ᠨᠠᠷᠮᠠᠢ ᠮᠣᠩᠭᠣᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠦᠮᠦᠨ ᠲᠥᠷᠥᠯᠬᠢᠲᠡᠨ ᠦ ᠲᠡᠦᠬᠡᠨ ᠦᠢᠯᠡ ᠶᠠᠪᠤᠴᠠ ᠶᠢᠨ ᠦᠷ᠎ᠡ ᠳ᠋ᠦᠩ ᠳᠦ ᠤᠷᠢᠳᠤ ᠨᠢᠭᠡᠨ ᠤᠯᠤᠰᠠᠳᠠ ᠬᠠᠮᠢᠶᠠᠷᠴᠢ ᠠᠰᠠᠨ ᠦᠨᠳᠦᠰᠦᠲᠡᠨ ᠤᠭᠰᠠᠭᠠᠲᠠᠨ ᠬᠡᠯᠡᠲᠡᠨ ᠡᠳᠦᠭᠡ ᠬᠣᠶᠠᠷ ᠡᠰᠡᠪᠡᠯ ᠬᠡᠳᠦ ᠬᠡᠳᠦᠨ ᠤᠯᠤᠰ ᠲᠤ ᠬᠤᠪᠢᠶᠠᠭᠳᠠᠨ ᠲᠠᠷᠬᠠᠭᠰᠠᠨ ᠪᠠᠶᠢᠬᠤ ᠨᠢ ᠲᠦᠭᠡᠮᠡᠯ ᠪᠠᠶᠢᠳᠠᠭ᠃ ᠬᠠᠷᠢᠨ ᠲᠡᠳᠡᠨ ᠦ ᠳᠤᠮᠳᠠ ᠠᠴᠠ ᠲᠤᠭᠤᠷᠭ᠎ᠠ ᠲᠤᠰᠠᠭᠠᠷ ᠪᠦᠷᠢᠨ ᠡᠷᠬᠡᠲᠦ ᠨᠢᠭᠡ ᠤᠯᠤᠰᠠᠳᠠ ᠭᠠᠵᠠᠷ ᠨᠤᠲᠤᠭ ᠲᠠᠢ ᠪᠠᠨ ᠡᠷᠭᠢᠨ ᠨᠢᠭᠡᠳᠬᠦ ᠶᠢᠨ ᠲᠥᠯᠦᠭᠡᠬᠢ ᠰᠠᠨᠠᠭᠠᠷᠬᠠᠯ ᠲᠣᠭ᠎ᠠ ᠲᠠᠢ ᠬᠡᠳᠦ ᠢᠯᠡᠷᠡᠵᠦ ᠪᠠᠶᠢᠭ᠎ᠠ᠃ ᠴᠤᠬᠤᠮ ᠶᠠᠭ ᠡᠶᠢᠮᠦ ᠲᠡᠮᠡᠦᠯᠡᠯ ᠳᠦ ᠦᠵᠡᠭᠳᠡᠯ  ᠰᠡᠭᠦᠯ ᠦᠨ ᠵᠠᠭᠤᠨ ᠵᠢᠯ ᠦᠨ ᠳᠣᠲᠣᠷ᠎ᠠ ᠮᠣᠩᠭᠣᠯ ᠦᠨᠳᠦᠰᠦᠲᠡᠨᠮᠣᠩᠭᠣᠯ ᠤᠭᠰᠠᠭᠠᠲᠠᠨ ᠤ ᠳᠣᠲᠣᠷ᠎ᠠ ᠶᠡᠬᠡ ᠪᠠᠭ᠎ᠠ ᠬᠡᠮᠵᠢᠶ᠎ᠡ ᠪᠡᠷ ᠥᠷᠨᠢᠭᠰᠡᠭᠡᠷ ᠢᠷᠡᠯ᠎ᠡ᠃[1][2]

Pan Mongolia.jpg

ᠨᠠᠷᠮᠠᠢ ᠮᠣᠩᠭᠣᠯ (ᠣᠷᠣᠰ ᠶᠢᠡᠷ ᠫᠠᠩᠮᠣᠩᠭᠣᠯᠢᠰᠮ; ᠠᠩᠭᠯᠢ ᠪᠠᠷ Pan-Mongolism) ᠬᠡᠮᠡᠨ ᠨᠡᠷᠡᠯᠡᠭᠳᠡᠬᠦ ᠡᠨᠡᠬᠦ ᠦᠵᠡᠯ ᠢᠶᠡᠷ ᠪᠣᠯ ᠬᠠᠶᠠᠭ᠎ᠠ ᠵᠠᠯᠭᠠᠨ ᠪᠠᠶᠢᠷᠢᠯᠠᠭᠰᠠᠨ ᠮᠣᠩᠭᠣᠯᠥᠪᠥᠷ ᠮᠣᠩᠭᠣᠯᠪᠤᠷᠢᠶᠠᠳ ᠭᠤᠷᠪᠠᠨ ᠮᠣᠩᠭᠣᠯ ᠣᠷᠣᠨ ᠳᠤ ᠰᠠᠭᠤᠬᠤ ᠮᠣᠩᠭᠣᠯᠴᠤᠳ ᠭᠠᠵᠠᠷ ᠨᠤᠲᠤᠭ ᠲᠠᠢ ᠪᠠᠨ ᠬᠠᠮᠲᠤ ᠳᠤ ᠪᠠᠨ ᠪᠦᠷᠢᠨ ᠡᠷᠬᠡᠲᠦ ᠨᠢᠭᠡᠨ ᠤᠯᠤᠰ ᠪᠣᠯᠬᠤ ᠤᠴᠢᠷᠲᠠᠢ ᠠᠵᠢ᠃ ᠭᠣᠣᠯ ᠳᠤ ᠨᠢ ᠤᠷᠤᠰᠢᠬᠤ ᠮᠣᠩᠭᠣᠯ ᠬᠡᠳᠦᠶᠢᠨ᠎ᠡ ᠪᠡᠨ ᠲᠤᠰᠠᠭᠠᠷ ᠲᠣᠭᠲᠠᠨᠢᠵᠤ ᠴᠢᠳᠠᠭᠰᠠᠨ ᠪᠣᠯᠪᠠᠴᠤ ᠬᠢᠲᠠᠳ ᠤᠨ ᠮᠡᠳᠡᠯ ᠳᠦ ᠦᠯᠡᠳᠡᠭᠰᠡᠨ ᠮᠣᠩᠭᠣᠯᠴᠤᠳ ᠠᠴᠠ ᠴᠥᠭᠡᠭᠦᠯᠡ ᠪᠡᠨ ᠶᠤᠮ᠃[3] ᠬᠠᠷᠢᠨ ᠥᠪᠥᠷ ᠮᠣᠩᠭᠣᠯ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠥᠪᠡᠷᠲᠡᠭᠡᠨ ᠵᠠᠰᠠᠬᠤ ᠣᠷᠣᠨ ᠪᠣᠯᠳᠠᠭ ᠪᠣᠯ ᠬᠠᠯᠢᠮᠠᠭ᠂ ᠪᠤᠷᠢᠶᠠᠳ ᠣᠷᠣᠰ ᠤᠨ ᠬᠣᠯᠪᠣᠭᠠᠨ ᠤ ᠤᠯᠤᠰ ᠍ ᠤᠨ ᠬᠣᠯᠪᠣᠭᠠᠨ ᠤ ᠡᠲᠡᠭᠡᠳ ᠪᠣᠯᠳᠠᠭ᠃[4] ᠬᠠᠶᠠ ᠲᠡᠦᠬᠡᠨ ᠪᠠ ᠭᠠᠵᠠᠷ ᠤᠨ ᠣᠶᠢᠷ᠎ᠠ ᠠᠴᠠ ᠵᠠᠷᠢᠮ ᠲᠠᠯ᠎ᠠ ᠪᠠᠷ ᠳᠣᠲᠣᠨᠣᠰᠤᠭᠰᠠᠨ ᠥᠨᠥ ᠶᠢᠨ ᠣᠷᠣᠰ ᠬᠣᠯᠪᠣᠭᠠᠨ ᠤ ᠤᠯᠤᠰ ᠍ ᠤᠨ ᠪᠦᠷᠢᠯᠳᠦᠬᠦᠨ ᠳ᠋ᠡᠬᠢ ᠪᠦᠭᠦᠳᠡ ᠨᠠᠶᠢᠷᠠᠮᠳᠠᠬᠤ ᠲᠤᠸᠠ ᠤᠯᠤᠰᠠᠯᠲᠠᠢ ᠶᠢᠨ ᠪᠦᠭᠦᠳᠡ ᠨᠠᠶᠢᠷᠠᠮᠳᠠᠬᠤ ᠤᠯᠤᠰᠠᠯᠲᠠᠢ ᠶᠢᠨ ᠬᠢᠵᠠᠭᠠᠷ ᠍ ᠤᠨ ᠲᠦᠷᠦᠭ ᠪᠦᠯᠦᠭ ᠦᠨ ᠬᠡᠯᠡ ᠳᠦ ᠬᠡᠳᠦ ᠬᠡᠳᠦᠨ ᠠᠷᠠᠳ ᠲᠦᠮᠡᠨ ᠦ ᠠᠭᠤᠭᠤᠯ ᠨᠤᠲᠤᠭ ᠢ ᠨᠠᠷᠮᠠᠢ ᠮᠣᠩᠭᠣᠯ ᠤᠨ ᠵᠣᠷᠢᠯᠭ᠎ᠠ ᠳᠤ ᠬᠠᠮᠤᠷᠤᠭᠤᠯᠤᠨ ᠦᠵᠡᠬᠦ ᠨᠢ ᠪᠠᠶᠢᠳᠠᠭ᠃[5] ᠣᠳᠣ ᠴᠠᠭ ᠲᠤ ᠳᠡᠭᠡᠷᠡᠬᠢ ᠪᠦᠬᠦ ᠭᠠᠵᠠᠷ ᠣᠷᠣᠨ ᠤ ᠳᠤᠮᠳᠠ ᠠᠴᠠ ᠮᠣᠩᠭᠣᠯ ᠤᠯᠤᠰᠠ ᠠᠴᠠ ᠪᠤᠰᠤᠳ ᠲᠤ ᠨᠢ ᠮᠣᠩᠭᠣᠯᠴᠤᠳ ᠣᠯᠠᠩᠬᠢ ᠦᠨᠳᠦᠰᠦᠲᠡᠨ ᠨᠢ ᠪᠢᠰᠢ ᠠᠵᠡᠢ᠃[4] ᠣᠳᠣ ᠳᠡᠯᠡᠬᠡᠢ ᠳᠡᠭᠡᠷ᠎ᠡ 3.8 ᠰᠠᠶ᠎ᠠ ᠬᠠᠪ᠃ᠳᠥᠷᠥ᠃km ᠨᠤᠲᠤᠭ ᠳᠡᠭᠡᠷ᠎ᠡ (ᠡᠭᠦᠨ ᠡᠴᠡ ᠮᠣᠩᠭᠣᠯ ᠤᠯᠤᠰ 1.5 ᠰᠠᠶ᠎ᠠ ᠬᠠᠪ᠃ᠳᠥᠷᠥ᠃km ᠨᠤᠲᠤᠭ ᠲᠠᠢ) 10 ᠰᠠᠶ᠎ᠠ ᠣᠷᠴᠢᠮ ᠮᠣᠩᠭᠣᠯᠴᠤᠳ ᠠᠮᠢᠳᠤᠷᠠᠵᠤ ᠪᠠᠶᠢᠨ᠎ᠠ᠃ ᠡᠨᠡ ᠪᠣᠯ ᠥᠨᠥ ᠶᠢᠨ ᠡᠨᠡᠳᠬᠡᠭ ᠡᠴᠡ ᠲᠣᠮᠣ ᠨᠤᠲᠤᠭ ᠪᠥᠭᠡᠳ ᠠᠽᠢᠶ᠎ᠠ ᠳᠤ ᠬᠢᠲᠠᠳ ᠤᠨ ᠳᠠᠷᠤᠭ᠎ᠠ ᠤᠷᠤᠬᠤ ᠶᠡᠬᠡ ᠣᠷᠣᠨ ᠵᠠᠢ ᠶᠤᠮ᠃

ᠳᠡᠶᠢᠯᠦᠩᠬᠢ ᠮᠣᠩᠭᠣᠯᠴᠤᠳ ᠢ ᠡᠷᠬᠡᠰᠢᠶᠡᠨ ᠪᠠᠶᠢᠭᠰᠠᠨ ᠴᠢᠩ ᠤᠯᠤᠰ 20 ᠍ ᠳᠦᠭᠡᠷ ᠵᠠᠭᠤᠨᠢ ᠡᠬᠢᠨ ᠳᠦ ᠮᠥᠬᠥᠬᠦ ᠳᠦ ᠲᠤᠰᠠᠭᠠᠷ ᠲᠣᠭᠲᠠᠨᠢᠭᠰᠠᠨ ᠤᠯᠤᠰ ᠪᠠᠶᠢᠭᠤᠯᠬᠤ ᠪᠣᠯᠤᠮᠵᠢ ᠪᠦᠷᠢᠳᠦᠭᠰᠡᠨ ᠢᠶᠡᠷ ᠮᠣᠩᠭᠣᠯᠴᠤᠳ ᠤᠨ ᠦᠨᠳᠦᠰᠦᠷᠬᠡᠭ ᠬᠥᠳᠡᠯᠭᠡᠭᠡᠨ ᠡᠭᠦᠰᠦᠭᠰᠡᠨ᠃ ᠵᠥᠪᠯᠡᠯᠲᠦ ᠶᠢᠨ ᠤᠯᠠᠭᠠᠨ ᠴᠡᠷᠢᠭ ᠦᠨ ᠲᠤᠰᠠᠯᠠᠮᠵᠢ ᠲᠠᠢ ᠪᠠᠷ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠪᠠᠶᠢᠭᠤᠯᠤᠭᠳᠠᠵᠤ ᠴᠢᠳᠠᠰᠤᠨ ᠤ ᠳᠠᠷᠠᠭᠠᠬᠢ ᠬᠡᠳᠦᠨ ᠠᠷᠪᠠᠨ ᠵᠢᠯ ᠳᠤ ᠮᠣᠩᠭᠣᠯ ᠤᠨ ᠭᠠᠳᠠᠭᠠᠳᠤ ᠪᠣᠳᠣᠯᠭ᠎ᠠ ᠪᠤᠰᠤᠳ ᠨᠤᠲᠤᠭ ᠢ ᠭᠠᠳᠠᠭᠤᠷ ᠦᠯᠡᠳᠡᠭᠡᠵᠦ ᠣᠯᠳᠠᠭᠰᠠᠨ ᠭᠠᠭᠴᠠ ᠣᠷᠣᠨ ᠳᠤ ᠪᠠᠨ ᠲᠤᠰᠠᠭᠠᠷ ᠲᠣᠭᠲᠠᠨᠢᠯ ᠢᠶᠠᠨ ᠪᠡᠬᠢᠵᠢᠭᠦᠯᠬᠦ ᠳᠦ ᠴᠢᠭᠯᠡᠵᠡᠢ᠃ 1990 ᠣᠨ ᠤ ᠬᠤᠪᠢᠰᠠᠬᠠᠯ ᠶᠢᠡᠷ ᠡᠪ ᠬᠠᠮᠲᠤ ᠳᠢᠭᠯᠢᠮ ᠡᠴᠡ ᠲᠠᠲᠠᠭᠠᠯᠵᠠᠵᠤ᠂ ᠦᠨᠳᠦᠰᠦᠷᠬᠡᠭ ᠦᠵᠡᠯ ᠢ ᠬᠣᠷᠢᠭᠯᠠᠳᠠᠭ ᠦᠭᠡᠢ ᠪᠣᠯᠤᠭᠰᠠᠨ ᠢᠶᠠᠷ ᠮᠣᠩᠭᠣᠯ ᠳᠤ ᠨᠠᠷᠮᠠᠢ ᠮᠣᠩᠭᠣᠯ ᠦᠵᠡᠯᠲᠡ ᠣᠯᠠᠨ ᠪᠠᠶᠢᠭᠤᠯᠤᠯᠭ᠎ᠠ ᠨᠤᠭᠤᠳ ᠪᠠᠶᠢᠭᠤᠯᠤᠭᠳᠠᠭᠰᠠᠨ ᠪᠣᠯᠪᠠᠴᠤ ᠥᠷᠭᠡᠨ ᠬᠦᠷᠢᠶᠡᠨ ᠦ ᠳᠡᠮᠵᠢᠯᠭᠡ ᠣᠯᠵᠤ ᠴᠢᠳᠠᠬᠤ ᠦᠭᠡᠢ ᠯᠠ ᠪᠠᠶᠢᠨ᠎ᠠ᠃

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Kaplonski, Christopher (2004). Truth, History, and Politics in Mongolia. Psychology Press. p. 15.
  2. Naby, Cyril; Dupree, Louis; Endicott-West, Elizabeth (1991). The Modernization of Inner Asia. M.E. Sharpe. p. 193.
  3. Hodder, Dick; Lloyd, Sarah; McLachlan, Keith (1998). Land-locked States of Africa and Asia. 2. Taylor & Francis. p. 150.
  4. 4.0 4.1 Steiner-Khamsi, Gita; Stolpe, Ines (2006). Educational Import: Local Encounters with Global Forces in Mongolia. Macmillan. p. 12.
  5. Garthoff, Raymond (1994). The Great Transition: American-Soviet Relations at the End of the Cold War. Brookings Institution Press. p. 670.

ᠪᠢᠴᠢᠭᠡᠰᠦ