ᠨᠡᠶᠢᠭᠡᠮ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠣᠯᠠᠨ ᠤᠭᠰᠠᠭᠠᠲᠠᠨ ᠠᠴᠠ ᠪᠦᠷᠢᠯᠳᠦᠭᠰᠡᠨ ᠨᠡᠶᠢᠭᠡᠮ

ᠨᠡᠶᠢᠭᠡᠮ ᠭᠡᠳᠡᠭ ᠨᠢ ᠥᠷᠭᠡᠨ ᠤᠳᠬ᠎ᠠ ᠪᠠᠷ ᠢᠶᠠᠨ ᠬᠦᠮᠦᠰ ᠦᠨ ᠵᠣᠬᠢᠶᠠᠨ ᠪᠠᠶᠢᠭᠤᠯᠤᠯᠲᠠ ᠲᠠᠢ᠂ ᠴᠢᠭᠢ ᠵᠣᠷᠢᠯᠭ᠎ᠠ ᠲᠠᠢ ᠬᠠᠷᠢᠯᠴᠠᠭ᠎ᠠ᠂ ᠦᠢᠯᠡ ᠠᠵᠢᠯᠯᠠᠭᠠᠨ ᠤ ᠰᠢᠰᠲ᠋ᠧᠮ᠂ ᠲᠡᠳᠡᠭᠡᠷ ᠦᠨ ᠦᠷ᠎ᠡ ᠳ᠋ᠦᠩ ᠳᠦ ᠪᠤᠢ ᠪᠣᠯᠤᠭᠰᠠᠨ ᠦᠨᠡᠲᠦ ᠵᠦᠢᠯᠡᠰ ᠦᠨ ᠨᠢᠭᠡᠳᠦᠯ᠂ ᠥᠪᠡᠷ ᠢ ᠪᠡᠨ ᠪᠠᠶᠢᠩᠭᠤ ᠨᠥᠬᠥᠨ ᠰᠡᠷᠭᠦᠭᠡᠵᠦ ᠪᠠᠶᠢᠳᠠᠭ ᠪᠡᠶ᠎ᠡ ᠳᠠᠭᠠᠭᠰᠠᠨ ᠲᠣᠭᠲᠠᠯᠴᠠᠭᠠᠨ ᠤ ᠨᠡᠶᠢᠯᠡᠪᠦᠷᠢ ᠶᠤᠮ᠃

ᠢᠪᠴᠤᠤ ᠤᠳᠬ᠎ᠠ ᠪᠠᠷ ᠢᠶᠠᠨ ᠨᠡᠶᠢᠭᠡᠮ ᠨᠢ ᠪᠠᠶᠢᠩᠭᠤ ᠶᠢᠨ ᠨᠤᠲᠤᠭ ᠳᠡᠪᠢᠰᠬᠡᠷ ᠲᠡᠢ᠂ ᠤᠯᠤᠰ ᠲᠥᠷᠥ᠂ ᠡᠳ᠋ ᠍ ᠍ ᠦᠨ ᠵᠠᠰᠠᠭ ᠤᠨ ᠪᠦᠷᠢᠨ ᠲᠤᠰᠠᠭᠠᠷ ᠲᠣᠭᠲᠠᠨᠢᠯ ᠲᠠᠢ᠂ ᠪᠡᠶ᠎ᠡ ᠳᠠᠭᠠᠭᠰᠠᠨ ᠰᠤᠶᠤᠯ ᠲᠠᠢ᠂ ᠨᠡᠶᠢᠭᠡᠮ ᠢ ᠪᠦᠷᠢᠳᠦᠭᠦᠯᠦᠭᠴᠢ ᠣᠯᠠᠨ ᠲᠦᠮᠡᠨ ᠨᠢ ᠰᠡᠳᠬᠢᠯ ᠵᠦᠢ ᠶᠢᠨ ᠬᠤᠪᠢ ᠳᠤ ᠨᠢᠭᠡᠳᠦᠮᠡᠯ ᠰᠢᠨᠵᠢ ᠲᠡᠢ ᠪᠠᠶᠢᠬᠤ ᠬᠦᠮᠦᠰ ᠦᠨ ᠲᠣᠮᠣ ᠨᠡᠶᠢᠲᠡᠯᠢᠭ ᠶᠤᠮ᠃ ᠮᠥᠨ ᠨᠡᠶᠢᠭᠡᠮ ᠭᠡᠰᠡᠨ ᠣᠶᠢᠯᠠᠭᠠᠯᠲᠠ ᠶᠢ ᠲᠠᠶᠢᠯᠪᠤᠷᠢᠯᠠᠬᠤ ᠮᠠᠰᠢ ᠣᠯᠠᠨ ᠬᠠᠨᠳᠤᠯᠭ᠎ᠠ ᠨᠤᠭᠤᠳ ᠪᠠᠶᠢᠳᠠᠭ᠃ ᠲᠤᠬᠠᠶᠢᠯᠠᠪᠠᠯ ᠭᠧᠷᠮᠠᠨ ᠤ ᠰᠣᠴᠢᠣᠯᠣᠭᠢᠴᠢ ᠮ᠃ВЕБЕРийнхээр ᠨᠡᠶᠢᠭᠡᠮ ᠭᠡᠳᠡᠭ ᠪᠣᠯ ᠪᠤᠰᠤᠳ ᠬᠦᠮᠦᠰ ᠪᠣᠯᠤᠨ ᠦᠢᠯᠡᠳ ᠶᠠᠪᠤᠳᠠᠯ ᠳᠤ ᠬᠠᠨᠳᠤᠭᠰᠠᠨ ᠨᠡᠶᠢᠭᠡᠮ ᠤᠨ ᠪᠦᠲᠦᠭᠡᠭᠳᠡᠬᠦᠨ ᠪᠣᠯᠳᠠᠭ ᠬᠦᠮᠦᠰ ᠦᠨ ᠬᠠᠷᠢᠯᠴᠠᠨ ᠦᠢᠯᠡᠴᠢᠯᠡᠯ ᠶᠤᠮ ᠲ᠃ᠫᠠᠷᠰᠤᠨᠤᠰ ᠨᠡᠶᠢᠭᠡᠮ ᠢ ᠲᠣᠳᠣᠷᠬᠠᠶᠢᠯᠠᠬᠤ ᠳ᠋ᠠ ᠬᠣᠯᠪᠣᠭᠴᠢ ᠡᠬᠢᠯᠡᠯ ᠦᠨ ᠴᠡᠭ ᠨᠢ ᠬᠡᠮ ᠬᠡᠮᠵᠢᠶ᠎ᠡ ᠪᠠ ᠦᠨᠡᠲᠦ ᠵᠦᠢᠯᠡᠰ ᠪᠠᠶᠢᠳᠠᠭ ᠬᠦᠮᠦᠰ ᠦᠨ ᠬᠣᠭᠣᠷᠣᠨᠳᠣ ᠶᠢᠨ ᠬᠠᠷᠢᠯᠴᠠᠭᠠᠨ ᠤ ᠲᠣᠭᠲᠠᠯ ᠢᠶᠠᠨ ᠬᠡᠮᠡᠨ ᠦᠵᠡᠵᠡᠢ ᠺ᠃ᠮᠠᠷᠺᠰ ᠤᠨ ᠬᠢ ᠪᠠᠷ ᠪᠣᠯ ᠨᠡᠶᠢᠭᠡᠮ ᠭᠡᠳᠡᠭ ᠨᠢ ᠬᠠᠮᠲᠤ ᠶᠢᠨ ᠦᠢᠯᠡ ᠠᠵᠢᠯᠯᠠᠭᠠᠨ ᠤ ᠶᠠᠪᠤᠴᠠ ᠳᠤ ᠪᠦᠷᠢᠯᠳᠦᠭᠰᠡᠨ ᠬᠦᠮᠦᠰ ᠦᠨ ᠬᠣᠭᠣᠷᠣᠨᠳᠣ ᠶᠢᠨ ᠬᠠᠷᠢᠯᠴᠠᠭᠠᠨ ᠤ ᠲᠡᠦᠬᠡᠨ ᠶᠣᠰᠣᠭᠠᠷ ᠬᠥᠭᠵᠢᠭᠴᠢ ᠴᠣᠭᠴᠠ ᠶᠤᠮ᠃ [1]

ᠨᠡᠶᠢᠭᠡᠮ ᠨᠢ ᠮᠠᠰᠢ ᠨᠠᠷᠢᠨ ᠨᠡᠶᠢᠯᠡᠮᠡᠯ ᠪᠦᠲᠦᠴᠡ᠂ ᠵᠣᠬᠢᠶᠠᠨ ᠪᠠᠶᠢᠭᠤᠯᠤᠯᠲᠠ᠂ ᠥᠷᠭᠡᠨ ᠠᠭᠤᠯᠭ᠎ᠠ ᠲᠠᠢ᠂ ᠣᠷᠣᠰᠢᠨ ᠲᠣᠭᠲᠠᠨᠢᠯ᠂ᠥᠭᠡᠷᠡᠴᠢᠯᠡᠯᠲᠡ᠂ᠬᠥᠭᠵᠢᠯ ᠪᠦᠬᠦᠢ ᠵᠦᠢᠷᠯᠡᠨ ᠬᠡᠯᠡᠪᠡᠯ᠂ᠠᠮᠢᠳᠤ ᠣᠷᠭᠠᠨᠢᠰᠮ ᠯᠤᠭ᠎ᠠ ᠥᠪᠡᠷ ᠢᠶᠡᠨ ᠬᠥᠭᠵᠢᠭᠴᠢ᠂ ᠬᠦᠮᠦᠨ ᠢ ᠬᠥᠭᠵᠢᠭᠦᠯᠦᠭᠴᠢ ᠲᠣᠮᠣ ᠲᠣᠭᠲᠠᠯᠴᠠᠭ᠎ᠠ ᠮᠥᠨ᠃ ᠨᠡᠶᠢᠭᠡᠮ ᠤᠨ ᠡᠭᠦᠰᠦᠯ ᠬᠤᠪᠢᠰᠤᠯ᠂ᠬᠥᠭᠵᠢᠯ᠂ ᠲᠡᠭᠦᠨ ᠦ ᠤᠭ ᠮᠥᠨ ᠴᠢᠨᠠᠷ᠂ᠢᠷᠡᠭᠡᠳᠦᠢ ᠶᠢᠨ ᠲᠥᠯᠥᠪ᠂ ᠬᠠᠨᠳᠤᠯᠭ᠎ᠠ ᠶᠢ ᠹᠢᠯᠣᠰᠣᠹᠢ᠂ ᠲᠡᠦᠬᠡ᠂ ᠰᠣᠴᠢᠶᠠᠯᠣᠭᠢ᠂ ᠤᠯᠤᠰ ᠲᠥᠷᠥ᠂ ᠡᠷᠬᠡᠵᠦᠢ᠂ ᠡᠳ᠋ ᠍ ᠍ ᠦᠨ ᠵᠠᠰᠠᠭ᠂ ᠰᠤᠶᠤᠯ ᠰᠤᠳᠤᠯᠤᠯ᠂ ᠠᠨᠲᠷᠣᠫᠣᠯᠣᠭᠢ᠂ ᠶᠣᠰᠣᠵᠦᠢ᠂ ᠬᠡᠯᠡ ᠰᠢᠨᠵᠢᠯᠡᠯ ᠵᠡᠷᠭᠡ ᠨᠡᠶᠢᠭᠡᠮ ᠤᠨ ᠪᠣᠯᠤᠨ ᠬᠦᠮᠦᠨᠯᠢᠭ ᠦᠨ ᠰᠢᠨᠵᠢᠯᠡᠬᠦ ᠤᠬᠠᠭᠠᠨ ᠨᠤᠭᠤᠳ ᠲᠠᠯ᠎ᠠ ᠪᠦᠷᠢ ᠡᠴᠡ ᠨᠢ ᠠᠪᠴᠤ ᠦᠵᠡᠵᠦ ᠲᠠᠶᠢᠯᠪᠤᠷᠢᠯᠠᠳᠠᠭ᠃ 》ᠨᠡᠶᠢᠭᠡᠮ》 ᠭᠡᠰᠡᠨ ᠣᠶᠢᠯᠠᠭᠠᠯᠲᠠ᠂ ᠲᠡᠭᠦᠨ ᠦ ᠤᠳᠬ᠎ᠠ᠂ ᠠᠭᠤᠯᠭ᠎ᠠ ᠶᠢ ᠢᠯᠡᠷᠬᠡᠶᠢᠯᠡᠬᠦ ᠣᠯᠠᠨ ᠲᠠᠯᠠᠲᠤ ᠠᠰᠠᠭᠤᠳᠠᠯ ᠢ 《ᠮᠣᠩᠭᠣᠯ ᠤᠨ ᠨᠡᠶᠢᠭᠡᠮ》, 》ᠠᠮᠧᠷᠢᠺᠠ ᠶᠢᠨ ᠨᠡᠶᠢᠭᠡᠮ》, 》ᠬᠦᠮᠦᠨ ᠦ ᠨᠡᠶᠢᠭᠡᠮ》, 》ᠨᠡᠶᠢᠭᠡᠮ ᠪᠣᠯ ᠬᠦᠮᠦᠰ》, 》ᠨᠡᠶᠢᠭᠡᠮ ᠤᠨ ᠪᠦᠯᠦᠭ》, 》ᠨᠡᠶᠢᠭᠡᠮ ᠤᠨ ᠬᠠᠷᠢᠯᠴᠠᠭ᠎ᠠ》, 》ᠨᠡᠶᠢᠭᠡᠮ ᠤᠨ ᠬᠥᠭᠵᠢᠯ》, 》ᠢᠷᠭᠡᠨ ᠦ ᠨᠡᠶᠢᠭᠡᠮ》 ᠭᠡᠬᠦ ᠮᠡᠲᠦ ᠨᠡᠷ᠎ᠡ ᠲᠣᠮᠢᠶ᠎ᠠ᠂ ᠤᠬᠠᠭᠳᠠᠬᠤᠨ ᠢᠶᠠᠷ ᠲᠣᠳᠣᠷᠬᠠᠶᠢᠯᠠᠨ ᠬᠡᠯᠡᠯᠴᠡᠳᠡᠭ᠃ ᠬᠦᠮᠦᠨ ᠦ ᠨᠡᠶᠢᠭᠡᠮ ᠨᠢ ᠬᠣᠶᠠᠷ ᠦᠨᠳᠦᠰᠦᠨ ᠱᠠᠲᠤ ᠶᠢ ᠳᠠᠮᠵᠢᠨ ᠬᠥᠭᠵᠢᠵᠡᠢ᠃ ᠡᠭᠦᠨ ᠳᠦ:

