ᠨᠡᠭᠡᠭᠡᠯᠲᠡᠲᠡᠢ ᠪᠠ ᠴᠢᠯᠦᠭᠡᠲᠦ ᠡᠬᠡ ᠶᠢᠨ ᠫᠷᠥᠭᠷᠡᠮ ᠬᠠᠩᠭᠠᠮᠵᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠴᠢᠯᠦᠭᠡᠲᠦ ᠪᠣᠯᠤᠨ ᠨᠡᠭᠡᠭᠡᠯᠲᠡ ᠲᠡᠢ ᠡᠬᠢ ᠶᠢᠨ ᠫᠷᠣᠭᠷᠠᠮ ᠬᠠᠩᠭᠠᠮᠵᠢ ᠨᠡᠭᠡᠭᠡᠯᠲᠡ ᠲᠡᠢ ᠡᠬᠡ ᠳᠦ ᠬᠠᠮᠤᠷᠤᠭᠳᠠᠬᠤ ᠫᠷᠣᠭᠷᠠᠮ ᠬᠠᠩᠭᠠᠮᠵᠢ ᠭᠡᠳᠡᠭ ᠨᠢ ᠬᠡᠨ ᠴᠤ ᠡᠬᠡ ᠺᠣᠳ᠋ ᠍ ᠢ ᠦᠵᠡᠬᠦ᠂ ᠰᠤᠳᠤᠯᠬᠤ᠂ ᠦᠨᠡᠯᠡᠬᠦ ᠳ᠋ᠦᠩᠨᠡᠬᠦ ᠪᠣᠯᠤᠨ ᠰᠢᠨᠡᠴᠢᠯᠡᠨ ᠦᠭᠡᠷᠡᠴᠢᠯᠡᠬᠦ ᠪᠣᠯᠤᠮᠵᠢ ᠲᠠᠢ ᠪᠠᠶᠢᠳᠠᠭ ᠫᠷᠣᠭᠷᠠᠮ ᠬᠠᠩᠭᠠᠮᠵᠢ ᠶᠤᠮ .ᠡᠬᠡ ᠺᠣᠳ᠋ ᠨᠡᠭᠡᠭᠡᠯᠲᠡ ᠲᠡᠢ ᠪᠠᠶᠢᠳᠠᠭ ᠤᠴᠢᠷ ᠬᠡᠨ ᠴᠤ ᠰᠠᠶᠢᠨ ᠳᠤᠷ᠎ᠠ ᠪᠠᠷ ᠢᠶᠠᠨ ᠫᠷᠣᠭᠷᠠᠮ ᠬᠠᠩᠭᠠᠮᠵᠢᠡᠶᠢᠨ ᠳ᠋ᠢᠽᠠᠶᠢᠨ ᠢ ᠰᠠᠶᠢᠵᠢᠷᠭᠠᠭᠤᠯᠬᠤ ᠦᠢᠯᠡ ᠠᠵᠢᠯᠯᠠᠭᠠᠨ ᠳᠤ ᠣᠷᠣᠯᠴᠠᠬᠤ ᠪᠣᠯᠤᠮᠵᠢ ᠲᠠᠢ ᠪᠠᠶᠢᠳᠠᠭ᠃ ᠨᠡᠭᠡᠭᠡᠯᠲᠡ ᠲᠡᠢ ᠡᠬᠡ ᠶᠢᠨ ᠫᠷᠣᠭᠷᠠᠮ ᠬᠠᠩᠭᠠᠮᠵᠢ ᠨᠢ ᠬᠤᠪᠢᠯᠠᠬᠤ ᠡᠷᠬᠡ ᠨᠢ ᠬᠢᠵᠠᠭᠠᠷᠯᠠᠭᠳᠠᠮᠠᠯ ᠪᠠᠶᠢᠳᠠᠭ᠂ ᠡᠬᠡ ᠺᠣᠳ᠋ ᠨᠢ ᠬᠡᠷᠡᠭᠯᠡᠭᠴᠢᠳ ᠲᠦ ᠬᠠᠷᠠᠭᠳᠠᠳᠠᠭ ᠦᠭᠡᠢ ᠫᠠᠲ᠋ᠧᠨᠲ ᠲᠠᠢ ᠥᠮᠴᠢ ᠶᠢᠨ ᠫᠷᠣᠭᠷᠠᠮ ᠬᠠᠩᠭᠠᠮᠵᠢ ᠠᠴᠠ ᠢᠯᠭᠠᠭ᠎ᠠ ᠲᠠᠢ᠃ НЭПХ ᠍ ᠢ ᠠᠰᠢᠭᠯᠠᠬᠤ ᠶᠢᠨ ᠳᠠᠪᠠᠭᠤ ᠲᠠᠯ᠎ᠠ ᠨᠤᠭᠤᠳ ᠨᠢ ᠫᠤᠤᠵᠢᠩ ᠠᠴᠠ ᠬᠠᠮᠠᠭᠠᠯᠠᠬᠤ ᠪᠦᠲᠦᠭᠡᠬᠦ ᠵᠠᠷᠤᠳᠠᠯ ᠢ ᠪᠠᠭᠤᠷᠠᠭᠤᠯᠬᠤ᠂ ᠬᠠᠮᠠᠭᠠᠯᠠᠯᠲᠠ ᠪᠣᠯᠤᠨ ᠲᠣᠭᠲᠠᠪᠤᠷᠢᠲᠠᠢ ᠪᠠᠶᠢᠳᠠᠯ ᠢ ᠥᠨᠳᠦᠷᠡᠰᠬᠡᠬᠦ᠂ ᠬᠡᠷᠡᠭᠯᠡᠭᠴᠢᠳ ᠲᠦ ᠥᠪᠡᠷᠰᠡᠳ ᠦᠨ ᠲᠧᠭᠨᠢᠭ ᠬᠠᠩᠭᠠᠮᠵᠢ ᠪᠠᠨ ᠢᠯᠡᠭᠦᠦ ᠰᠠᠶᠢᠨ ᠤᠳᠤᠷᠢᠳᠬᠤ ᠪᠣᠯᠤᠮᠵᠢ ᠣᠯᠭᠤᠳᠠᠭ ᠵᠡᠷᠭᠡ ᠶᠤᠮ᠃ ᠴᠢᠯᠦᠭᠡᠲᠦ᠂ ᠨᠡᠭᠡᠭᠡᠯᠲᠡ ᠲᠡᠢ ᠡᠬᠡ ᠶᠢᠨ ᠦᠢᠯᠡᠳᠦᠯ ᠦᠨ ᠰᠢᠰᠲ᠋ᠧᠮ ᠪᠣᠯᠬᠤ Linux ᠪᠣᠯᠤᠨ Unix ᠍ ᠤᠨ ᠦᠢᠯᠡᠳᠦᠯ ᠦᠨ ᠰᠢᠰᠲ᠋ᠧᠮ ᠨᠢ ᠥᠨᠥᠳᠥᠷ ᠣᠯᠠᠨ ᠬᠦᠨᠳᠦ ᠠᠰᠢᠭ ᠲᠤᠰᠠ ᠪᠠᠨ ᠥᠭᠴᠦ᠂ ᠰᠧᠷᠸᠧᠷ ᠦᠳ᠂ ᠫᠧᠷᠰᠤᠨᠠᠯ ᠺᠣᠮᠫᠢᠶᠦ᠋ᠲ᠋ᠧᠷ᠂ ᠤᠬᠠᠭᠠᠯᠢᠭ ᠤᠲᠠᠰᠤ ᠨᠤᠭᠤᠳ ᠵᠡᠷᠭᠡ ᠣᠯᠠᠨ ᠲᠥᠬᠥᠭᠡᠷᠦᠮᠵᠢᠭᠦᠯ ᠢ ᠠᠵᠢᠯᠯᠠᠭᠤᠯᠤᠭᠰᠠᠭᠠᠷ ᠪᠠᠶᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1950,1960,1970 ᠠᠭ᠎ᠠ ᠳᠤ ᠣᠨ ᠨᠤᠭᠤᠳ ᠲᠤ ᠬᠡᠷᠡᠭᠯᠡᠭᠴᠢᠳ ᠡᠬᠡ ᠺᠣᠳ᠋ ᠍ ᠢ ᠬᠠᠷᠠᠵᠤ᠂ ᠥᠭᠡᠷᠡᠴᠢᠯᠡᠵᠦ ᠲᠦᠭᠡᠭᠡᠬᠦ ᠵᠥᠪᠰᠢᠶᠡᠷᠡᠯ ᠲᠡᠢ ᠪᠠᠶᠢᠭᠰᠠᠨ ᠪᠠᠶᠢᠨ᠎ᠠ᠃ ᠶᠡᠬᠡᠩᠬᠢ ᠲᠧᠭᠨᠢᠭ ᠬᠠᠩᠭᠠᠮᠵᠢ ᠪᠣᠷᠣᠯᠠᠭᠤᠯᠳᠠᠭ ᠺᠣᠮᠫᠠᠨᠢ ᠨᠤᠭᠤᠳ ᠫᠷᠣᠭᠷᠠᠮ ᠬᠠᠩᠭᠠᠮᠵᠢ ᠶᠢ ᠳᠠᠭᠠᠯᠳᠤᠭᠤᠯᠤᠨ ᠥᠭᠴᠦ ᠪᠠᠶᠢᠯ᠎ᠠ᠃ ᠬᠠᠷᠢᠨ 1960 ᠣᠨ ᠤ ᠰᠡᠭᠦᠯᠡᠷ ᠲᠧᠭᠨᠢᠭ ᠬᠠᠩᠭᠠᠮᠵᠢ ᠵᠠᠷᠤᠭᠰᠠᠨ ᠮᠥᠩᠭᠥ ᠪᠡᠷ ᠢᠶᠡᠨ ᠫᠷᠣᠭᠷᠠᠮ ᠬᠠᠩᠭᠠᠮᠵᠢ ᠬᠥᠭᠵᠢᠭᠦᠯᠦᠯᠲᠡ ᠪᠡᠨ ᠰᠠᠩᠬᠦᠵᠢᠭᠦᠯᠳᠡᠭ ᠺᠣᠮᠫᠠᠨᠢ ᠨᠤᠭᠤᠳ ᠠᠴᠠ ᠢᠯᠭᠠᠭ᠎ᠠ ᠲᠠᠢ ᠵᠥᠪᠬᠡᠨ ᠫᠷᠣᠭᠷᠠᠮ ᠬᠠᠩᠭᠠᠮᠵᠢ ᠬᠥᠭᠵᠢᠭᠦᠯᠦᠨ ᠵᠠᠷᠤᠳᠠᠭ ᠺᠣᠮᠫᠠᠨᠢ ᠨᠤᠭᠤᠳ ᠭᠠᠷᠴᠤ ᠢᠷᠡᠪᠡ᠃ 70 ᠍ ᠊ᠭᠠᠳ ᠪᠣᠯᠤᠨ 80 ᠍ ᠊ᠭᠠᠳ ᠣᠨ ᠤ ᠡᠬᠢ ᠪᠡᠷ ᠫᠷᠣᠭᠷᠠᠮ ᠬᠠᠩᠭᠠᠮᠵᠢ ᠶᠢᠨ ᠺᠣᠮᠫᠠᠨᠢ ᠨᠤᠭᠤᠳ ᠨᠢ ᠬᠡᠷᠡᠭᠯᠡᠭᠴᠢᠳ ᠺᠣᠳ᠋ ᠍ ᠢ ᠰᠤᠳᠤᠯᠤᠨ᠂ ᠮᠡᠳᠡᠵᠦ ᠠᠪᠬᠤ ᠠᠴᠠ ᠰᠡᠷᠭᠡᠶᠢᠯᠡᠨ 2 ᠳᠠᠬᠢ ᠬᠠᠭᠤᠯᠪᠤᠷᠢ ᠫᠷᠣᠭᠷᠠᠮ ᠢ ᠵᠠᠷᠤᠳᠠᠭ ᠪᠣᠯᠪᠠ᠃ 1983 ᠣᠨ ᠳᠤ МИТ ᠬᠢᠮᠡᠯ ᠣᠶᠤᠨ ᠤᠬᠠᠭᠠᠨ ᠤ ᠯᠠᠪᠤᠷᠠᠲ᠋ᠣᠷ ᠤᠨ ᠭᠡᠰᠢᠭᠦᠨ ᠷᠢᠴᠠᠷ ᠲᠤ ᠰᠲ᠋ᠠᠯᠮᠠᠨ 《GNU ᠲᠥᠰᠥᠯ》 ᠍ ᠢ ᠬᠡᠷᠡᠭᠵᠢᠭᠦᠯᠦᠭᠰᠡᠨ ᠢᠶᠡᠨ ᠵᠠᠷᠯᠠᠪᠠ᠃

ᠵᠠᠰᠠᠭ ᠤᠨ ᠭᠠᠵᠠᠷ ᠤᠳ ᠤᠨ ᠬᠡᠷᠡᠭᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡᠳᠬᠡᠭ ᠦᠨ ᠵᠠᠰᠠᠭ ᠤᠨ ᠭᠠᠵᠠᠷ ᠴᠢᠯᠦᠭᠡᠲᠦ᠂ ᠨᠡᠭᠡᠭᠡᠯᠲᠡ ᠲᠡᠢ ᠡᠬᠡ ᠶᠢᠨ ᠫᠷᠣᠭᠷᠠᠮ ᠬᠠᠩᠭᠠᠮᠵᠢ ᠶᠢ ᠳᠡᠮᠵᠢᠮᠵᠢ ᠪᠠᠶᠢᠭ᠎ᠠ ᠪᠠᠨ 2001 ᠣᠨ ᠳᠤ ᠠᠯᠪᠠᠨ ᠶᠣᠰᠣᠭᠠᠷ ᠵᠠᠷᠯᠠᠭᠰᠠᠨ ᠪᠠᠶᠢᠨ᠎ᠠ᠃ᠴᠢᠯᠦᠭᠡᠲᠦ ᠫᠷᠣᠭᠷᠠᠮ ᠬᠠᠩᠭᠠᠮᠵᠢ ᠶᠢᠨ ᠲᠥᠪ ᠦᠨ ᠨᠡᠭᠡᠭᠡᠯᠲᠡ ᠶᠢᠨ ᠠᠵᠢᠯᠯᠠᠭᠠᠨ ᠳᠤ ᠷᠢᠴᠠᠷ ᠲᠤ ᠰᠲ᠋ᠠᠯᠮᠠᠨ ᠣᠷᠣᠯᠴᠠᠭᠰᠠᠨ ᠪᠠᠶᠢᠨ᠎ᠠ᠃ ᠭᠧᠷᠮᠠᠨ ᠤ ᠮᠤᠩᠬᠡᠨᠳ 15000 Windows ᠦᠢᠯᠡᠳᠦᠯ ᠦᠨ ᠰᠢᠰᠲ᠋ᠧᠮ ᠲᠡᠢ ᠺᠣᠮᠢᠶᠦ᠋ᠲ᠋ᠧᠷ ᠤᠳ ᠢ Linux