ᠨᠠᠷᠠᠨ ᠤ ᠵᠠᠢ ᠶᠢᠨ ᠣᠩᠭᠣᠴᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
National Aeronautics and Space Administration ᠍ ᠤᠨ ᠪᠦᠲᠦᠭᠡᠭᠰᠡᠨ ᠨᠠᠷᠠᠨ ᠤ ᠵᠠᠢ ᠶᠢᠨ ᠣᠩᠭᠣᠴᠠ ᠮᠥᠷᠴᠢ (ᠨᠢᠰᠬᠡᠭᠴᠢ ᠭᠦᠢ ᠠᠯᠤᠰ ᠤᠨ ᠤᠳᠤᠷᠢᠳᠤᠯᠭ᠎ᠠ ᠳᠤ)
ᠰᠤᠯᠠᠷ ᠢᠮᠫᠦ᠋ᠯᠰ ᠨᠠᠷᠠᠨ ᠤ ᠵᠠᠢ ᠶᠢᠨ ᠣᠩᠭᠣᠴᠠ ᠨᠢ 2013 ᠣᠨ ᠳᠤ ᠬᠡᠳᠦᠨ ᠤᠭᠰᠠᠷᠠᠭ᠎ᠠ ᠨᠢᠰᠦᠯᠲᠡ ᠲᠤᠰ ᠪᠦᠷᠢ ᠳᠦ ᠪᠡᠨ 20 ᠴᠠᠭ ᠨᠢᠰᠴᠢ ᠳᠡᠯᠡᠬᠡᠢ ᠶᠢᠨ ᠳᠡᠭᠡᠳᠦ ᠠᠮᠵᠢᠯᠲᠠ ᠶᠢ ᠲᠣᠭᠲᠠᠭᠠᠴᠠᠢ᠃ ᠤᠭ ᠣᠩᠭᠣᠴᠠ ᠨᠢ 64 ᠮ ᠤᠷᠲᠤ ᠳᠠᠯᠠᠪᠴᠢ ᠲᠠᠢ᠂ 1,5 ᠲᠣᠨ ᠵᠢᠩᠲᠡᠢ᠂ 10 ᠮᠣᠷᠢᠨ ᠤ ᠬᠦᠴᠦᠲᠡᠢ 4 ᠴᠠᠬᠢᠯᠭᠠᠨ ᠬᠥᠳᠡᠯᠭᠡᠭᠦᠷ ᠲᠡᠢ᠂ 11000 ᠱ ᠨᠠᠷᠠᠨ ᠤ ᠴᠡᠨᠡᠭ ᠬᠤᠷᠢᠶᠠᠭᠴᠢ ᠲᠠᠢ᠃
ᠳᠡᠯᠡᠬᠡᠢ ᠶᠢᠨ ᠨᠠᠷᠠᠨ ᠤ ᠢᠯᠴᠢ ᠲᠤᠰᠬᠠᠯᠲᠠ ᠶᠢᠨ ᠬᠡᠮᠵᠢᠶ᠎ᠡ ᠪᠤᠶᠤ ᠨᠠᠷᠠᠨ ᠤ ᠡᠨᠧᠷᠭᠢ ᠬᠤᠷᠢᠶᠠᠭᠳᠠᠬᠤ ᠪᠣᠯᠤᠮᠵᠢ ᠲᠠᠢ ᠪᠥᠰᠡ ᠨᠦᠭᠦᠳ᠃ (ᠳᠡᠯᠡᠬᠡᠢ ᠶᠢᠨ ᠨᠡᠶᠢᠲᠡ ᠱᠠᠭᠠᠷᠳᠠᠯᠭ᠎ᠠ ᠲᠠᠢ ᠡᠨᠧᠷᠭᠢ ᠶᠢ ᠵᠢᠷᠤᠭᠲᠤ 6 ᠴᠡᠭ ᠢᠶᠡᠷ ᠲᠡᠮᠳᠡᠭᠯᠡᠭᠰᠡᠨ ᠬᠡᠮᠵᠢᠶᠡᠨ ᠦ ᠨᠠᠷᠠᠨ ᠤ ᠡᠷᠴᠢᠮ ᠬᠦᠴᠦᠨ ᠡᠴᠡ ᠬᠤᠷᠢᠶᠠᠬᠤ ᠪᠣᠯᠤᠮᠵᠢ ᠲᠠᠢ ᠪᠤᠶᠤ ᠣᠳᠣ ᠶᠢᠨ ᠨᠡᠶᠢᠲᠡ ᠳᠡᠯᠡᠬᠡᠢ ᠶᠢᠨ ᠴᠠᠬᠢᠯᠭᠠᠨᠢᠢ ᠬᠡᠷᠡᠭᠯᠡᠭᠡ 18 ᠲᠧᠷᠠᠸᠠᠲ ᠪᠠᠶᠢᠨ᠎ᠠ᠃)