- ᠨᠡᠶᠢᠭᠡᠮ ᠪᠤᠢ ᠪᠣᠯᠵᠤ᠂ᠪᠥᠷᠢᠯᠳᠦᠬᠦᠢ ᠶᠢᠨ ᠡᠮᠦᠨᠡᠬᠢ ᠦᠶ᠎ᠡ ᠪᠤᠶᠤ ᠬᠦᠮᠦᠰ ᠪᠠᠶᠢᠭᠠᠯᠢ ᠶᠢᠨ ᠤᠭ ᠰᠢᠨᠵᠢ ᠪᠡᠷ ᠢᠶᠡᠨ ᠲᠠᠷᠬᠠᠢ ᠪᠤᠲᠠᠷᠬᠠᠢ᠂ᠨᠡᠶᠢᠭᠡᠮ ᠤᠨ ᠵᠣᠬᠢᠶᠠᠨ ᠪᠠᠶᠢᠭᠤᠯᠤᠯᠲᠠᠨ ᠳᠤ ᠣᠷᠣᠭ᠎ᠠ ᠦᠭᠡᠢ ᠠᠮᠢᠳᠤᠷᠠᠵᠤ ᠪᠠᠶᠢᠭᠰᠠᠨ ᠦᠶ᠎ᠡ

