ᠨᠠᠷᠠᠰᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠨᠠᠷᠠᠰᠤ
ᠳᠠᠯᠠᠢ ᠶᠢᠨ ᠡᠷᠭᠢ ᠶᠢᠨ ᠨᠠᠷᠠᠰᠤ (Pinus pinaster)
ᠳᠠᠯᠠᠢ ᠶᠢᠨ ᠡᠷᠭᠢ ᠶᠢᠨ ᠨᠠᠷᠠᠰᠤ (Pinus pinaster)
ᠪᠢᠣᠯᠣᠭᠢ ᠶᠢᠨ ᠠᠩᠭᠢᠯᠠᠯ
ᠠᠶᠢᠮᠠᠭ: ᠤᠷᠭᠤᠮᠠᠯ
Division: Pinophyta
ᠠᠩᠭᠢ: Pinopsida
ᠪᠠᠭ: Pinales
ᠣᠪᠤᠭ: ᠨᠠᠷᠠᠰᠤᠨ ᠤ ᠬᠢᠨ
ᠲᠥᠷᠥᠯ: Pinus
ᠺᠠᠷᠯ ᠯᠢᠨᠡᠨᠢ

ᠨᠠᠷᠠᠰᠤᠨ ᠤ ᠭᠠᠵᠠᠷ ᠵᠦᠢ ᠶᠢᠨ ᠪᠥᠰᠡ ᠶᠢᠨ ᠲᠠᠷᠬᠠᠯᠲᠠ ᠪᠠᠷ ᠠᠩᠭᠢᠯᠠᠭᠰᠠᠨ ᠵᠢᠭ᠌ᠰᠠᠭᠠᠯᠳᠠ

ᠨᠠᠷᠠᠰᠤ (Pinus ) ᠨᠢ ᠨᠠᠷᠠᠰᠤᠨ ᠤ ᠬᠢᠨ (Pinaceae) ᠣᠪᠤᠭ ᠤᠨ Pinoideae ᠳᠡᠳ᠋ ᠣᠪᠣᠭᠲᠤ ᠪᠠᠭᠠᠳᠬᠤ ᠰᠢᠯᠮᠦᠦᠰᠦᠲᠦ ᠮᠣᠳᠣ ᠶᠤᠮ᠃ 115 ᠵᠦᠢᠯ ᠣᠷᠴᠢᠮ ᠨᠠᠷᠠᠰᠤ ᠮᠣᠳᠣ ᠪᠠᠶᠢᠳᠠᠭ᠃

ᠲᠠᠷᠬᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠠᠷᠠᠰᠤ ᠨᠢ ᠳᠡᠯᠡᠬᠡᠢ ᠶᠢᠨ ᠪᠥᠮᠪᠥᠷᠴᠡᠭ ᠦᠨ ᠬᠣᠶᠢᠳᠤ ᠬᠠᠭᠠᠰ ᠠᠴᠠ ᠭᠠᠷᠤᠯ ᠲᠠᠢ ᠮᠣᠳᠣ ᠶᠤᠮ᠃ ᠧᠦ᠋ᠷᠠᠽᠢ ᠳᠤ ᠺᠠᠨᠠᠷ ᠤᠨ ᠠᠷᠠᠯ ᠤᠳᠠ ᠠᠴᠠ ᠰᠺᠣᠲ᠋ᠯᠠᠨᠳ᠋᠂ ᠵᠡᠭᠦᠨ ᠲᠡᠰᠢ ᠣᠷᠣᠰ ᠍ ᠤᠨ ᠵᠡᠭᠦᠨ ᠬᠡᠰᠡᠭ ᠪᠣᠯᠤᠨ ᠹᠢᠯᠢᠫᠫᠢᠨ᠂ ᠬᠣᠶᠢᠳᠤ ᠵᠦᠭ ᠲᠤ ᠨᠤᠷᠸᠸᠢᠹᠢᠨᠯᠠᠨᠲ᠂ ᠵᠡᠭᠦᠨ ᠵᠦᠭ ᠲᠤ ᠰᠢᠪᠸᠷᠢᠶ ᠠ᠂ ᠡᠮᠦᠨ᠎ᠡ ᠵᠦᠭ ᠲᠤ ᠠᠹᠷᠢᠺᠠᠭᠢᠮᠠᠯᠢᠶ ᠠ ᠶᠢᠨ ᠨᠢᠷᠤᠭᠤ᠂ ᠵᠡᠭᠦᠨ ᠡᠮᠦᠨᠡᠲᠦ ᠠᠽᠢᠶ᠎ᠠ ᠬᠦᠷᠲᠡᠯ᠎ᠡ ᠪᠠᠶᠢᠨ᠎ᠠ᠃ ᠬᠣᠶᠢᠳᠤ ᠠᠮᠧᠷᠢᠺᠠ ᠳᠤ ᠺᠠᠨᠠᠳᠠᠠ ᠠᠴᠠ ᠡᠮᠦᠨ᠎ᠡ ᠵᠦᠭ ᠲᠤ ᠨᠢᠺᠠᠷᠠᠭᠤᠸᠠ ᠬᠦᠷᠲᠡᠯ᠎ᠡ ᠤᠷᠭᠤᠨ᠎ᠠ᠃ ᠬᠠᠮᠤᠭ ᠤᠨ ᠣᠯᠠᠨ ᠶᠠᠩᠵᠤ ᠶᠢᠨ ᠲᠥᠷᠥᠯ ᠨᠢ ᠮᠸᠺᠰᠢᠺᠣ ᠪᠣᠯᠤᠨ ᠺᠠᠯᠢᠹᠣᠷᠨᠢ ᠳᠤ ᠪᠤᠢ᠃

ᠳᠡᠯᠡᠬᠡᠢ ᠶᠢᠨ ᠪᠥᠮᠪᠥᠷᠴᠡᠭ ᠦᠨ ᠡᠮᠦᠨᠡᠲᠦ ᠬᠠᠭᠠᠰ ᠤᠨ ᠳᠤᠯᠠᠭᠠᠨ ᠪᠣᠯᠤᠨ ᠰᠡᠷᠢᠭᠦᠨ ᠪᠥᠰᠡ ᠶᠢᠨ ᠣᠷᠣᠨ ᠨᠤᠭᠤᠳ ᠴᠢᠯᠢᠪᠷᠠᠽᠢᠯᠡᠮᠦᠨᠡᠲᠦ ᠠᠹᠷᠢᠺᠠᠠᠦᠢᠰᠲ᠋ᠷᠯᠢᠶ᠎ᠠᠠᠷᠭᠸᠨ᠋ᠲ᠋ᠢᠨᠰᠢᠨ᠎ ᠡ ᠽᠸᠨᠯᠠᠨᠲᠤ᠋ᠠᠳᠠ ᠨᠡᠪᠲᠡᠷᠡᠭᠦᠯᠦᠨ ᠲᠠᠷᠢᠵᠤ ᠤᠷᠭᠤᠭᠤᠯᠤᠭᠰᠠᠨ ᠪᠥᠭᠡᠳ ᠳᠦᠨᠵᠡ᠂ ᠭᠤᠸᠠᠯᠢᠩ ᠪᠡᠯᠡᠳᠬᠡᠬᠦ ᠭᠣᠣᠯ ᠡᠬᠢ ᠡᠭᠦᠰᠪᠦᠷᠢ ᠨᠢ ᠪᠣᠯᠵᠤ ᠪᠠᠶᠢᠭ᠎ᠠ ᠪᠠ ᠨᠥᠭᠦᠭᠡᠲᠡᠶᠢᠭᠦᠷ ᠵᠠᠷᠢᠮ ᠵᠦᠢᠯ ᠨᠠᠷᠠᠰᠤ ᠬᠡᠲᠦᠷᠬᠡᠢ ᠶᠡᠬᠡ ᠪᠡᠷ ᠲᠠᠷᠬᠠᠨ ᠤᠷᠭᠤᠵᠤ ᠪᠤᠰᠤᠳ ᠤᠷᠭᠤᠮᠠᠯ᠂ ᠭᠠᠵᠠᠷ ᠢ ᠲᠦᠷᠢᠨ ᠡᠵᠡᠯᠡᠬᠦ ᠠᠰᠠᠭᠤᠳᠠᠯ ᠪᠠᠰᠠ ᠭᠠᠷᠴᠤ ᠪᠠᠶᠢᠨ᠎ᠠ᠃ ᠨᠠᠷᠠᠰᠤ ᠨᠢ ᠮᠥᠩᠬᠡ ᠨᠣᠭᠣᠭᠠᠨ ᠨᠢᠳᠦ ᠪᠤᠯᠢᠶᠠᠮ᠎ᠠ ᠰᠠᠶᠢᠬᠠᠨ ᠮᠣᠳᠣ ᠪᠥᠭᠡᠳ ᠶᠡᠬᠡᠩᠬᠢ ᠳᠦ ᠪᠡᠨ 20-35 ᠮ᠂ ᠵᠠᠷᠢᠮ ᠲᠣᠬᠢᠶᠠᠯᠳᠤᠯ ᠳᠤ 50 ᠮ ᠬᠦᠷᠲᠡᠯ᠎ᠡ ᠥᠨᠳᠥᠷ ᠤᠷᠭᠤᠳᠠᠭ᠃ ᠨᠠᠷᠠᠰᠤ ᠨᠢ ᠤᠷᠲᠤ ᠨᠠᠰᠤᠲᠠᠢ᠂ ᠳᠤᠮᠳᠠᠴᠢ ᠪᠠᠷ 100-1000 ᠵᠢᠯ ᠨᠠᠰᠤᠯᠠᠳᠠᠭ ᠪᠠ ᠵᠠᠷᠢᠮ ᠨᠢ ᠪᠦᠷ ᠴᠤ ᠣᠯᠠᠨ ᠵᠢᠯ ᠨᠠᠰᠤᠯᠠᠳᠠᠭ ᠠᠵᠤ᠃ ᠮᠥᠴᠢᠷ ᠨᠢ ᠶᠡᠬᠡ ᠪᠡᠶᠡᠩ ᠡᠴᠡ ᠪᠡᠨ ᠰᠠᠶᠢᠲᠤᠷ ᠲᠤᠰᠠᠭᠠᠷᠯᠠᠭᠳᠠᠨ ᠤᠷᠭᠤᠳᠠᠭ᠃ ᠵᠠᠯᠠᠭᠤ ᠨᠠᠷᠠᠰᠤᠨ ᠤ ᠣᠷᠣᠢ ᠬᠡᠯᠪᠡᠷᠢ ᠨᠢ ᠭᠣᠶᠣᠮᠰᠣᠭ ᠺᠣᠨᠤᠶᠢᠰ ᠬᠡᠯᠪᠡᠷᠢ ᠲᠡᠢ ᠪᠠᠶᠢᠳᠠᠭ ᠪᠠ ᠬᠠᠷᠢᠨ ᠬᠥᠭᠰᠢᠷᠡᠬᠦ ᠲᠤᠰᠤᠮ ᠢᠶᠠᠨ ᠦᠵᠦᠭᠦᠷ ᠨᠢ ᠥᠷᠭᠡᠨ ᠳᠤᠭᠤᠢ ᠵᠣᠨᠲ᠋ᠢᠭ ᠬᠡᠯᠪᠡᠷᠢ ᠲᠡᠢ ᠬᠠᠷᠠᠭᠳᠠᠳᠠᠭ᠃ ᠨᠠᠷᠠᠰᠤᠨ ᠤ ᠶᠡᠬᠡ ᠪᠡᠶᠡᠨ ᠦ ᠳ᠋ᠣᠣ ᠳᠤ ᠬᠡᠰᠡᠭ ᠦᠨ ᠬᠣᠯᠲᠣᠰᠣ ᠨᠢ ᠤᠯᠠᠭᠠᠨ ᠬᠦᠷᠢᠨ ᠥᠩᠭᠡ ᠲᠡᠢ᠂ ᠬᠠᠷᠢᠨ ᠳᠡᠭᠡᠳᠦ ᠬᠡᠰᠡᠭ ᠮᠥᠴᠢᠷᠡᠨ ᠨᠦᠭᠦᠳ ᠨᠢ ᠠᠯᠲᠠᠨ ᠰᠢᠷᠭᠠᠯ ᠥᠩᠭᠡ ᠲᠡᠢ ᠪᠠᠶᠢᠳᠠᠭ᠃ 10 ᠨᠠᠰᠤᠲᠠᠢ ᠨᠠᠷᠠᠰᠤᠨ ᠤ ᠰᠠᠭᠤᠯᠭᠠᠴᠠ ᠶᠢᠨ ᠥᠨᠳᠥᠷ ᠨᠢ 3,2-4,3 ᠮ ᠬᠦᠷᠲᠡᠯ᠎ᠡ ᠤᠷᠭᠤᠳᠠᠭ᠃

ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠳᠠᠨ ᠤ ᠨᠠᠷᠠᠰᠤ (Pinus taeda): ᠡᠷ᠎ᠡ ᠪᠣᠷᠭᠣᠴᠠᠢ

ᠨᠠᠷᠠᠰᠤ ᠨᠢ ᠮᠥᠩᠬᠡ ᠨᠣᠭᠣᠭᠠᠨ ᠪᠠ ᠳᠠᠪᠠᠷᠬᠠᠢ ᠲᠠᠢ᠂ 3-80 ᠮ ᠬᠦᠷᠲᠡᠯᠡᠬᠢ ᠤᠷᠭᠤᠬᠤ ᠪᠠ ᠶᠡᠬᠡᠩᠬᠢ ᠵᠦᠢᠯ ᠦᠳ ᠨᠢ 15-45 ᠮ ᠥᠨᠳᠥᠷ ᠤᠷᠭᠤᠳᠠᠭ᠃ ᠬᠠᠮᠤᠭ ᠤᠨ ᠵᠢᠵᠢᠭ ᠦᠳ ᠨᠢ ᠰᠢᠪᠸᠷᠢᠶ ᠠ ᠶᠢᠨ ᠳᠠᠪᠵᠠ ᠨᠠᠷᠠᠰᠤ᠂ Potosi pinyon ᠪᠠ ᠬᠠᠮᠤᠭ ᠤᠨ ᠥᠨᠳᠥᠷ ᠨᠢ Sugar Pine ᠶᠤᠮ᠃ ᠨᠠᠷᠠᠰᠤ ᠨᠢ ᠤᠷᠲᠤ ᠨᠠᠰᠤᠲᠠᠢ᠂ ᠳᠤᠮᠳᠠᠴᠢ ᠪᠠᠷ 100-1000 ᠵᠢᠯ ᠪᠠ ᠵᠠᠷᠢᠮ ᠨᠢ ᠪᠦᠷ ᠴᠤ ᠣᠯᠠᠨ ᠨᠠᠰᠤᠯᠠᠳᠠᠭ ᠠᠵᠤ᠃ Great Basin Bristlecone Pine ᠵᠦᠢᠯ ᠦᠨ ᠨᠠᠷᠠᠰᠤ ᠳᠡᠯᠡᠬᠡᠢ ᠳᠡᠭᠡᠷ᠎ᠡ ᠬᠠᠮᠤᠭ ᠤᠨ ᠤᠷᠲᠤ ᠨᠠᠰᠤᠲᠠᠢ ᠳᠤ ᠲᠠᠴᠠᠭᠳᠠᠬᠤ ᠪᠠ 2008 ᠣᠨ ᠳᠤ 4840 ᠵᠢᠯ ᠦᠨ ᠨᠠᠰᠤᠲᠠᠢ ᠪᠠᠶᠢᠨ᠎ᠠ᠃

