ᠶᠢᠨ ᠰᠢᠭᠦᠬᠦᠯᠢᠪᠠᠨ ᠤ ᠠᠰᠠᠭᠤᠳᠠᠯ ᠢᠶᠠᠷ ᠬᠢ ᠲᠤᠰᠬᠠᠢ ᠰᠢᠭᠦᠬᠦ ᠪᠠᠶᠢᠷᠢᠯᠠᠳᠠᠭ᠃ ᠡᠬᠢᠨ ᠦ ᠳᠥᠷᠪᠡᠨ ᠰᠢᠭᠦᠬᠦ ᠨᠢ ᠧᠦ᠋ᠷᠣᠫᠠ ᠶᠢᠨ ᠬᠣᠯᠪᠣᠭ᠎ᠠ ᠤ ᠡᠷᠡᠭᠦᠦ ᠶᠢᠨ ᠴᠠᠭᠳᠠᠭ᠎ᠠ ᠶᠢᠨ ᠠᠭᠧᠨᠲᠯᠢᠭ ᠪᠣᠯᠬᠤ ᠧᠦᠢᠷᠣᠫᠣᠯ ᠍ ᠤᠨ ᠬᠠᠮᠲᠤ ᠭᠠᠭᠠᠭ ᠳᠤ ᠪᠠᠶᠢᠷᠢᠯᠠᠳᠠᠭ᠃ ᠲᠡᠶᠢᠮᠦ ᠤᠴᠢᠷ ᠠᠴᠠ ᠲᠤᠰ ᠬᠣᠲᠠ ᠶᠢ "ᠳᠡᠯᠡᠬᠡᠢ ᠶᠢᠨ ᠬᠠᠤᠯᠢ ᠵᠦᠢ ᠶᠢᠨ ᠨᠡᠶᠢᠰᠯᠡᠯ" ᠭᠡᠵᠦ ᠨᠡᠷᠡᠯᠡᠳᠡᠭ ᠠᠵᠢ᠃"[3]

ᠺᠢᠨᠳᠧᠷᠳ᠋ ᠍ ᠦᠺ ᠳ᠋ᠡᠬᠢ ᠰᠠᠯᠬᠢᠨ ᠲᠡᠭᠡᠷᠮ᠎ᠡ ᠨᠦᠭᠦᠳ

ᠨᠢᠳᠧᠷᠯᠠᠨᠲ ᠨᠢ ᠭᠠᠵᠠᠷ ᠵᠦᠢ ᠶᠢᠨ ᠬᠤᠪᠢ ᠳᠤ ᠨᠠᠮ ᠳᠣᠣᠷ᠎ᠠ ᠪᠠᠶᠢᠷᠢᠯᠠᠯ ᠲᠠᠢ ᠤᠯᠤᠰ ᠪᠥᠭᠡᠳ ᠨᠡᠶᠢᠲᠡ ᠨᠤᠲᠤᠭ ᠳᠡᠪᠢᠰᠬᠡᠷ ᠦᠨ ᠬᠢ ᠨᠢ 27% ᠪᠣᠯᠤᠨ ᠬᠦᠮᠦᠨ ᠠᠮᠠ ᠶᠢᠨ ᠬᠢ ᠨᠢ 60% ᠳᠠᠯᠠᠢ ᠶᠢᠨ ᠲᠦᠪᠰᠢᠨ ᠡᠴᠡ ᠳᠣᠣᠷ᠎ᠠ ᠪᠠᠶᠢᠳᠠᠭ᠃[4][5] ᠶᠡᠬᠡᠬᠡᠨ ᠨᠤᠲᠤᠭ ᠳᠡᠪᠢᠰᠬᠡᠷ ᠢᠶᠡᠨ ᠭᠠᠵᠠᠷ ᠤᠨ ᠨᠥᠬᠥᠨ ᠰᠡᠷᠭᠦᠭᠡᠯᠲᠡ ᠪᠡᠷ ᠪᠤᠢ ᠪᠣᠯᠭᠠᠭᠰᠠᠨ᠃ ᠨᠢᠳᠧᠷᠯᠠᠨ᠋ᠳ᠋ ᠍ ᠤᠨ ᠶᠡᠬᠡᠬᠡᠨ ᠬᠡᠰᠡᠭ ᠢ ᠧᠦ᠋ᠷᠣᠫᠠ ᠶᠢᠨ ᠭᠤᠷᠪᠠᠨ ᠲᠣᠮᠣᠬᠠᠨ ᠭᠣᠣᠯ ᠤᠨ ᠠᠳᠠᠭ ᠪᠦᠷᠢᠳᠦᠭᠦᠯᠳᠡᠭ ᠪᠠ ᠲᠡᠳᠡᠭᠡᠷ ᠭᠣᠣᠯ ᠰᠠᠯᠠᠭᠠᠨ ᠨᠤᠭᠤᠳ ᠤᠨ ᠢᠶᠠᠨ ᠬᠠᠮᠲᠤ ᠪᠠᠷ ᠷᠠᠢ ᠶᠢᠨ-ᠮᠤᠸᠠᠵᠠ-ᠱᠧᠯᠳᠦᠲᠦ ᠶᠢᠨ ᠳᠧᠯᠲ᠋ᠠ ᠭᠡᠭᠳᠡᠳᠡᠭ᠃ ᠲᠤᠰ ᠤᠯᠤᠰ ᠤᠨ ᠵᠡᠭᠦᠨ ᠡᠮᠦᠨᠡᠲᠦ ᠬᠡᠰᠡᠭ ᠳ᠋ᠡᠬᠢ ᠠᠷᠠᠳᠧᠨᠨᠢ ᠶᠢᠨ ᠨᠢᠷᠤᠭᠤ ᠪᠣᠯᠤᠨ ᠮᠥᠰᠦᠨ ᠭᠠᠯᠪᠠ ᠶᠢᠨ ᠮᠥᠰᠦᠨ ᠭᠣᠣᠯ ᠢᠶᠠᠷ ᠡᠭᠦᠰᠦᠭᠰᠡᠨ ᠲᠥᠪ ᠬᠡᠰᠡᠭ ᠦᠨ ᠨᠠᠮᠬᠠᠨ ᠲᠣᠯᠣᠭᠠᠳ ᠢ ᠲᠣᠭᠠᠴᠠᠬᠤ ᠦᠭᠡᠢ ᠪᠣᠯ ᠨᠤᠲᠤᠭ ᠳᠡᠪᠢᠰᠬᠡᠷ ᠦᠨ ᠶᠡᠬᠡᠩᠬᠢ ᠬᠡᠰᠡᠭ ᠨᠢ ᠮᠠᠰᠢ ᠬᠠᠪᠲᠠᠭᠠᠢ᠃

ᠨᠢᠳᠧᠷᠯᠠᠨᠲ ᠨᠢ ᠬᠦᠮᠦᠨ ᠠᠮᠠ ᠰᠢᠭᠢᠭᠦᠦ ᠰᠠᠭᠤᠭᠰᠠᠨ ᠤᠯᠤᠰ᠃ ᠤᠯᠠᠮᠵᠢᠯᠠᠯᠲᠤ ᠰᠠᠯᠬᠢᠨ ᠲᠡᠭᠡᠷᠮ᠎ᠡ᠂ ᠠᠯᠲᠠᠨᠵᠤᠯ᠂ ᠪᠢᠰᠢᠯᠠᠭ᠂ ᠮᠣᠳᠣᠨ ᠤᠯᠠ ᠲᠠᠢ ᠱᠠᠬᠠᠢ᠂ ᠭᠠᠤᠳᠠ ᠸᠠᠭᠠᠷᠤᠨ ᠡᠳ᠋ᠯᠡᠯ᠂ ᠤᠨᠤᠳᠠᠭ ᠳᠤᠭᠤᠢ᠂ ᠤᠯᠠᠮᠵᠢᠯᠠᠯᠲᠤ ᠦᠨᠡᠲᠦ ᠵᠦᠢᠯ᠂ ᠰᠣᠩᠭᠣᠳᠠᠭ ᠬᠦᠯᠢᠴᠡᠯ ᠢᠶᠡᠷ ᠢᠶᠡᠨ ᠠᠯᠳᠠᠷᠲᠠᠢ᠃ ᠬᠠᠭᠤᠴᠢᠨ ᠤ ᠫᠠᠷᠯᠠᠮᠧᠨᠲ ᠤᠨ ᠠᠷᠠᠳᠴᠢᠯᠠᠭᠰᠠᠨ ᠤᠯᠤᠰ ᠪᠣᠯᠬᠤ ᠨᠢᠳᠧᠷᠯᠠᠨᠲ ᠰᠡᠭᠦᠯ ᠦᠨ ᠵᠢᠯ ᠤᠨᠳ ᠲᠤ ᠮᠠᠩᠰᠢᠭᠤᠷᠠᠭᠤᠯᠬᠤ ᠪᠣᠳᠠᠰ᠂ ᠪᠡᠶ᠎ᠡ ᠪᠡᠨ ᠦᠨᠡᠯᠡᠬᠦ ᠶᠠᠪᠤᠳᠠᠯ᠂ ᠢᠵᠢᠯ ᠬᠦᠢᠰᠦᠲᠡᠨ ᠦ ᠭᠡᠷᠯᠡᠬᠦ ᠡᠷᠬᠡ᠂ ᠡᠪᠲᠤᠨ ᠠᠽᠢ ᠵᠡᠷᠭᠡ ᠳᠦ ᠣᠷᠴᠢᠨ ᠦᠶ᠎ᠡ ᠶᠢᠨ ᠯᠢᠪᠧᠷᠠᠯ ᠪᠣᠳᠣᠯᠭ᠎ᠠ ᠪᠠᠷᠢᠮᠲᠠᠯᠠᠬᠤ ᠪᠣᠯᠤᠭᠰᠠᠨ᠃

ᠨᠢᠳᠧᠷᠯᠠᠨ᠋ᠳ᠋ ᠍ ᠤᠨ ᠭᠠᠵᠠᠷ ᠤᠨ ᠵᠢᠷᠤᠭ

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠯᠪᠠᠭ᠎ᠠ ᠮᠤᠵᠢ ᠨᠡᠶᠢᠰᠯᠡᠯ ᠬᠠᠮᠤᠭ ᠤᠨ ᠲᠣᠮᠣ ᠬᠣᠲᠠ ᠨᠤᠲᠤᠭ ᠳᠡᠪᠢᠰᠬᠡᠷ (км²) ᠬᠦᠮᠦᠨ ᠠᠮᠠ[7] ᠨᠢᠭᠲᠠᠰᠢᠯ
(км² ᠲᠤᠲᠤᠮ ᠳᠤ)
Flag Drenthe.svg ᠳᠷᠧᠨ᠋ᠲ᠋ᠧ ᠠᠰᠰᠧᠨ ᠠᠰᠰᠧᠨ 2,641 486,197 184
Flevolandflag.svg ᠹᠯᠧᠣᠣᠯᠢᠶᠠᠩ ᠳᠤ ᠯᠧᠯᠢᠰᠲᠠ ᠳᠤ ᠠᠯᠮᠧᠷᠧ 1,417 374,424 264
Frisian flag.svg ᠹᠷᠠᠶᠢᠰᠤᠯᠠᠩ ᠳᠤ ᠯᠢᠭᠤᠪᠤᠷᠳᠧᠨ ᠯᠢᠭᠤᠪᠤᠷᠳᠧᠨ 3,341 642,209 192