- ᠨᠡᠶᠢᠭᠡᠮ ᠤᠨ ᠣᠷᠣᠰᠢᠨ ᠲᠣᠭᠲᠠᠨᠢᠵᠤ᠂ᠬᠥᠭᠵᠢᠬᠦᠢ ᠶᠢᠨ ᠦᠶ᠎ᠡ ᠪᠤᠶᠤ ᠬᠦᠮᠦᠰ ᠨᠡᠶᠢᠭᠡᠮ ᠳᠦ ᠨᠢᠭᠡᠳᠦᠨ ᠨᠡᠶᠢᠯᠡᠮᠡᠯ ᠨᠡᠶᠢᠭᠡᠮ ᠤᠨ ᠵᠣᠬᠢᠶᠠᠨ ᠪᠠᠶᠢᠭᠤᠯᠤᠯᠲᠠ᠂ᠬᠠᠮᠲᠤ ᠶᠢᠨ ᠠᠮᠢᠳᠤᠷᠠᠯ ᠢᠶᠠᠷ ᠬᠥᠭᠵᠢᠭᠰᠡᠨ ᠦᠶ᠎ᠡ ᠣᠷᠴᠢᠨ ᠦᠶ᠎ᠡ ᠶᠢᠨ ᠣᠶᠤᠨ ᠤᠬᠠᠭᠠᠨ ᠳᠤ ᠬᠦᠮᠦᠨ 50 ᠮᠢᠩᠭ᠎ᠠ ᠠᠴᠠ 40 ᠮᠢᠩᠭᠠᠨ ᠵᠢᠯ ᠦᠨ ᠲᠡᠷᠲᠡᠭᠡ ᠡᠭᠦᠰᠦᠭᠰᠡᠨ ᠢᠶᠡᠷ ᠨᠡᠶᠢᠭᠡᠮ ᠪᠥᠷᠢᠯᠳᠦᠨ ᠪᠤᠢ ᠪᠣᠯᠬᠤ ᠦᠨᠳᠦᠰᠦ ᠰᠠᠭᠤᠷᠢ ᠪᠠᠨ ᠲᠠᠯᠪᠢᠭᠰᠠᠨ ᠪᠥᠭᠡᠳ ᠲᠡᠷᠡ ᠦᠶ᠎ᠡ ᠶᠢᠨ ᠨᠡᠶᠢᠭᠡᠮ ᠨᠢ ᠬᠦᠢ ᠨᠢᠭᠡᠳᠦᠯ ᠦᠨ ᠣᠪᠤᠭ᠂ ᠠᠶᠢᠮᠠᠲᠤ ᠶᠢᠨ ᠪᠠᠶᠢᠭᠤᠯᠤᠯ ᠳᠤ ᠦᠨᠳᠦᠰᠦᠯᠡᠭᠰᠡᠨ᠂ ᠡᠳ᠋ ᠬᠥᠷᠥᠩᠭᠡ᠂ ᠠᠩᠭᠢ ᠳᠠᠪᠬᠤᠷᠠᠨ ᠤ ᠢᠯᠭᠠᠷᠠᠯ ᠭᠠᠷᠤᠭ᠎ᠠ ᠦᠭᠡᠢ᠂ ᠲᠥᠷᠥ ᠡᠭᠦᠰᠦᠭᠡ ᠦᠭᠡᠢ 《ᠡᠩ ᠦᠨ ᠨᠡᠶᠢᠭᠡᠮ》 ᠪᠠᠶᠢᠪᠠ᠃ ₢$₯₴₭₤ƒ₣₠ ᠡᠩ ᠦᠨ ᠨᠡᠶᠢᠭᠡᠮ 50000-40000 ᠵᠢᠯ ᠦᠨ ᠡᠮᠦᠨ᠎ᠡ ᠡᠭᠦᠰᠦᠭᠰᠡᠨ

- ᠣᠪᠤᠭ ᠲᠥᠷᠥᠯ ᠦᠨ ᠬᠣᠯᠪᠣᠭ᠎ᠠ

- ᠨᠡᠶᠢᠭᠡᠮ ᠤᠨ ᠣᠪᠤᠭ ᠤᠨ ᠵᠣᠬᠢᠶᠠᠨ ᠪᠠᠶᠢᠭᠤᠯᠤᠯ

- ᠨᠡᠶᠢᠭᠡᠮ ᠳᠦ ᠡᠳ᠋ ᠬᠥᠷᠥᠩᠭᠡ ᠶᠢᠨ ᠢᠯᠭᠠᠭ᠎ᠠ ᠭᠠᠷᠤᠭ᠎ᠠ ᠦᠭᠡᠢ

- ᠠᠩᠭᠢ ᠳᠠᠪᠬᠤᠷ᠎ᠠ᠂ᠲᠥᠷᠥ ᠡᠭᠦᠰᠦᠭᠡ ᠦᠭᠡᠢ

ᠨᠡᠶᠢᠯᠡᠮᠡᠯ ᠨᠡᠶᠢᠭᠡᠮ 10000-6000 ᠵᠢᠯ ᠦᠨ ᠡᠮᠦᠨ᠎ᠡ ᠡᠭᠦᠰᠦᠭᠰᠡᠨ

- ᠬᠦᠮᠦᠰ ᠦᠨ ᠬᠣᠭᠣᠷᠣᠨᠳᠣ ᠶᠢᠨ ᠣᠯᠤᠭ ᠶᠠᠩᠵᠤ ᠶᠢᠨ ᠲᠣᠭᠲᠠᠪᠤᠷᠢᠲᠠᠢ ᠥᠷᠭᠡᠨ ᠬᠣᠯᠪᠣᠭ᠎ᠠ

- ᠨᠡᠶᠢᠭᠡᠮ ᠤᠨ ᠢᠯᠭᠠᠷᠠᠯ ᠳᠠᠪᠬᠤᠷᠠᠵᠢᠯ ᠠᠩᠭᠢ ᠳᠠᠪᠬᠤᠷ᠎ᠠ ᠬᠥᠷᠥᠩᠭᠡ ᠲᠡᠢ ᠪᠠ ᠬᠥᠷᠥᠩᠭᠡ ᠭᠦᠢ᠂ ᠤᠳᠤᠷᠢᠳᠤᠭᠴᠢ ᠪᠠ ᠤᠳᠤᠷᠢᠳᠤᠭᠤᠯᠤᠭᠴᠢ ᠬᠦᠮᠦᠰ ᠭᠡᠬᠦ ᠮᠡᠲᠦ

- ᠨᠡᠶᠢᠭᠡᠮ ᠢ ᠣᠯᠠᠨ ᠲᠦᠪᠰᠢᠨ ᠳᠦ ᠤᠳᠤᠷᠢᠳᠬᠤ ᠲᠥᠷᠥ ᠵᠠᠰᠠᠭ᠂ ᠡᠷᠬᠡ ᠮᠡᠳᠡᠯ ᠦᠨ ᠢᠯᠭᠠᠭ᠎ᠠ ᠪᠤᠢ ᠪᠣᠯᠤᠭᠰᠠᠨ