ᠨᠠᠷᠠᠰᠤ ᠮᠣᠳᠣᠨ ᠨᠤᠭᠤᠳ ᠨᠢ ᠬᠣᠣᠰ ᠬᠦᠢᠰ ᠲᠡᠢ ᠪᠠ ᠡᠷ᠎ᠡ᠂ ᠡᠮ᠎ᠡ ᠪᠣᠷᠭᠣᠴᠠᠢ ᠲᠠᠢ ᠪᠠᠶᠢᠨ᠎ᠠ᠃ ᠡᠷ᠎ᠡ ᠪᠣᠷᠭᠣᠴᠠᠢ ᠨᠢ ᠵᠢᠵᠢᠭ 1-5 ᠰᠠᠨᠲ᠋ᠢᠮᠧᠲ᠋ᠷ ᠪᠥᠭᠡᠳ ᠭᠣᠣᠯᠳᠠᠭᠤ ᠬᠠᠪᠤᠷ ᠴᠠᠭ ᠪᠣᠭᠣᠨᠢ ᠬᠤᠭᠤᠴᠠᠭᠠᠨ ᠳᠤ ᠤᠷᠭᠤᠨ᠂ ᠲᠣᠭᠣᠰᠣ ᠬᠦᠷᠲᠡᠯᠲᠡ ᠶᠢᠨ ᠳᠠᠷᠠᠭ᠎ᠠ ᠤᠨᠤᠳᠠᠭ ᠠᠵᠢ᠃ ᠡᠮ᠎ᠡ ᠪᠣᠷᠭᠣᠴᠠᠢ ᠨᠢ ᠲᠣᠭᠣᠰᠣ ᠬᠦᠷᠲᠡᠯᠲᠡ ᠶᠢᠨ ᠳᠠᠷᠠᠭ᠎ᠠ ᠵᠦᠢᠯ ᠡᠴᠡ ᠰᠢᠯᠲᠠᠭᠠᠯᠠᠨ 1.5-3 ᠵᠢᠯ ᠦᠨ ᠳᠠᠷᠠᠭ᠎ᠠ ᠪᠣᠯᠪᠠᠰᠤᠷᠠᠵᠤ ᠭᠦᠢᠴᠡᠬᠦ ᠪᠥᠭᠡᠳ 3-60 ᠰᠠᠨᠲ᠋ᠢᠮᠧᠲ᠋ᠷ ᠬᠦᠷᠲᠡᠯᠡᠬᠢ ᠬᠡᠮᠵᠢᠶ᠎ᠡ ᠲᠡᠢ ᠪᠣᠯᠳᠠᠭ ᠪᠠᠶᠢᠨ᠎ᠠ᠃ ᠲᠣᠭᠣᠰᠣ ᠬᠦᠷᠲᠡᠯᠲᠡ ᠨᠢ ᠰᠠᠯᠬᠢ ᠪᠣᠯᠤᠨ ᠵᠠᠷᠢᠮ ᠰᠢᠪᠠᠭᠤ ᠪᠠᠷ ᠳᠠᠮᠵᠢᠨ ᠲᠠᠷᠬᠠᠳᠠᠭ ᠪᠠᠶᠢᠨ᠎ᠠ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Pinus
http://wiki.uhaan.com/index.php?title=ᠨᠠᠷᠠᠰᠤ&oldid=431724》 ᠍  ᠡᠴᠡ ᠠᠪᠤᠭᠰᠠᠨ

ᠪᠢᠴᠢᠭᠡᠰᠦ