ᠦᠢᠯᠡᠳᠦᠯ ᠦᠨ ᠰᠢᠰᠲ᠋ᠧᠮ ᠲᠡᠢ ᠪᠣᠯᠭᠠᠬᠤ ᠲᠥᠰᠥᠯ 10 ᠵᠢᠯ ᠶᠠᠪᠤᠭᠳᠠᠵᠤ ᠪᠠᠶᠢᠭ᠎ᠠ ᠪᠠ (2003-2013) ᠣᠳᠣ ᠭᠦᠢᠴᠡᠳᠬᠡᠯ ᠨᠢ 80% ᠍ ᠲᠠᠢ ᠶᠠᠪᠤᠵᠤ ᠪᠠᠶᠢᠭ᠎ᠠ ᠠᠵᠢ᠃ ᠮᠠᠯᠠᠢ᠋ᠰᠢᠶ᠎ᠠ ᠤᠯᠤᠰ 2008 ᠣᠨ ᠢ ᠬᠦᠷᠲᠡᠯ᠎ᠡ ᠥᠮᠴᠢ ᠶᠢᠨ ᠫᠷᠣᠭᠷᠠᠮ ᠬᠠᠩᠭᠠᠮᠵᠢ ᠳᠡᠭᠡᠷ᠎ᠡ ᠭᠠᠷᠭᠠᠳᠠᠭ ᠪᠠᠶᠢᠭᠰᠠᠨ ᠰᠠᠶ᠎ᠠ ᠰᠠᠶ᠎ᠠ ᠳ᠋ᠣᠯᠯᠠᠷ ᠢ 《ᠴᠢᠯᠦᠭᠡᠲᠦ᠂ ᠨᠡᠭᠡᠭᠡᠯᠲᠡ ᠲᠡᠢ ᠡᠬᠡ ᠶᠢᠨ ᠫᠷᠣᠭᠷᠠᠮ ᠬᠠᠩᠭᠠᠮᠵᠢ ᠶᠢᠨ ᠨᠡᠶᠢᠲᠡ ᠶᠢᠨ ᠬᠡᠯᠲᠡᠰ》 –ᠭ ᠨᠡᠭᠡᠭᠡᠭᠰᠡᠨ ᠢᠶᠡᠷ ᠬᠡᠮᠨᠡᠭᠰᠡᠨ ᠪᠠᠶᠢᠨ᠎ᠠ᠃ 2006 ᠣᠨ ᠳᠤ ᠪᠷᠠᠽᠢᠯ ᠦᠨ ᠵᠠᠰᠠᠭ ᠤᠨ ᠭᠠᠵᠠᠷ Linux ᠦᠢᠯᠡᠳᠦᠯ ᠦᠨ ᠰᠢᠰᠲ᠋ᠧᠮ ᠲᠡᠢ ᠬᠢᠮᠳᠠ ᠺᠣᠮᠢᠶᠦ᠋ᠲ᠋ᠧᠷ ᠤᠳ ᠤᠨ ᠨᠡᠶᠢᠯᠡᠭᠦᠯᠦᠯᠲᠡ ᠶᠢ ᠳᠡᠮᠵᠢᠨ ᠲᠠᠲᠠᠭᠠᠰᠤ ᠥᠭᠭᠦᠭᠰᠡᠨ ᠪᠠᠶᠢᠨ᠎ᠠ᠃ 2009 ᠣᠨ ᠤ 2 ᠰᠠᠷ᠎ᠠ ᠳᠤ ᠨᠢᠭᠡᠳᠦᠭᠰᠡᠨ ᠤᠯᠤᠰ ᠤᠨ ᠴᠠᠭᠠᠨ ᠣᠷᠳᠣᠨ ᠤ ᠠᠯᠪᠠᠨ ᠶᠣᠰᠣᠨ ᠤ ᠸᠧᠪ ᠬᠠᠭᠤᠳᠠᠰᠤ ᠳᠣᠲᠣᠷᠠᠬᠢ ᠠᠭᠤᠯᠭ᠎ᠠ ᠶᠢᠨ ᠮᠧᠨᠧᠵᠧᠷ ᠢᠶᠡᠷ Drupal ᠍ ᠢ ᠠᠰᠢᠭᠯᠠᠨ Linux ᠰᠧᠷᠸᠧᠷᠢᠭᠦᠳᠡᠷᠡᠭᠦᠦ ᠰᠢᠯᠵᠢᠭᠰᠡᠨ ᠪᠠᠶᠢᠨ᠎ᠠ᠃ 3 ᠰᠠᠷ᠎ᠠ ᠳᠤ ᠹᠷᠠᠨᠼᠢ ᠶᠢᠨ ᠵᠡᠪᠰᠡᠭᠲᠦ ᠬᠦᠴᠦᠨ ᠦ ᠸᠧᠪᠰᠠᠢ ᠳᠤ 2015 ᠣᠨ ᠭᠡᠬᠦ ᠳᠦ Ubuntu- ᠷᠤ ᠰᠢᠯᠵᠢᠨ᠎ᠡ ᠭᠡᠳᠡᠭ ᠨᠢ ᠵᠠᠷᠯᠠᠭᠳᠠᠭᠰᠠᠨ ᠪᠠᠶᠢᠨ᠎ᠠ᠃

《ᠪᠢᠳᠡᠨ ᠳᠦ ᠲᠣᠭᠲᠠᠪᠠᠪᠤᠷᠢ ᠲᠠᠢ᠂ ᠨᠠᠶᠢᠳᠠᠪᠤᠷᠢᠲᠠᠢ ᠦᠢᠯᠡᠳᠦᠯ ᠦᠨ ᠰᠢᠰᠲ᠋ᠧᠮ ᠬᠡᠷᠡᠭᠲᠡᠢ ᠪᠠᠶᠢᠭᠰᠠᠨ ᠤᠴᠢᠷ ᠠᠴᠠ ᠪᠢᠳᠡ Windows ᠍ ᠰ Linux ᠍ ᠷᠤ ᠰᠢᠯᠵᠢᠭᠰᠡᠨ᠃ ᠡᠨᠡ ᠨᠢ ᠪᠢᠳᠡᠨ ᠳᠦ ᠪᠠᠶᠢᠭᠤᠯᠤᠯᠭ᠎ᠠ ᠶᠢᠨ ᠢᠶᠠᠨ ᠳᠣᠲᠣᠭᠠᠳᠤ ᠣᠷᠴᠢᠨ ᠢ ᠬᠢᠨᠠᠵᠤ ᠬᠡᠷᠡᠭ ᠲᠡᠢ ᠵᠦᠢᠯ ᠭᠠᠷᠪᠠᠯ ᠵᠠᠰᠠᠴᠢ᠂ ᠲᠣᠬᠢᠷᠠᠭᠤᠯᠵᠤ᠂ ᠥᠭᠡᠷᠡᠴᠢᠯᠡᠬᠦ ᠪᠣᠯᠤᠮᠵᠢ ᠶᠢ ᠣᠯᠭᠤᠭᠰᠠᠨ᠃》 《ᠣᠯᠠᠨ ᠤᠯᠤᠰ ᠤᠨ ᠰᠠᠨᠠᠰᠠᠷ ᠤᠨ ᠰᠲ᠋ᠠᠨᠼ》 ᠍ ᠤᠨ ᠺᠣᠮᠢᠫᠶᠦ᠋ᠲ᠋ᠧᠷ ᠦᠨ ᠰᠢᠰᠲ᠋ᠧᠮ ᠢ ᠤᠳᠤᠷᠢᠳᠥᠳᠠᠭ 《ᠨᠢᠭᠡᠳᠦᠭᠰᠡᠨ ᠰᠠᠨᠰᠠᠷ ᠤᠨ ᠬᠣᠯᠪᠣᠭ᠎ᠠ》 ᠍ ᠤ ᠬᠢᠭᠰᠡᠨ ᠮᠡᠳᠡᠭᠳᠡᠯ᠃

ᠪᠢᠴᠢᠭᠡᠰᠦ