ᠨᠠᠷᠠᠨ ᠤ ᠵᠠᠢ ᠶᠢᠨ ᠮᠠᠰᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠡᠯᠡᠬᠡᠢ ᠶᠢᠨ ᠨᠠᠷᠠᠨ ᠤ ᠲᠡᠮᠡᠴᠡᠭᠡᠨ ᠳᠦ 2009 ᠡᠤᠨ ᠳᠤ ᠲᠦᠷᠦᠭᠦᠯᠦᠭᠴᠢ ᠲᠣᠺᠠᠢ ᠮᠠᠰᠢᠨ 100 ᠺᠢᠯᠣᠮᠧᠲ᠋ᠷ/ᠴᠠᠭ ᠳᠤᠮᠳᠠᠴᠢ ᠬᠤᠷᠳᠤ ᠲᠠᠢ ᠪᠠᠷ 2998 ᠺᠢᠯᠣᠮᠧᠲ᠋ᠷ ᠵᠠᠢ ᠶᠢ ᠲᠤᠭᠤᠯᠤᠭᠰᠠᠨ

ᠨᠠᠷᠠᠨ ᠤ ᠵᠠᠢ ᠶᠢᠨ ᠮᠠᠰᠢᠨ (ᠬᠢᠲᠠᠳ ᠶᠢᠡᠷ 太阳能汽车)᠄ ᠨᠠᠷᠠᠨ ᠤ ᠵᠠᠢ ᠬᠤᠷᠢᠶᠠᠭᠤᠷ᠂ ᠴᠠᠬᠢᠯᠭᠠᠨ ᠬᠥᠳᠡᠯᠭᠡᠭᠦᠷ᠂ ᠮᠠᠰᠢ ᠬᠥᠩᠭᠡᠨ ᠶᠡᠬᠡ ᠪᠡᠶᠡᠨ ᠡᠴᠡ ᠪᠥᠷᠢᠳᠬᠦ ᠲᠡᠭᠡᠭᠡᠪᠦᠷᠢ ᠶᠢᠨ ᠬᠡᠷᠡᠭᠰᠡᠯ ᠢ ᠨᠠᠷᠠᠨ ᠤ ᠵᠠᠢ ᠶᠢᠨ ᠮᠠᠰᠢᠨ ᠭᠡᠨ᠎ᠡ᠃ ᠣᠳᠣ ᠪᠠᠷ ᠲᠧᠭᠨᠣᠯᠣᠭᠢ ᠶᠢᠨ ᠬᠢᠵᠠᠭᠠᠷᠯᠠᠭᠳᠠᠮᠠᠯ ᠪᠣᠯᠤᠮᠵᠢ ᠠᠴᠠ ᠬᠠᠮᠢᠶᠠᠷᠴᠤ ᠨᠠᠷᠠᠨ ᠤ ᠵᠠᠢ ᠶᠢᠨ ᠮᠠᠰᠢᠨ ᠨᠢ ᠵᠥᠪᠬᠡᠨ ᠤᠷᠤᠯᠳᠤᠭᠠᠨ ᠤ ᠵᠣᠷᠢᠭᠤᠯᠤᠯᠲᠠ ᠪᠠᠷ ᠡᠷᠴᠢᠮᠲᠡᠢ ᠬᠥᠭᠵᠢᠵᠦ ᠪᠠᠶᠢᠨ᠎ᠠ᠃ ᠡᠶᠢᠮᠦ ᠮᠠᠰᠢᠨ ᠨᠢ ᠣᠩᠭᠣᠴᠠ᠂ ᠤᠨᠤᠳᠠᠭ ᠳᠤᠭᠤᠢ᠂ ᠰᠡᠷᠭᠦᠭᠡᠭᠳᠡᠬᠦ ᠡᠷᠴᠢᠮ ᠬᠦᠴᠦ᠂ ᠠᠦ᠋ᠲ᠋ᠣᠮᠠᠰᠢᠨ ᠤ ᠲᠧᠭᠨᠣᠯᠣᠬᠢ ᠤᠳ ᠢ ᠬᠣᠣᠰᠯᠠᠭᠰᠠᠨ ᠨᠡᠶᠢᠯᠡᠮᠡᠯ ᠲᠧᠭᠨᠣᠯᠣᠭᠢ ᠢᠶᠠᠷ ᠪᠦᠲᠦᠭᠡᠭᠳᠡᠳᠡᠭ᠃ ᠨᠠᠷᠠᠨ ᠤ ᠡᠷᠴᠢᠮ ᠬᠦᠴᠦ ᠶᠢ ᠬᠤᠷᠢᠶᠠᠭᠴᠢ ᠪᠤᠶᠤ ᠨᠠᠷᠠᠨ ᠤ ᠭᠡᠷᠡᠯ ᠢ ᠴᠠᠬᠢᠯᠭᠠᠨ ᠭᠦᠶᠦᠳᠡᠯ ᠳᠦ ᠬᠤᠪᠢᠷᠠᠭᠠᠭᠴᠢ ᠭᠣᠣᠯ ᠬᠡᠰᠡᠭ ᠨᠢ ᠴᠠᠬᠢᠭᠤᠷ᠂ ᠭᠠᠯᠯᠢᠤᠮ᠂ ᠨᠢᠲ᠋ᠷᠣᠭᠧᠨ ᠢᠶᠡᠷ ᠬᠢᠭᠰᠡᠨ ᠬᠠᠪᠲᠠᠩ ᠪᠠᠶᠢᠳᠠᠭ᠃ ᠬᠠᠮᠤᠭ ᠤᠨ ᠥᠷᠭᠡᠨ ᠬᠡᠷᠡᠭᠯᠡᠭᠳᠡᠳᠡᠭ ᠨᠢ ᠴᠠᠬᠢᠭᠤᠷ ᠢᠶᠠᠷ ᠬᠢᠭᠰᠡᠨ ᠬᠠᠪᠲᠠᠩ 15 - 20% ᠍ ᠶᠢᠨ ᠠᠰᠢᠭᠲᠤ ᠦᠢᠯᠡ ᠶᠢᠨ ᠺᠣᠸᠹᠢᠼᠧᠨᠲ ᠲᠡᠢ ᠪᠡᠷ ᠨᠠᠷᠠᠨ ᠤ ᠭᠡᠷᠡᠯ ᠢ ᠴᠠᠬᠢᠯᠭᠠᠨ ᠳᠤ ᠬᠤᠪᠢᠷᠠᠭᠠᠳᠠᠭ᠃

ᠳᠡᠯᠡᠬᠡᠢ ᠶᠢᠨ ᠨᠠᠷᠠᠨ ᠤ ᠢᠯᠴᠢ ᠲᠤᠰᠬᠠᠯᠲᠠ ᠶᠢᠨ ᠬᠡᠮᠵᠢᠶ᠎ᠡ ᠪᠤᠶᠤ ᠨᠠᠷᠠᠨ ᠤ ᠡᠨᠧᠷᠭᠢ ᠬᠤᠷᠢᠶᠠᠭᠳᠠᠬᠤ ᠪᠣᠯᠤᠮᠵᠢ ᠲᠠᠢ ᠪᠥᠰᠡ ᠨᠦᠭᠦᠳ᠃ (ᠳᠡᠯᠡᠬᠡᠢ ᠶᠢᠨ ᠨᠡᠶᠢᠲᠡ ᠱᠠᠭᠠᠷᠳᠠᠯᠭ᠎ᠠ ᠲᠠᠢ ᠡᠨᠧᠷᠭᠢ ᠶᠢ ᠵᠢᠷᠤᠭᠲᠤ 6 ᠴᠡᠭ ᠢᠶᠡᠷ ᠲᠡᠮᠳᠡᠭᠯᠡᠭᠰᠡᠨ ᠬᠡᠮᠵᠢᠶᠡᠨ ᠦ ᠨᠠᠷᠠᠨ ᠤ ᠡᠷᠴᠢᠮ ᠬᠦᠴᠦᠨ ᠡᠴᠡ ᠬᠤᠷᠢᠶᠠᠬᠤ ᠪᠣᠯᠤᠮᠵᠢ ᠲᠠᠢ ᠪᠤᠶᠤ ᠣᠳᠣ ᠶᠢᠨ ᠨᠡᠶᠢᠲᠡ ᠳᠡᠯᠡᠬᠡᠢ ᠶᠢᠨ ᠴᠠᠬᠢᠯᠭᠠᠨ ᠦ ᠬᠡᠷᠡᠭᠯᠡᠭᠡ 18 ᠲᠧᠷᠠᠸᠠᠲ ᠪᠠᠶᠢᠨ᠎ᠠ᠃)
 ᠨᠠᠷᠠᠨ ᠤ ᠬᠠᠪᠲᠠᠩ ᠨᠢ ᠣᠯᠠᠨ ᠵᠠᠭᠤᠨ ᠵᠢᠵᠢᠭ ᠨᠠᠷᠠᠨ ᠤ ᠬᠤᠷᠢᠶᠠᠭᠴᠢ ᠬᠡᠰᠡᠭ ᠡᠴᠡ ᠪᠦᠲᠦᠳᠡᠭ ᠪᠠ ᠲᠣᠮᠣᠬᠠᠨ ᠬᠡᠮᠵᠢᠶ᠎ᠡ ᠲᠡᠢ ᠬᠠᠪᠲᠠᠩ 2 ᠺᠢᠯᠣᠸᠠᠲ ᠴᠡᠨᠡᠭ ᠬᠤᠷᠢᠶᠠᠳᠠᠭ᠃
