ᠨᠢᠮ᠎ᠠ ᠶᠢᠨ ᠵᠠᠮᠪᠠ ᠪᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠨᠢᠮ᠎ᠠ ᠶᠢᠨ ᠵᠠᠮᠪᠠ ᠪᠠᠨ
ᠲᠥᠷᠦᠭᠰᠡᠨ ᠤᠨ 1910 ᠣᠨ
ᠲᠥᠷᠦᠭᠰᠡᠨ ᠭᠠᠵᠠᠷ ᠮᠣᠩᠭᠣᠯ ᠤᠯᠤᠰ ᠍ ᠤᠨ ᠪᠤᠯᠠᠭᠠᠨ ᠠᠶᠢᠮᠠᠭ ᠤᠨ ᠪᠤᠭᠤᠳᠤ ᠰᠤᠮᠤ
 ᠨᠠᠰᠤ ᠪᠠᠷᠠᠭᠰᠠᠨ 1998 ᠣᠨ ᠤ 7 ᠰᠠᠷ᠎ᠠ ᠶᠢᠨ 23
(88 ᠨᠠᠰᠤᠯᠠᠭᠰᠠᠨ)
ᠦᠨᠳᠦᠰᠦᠲᠡᠨ ᠮᠣᠩᠭᠣᠯ ᠦᠨᠳᠦᠰᠦᠲᠡᠨ
ᠢᠷᠭᠡᠨ Flag of Mongolia.svg ᠮᠣᠩᠭᠣᠯ
ᠠᠵᠢᠯ ᠪᠠᠷᠢᠮᠠᠯᠴᠢᠨ

ᠨᠢᠮ᠎ᠠ ᠶᠢᠨ ᠵᠠᠮᠪᠠ ᠪᠠᠨ - ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠲᠥᠷᠦ ᠶᠢᠨ ᠱᠠᠩᠨᠠᠯᠲ᠂ ᠮᠣᠩᠭᠣᠯ ᠤᠯᠤᠰ ᠤᠨ ᠠᠷᠠᠳ ᠤᠨ ᠵᠢᠷᠤᠭᠠᠴᠢᠤᠷᠠᠯᠢᠭ ᠤᠨ ᠭᠠᠪᠢᠶᠠᠲᠤ ᠵᠢᠳᠬᠦᠯᠲᠡᠨ ᠪᠠᠷᠢᠮᠠᠯᠴᠢᠨ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭ᠎ᠠ ᠵᠠᠯᠠᠭᠤ ᠳᠤ ᠪᠠᠨ ᠬᠡᠶᠢᠳ ᠲᠦ ᠱᠠᠪᠢᠯᠠᠨ ᠰᠠᠭᠤᠵᠤ ᠪᠤᠷᠬᠠᠨ ᠤ ᠱᠠᠰᠢᠨ ᠤ ᠨᠣᠮᠣᠨ ᠳᠤ ᠰᠢᠮᠳᠠᠨ ᠰᠤᠷᠤᠯᠴᠠᠵᠤ ᠳᠣᠮ ᠤᠨ ᠳᠠᠮᠵᠢᠶ᠎ᠠ ᠪᠠᠷᠢᠭᠰᠠᠨ ᠴᠣᠶᠢᠷᠣ᠎ᠠ ᠶᠢᠨ ᠤᠩᠰᠢᠯᠭ᠎ᠠ ᠲᠠᠢ ᠯᠠᠮᠠ ᠪᠠᠶᠢᠭᠰᠠᠨ ᠡᠨᠡ ᠬᠦᠮᠦᠨ

 • 1938 ᠣᠨ ᠳᠤ ᠬᠠᠷ᠎ᠠ ᠪᠣᠯᠵᠤ ᠯᠠᠮᠠ ᠨᠠᠷ ᠤᠨ ᠠᠷᠲ᠋ᠧᠯᠢ ᠳᠤ ᠠᠵᠢᠯᠴᠢᠨ ᠢᠶᠠᠷ ᠣᠷᠣᠵᠤ ᠤᠳᠤᠷᠢᠳᠤᠭᠴᠢ ᠨᠠᠷ ᠤᠨ ᠬᠥᠷᠦᠭ ᠵᠢᠷᠤᠵᠤ ᠪᠠᠶᠢᠭᠰᠠᠨ ᠢᠶᠠᠨ
 • 1945 ᠣᠨ ᠳᠤ ᠳᠦᠷᠰᠦᠯᠡᠬᠦ ᠤᠷᠠᠯᠢᠭ ᠤᠨ ᠭᠠᠵᠠᠷ ᠪᠠᠷᠢᠮᠠᠯ ᠤᠨ ᠲᠠᠰᠤᠭ ᠨᠡᠭᠡᠭᠡᠬᠦ ᠳᠦ ᠲᠡᠨᠳᠡ ᠰᠢᠯᠵᠢᠨ ᠣᠴᠢᠵᠠᠢ᠃