Gelderland-Flag.svg ᠭᠧᠯᠳᠧᠷᠯᠠᠨ ᠳᠤ ᠠᠷᠨᠡᠮ ᠨᠢᠮᠧᠭᠧᠨ 4,971 1,979,059 398
Flag Groningen.svg ᠭᠷᠣᠨᠢᠩᠭᠧᠨ ᠭᠷᠣᠨᠢᠩᠭᠧᠨ ᠭᠷᠣᠨᠢᠩᠭᠧᠨ 2,333 573,614 246
NL-LimburgVlag.svg ᠯᠢᠩᠪᠦᠦᠭ ᠮᠠᠰᠲᠷᠢᠬᠡ ᠳᠦ ᠮᠠᠰᠲᠷᠢᠬᠡ ᠳᠦ 2,150 1,127,805 525
North Brabant-Flag.svg ᠬᠣᠶᠢᠳᠤ ᠪᠷᠠᠪᠠᠨᠲ ᠬᠧᠷᠲ᠋ᠣᠭᠧᠨᠪᠣᠱ ᠡᠢᠨᠲᠤᠬᠣᠸᠧᠨ 4,916 2,419,042 492
Flag North-Holland, Netherlands.svg ᠬᠣᠶᠢᠳᠤ ᠬᠣᠯᠠᠨᠳ᠋ ᠬᠠᠷᠯᠧᠮ ᠠᠮᠰᠲ᠋ᠧᠷᠳᠠᠮ 2,671 2,613,070 978
Flag Overijssel.svg ᠣᠸᠧᠷᠢᠰᠧᠯ ᠴᠣᠣᠯᠯᠧ ᠡᠨᠱᠧᠳᠧ 3,325 1,116,374 336
Utrecht (province)-Flag.svg ᠤᠲᠷᠧᠬᠡ ᠳᠦ ᠤᠲᠷᠧᠬᠡ ᠳᠦ ᠤᠲᠷᠧᠬᠡ ᠳᠦ 1,385 1,190,604 860
Flag of Zeeland.svg ᠽᠢᠯᠠᠨ ᠳᠤ ᠮ᠎ᠡ ᠳᠦᠳᠧᠯᠪᠦᠦᠭ ᠮ᠎ᠡ ᠳᠦᠳᠧᠯᠪᠦᠦᠭ 1,787 380,497 213
Flag Zuid-Holland.svg ᠡᠮᠦᠨᠡᠲᠦ ᠬᠣᠯᠠᠨᠳ᠋ ᠭᠠᠭᠠᠭ
(ᠬᠠ ᠶᠢ)
ᠷᠣᠲᠲ᠋ᠧᠷᠳᠠᠮ 2,814 3,455,097 1228

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 1.2 1.3 Netherlands. International Monetary Fund. 6 May 2011 ᠍ ᠳᠦ ᠬᠠᠨᠳᠤᠭᠰᠠᠨ᠃