ᠨᠠᠷᠠᠨ ᠤ ᠵᠠᠢ ᠬᠤᠷᠢᠶᠠᠭᠤᠷ ᠠᠴᠠ ᠴᠡᠨᠡᠭᠯᠡᠭᠳᠡᠳᠡᠭ ᠴᠠᠬᠢᠯᠭᠠᠨ ᠬᠥᠳᠡᠯᠭᠡᠭᠦᠷ ᠲᠦ ᠨᠢᠰᠳᠡᠭ ᠲᠥᠬᠥᠭᠡᠷᠦᠮᠵᠢ ᠶᠢ ᠨᠠᠷᠠᠨ ᠤ ᠵᠠᠢ ᠶᠢᠨ ᠣᠩᠭᠣᠴᠠ ᠭᠡᠨ᠎ᠡ᠃ ᠡᠨᠡ ᠲᠧᠭᠨᠣᠯᠣᠭᠢ ᠨᠢ ᠣᠳᠣ ᠪᠠᠷ ᠡᠭᠦᠰᠬᠡᠯᠲᠡ ᠶᠢᠨ ᠲᠦᠪᠰᠢᠨ ᠳᠦ ᠬᠥᠭᠵᠢᠵᠦ ᠪᠠᠶᠢᠭ᠎ᠠ ᠰᠢᠪᠬᠠᠭᠳᠠᠰᠢ ᠦᠭᠡᠢ ᠡᠨᠧᠷᠭᠢ ᠶᠢ ᠠᠰᠢᠭᠯᠠᠭᠴᠢ ᠮᠠᠰᠢ ᠢᠷᠡᠭᠡᠳᠦᠢ ᠲᠡᠢ ᠲᠧᠭᠨᠣᠯᠣᠭᠢ ᠶᠤᠮ᠃

ᠠᠩᠬᠠᠨ ᠤ ᠨᠠᠷᠠᠨ ᠤ ᠵᠠᠢ ᠶᠢᠨ ᠣᠩᠭᠣᠴᠠ ᠠᠰᠲ᠋ᠷᠣᠹᠯᠠᠢ ᠳᠤ ᠰᠠᠨᠷᠠᠶᠢᠵᠠ ᠶᠢ 1974 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠲᠤ ᠴᠡᠷᠢᠭ ᠦᠨ ᠵᠣᠷᠢᠭᠤᠯᠤᠯᠲᠠ ᠲᠤᠷᠰᠢᠯᠲᠠ ᠪᠠᠷ ᠨᠢᠰᠬᠡᠭᠰᠡᠨ ᠪᠠᠶᠢᠨ᠎ᠠ᠃