ᠤᠷᠠᠨ ᠪᠦᠲᠦᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠳ᠃ᠰᠦᠬᠡᠪᠠᠭᠠᠲᠤᠷ ᠍ ᠤᠨ ᠬᠥᠰᠢᠭᠡᠨ ᠦ ᠬᠠᠵᠠᠭᠤ ᠲᠠᠯ᠎ᠠ ᠶᠢᠨ ᠫᠠᠷᠲ᠋ᠢᠽᠠᠨ ᠨᠤᠭᠤᠳ ᠬᠢᠶᠠᠭᠲᠤ ᠶᠢ ᠠᠲ᠋ᠠᠺᠯᠠᠨ ᠠᠪᠴᠤ ᠪᠠᠶᠢᠭ᠎ᠠ ᠴᠢᠮᠡᠭᠯᠡᠯ ᠪᠣᠯᠤᠨ ᠬᠥᠰᠢᠭᠡ ᠶᠢ ᠲᠣᠭᠣᠷᠢᠭᠰᠠᠨ ᠠᠷᠰᠯᠠᠨᠤᠭ ᠤᠳ ᠢ ᠤᠷᠠᠯᠠᠵᠠᠢ᠃
 • ᠲᠡᠦᠬᠡ᠂ ᠰᠣᠶᠣᠯ ᠤᠨ ᠳᠤᠷᠠᠰᠬᠠᠯ ᠢ ᠰᠡᠷᠭᠦᠭᠡᠨ ᠵᠠᠰᠠᠪᠤᠷᠢᠯᠠᠬᠤ ᠠᠵᠢᠯ ᠳᠤ ᠣᠯᠠᠨ ᠵᠢᠯ ᠦᠨ ᠬᠥᠳᠡᠯᠮᠦᠷᠢ ᠪᠡᠨ ᠵᠣᠷᠢᠭᠤᠯᠵᠤ
  • ᠡᠷᠳᠡᠨᠢᠵᠤᠤ ᠬᠡᠶᠢᠳ᠂ ᠮᠦᠽᠧᠢ ᠶᠢᠨ ᠭᠣᠮᠪᠣ᠂
  • ᠲᠡᠭᠦᠨ ᠦ ᠳᠥᠷᠪᠡᠨ ᠨᠥᠬᠥᠷ ᡀᠠᠮᠣ᠂ ᠭᠣᠩᠭᠣᠷ᠂ ᠨᠡᠶᠢᠲᠡ ᠳᠣᠯᠣᠭᠠᠨ ᠪᠤᠷᠬᠠᠨ᠂
  • ᠠᠮᠤᠷᠪᠠᠶᠠᠰᠬᠤᠯᠠᠩ ᠬᠡᠶᠢᠳ ᠦᠨ ᠮᠠᠬᠠᠷᠠᠨᠵᠠ ᠪᠤᠷᠬᠠᠨ᠂
 • МИУС ᠍ ᠤᠨ ᠡᠭᠦᠳᠡᠨ ᠳ᠋ᠡᠬᠢ ᠬ᠃ᠴᠣᠶᠢᠪᠠᠯᠰᠠᠩ
 • ᠤᠯᠤᠰ ᠲᠥᠷᠥ ᠶᠢᠨ ᠳᠡᠭᠡᠳᠦ ᠰᠤᠷᠭᠠᠭᠤᠯᠢ ᠶᠢᠨ ᠭᠠᠳᠠᠭᠠᠬᠢ ᠳ᠃ᠰᠦᠬᠡᠪᠠᠭᠠᠲᠤᠷ ᠪᠣᠯᠤᠨ ᠤᠯᠤᠰ ᠤᠨ ᠪᠠᠭᠠᠲᠤᠷ ᠴ᠃ᠣᠯᠵᠠᠪᠠᠢ᠂ ᠠᠷᠠᠳ ᠠᠶᠤᠱᠢ᠂ ᠮᠠᠩᠯᠠᠶᠢᠪᠠᠭᠠᠲᠤᠷ ᠳᠠᠮᠳᠢᠨᠰᠦ᠋ᠷᠦᠩᠭᠡᠶᠢᠨ ᠬᠥᠰᠢᠶ᠎ᠡ᠂ 《ᠠᠶᠢᠷᠠᠭ》, 《ᠰᠦᠬᠡᠪᠠᠭᠠᠲᠤᠷ ᠤᠨ ᠬᠥᠰᠢᠶ᠎ᠡ》, 《ᠡᠮᠨᠢᠭ ᠰᠤᠷᠭᠠᠭᠴᠢ》,
 • ᠥᠯᠥᠭᠡᠢ ᠬᠣᠳᠠ ᠳᠤ 《ᠳᠣᠮᠪᠣᠷᠴᠢᠨ》, 《ᠬᠠᠰᠠᠺ ᠠᠩᠴᠢᠨ》,
 • ᠤᠯᠠᠭᠠᠨᠪᠠᠭᠠᠲᠤᠷ ᠲᠤ 》ᠰᠠᠭᠠᠯᠢᠴᠢᠨ》, 《ᠠᠩᠴᠢᠨ》 ᠵᠡᠷᠭᠡ ᠣᠯᠠᠨ ᠰᠠᠶᠢᠬᠠᠨ ᠤᠷᠠᠨ ᠪᠠᠷᠢᠮᠠᠯ ᠢ ᠪᠦᠲᠦᠭᠡᠵᠡᠢ᠃