ᠨᠡᠶᠢᠭᠡᠮ ᠤᠨ ᠠᠮᠢᠳᠤᠷᠠᠯ ᠤᠨ ᠬᠦᠷᠢᠶ᠎ᠡ

ᠨᠡᠶᠢᠭᠡᠮ ᠪᠦᠷ ᠲᠣᠳᠣᠷᠬᠠᠢ ᠪᠦᠲᠦᠴᠡ ᠲᠡᠢ᠃ ᠨᠡᠶᠢᠭᠡᠮ ᠤᠨ ᠪᠦᠲᠦᠴᠡ ᠶᠢ ᠬᠦᠮᠦᠰ ᠦᠨ ᠨᠡᠶᠢᠭᠡᠮ ᠤᠨ ᠡᠷᠬᠡᠲᠦ ᠪᠠᠶᠢᠳᠠᠯ᠂ᠨᠡᠶᠢᠭᠡᠮ ᠳᠦ ᠡᠵᠡᠯᠡᠬᠦ ᠪᠠᠶᠢᠷᠢ ᠰᠠᠭᠤᠷᠢ ᠡᠭᠦᠰᠬᠡᠨ ᠪᠦᠷᠢᠳᠦᠭᠦᠯᠦᠨ᠎ᠡ᠃ ᠡᠶᠢᠮᠦ ᠡᠴᠡ ᠨᠡᠶᠢᠭᠡᠮ ᠤᠨ ᠪᠦᠲᠦᠴᠡ ᠭᠡᠳᠡᠭ ᠨᠢ ᠶᠡᠷᠦᠳᠡ ᠶᠢᠨ ᠮᠧᠬᠠᠨᠢᠭ ᠴᠣᠭᠴᠠ ᠪᠢᠰᠢ᠂ ᠬᠦᠮᠦᠰ ᠦᠨ ᠨᠡᠶᠢᠭᠡᠮ ᠤᠨ ᠪᠠᠶᠢᠷᠢ ᠰᠤᠤᠷ᠂ ᠦᠢᠯᠡ ᠠᠵᠢᠯᠯᠠᠭᠠᠨ ᠨᠤᠭᠤᠳ ᠤᠨ ᠴᠢᠭ ᠡᠭᠦᠷᠭᠡ᠂ ᠦᠢᠯᠡᠳᠦᠯ ᠦᠳ ᠦᠨ ᠬᠠᠷᠢᠯᠴᠠᠨ ᠬᠣᠯᠪᠣᠭᠳᠠᠯ᠂ᠬᠡᠯᠬᠢᠶ᠎ᠡ ᠬᠣᠯᠪᠣᠭ᠎ᠠ ᠶᠤᠮ᠃ᠨᠡᠶᠢᠭᠡᠮ ᠤᠨ ᠡᠳ᠋ ᠡᠰ ᠦᠨ ᠨᠢᠭᠡ ᠬᠤᠪᠢ ᠬᠦᠮᠦᠨ ᠦ ᠨᠡᠶᠢᠭᠡᠮ ᠳᠦ ᠡᠵᠡᠯᠡᠬᠦ ᠪᠠᠶᠢᠷᠢ ᠰᠠᠭᠤᠷᠢ᠂ ᠪᠠᠶᠢᠳᠠᠯ ᠭᠢ ᠵᠥᠪᠬᠡᠨ ᠲᠡᠭᠦᠨ ᠦ ᠦᠢᠯᠡ ᠠᠵᠢᠯᠯᠠᠭ᠎ᠠ᠂ ᠡᠷᠬᠡ ᠡᠭᠦᠷᠭᠡ ᠬᠢᠭᠡᠳ ᠬᠠᠷᠢᠯᠴᠠᠭ᠎ᠠ᠂ ᠬᠠᠷᠢᠯᠴᠠᠮᠵᠢ ᠪᠠᠷ ᠲᠣᠳᠣᠷᠬᠠᠶᠢᠯᠠᠭᠳᠠᠨ᠎ᠠ᠃ ᠬᠦᠮᠦᠰ ᠦᠨ ᠨᠡᠶᠢᠭᠡᠮ ᠤᠨ ᠰᠲ᠋ᠠᠲ᠋ᠦ᠋ᠰ ᠨᠢ ᠨᠡᠶᠢᠭᠡᠮ ᠤᠨ ᠬᠠᠷᠢᠯᠴᠠᠭ᠎ᠠ ᠲᠠᠢ ᠰᠢᠭᠤᠳ ᠬᠣᠯᠪᠣᠭ᠎ᠠ ᠲᠠᠢ ᠪᠥᠭᠡᠳ ᠬᠤᠪᠢ ᠬᠦᠮᠦᠨ ᠦ ᠰᠲ᠋ᠠᠲ᠋ᠦ᠋ᠰ ᠪᠣᠯ ᠲᠡᠳᠡᠨ ᠦ ᠬᠣᠭᠣᠷᠣᠨᠳᠣ ᠶᠢᠨ ᠬᠠᠷᠢᠯᠴᠠᠮᠵᠢ ᠪᠠᠷ ᠲᠣᠳᠣᠷᠬᠠᠶᠢᠯᠠᠭᠳᠠᠨ᠎ᠠ᠃ ᠬᠦᠮᠦᠨ ᠦ ᠨᠡᠶᠢᠭᠡᠮ ᠳᠦ ᠡᠵᠡᠯᠡᠬᠦ ᠪᠠᠶᠢᠷᠢ ᠰᠠᠭᠤᠷᠢ ᠪᠠ ᠡᠭᠦᠷᠭᠡ ᠷᠣᠯᠢ ᠨᠢ ᠢᠯᠭᠠᠭ᠎ᠠ ᠲᠠᠢ᠃ ᠡᠭᠦᠷᠭᠡ ᠷᠣᠯᠢ ᠭᠡᠳᠡᠭ ᠨᠢ ᠬᠦᠮᠦᠰ ᠦᠨ ᠡᠷᠬᠡ ᠪᠠ ᠡᠭᠦᠷᠭᠡ ᠨᠦᠭᠦᠳ ᠦᠨ ᠴᠣᠭᠴᠠ ᠶᠤᠮ᠃ ᠨᠡᠶᠢᠭᠡᠮ ᠤᠨ ᠡᠭᠦᠷᠭᠡ ᠷᠣᠯᠢ ᠶᠢ ᠭᠦᠢᠴᠡᠳᠬᠡᠭᠴᠢ ᠪᠡᠶ᠎ᠡ ᠬᠦᠮᠦᠰ ᠨᠢ ᠥᠪᠡᠷ ᠬᠣᠭᠣᠷᠣᠨᠳᠣ ᠪᠠᠨ ᠨᠡᠶᠢᠭᠡᠮ ᠤᠨ ᠬᠠᠷᠢᠯᠴᠠᠨ ᠦᠢᠯᠡᠴᠢᠯᠡᠯ ᠳᠦ ᠲᠣᠭᠲᠠᠮᠠᠯ ᠣᠷᠣᠵᠤ ᠪᠠᠶᠢᠳᠠᠭ᠃ ᠨᠡᠶᠢᠭᠡᠮ ᠬᠡᠮᠡᠬᠦ ᠲᠣᠮᠣ ᠲᠣᠭᠲᠠᠯᠴᠠᠭᠠᠨ ᠤ ᠳᠡᠳ᠋ ᠲᠣᠭᠲᠠᠯᠴᠠᠭ᠎ᠠ ᠪᠤᠶᠤ ᠢᠨᠰᠲ᠋ᠢᠲ᠋ᠦᠶᠢᠲ ᠤᠳ ᠨᠢ ᠤᠯᠤᠰ ᠲᠥᠷᠥ᠂ ᠡᠳ᠋ ᠍ ᠍ ᠦᠨ ᠵᠠᠰᠠᠭ᠂ ᠨᠡᠶᠢᠭᠡᠮ᠂ ᠰᠤᠶᠤᠯ᠂ ᠣᠶᠤᠨ ᠰᠠᠨᠠᠭ᠎ᠠ᠂ᠭᠠᠳᠠᠭᠠᠳᠤ ᠬᠠᠷᠢᠯᠴᠠᠭ᠎ᠠ ᠵᠡᠷᠭᠡ ᠲᠡᠭᠦᠨ ᠦ ᠠᠮᠢᠳᠤᠷᠠᠯ᠂ᠬᠠᠷᠢᠯᠴᠠᠭᠠᠨ ᠤ ᠴᠢᠬᠤᠯᠠ ᠬᠦᠷᠢᠶᠡᠨ ᠨᠦᠭᠦᠳ ᠶᠤᠮ᠃ ᠤᠭ ᠬᠦᠷᠢᠶᠡᠨ ᠨᠦᠭᠦᠳ ᠨᠢ ᠲᠣᠳᠣᠷᠬᠠᠢ ᠢᠯᠭᠠᠭᠠᠲᠠᠢ ᠶᠢᠨ ᠰᠠᠴᠠᠭᠤ ᠥᠪᠡᠷ ᠬᠣᠭᠣᠷᠣᠨᠳᠣ ᠪᠠᠨ ᠬᠠᠷᠢᠯᠴᠠᠨ ᠰᠢᠲᠦᠯᠴᠡᠭᠡ ᠲᠡᠢ᠂ᠨᠡᠶᠢᠭᠡᠮ ᠤᠨ ᠨᠡᠶᠢᠲᠡᠯᠢᠭ ᠬᠡᠷᠡᠭᠴᠡᠭᠡ ᠪᠣᠯᠤᠨ ᠪᠦᠬᠦᠯᠢᠭ᠂ ᠬᠥᠭᠵᠢᠮᠡᠲᠡᠭᠡᠢ ᠰᠢᠨᠵᠢ ᠶᠢ ᠬᠠᠩᠭᠠᠭᠴᠢ ᠳᠡᠳ᠋ ᠰᠢᠰᠲ᠋ᠧᠮ ᠦᠨ ᠴᠢᠭ ᠡᠭᠦᠷᠭᠡ ᠶᠢ ᠭᠦᠢᠴᠡᠳᠭᠡᠨ᠎ᠡ᠃