ᠠᠯᠢᠪᠠ ᠨᠢᠰᠬᠦ ᠲᠥᠬᠦᠭᠡᠷᠦᠮᠵᠢ ᠨᠢ ᠬᠦᠮᠦᠨ ᠪᠠ ᠠᠴᠢᠶ᠎ᠠ ᠲᠡᠭᠡᠭᠡᠬᠦ ᠶᠢᠨ ᠲᠤᠯᠠᠳᠠ ᠮᠠᠰᠢ ᠬᠥᠩᠭᠡᠨ ᠪᠠᠶᠢᠬᠤ ᠭᠣᠣᠯ ᠬᠢᠵᠠᠭᠠᠷᠯᠠᠯᠲᠠ ᠠᠴᠠ ᠪᠣᠯᠵᠤ ᠨᠠᠷᠠᠨ ᠤ ᠵᠠᠢ ᠶᠢᠨ ᠣᠩᠭᠣᠴᠠ ᠶᠢ ᠭᠣᠣᠯᠴᠠᠭᠤ ᠵᠥᠪᠬᠡᠨ ᠨᠠᠷᠠᠨ ᠤ ᠴᠡᠨᠡᠭ ᠬᠤᠷᠢᠶᠠᠭᠤᠷ ᠪᠠ ᠴᠠᠬᠢᠯᠭᠠᠨ ᠬᠥᠳᠡᠯᠭᠡᠭᠦᠷ ᠭᠡᠰᠡᠨ ᠦᠨᠳᠦᠰᠦᠨ ᠬᠥᠳᠡᠯᠭᠡᠬᠦ ᠮᠧᠬᠠᠨᠢᠰᠮ ᠲᠠᠢ ᠪᠠ ᠵᠠᠷᠢᠮ ᠦᠶ᠎ᠡ ᠳᠦ ᠪᠠᠭ᠎ᠠ ᠵᠡᠷᠭᠡ ᠵᠠᠢ ᠬᠤᠷᠢᠶᠠᠭᠤᠷ ᠨᠡᠮᠡᠵᠦ ᠪᠦᠲᠦᠭᠡᠵᠦ ᠪᠠᠶᠢᠨ᠎ᠠ᠃ ᠴᠡᠨᠡᠭ ᠬᠤᠷᠢᠶᠠᠭᠴᠢ ᠨᠠᠷᠠᠨ ᠤ ᠬᠠᠪᠲᠠᠩᠭ᠎ᠠ ᠨᠤᠭᠤᠳ ᠣᠩᠭᠣᠴᠠᠨ ᠤ ᠳᠠᠯᠠᠪᠴᠢ ᠪᠠ ᠰᠡᠭᠦᠯᠡᠨ ᠳᠡᠭᠡᠷ᠎ᠡ ᠨᠠᠷᠠᠨ ᠤ ᠭᠡᠷᠡᠯ ᠢ ᠪᠥᠷᠢᠨ ᠲᠤᠰᠬᠠᠬᠤ ᠵᠣᠷᠢᠭᠤᠯᠤᠯᠲᠠ ᠲᠠᠢ ᠪᠠᠶᠢᠷᠢᠯᠠᠨ᠎ᠠ᠃ ᠰᠡᠩᠰᠡ ᠶᠢ ᠪᠠᠭ᠎ᠠ ᠬᠦᠴᠦᠨ ᠴᠢᠳᠠᠯ ᠤᠨ ᠨᠢᠭᠡ ᠪᠠ ᠬᠡᠳᠦ ᠬᠡᠳᠦᠨ ᠴᠠᠬᠢᠯᠭᠠᠨ ᠬᠥᠳᠡᠯᠭᠡᠭᠦᠷ ᠦᠳ ᠡᠷᠭᠢᠭᠦᠯᠳᠡᠭ᠃

ᠪᠢᠴᠢᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠰᠤᠯᠠᠷᠢᠮᠫᠦ᠋ᠯᠰ ᠱᠸᠧᠢᠴᠠᠷ ᠤᠨ ᠫᠣᠯᠢᠲ᠋ᠧᠭᠨᠢᠭ ᠤᠨ ᠳᠡᠭᠡᠳᠦ ᠰᠤᠷᠭᠠᠭᠤᠯᠢ ᠶᠢᠨ ᠲᠤᠷᠰᠢᠯᠲᠠ ᠶᠢᠨ ᠨᠠᠷᠠᠨ ᠤ ᠵᠠᠢ ᠶᠢᠨ ᠣᠩᠭᠣᠴᠠ᠃
  2. ᠬᠡᠯᠡᠯᠧᠢ ᠠᠴᠠ National Aeronautics and Space Administration ᠍ ᠤᠨ ᠪᠦᠲᠦᠭᠡᠭᠰᠡᠨ ᠨᠠᠷᠠᠨ ᠤ ᠵᠠᠢ ᠶᠢᠨ ᠣᠩᠭᠣᠴᠠ᠃

ᠪᠢᠴᠢᠭᠡᠰᠦ