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
Cells ᠍ ᠨᠡᠩᠵᠢ ᠬᠤᠷᠢᠶᠠᠭᠴᠢ ᠬᠡᠰᠡᠭ᠂ Modules ᠍ ᠮᠣᠳᠣᠯ᠂ Arrays ᠍ ᠨᠠᠷᠠᠨ ᠤ ᠬᠠᠪᠲᠠᠩ
ᠠᠦᠢᠰᠲ᠋ᠷᠯᠢᠶ᠎ᠠ ᠍ ᠶᠢᠨ ᠡᠮᠦᠨᠡᠲᠦ ᠤᠥᠯᠢᠰ ᠦᠨ ᠶᠡᠬᠡ ᠰᠤᠷᠭᠠᠭᠤᠯᠢ ᠳᠤ ᠪᠦᠲᠦᠭᠡᠭᠰᠡᠨ 2 ᠬᠦᠮᠦᠨ ᠦ ᠰᠠᠭᠤᠳᠠᠯ ᠲᠠᠢ ᠢᠪ ᠪᠠ 1 ᠬᠦᠮᠦᠨ ᠦ ᠰᠠᠭᠤᠳᠠᠯ ᠲᠠᠢ ᠠᠶᠤᠪᠢ ᠨᠠᠷᠠᠨ ᠤ ᠵᠠᠢ ᠶᠢᠨ ᠮᠠᠰᠢᠨ ᠨᠢ 80-100 ᠺᠢᠯᠣᠮᠧᠲ᠋ᠷ/ᠴᠠᠭ ᠬᠤᠷᠳᠤᠯᠠᠨ᠎ᠠ᠂ ᠨᠢᠭᠡ ᠴᠡᠨᠡᠭ ᠢᠶᠡᠷ ᠢᠶᠡᠨ 500 ᠺᠢᠯᠣᠮᠧᠲ᠋ᠷ ᠬᠦᠷᠲᠡᠯ᠎ᠡ ᠲᠤᠭᠤᠯᠬᠤ ᠴᠢᠳᠠᠪᠤᠷᠢ ᠲᠠᠢ᠂ ᠬᠥᠩᠭᠡᠨ ᠺᠣᠮᠫᠣᠰᠢᠲ ᠢᠶᠠᠷ ᠪᠦᠲᠦᠭᠡᠭᠳᠡᠭᠰᠡᠨ᠂ ᠯᠢᠲᠢ ᠢᠣᠨ ᠵᠠᠶᠢᠨ ᠦ ᠬᠡᠮᠵᠢᠶ᠎ᠡ 25-45 ᠺᠢᠯᠣᠭ᠍ᠷᠠᠮ᠃ ᠵᠢᠵᠢᠭ ᠠᠶᠤᠪᠢ ᠨᠢ 2011 ᠡᠤᠨ ᠳᠤ 88.8 ᠺᠢᠯᠣᠮᠧᠲ᠋ᠷ/ᠴᠠᠭ ᠬᠤᠷᠳᠤᠯᠠᠵᠤ ᠭᠢᠨᠢᠰ ᠦᠨ ᠨᠣᠮ ᠳᠤ ᠣᠷᠣᠭᠰᠠᠨ᠃ ᠡᠳᠡᠭᠡᠷ ᠮᠠᠰᠢᠨ ᠨᠤᠭᠤᠳ 2013 ᠡᠤᠨ ᠤ 10 ᠰᠠᠷ᠎ᠠ ᠳᠤ ᠪᠣᠯᠤᠭᠰᠠᠨ ᠣᠯᠠᠨ ᠤᠯᠤᠰ ᠤᠨ ᠲᠡᠮᠡᠴᠡᠭᠡᠨ ᠳᠦ 5 ᠬᠣᠨᠣᠭ ᠲᠤ 3000 ᠺᠢᠯᠣᠮᠧᠲ᠋ᠷ ᠵᠠᠢ ᠶᠢ ᠲᠤᠭᠤᠯᠵᠤ ᠠᠮᠵᠢᠯᠲᠠ ᠲᠠᠢ ᠣᠷᠣᠯᠴᠠᠵᠠᠢ᠃
Eve and Ivy side-by-side.jpg

ᠵᠠᠢ ᠬᠤᠷᠢᠶᠠᠭᠤᠷ ᠨᠢ ᠳᠤᠮᠳᠠᠴᠢ ᠪᠠᠷ 400 ᠺᠢᠯᠣᠮᠧᠲ᠋ᠷ ᠬᠦᠷᠲᠡᠯ᠎ᠡ ᠮᠠᠰᠢᠨ ᠢ ᠬᠦᠳᠡᠯᠭᠡᠬᠦ ᠬᠡᠮᠵᠢᠶᠡᠨ ᠦ ᠴᠡᠨᠡᠭ ᠬᠤᠷᠢᠶᠠᠳᠠᠭ᠃ ᠮᠠᠰᠢᠨ ᠤ ᠴᠠᠬᠢᠯᠭᠠᠨ ᠬᠥᠳᠡᠯᠭᠡᠭᠦᠷ ᠨᠢ 2-3 ᠮᠣᠷᠢᠨ ᠤ ᠬᠦᠴᠦᠲᠡᠢ 160 ᠺᠢᠯᠣᠮᠧᠲ᠋ᠷ/ᠴᠠᠭ ᠬᠤᠷᠳᠤᠯᠠᠬᠤ ᠪᠣᠯᠤᠮᠵᠢ ᠶᠢᠨ ᠪᠠᠶᠢᠳᠠᠭ᠃


ᠪᠢᠴᠢᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 2013 ᠡᠤᠨ ᠳᠤ ᠠᠦᠢᠰᠲ᠋ᠷᠯᠢᠶ᠎ᠠ ᠳᠤ ᠵᠣᠬᠢᠶᠠᠭᠳᠠᠭᠰᠠᠨ ᠣᠯᠠᠨ ᠤᠯᠤᠰ ᠤᠨ ᠨᠠᠷᠠᠨ ᠤ ᠵᠠᠢ ᠶᠢᠨ ᠮᠠᠰᠢᠨ ᠦ ᠤᠷᠤᠯᠳᠤᠭᠠᠨ᠃
  2. 2013 ᠡᠤᠨ ᠳᠤ ᠬᠣᠯᠠᠨᠳ᠋ ᠍ ᠤᠨ ᠡᠢᠨᠲᠤᠬᠣᠸᠧᠨ ᠶᠡᠬᠡ ᠰᠤᠷᠭᠠᠭᠤᠯᠢ ᠳᠤ ᠪᠦᠲᠦᠭᠡᠭᠰᠡᠨ 4 ᠬᠦᠮᠦᠨ ᠦ ᠰᠠᠭᠤᠳᠠᠯ ᠲᠠᠢ 600 ᠺᠢᠯᠣᠮᠧᠲ᠋ᠷ ᠵᠠᠢ ᠶᠢ ᠨᠢᠭᠡ ᠴᠡᠨᠡᠭ ᠢᠶᠡᠷ ᠲᠤᠭᠤᠯᠳᠠᠭ ᠨᠠᠷᠠᠨ ᠤ ᠵᠠᠢ ᠶᠢᠨ ᠮᠠᠰᠢᠨ᠃
  3. 2011 ᠡᠤᠨ ᠳᠤ ᠠᠦᠢᠰᠲ᠋ᠷᠯᠢᠶ᠎ᠠ ᠳᠤ ᠵᠣᠬᠢᠶᠠᠭᠳᠠᠭᠰᠠᠨ ᠣᠯᠠᠨ ᠤᠯᠤᠰ ᠤᠨ ᠨᠠᠷᠠᠨ ᠤ ᠵᠠᠢ ᠶᠢᠨ ᠮᠠᠰᠢᠨ ᠤ ᠤᠷᠤᠯᠳᠤᠭᠠᠨ᠃
  4. ᠫᠦᠷᠳᠤᠶᠢᠭ᠎ᠠ ᠶᠢᠨ ᠶᠡᠬᠡ ᠰᠤᠷᠭᠠᠭᠤᠯᠢ ᠶᠢᠨ ᠪᠦᠲᠦᠭᠡᠭᠰᠡᠨ ᠡᠩ ᠦᠨ ᠬᠡᠷᠡᠭᠯᠡᠭᠡᠨ ᠳᠦ ᠠᠰᠢᠭᠯᠠᠵᠤ ᠪᠣᠯᠬᠤ ᠨᠠᠷᠠᠨ ᠤ ᠵᠠᠢ ᠶᠢᠨ ᠮᠠᠰᠢᠨ᠃

ᠪᠢᠴᠢᠭᠡᠰᠦ