ᠨᠡᠶᠢᠭᠡᠮ ᠤᠨ ᠤᠯᠤᠰ ᠲᠥᠷᠥ ᠶᠢᠨ ᠬᠦᠷᠢᠶ᠎ᠡ ᠨᠢ ᠲᠥᠷᠥ᠂ ᠵᠠᠰᠠᠭᠯᠠᠯ ᠤᠨ ᠢᠶᠡᠷᠡᠭᠰᠡᠯ ᠦᠳ ᠢᠶᠡᠷ ᠳᠠᠮᠵᠢᠭᠤᠯᠠᠨ ᠠᠷᠠᠳ ᠨᠡᠶᠢᠲᠡ ᠶᠢᠨ ᠬᠡᠷᠡᠭᠴᠡᠭᠡ᠂ ᠠᠰᠢᠭ ᠰᠣᠨᠢᠷᠬᠠᠯ ᠢ ᠬᠡᠷᠡᠭᠵᠢᠭᠦᠯᠬᠦ ᠶᠠᠪᠤᠴᠠ ᠳᠠᠬᠢ ᠬᠦᠮᠦᠰ ᠬᠣᠭᠣᠷᠣᠨᠳᠣ ᠶᠢᠨ ᠬᠠᠷᠢᠯᠴᠠᠨ ᠦᠢᠯᠡᠳᠦᠯ ᠪᠠ ᠬᠠᠷᠢᠯᠴᠠᠭ᠎ᠠ ᠶᠢ ᠲᠣᠬᠢᠷᠠᠭᠤᠯᠤᠨ᠎ᠠ᠃ ᠤᠯᠤᠰ ᠲᠥᠷᠥ ᠶᠢᠨ ᠬᠠᠷᠢᠯᠴᠠᠭᠠᠨ ᠤ ᠰᠦᠪᠢᠶᠧᠺᠲ ᠪᠣᠯ ᠨᠡᠶᠢᠭᠡᠮ ᠤᠨ ᠤᠳᠤᠷᠢᠳᠤᠯᠭ᠎ᠠ ᠶᠢᠨ ᠪᠤᠶᠤ ᠲᠥᠷᠥ᠂ᠵᠠᠰᠠᠭ ᠤᠨ ᠪᠠᠶᠢᠭᠤᠯᠤᠯᠭ᠎ᠠ ᠨᠤᠭᠤᠳ᠂ ᠮᠥᠨ ᠨᠠᠮ᠂ ᠬᠥᠳᠡᠯᠭᠡᠭᠡᠨ ᠵᠡᠷᠭᠡ ᠤᠯᠤᠰ ᠲᠥᠷᠥ ᠶᠢᠨ ᠪᠠᠶᠢᠭᠤᠯᠤᠯᠭ᠎ᠠ᠂ ᠨᠡᠶᠢᠲᠡ ᠢᠷᠭᠡᠳ ᠶᠤᠮ᠃

ᠡᠳ᠋ ᠍ ᠍ ᠦᠨ ᠵᠠᠰᠠᠭ ᠤᠨ ᠠᠮᠢᠳᠤᠷᠠᠯ ᠤᠨ ᠬᠦᠷᠢᠶᠡᠨ ᠳᠦ ᠬᠦᠮᠦᠨ ᠠᠷᠠᠳ ᠤᠨ ᠬᠢᠵᠠᠭᠠᠷ ᠦᠭᠡᠢ ᠥᠰᠬᠦ ᠬᠡᠷᠡᠭᠴᠡᠭᠡ ᠪᠠ ᠬᠢᠵᠠᠭᠠᠷᠯᠠᠭᠳᠠᠮᠠᠯ ᠨᠥᠭᠡᠴᠡ ᠶᠢᠨ ᠰᠣᠩᠭᠣᠯᠲᠠ ᠳᠠᠬᠢ ᠪᠣᠯᠤᠨ ᠪᠠᠶᠠᠯᠢᠭ ᠤᠨ ᠦᠢᠯᠡᠳᠪᠦᠷᠢᠯᠡᠯ ᠬᠤᠪᠢᠶᠠᠷᠢᠯᠠᠯᠲᠠ ᠬᠡᠷᠡᠭᠯᠡᠭᠡ᠂ ᠰᠣᠯᠢᠯᠴᠠᠭᠠᠨ ᠤ ᠶᠠᠪᠤᠴᠠ ᠳᠠᠬᠢ ᠬᠦᠮᠦᠰ ᠬᠣᠭᠣᠷᠣᠨᠳᠣ ᠶᠢᠨ ᠡᠳ᠋ ᠍ ᠍ ᠦᠨ ᠵᠠᠰᠠᠭ ᠤᠨ ᠬᠠᠷᠢᠯᠴᠠᠭ᠎ᠠ ᠶᠢ ᠵᠣᠬᠢᠴᠠᠭᠤᠯᠤᠨ᠎ᠠ᠃ ᠥᠭᠡᠷ᠎ᠡ ᠪᠡᠷ ᠬᠡᠯᠡᠪᠡᠯ᠂ ᠨᠡᠶᠢᠭᠡᠮ ᠳᠦ ᠬᠢ ᠢᠯᠭᠠᠷᠠᠯ᠂ ᠳᠠᠪᠬᠤᠷᠠᠵᠢᠯ ᠡᠭᠦᠰᠬᠦ ᠶᠢᠨ ᠨᠢᠭᠡ ᠰᠢᠯᠲᠠᠭᠠᠨ᠂ ᠬᠡᠮᠵᠢᠭᠳᠡᠬᠦᠨ ᠨᠢ ᠪᠠᠶᠠᠯᠢᠭ᠂ᠣᠷᠣᠯᠭ᠎ᠠ ᠲᠠᠢ ᠬᠣᠯᠪᠣᠭ᠎ᠠ ᠲᠠᠢ ᠪᠠᠶᠢᠳᠠᠭ ᠢ ᠨᠡᠶᠢᠭᠡᠮ ᠤᠨ ᠡᠳ᠋ ᠍ ᠍ ᠦᠨ ᠵᠠᠰᠠᠭ ᠢ ᠰᠤᠳᠤᠯᠬᠤ ᠶᠠᠪᠤᠴᠠ ᠳᠤ ᠲᠠᠨᠢᠨ ᠮᠡᠳᠡᠨ᠎ᠡ᠃

ᠨᠡᠶᠢᠭᠡᠮ ᠤᠨ ᠲᠡᠭᠰᠢ ᠪᠢᠰᠢ ᠪᠠᠶᠢᠳᠠᠯ ᠪᠤᠶᠤ ᠳᠠᠪᠬᠤᠷᠠᠵᠢᠯ ᠪᠣᠯᠤᠨ ᠰᠣᠴᠢᠶᠠᠯ ᠬᠦᠷᠢᠶ᠎ᠡ ᠶᠢ ᠰᠤᠳᠤᠯᠬᠤ ᠶᠠᠪᠤᠴᠠ ᠳᠤ ᠬᠦᠮᠦᠰ ᠢ ᠨᠡᠶᠢᠭᠡᠮ ᠤᠨ ᠳᠠᠪᠬᠤᠷ᠎ᠠ᠂ ᠠᠩᠭᠢ ᠪᠦᠯᠦᠭ᠂ ᠨᠡᠶᠢᠲᠡᠯᠢᠭ᠂ ᠤᠭᠰᠠᠭᠠᠲᠠᠨ ᠤ᠂ ᠬᠦᠮᠦᠨ ᠠᠮᠠ ᠶᠢᠨ᠂ ᠦᠨᠳᠦᠰᠦᠲᠡᠨ ᠦ᠂ ᠮᠡᠷᠭᠡᠵᠢᠯ ᠦᠨ᠂ᠨᠤᠲᠤᠭᠰᠢᠯᠲᠠ ᠶᠢᠨ ᠨᠡᠶᠢᠲᠡᠯᠢᠭ ᠦᠳ ᠲᠦ ᠢᠯᠭᠠᠷᠠᠭᠤᠯᠵᠤ ᠪᠤᠢ ᠪᠣᠯᠤᠨ ᠨᠡᠶᠢᠭᠡᠮ ᠤᠨ ᠬᠡᠪᠲᠡᠭᠡ᠂ ᠪᠣᠰᠤᠭ᠎ᠠ ᠰᠢᠯᠵᠢᠯᠲᠡ ᠳᠦ ᠣᠷᠣᠭᠤᠯᠵᠤ ᠪᠤᠢ ᠰᠣᠴᠢᠶᠠᠯ ᠰᠢᠯᠲᠠᠭᠠᠨ᠂ ᠬᠣᠯᠪᠣᠭ᠎ᠠ᠂ ᠬᠠᠷᠢᠯᠴᠠᠭᠠᠨ ᠨᠤᠭᠤᠳ ᠢ ᠰᠤᠳᠤᠯᠤᠨ᠎ᠠ