ᠮᠡᠭᠵᠢ ᠳᠦ ᠵᠠᠨᠷᠠᠶᠢᠰᠢᠭ ᠰᠢᠲᠦᠭᠡᠨ ᠢ ᠪᠦᠲᠦᠭᠡᠬᠦ ᠳᠦ ᠡᠬᠡ ᠵᠠᠭᠪᠤᠷ ᠭᠠᠷᠭᠠᠵᠤ ᠮᠥᠨ ᠵᠥᠪᠯᠡᠬᠦ ᠪᠡᠷ ᠨᠢ ᠠᠵᠢᠯᠯᠠᠵᠤ ᠣᠨᠴᠠᠭᠠᠢ ᠡᠭᠦᠷᠭᠡ ᠭᠦᠢᠴᠡᠳᠭᠡᠭᠰᠡᠨ ᠪᠥᠭᠡᠳ ᠲᠤᠰ ᠪᠦᠲᠦᠭᠡᠯ ᠢᠶᠡᠷ ᠢᠶᠡᠨ "ᠠᠷᠠᠳ ᠤᠨ ᠵᠢᠷᠤᠭᠠᠴᠢ" ᠴᠣᠯᠠ ᠪᠠᠨ ᠠᠪᠤᠭᠰᠠᠨ᠂ ᠮᠣᠩᠭᠣᠯ ᠤᠨ ᠤᠷᠠᠨ ᠪᠠᠷᠢᠮᠠᠯ ᠤᠨ ᠬᠥᠭᠵᠢᠯᠳᠦ ᠦᠨᠡᠲᠡᠢ ᠬᠤᠪᠢ ᠨᠡᠮᠡᠷᠢ ᠪᠡᠨ ᠣᠷᠣᠭᠤᠯᠤᠭᠰᠠᠨ ᠤᠷᠠᠨ ᠪᠦᠲᠦᠭᠡᠯᠴᠢ ᠪᠠᠶᠢᠴᠠᠢ᠃

ᠭᠠᠪᠢᠶ᠎ᠠ ᠱᠠᠩᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠤᠷᠠᠯᠢᠭ ᠤᠨ ᠭᠠᠪᠢᠶᠠᠲᠤ ᠵᠢᠳᠬᠦᠯᠲᠡᠨ /1962-12-07.№206/
 • ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠲᠥᠷᠥ ᠶᠢᠨ ᠱᠠᠩᠨᠠᠯ /1963/ - 《ᠠᠶᠢᠷᠠᠭ》, 《ᠰᠦᠬᠡᠪᠠᠭᠠᠲᠤᠷ ᠤᠨ ᠬᠥᠰᠢᠶ᠎ᠡ》, 《ᠡᠮᠨᠢᠭ ᠰᠤᠷᠭᠠᠭᠴᠢ》 ᠵᠡᠷᠭᠡ ᠪᠠᠷᠢᠮᠠᠯ ᠢᠶᠠᠷ ᠢᠶᠠᠨ
 • ᠮᠣᠩᠭᠣᠯ ᠤᠯᠤᠰ ᠤᠨ ᠠᠷᠠᠳ ᠤᠨ ᠵᠢᠷᠤᠭᠠᠴᠢ /1996-10-23.№207/
 • 《ᠠᠯᠲᠠᠨ ᠭᠠᠳᠠᠰᠤ》 ᠣᠳᠣᠨ᠂
 • ᠬᠥᠳᠡᠯᠮᠦᠷᠢ ᠶᠢᠨ ᠬᠦᠨᠳᠦᠲᠦ ᠮᠧᠳᠠᠯ ᠪᠣᠯᠤᠨ ᠣᠢ ᠶᠢᠨ ᠬᠦᠨᠳᠦᠳ ᠮᠧᠳᠠᠯ ᠤᠳ ᠢᠶᠠᠷ ᠱᠠᠩᠨᠠᠭᠳᠠᠵᠠᠢ᠃

ᠪᠢᠴᠢᠭᠡᠰᠦ