ᠨᠠᠷᠠᠨ ᠤ ᠠᠶᠢᠮᠠᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠪᠧᠯ ᠳᠤᠷᠠᠨ ᠢᠶᠠᠷ ᠠᠪᠤᠭᠰᠠᠨ 《ᠭᠤᠷᠪᠠᠨ ᠮᠠᠷᠠᠯ》 ᠍ ᠤᠨ ᠣᠳᠣᠳ ᠤᠨ ᠣᠷᠳᠣ ᠳᠠᠬᠢ ᠭᠠᠷᠠᠭ ᠬᠥᠪᠦᠷᠡᠯ ᠦᠨ ᠮᠠᠨᠠᠨᠴᠢᠷ ᠤᠨ ᠵᠢᠷᠤᠭ᠃ ᠬᠡᠮᠵᠢᠶ᠎ᠡ ᠪᠡᠷ ᠢᠶᠡᠨ ᠬᠡᠳᠦᠨ ᠭᠡᠷᠡᠯ ᠦᠨ ᠵᠢᠯ ᠬᠦᠷᠬᠦ ᠡᠨᠡᠬᠦ ᠮᠠᠨᠠᠨᠴᠢᠷ ᠨᠢ ᠮᠠᠨ ᠤ ᠨᠠᠷᠠᠨ ᠤ ᠠᠶᠢᠮᠠᠭ ᠪᠦᠷᠢᠯᠳᠦᠭᠰᠡᠨ ᠲᠡᠷᠡᠬᠦ ᠡᠷᠲᠡᠨ ᠦ ᠮᠠᠨᠠᠨᠴᠢᠷ ᠲᠠᠢ ᠲᠥᠰᠥᠭᠡᠲᠡᠢ ᠶᠤᠮ᠃

ᠨᠠᠷᠠᠨ ᠤ ᠠᠶᠢᠮᠠᠭ ᠨᠢ ᠨᠠᠷᠠ᠂ ᠲᠡᠭᠦᠨ ᠢ ᠲᠠᠲᠠᠬᠤ ᠬᠦᠴᠦᠨ ᠦ ᠬᠢᠨᠢ ᠤᠯᠠᠮ ᠠᠴᠠ ᠲᠣᠭᠣᠷᠢᠨ ᠡᠷᠭᠢᠬᠦ ᠨᠠᠶᠢᠮᠠᠨ ᠭᠠᠷᠠᠭ᠂ 5 ᠲᠣᠭᠲᠠᠭᠠᠭᠳᠠᠭᠰᠠᠨ ᠣᠳᠣ ᠭᠠᠷᠠᠭ ᠲᠡᠳᠡᠭᠡᠷ ᠦᠨ ᠳᠠᠭᠠᠭᠤᠯᠢ ᠨᠤᠭᠤᠳ᠂ ᠮᠠᠰᠢ ᠣᠯᠠᠨ ᠲᠣᠭᠠᠨ ᠤ ᠵᠢᠵᠢᠭ ᠪᠡᠶᠡᠲᠦ ᠨᠦᠭᠦᠳ ᠢ ᠪᠠᠭᠲᠠᠭᠠᠭᠰᠠᠨ ᠰᠢᠰᠲ᠋ᠧᠮ ᠶᠤᠮ᠃ ᠬᠦᠮᠦᠰ ᠪᠠᠶᠢᠭᠠᠯᠢ ᠶᠢᠷᠲᠢᠨᠴᠦ ᠶᠢ ᠬᠦᠷᠢᠶᠡᠯᠡᠡ ᠪᠤᠢ ᠬᠠᠮᠤᠭ ᠤᠨ ᠣᠶᠢᠷ᠎ᠠ ᠳᠥᠲᠡ ᠵᠦᠢᠯ ᠡᠴᠡ ᠪᠡᠨ ᠡᠬᠢᠯᠡᠨ ᠲᠠᠨᠢᠵᠤ ᠮᠡᠳᠡᠵᠡᠢ᠃ ᠳᠡᠯᠡᠬᠡᠢ ᠪᠥᠭᠡᠷᠡᠩᠬᠡᠢ ᠬᠡᠯᠪᠡᠷᠢ ᠲᠡᠢ᠂ ᠨᠠᠷᠠ ᠶᠢ ᠲᠣᠭᠣᠷᠢᠵᠤ ᠡᠷᠭᠢᠳᠡᠭ ᠵᠡᠷᠭᠡ ᠶᠢ ᠲᠣᠭᠲᠠᠭᠠᠬᠤ ᠳᠤ ᠣᠯᠠᠨ ᠵᠠᠭᠤᠨ ᠱᠠᠭᠠᠷᠳᠠᠭᠳᠠᠭᠰᠠᠨ ᠶᠤᠮ᠃ ᠣᠳᠣᠳ ᠪᠣᠯ ᠮᠠᠨ ᠤ ᠨᠠᠷᠠ ᠲᠠᠢ ᠠᠳᠠᠯᠢ ᠪᠥᠭᠡᠳ ᠭᠠᠭᠴᠠᠬᠦ ᠨᠡᠩ ᠠᠯᠤᠰ ᠬᠣᠯᠠ ᠣᠷᠣᠰᠢᠳᠠᠭ᠂ ᠨᠠᠷᠠ ᠶᠢ ᠲᠣᠭᠣᠷᠢᠨ ᠭᠠᠷᠠᠭ ᠤᠳ᠂ ᠡᠭᠦᠨ ᠢ ᠲᠣᠭᠣᠷᠢᠨ ᠲᠡᠳᠡᠭᠡᠷ ᠦᠨ ᠳᠠᠭᠠᠭᠤᠯᠢ ᠨᠤᠭᠤᠳ ᠡᠷᠭᠢᠵᠦ ᠪᠠᠶᠢᠳᠠᠭ ᠭᠡᠳᠡᠭ ᠢ ᠪᠠᠲᠤᠯᠠᠭᠰᠠᠨ ᠶᠠᠪᠤᠳᠠᠯ ᠳᠤᠮᠳᠠᠳᠤ ᠵᠠᠭᠤᠨ ᠤ ᠰᠢᠨᠵᠢᠯᠡᠬᠦ ᠤᠬᠠᠭᠠᠨ ᠤ ᠯᠤᠲᠤ ᠶᠡᠬᠡ ᠣᠯᠤᠯᠲᠠ ᠪᠠᠶᠢᠯ᠎ᠠ᠃ ᠡᠶᠢᠮᠦ ᠪᠠᠶᠢᠷᠢ ᠰᠠᠭᠤᠷᠢᠨ ᠠᠴᠠ ᠠᠪᠴᠤ ᠦᠵᠡᠪᠡᠯ ᠡᠬᠡ ᠳᠡᠯᠡᠬᠡᠢ ᠮᠠᠨᠢ ᠡᠩ ᠦᠨ ᠨᠢᠭᠡ ᠭᠠᠷᠠᠭ ᠪᠣᠯᠬᠤ ᠲᠤᠯᠠ ᠪᠤᠰᠤᠳ ᠭᠠᠷᠠᠭ ᠳᠡᠭᠡᠷ᠎ᠡ ᠪᠢᠳᠡᠨ ᠦ ᠠᠳᠠᠯᠢ ᠣᠶᠤᠨ ᠤᠬᠠᠭᠠᠨᠳᠤ ᠠᠮᠢᠲᠠᠳ ᠠᠵᠤ ᠲᠥᠷᠦᠳᠡᠭ ᠯᠠ ᠪᠠᠶᠢᠵᠤ ᠲᠠᠭᠠᠷᠠᠨ᠎ᠠ ᠭᠡᠰᠡᠨ ᠦᠵᠡᠯ ᠪᠣᠳᠣᠯ ᠠᠯᠢ ᠡᠷᠲᠡ ᠴᠠᠭ ᠠᠴᠠ ᠭᠠᠵᠠᠷ ᠠᠪᠤᠨ ᠲᠠᠷᠬᠠᠵᠠᠢ᠃ ᠣᠷᠴᠢᠨ ᠦᠶ᠎ᠡ ᠶᠢᠨ ᠣᠳᠣᠨ ᠣᠷᠣᠨ ᠰᠤᠳᠤᠯᠤᠯ ᠤᠨ ᠣᠨᠴᠠᠭᠠᠢ ᠬᠥᠭᠵᠢᠯ᠂ ᠲᠧᠭᠨᠢᠭ ᠦᠨ ᠳᠡᠪᠰᠢᠯ ᠦᠨ ᠳ᠋ᠦᠩ ᠳᠦ ᠥᠨᠥᠳᠥᠷ ᠪᠢᠳᠡ ᠣᠷᠴᠢᠯᠠᠩᠲᠤ ᠶᠢᠷᠲᠢᠨᠴᠦ ᠶᠢᠨ ᠲᠣᠭᠲᠠᠴᠠ ᠶᠢᠨ ᠲᠠᠯ᠎ᠠ ᠪᠠᠷ ᠠᠷᠪᠢᠨ ᠶᠡᠬᠡ ᠮᠡᠳᠡᠯᠭᠡ ᠲᠡᠢ ᠪᠣᠯᠵᠤ ᠲᠩᠷᠢ ᠶᠢᠨ ᠶᠠᠩᠵᠤ ᠪᠦᠷᠢ ᠶᠢᠨ ᠡᠷᠬᠡᠰ ᠢ ᠡᠬᠡ ᠳᠡᠯᠡᠬᠡᠢ ᠡᠴᠡ ᠪᠡᠨ ᠲᠡᠳᠦᠢ ᠦᠭᠡᠢ ᠰᠠᠨᠰᠠᠷ ᠤᠨ ᠬᠥᠯᠥᠭ᠂ ᠰᠲ᠋ᠠᠨᠼ ᠤᠳ ᠢ ᠠᠰᠢᠭᠯᠠᠨ ᠥᠷᠭᠡᠨ ᠬᠦᠷᠢᠶ᠎ᠡ ᠲᠡᠢ ᠰᠤᠳᠤᠯᠭ᠎ᠠ ᠶᠢ ᠬᠢᠵᠦ ᠰᠢᠨ᠎ᠡ ᠰᠢᠨ᠎ᠡ ᠮᠡᠳᠡᠭᠡᠯᠡᠯ ᠢ ᠣᠯᠵᠤ ᠠᠪᠤᠭᠰᠠᠭᠠᠷ ᠪᠠᠶᠢᠭ᠎ᠠ᠃

ᠡᠭᠦᠰᠦᠯ ᠬᠥᠭᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠷᠠᠭ ᠬᠥᠪᠦᠷᠡᠯ ᠦᠨ ᠳᠤᠭᠤᠢ ᠮᠠᠨᠠᠨᠴᠢᠷ ᠵᠢᠷᠤᠭᠠᠴᠢ ᠶᠢᠨ ᠲᠥᠰᠦᠭᠡᠯᠡᠭᠰᠡᠨ ᠢᠶᠡᠷ