  2. Human Development Report 2010. United Nations (2010). 4 November 2010 ᠍ ᠳᠦ ᠬᠠᠨᠳᠤᠭᠰᠠᠨ᠃ᠵᠠᠭᠪᠤᠷ:Dead link
  3. van Krieken, Peter J.; David McKay (2005). The Hague: Legal Capital of the World. Cambridge University Press. ISBN 9067041858. , "1990 ᠍ ᠊ᠭᠡᠳ ᠣᠨ ᠳᠤ ᠨᠢᠭᠡᠳᠦᠭᠰᠡᠨ ᠦᠨᠳᠦᠰᠦᠲᠡᠨ ᠦ ᠪᠠᠶᠢᠭᠤᠯᠤᠯᠭ᠎ᠠ ᠶᠢᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠪᠤᠲ᠋ᠷᠣᠰ ᠪᠤᠲ᠋ᠷᠣᠰ-ᠭᠠᠯᠢ ᠭᠠᠭᠠᠭ ᠢ ᠳᠡᠯᠡᠬᠡᠢ ᠶᠢᠨ ᠬᠠᠤᠯᠢ ᠵᠦᠢ ᠶᠢᠨ ᠨᠡᠶᠢᠰᠯᠡᠯ ᠭᠡᠵᠦ ᠨᠡᠷᠡᠯᠡᠵᠦ ᠡᠬᠢᠯᠡᠭᠰᠡᠨ"
  4. The Netherlands: The land » Relief. Encyclopædia Britannica. 2008-08-25 ᠍ ᠳᠦ ᠬᠠᠨᠳᠤᠭᠰᠠᠨ᠃
  5. Rosenberg, Matt. Polders and Dykes of the Netherlands. About.com : Geography. 2008-08-23 ᠍ ᠳᠦ ᠬᠠᠨᠳᠤᠭᠰᠠᠨ᠃
  6. Regionale Kerncijfers Nederland (Dutch). Statistics Netherlands (2007). 2007-10-13 ᠍ ᠳᠦ ᠬᠠᠨᠳᠤᠭᠰᠠᠨ᠃
  7. Bevolking per regio naar leeftijd, geslacht en burgerlijke staat (Dutch). Statistics Netherlands (2007). 2007-10-13 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