ᠰᠤᠶᠤᠯ ᠪᠣᠯ ᠨᠡᠶᠢᠭᠡᠮ ᠢ ᠲᠥᠯᠥᠭᠡᠯᠡᠬᠦᠶᠢᠴᠡ ᠦᠨᠡᠲᠦ ᠵᠦᠢᠯᠡᠰ ᠪᠥᠭᠡᠳ ᠲᠡᠭᠦᠪᠡᠷ ᠬᠦᠮᠦᠨ ᠦ ᠣᠶᠤᠨ ᠤ ᠪᠣᠯᠤᠨ ᠮᠠᠲ᠋ᠧᠷᠢᠶᠠᠯᠢᠭ ᠦᠨᠡᠲᠦ ᠵᠦᠢᠯ᠂ ᠪᠦᠲᠦᠭᠡᠯ ᠦᠳ᠂ ᠲᠡᠳᠡᠭᠡᠷ ᠦᠨ ᠴᠢᠭ ᠡᠭᠦᠷᠭᠡ᠂ ᠬᠡᠯᠪᠡᠷᠢ ᠨᠦᠭᠦᠳ᠂ ᠰᠤᠶᠤᠯ ᠤᠨ ᠵᠣᠬᠢᠴᠠᠭᠤᠯᠬᠤ ᠬᠡᠮ ᠬᠡᠮᠵᠢᠶ᠎ᠡ᠂ ᠥᠭᠡᠷᠡᠴᠢᠯᠡᠯᠲᠡ᠂ ᠬᠥᠭᠵᠢᠯᠲᠦ ᠶᠢ ᠨᠢ ᠠᠪᠴᠤ ᠦᠵᠡᠨ᠎ᠡ᠃

ᠳᠠᠶᠠᠭᠠᠷᠰᠢᠯ ᠤᠨ ᠨᠥᠬᠥᠴᠡᠯ ᠳᠦ ᠬᠢ ᠨᠡᠶᠢᠭᠡᠮ ᠤᠨ ᠠᠮᠢᠳᠤᠷᠠᠯ ᠤᠨ ᠳᠣᠲᠣᠭᠠᠳᠤ ᠲᠡᠳᠦᠢ ᠦᠭᠡᠢ ᠭᠠᠳᠠᠭᠠᠳᠤ ᠦᠢᠯᠡᠴᠢᠯᠡᠯ᠂ ᠨᠥᠯᠥᠭᠡᠯᠡᠯ ᠨᠢ ᠮᠣᠩᠭᠣᠯ ᠤᠨ ᠨᠡᠶᠢᠭᠡᠮ ᠤᠨ ᠭᠠᠳᠠᠭᠠᠳᠤ ᠬᠠᠷᠢᠯᠴᠠᠭ᠎ᠠ᠂ ᠲᠤᠰ ᠤᠯᠤᠰ ᠤᠨ ᠣᠯᠠᠨ ᠤᠯᠤᠰ ᠤᠨ ᠬᠠᠮᠲᠤ ᠶᠢᠨ ᠨᠡᠶᠢᠭᠡᠮᠯᠢᠭ ᠲᠦ ᠡᠵᠡᠯᠡᠬᠦ ᠪᠠᠶᠢᠷᠢ ᠰᠠᠭᠤᠷᠢ᠂ ᠣᠷᠣᠯᠴᠠᠭᠠᠨ ᠤ ᠠᠰᠠᠭᠤᠳᠠᠯ ᠢ ᠨᠡᠶᠢᠭᠡᠮ ᠤᠨ ᠠᠮᠢᠳᠤᠷᠠᠯ ᠤᠨ ᠪᠤᠰᠤᠳ ᠬᠦᠷᠢᠶᠡᠨ ᠨᠦᠭᠦᠳ ᠲᠡᠭᠡᠨ ᠬᠠᠷᠢᠯᠴᠠᠨ ᠬᠣᠯᠪᠣᠭᠠᠲᠠᠢ ᠪᠠᠷ ᠰᠤᠳᠤᠯᠬᠤ ᠬᠡᠷᠡᠭᠴᠡᠭᠡ ᠶᠢ ᠪᠤᠢ ᠪᠣᠯᠭᠠᠪᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠳ᠃ ᠪᠤᠶᠠᠨ (2006). ᠨᠡᠶᠢᠭᠡᠮ ᠤᠨ ᠲᠤᠬᠠᠢ ᠮᠡᠳᠡᠯᠭᠡ. ISBN 9992900490. 
http://wiki.uhaan.com/index.php?title=ᠨᠡᠶᠢᠭᠡᠮ&oldid=466892》 ᠍  ᠡᠴᠡ ᠠᠪᠤᠭᠰᠠᠨ

ᠪᠢᠴᠢᠭᠡᠰᠦ