ᠨᠠᠷᠠᠨ ᠤ ᠠᠶᠢᠮᠠᠭ 46 ᠳ᠋ᠦᠩᠰᠢᠭᠤᠷ ᠵᠢᠯ ᠦᠨ ᠡᠮᠦᠨ᠎ᠡ ᠮᠣᠯᠧᠺᠤᠯ᠂ ᠲᠣᠭᠣᠰᠣᠨᠴᠢᠷ ᠤᠨ ᠠᠪᠤᠷᠭᠤ ᠡᠭᠦᠯᠡ ᠳᠣᠲᠣᠭᠠᠳᠤ ᠲᠠᠲᠠᠯᠴᠠᠯ ᠤᠨ ᠢᠶᠠᠨ ᠬᠦᠴᠦ ᠪᠡᠷ ᠠᠭᠰᠢᠭᠰᠠᠨ ᠤ ᠦᠷ᠎ᠡ ᠳ᠋ᠦᠩ ᠳᠦ ᠪᠦᠷᠢᠯᠳᠦᠭᠰᠡᠨ ᠪᠠᠶᠢᠨ᠎ᠠ᠃ ᠡᠨᠡᠬᠦ ᠡᠭᠦᠯᠡ ᠨᠢ ᠬᠡᠳᠦᠨ ᠭᠡᠷᠡᠯ ᠦᠨ ᠵᠢᠯ ᠦᠨ ᠬᠡᠮᠵᠢᠶ᠎ᠡ ᠲᠡᠢ ᠪᠠᠶᠢᠭᠰᠠᠨ ᠪᠠ ᠨᠢᠭᠡ ᠪᠢᠰᠢ ᠬᠡᠳᠦ ᠬᠡᠳᠦᠨ ᠣᠳᠣ ᠶᠢ ᠲᠥᠷᠦᠭᠦᠯᠦᠭᠰᠡᠨ ᠪᠠᠶᠢᠵᠤ ᠪᠣᠯᠵᠣᠰᠢ ᠦᠭᠡᠢ [1]

ᠤᠭ ᠡᠭᠦᠯᠡᠨ ᠡᠴᠡ ᠮᠠᠨ ᠤ ᠨᠠᠷᠠᠨ ᠤ ᠠᠶᠢᠮᠠᠭ ᠡᠭᠦᠰᠦᠭᠰᠡᠨ ᠨᠠᠷᠠᠨ ᠤ ᠮᠠᠨᠠᠨᠴᠢᠷ [2] ᠬᠡᠮᠡᠬᠦ ᠲᠡᠷᠡ ᠬᠡᠰᠡᠭ ᠠᠭᠰᠢᠬᠤ ᠳᠤ ᠥᠴᠥᠭᠡᠨ ᠮᠣᠮᠧᠨᠲ ᠬᠠᠳᠠᠭᠠᠯᠠᠭᠳᠠᠭᠰᠠᠨ ᠢᠶᠠᠷ ᠡᠷᠭᠢᠯᠲᠡ ᠨᠢ ᠲᠦᠷᠭᠡᠰᠦᠭᠰᠡᠨ ᠪᠠᠶᠢᠨ᠎ᠠ᠃ ᠮᠠᠰ ᠍ ᠤᠨ ᠳᠡᠶᠢᠯᠦᠩᠬᠢ ᠨᠢ ᠪᠥᠭᠡᠭᠡᠨᠡᠷᠡᠭᠰᠡᠨ ᠲᠥᠪ ᠬᠡᠰᠡᠭ ᠦᠨ ᠲᠣᠯᠠᠭᠠᠨ ᠤ ᠬᠡᠮᠵᠢᠶ᠎ᠡ ᠡᠷᠡᠰ ᠨᠡᠮᠡᠭᠳᠡᠵᠦ᠂ ᠲᠡᠭᠦᠨ ᠢ ᠲᠣᠭᠣᠷᠢᠨ ᠡᠷᠭᠢᠵᠦ ᠪᠤᠢ ᠬᠠᠪᠲᠠᠩ ᠬᠡᠯᠪᠡᠷᠢᠳᠦ ᠲᠣᠭᠣᠰᠣᠨᠴᠢᠷ ᠤᠨ ᠬᠢ ᠠᠴᠠ ᠢᠯᠡᠭᠦᠦ ᠥᠨᠳᠥᠷ ᠲᠣᠯᠠᠭᠠᠨ ᠤ ᠬᠡᠮᠵᠢᠶ᠎ᠡ ᠲᠠᠢ ᠪᠣᠯᠤᠭᠰᠠᠭᠠᠷ ᠪᠠᠶᠢᠪᠠ᠃ [1] ᠡᠶᠢᠨᠬᠦᠦ ᠭᠱᠠᠨ ᠪᠤᠢ ᠮᠠᠨᠠᠨᠴᠢᠷ ᠨᠢ ᠡᠷᠭᠢᠯᠲᠡ ᠶᠢᠨ ᠢᠶᠡᠨ ᠶᠠᠪᠤᠴᠠ ᠳᠤ ᠬᠠᠪᠲᠠᠭᠠᠢ ᠬᠡᠯᠪᠡᠷᠢ ᠲᠡᠢ ᠪᠣᠯᠵᠤ᠂ 200 AU[1] [3][4] ᠣᠷᠴᠢᠮ ᠳ᠋ᠢᠶᠠᠮᠧᠲ᠋ᠷ ᠪᠦᠬᠦᠢ ᠭᠠᠷᠠᠭ ᠬᠥᠪᠦᠷᠡᠯ ᠦᠨ ᠬᠠᠪᠲᠠᠭᠠᠢ ᠡᠭᠦᠰᠬᠡᠵᠦ᠂ ᠲᠥᠪ ᠲᠦ ᠪᠡᠨ ᠨᠡᠩ ᠬᠠᠯᠠᠭᠤᠨ ᠪᠥᠭᠡᠳ ᠥᠨᠳᠥᠷ ᠨᠢᠭᠲᠠᠴᠠ ᠲᠠᠢ ᠣᠳᠣᠨ ᠤ ᠬᠥᠪᠦᠷᠡᠯ ᠡᠭᠦᠰᠬᠡᠭᠰᠡᠨ ᠪᠠᠶᠢᠨ᠎ᠠ᠃ [5][6] ᠡᠨᠡ ᠱᠠᠲᠤᠨ ᠳᠤ ᠨᠠᠷ T Tauri ᠠᠩᠬᠢᠯᠠᠯ ᠤᠨ ᠣᠳᠣ ᠪᠠᠶᠢᠭᠰᠠᠨ ᠭᠡᠵᠦ ᠦᠵᠡᠳᠡᠭ᠃ T Tauri ᠠᠩᠬᠢᠯᠠᠯ ᠤᠨ ᠣᠳᠣᠳ ᠢ ᠠᠵᠢᠭᠯᠠᠬᠣ ᠳᠤ 0.001–0.1 ᠨᠠᠷᠠᠨ ᠤ ᠮᠠᠰ ᠪᠦᠬᠦᠢ ᠭᠠᠷᠠᠭ ᠬᠥᠪᠦᠷᠡᠯ ᠦᠨ ᠡᠭᠦᠯᠡᠨᠴᠢᠷ ᠢᠶᠡᠷ ᠬᠦᠷᠢᠶᠡᠯᠡᠭᠳᠡᠭᠰᠡᠨ ᠨᠢ ᠣᠯᠠᠨᠲᠠ ᠠᠵᠢᠭᠯᠠᠭᠳᠠᠳᠠᠭ ᠪᠥᠭᠡᠳ ᠮᠠᠨᠠᠨᠴᠢᠷ ᠤᠨ ᠮᠠᠰ ᠤᠨ ᠳᠡᠶᠢᠯᠦᠩᠬᠢ ᠬᠡᠰᠡᠭ ᠣᠳᠣᠨ ᠳᠤ ᠪᠠᠨ ᠲᠥᠪᠯᠡᠷᠡᠭᠰᠡᠨ ᠪᠠᠶᠢᠳᠠᠭ᠃ [7] ᠡᠨᠡᠬᠦ ᠳᠤᠭᠤᠢ ᠬᠠᠪᠲᠠᠩ ᠮᠠᠨᠠᠨᠴᠢᠷ ᠳᠠᠬᠢ ᠲᠣᠳᠣᠷᠬᠠᠢ ᠴᠡᠭ ᠨᠦᠭᠦᠳ ᠲᠦ ᠮᠠᠰ ᠤᠨ ᠲᠥᠪᠯᠡᠷᠡᠯ ᠡᠭᠦᠰᠦᠭᠰᠡᠨ ᠢᠶᠡᠷ ᠭᠠᠷᠠᠭ ᠤᠳ ᠪᠦᠷᠢᠯᠳᠦᠭᠰᠡᠨ ᠪᠠᠶᠢᠨ᠎ᠠ᠃ [8] ᠣᠳᠣᠨ ᠤ ᠬᠥᠪᠦᠷᠡᠯ ᠦᠨ ᠲᠥᠪ ᠳ᠋ᠡᠬᠢ ᠤᠰᠤᠲᠥᠶᠷᠦᠭᠴᠢ ᠡᠶᠢᠨ ᠳᠠᠷᠤᠯᠲᠠ ᠬᠡᠯᠪᠡᠷᠢᠯᠲᠡ ᠦᠭᠡᠢ ᠨᠡᠮᠡᠭᠳᠡᠭᠰᠡᠭᠡᠷ 50 ᠰᠠᠶ᠎ᠠ ᠵᠢᠯ ᠦᠨ ᠳᠣᠲᠣᠷ᠎ᠠ ᠬᠠᠯᠠᠭᠤᠨ ᠴᠥᠮ᠎ᠡ ᠶᠢᠨ ᠤᠷᠪᠠᠯ ᠡᠬᠢᠯᠡᠬᠦ ᠨᠥᠬᠥᠴᠡᠯ ᠪᠦᠷᠢᠳᠴᠡᠢ᠃ [9]

ᠲᠡᠶᠢᠨ ᠬᠦ ᠲᠣᠯᠠᠭᠠᠨ ᠤ ᠬᠡᠮᠵᠢᠶ᠎ᠡ᠂ ᠤᠷᠪᠠᠯ ᠤᠨ ᠬᠤᠷᠳᠤ᠂ ᠳᠠᠷᠤᠯᠲᠠ᠂ ᠨᠢᠭᠲᠠᠴᠠ ᠨᠡᠮᠡᠭᠳᠡᠭᠰᠡᠭᠡᠷ ᠳᠤᠯᠠᠭᠠᠨ ᠤ ᠡᠨᠧᠷᠭᠢ ᠲᠠᠲᠠᠯᠴᠠᠯ ᠤᠨ ᠬᠦᠴᠦᠨ ᠦ ᠲᠡᠩᠴᠡᠪᠦᠷᠢᠲᠦ ᠪᠠᠶᠢᠳᠠᠯ ᠲᠣᠭᠲᠠᠵᠠᠢ᠃ ᠡᠨᠡ ᠱᠠᠲᠤᠨ ᠳᠤ ᠨᠠᠷᠠ ᠭᠣᠣᠯ ᠴᠤᠪᠤᠭ᠎ᠠ ᠣᠳᠣᠨ ᠤ ᠪᠦᠬᠦ ᠰᠢᠨᠵᠢ ᠶᠢ ᠣᠯᠤᠭᠰᠠᠨ ᠪᠢᠯᠡ᠃ [10]

ᠨᠠᠷᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠨᠠᠷᠠ
ᠨᠠᠷᠠ

ᠨᠠᠷᠠ ᠪᠣᠯ ᠣᠳᠣ ᠶᠤᠮ᠃ ᠨᠠᠷᠠ ᠪᠣᠯᠤᠨ ᠲᠡᠭᠦᠨ ᠢ ᠲᠣᠭᠣᠷᠢᠨ ᠡᠷᠭᠢᠬᠦ ᠭᠠᠷᠠᠭ ᠤᠳ ᠨᠢ ᠮᠠᠨᠠᠨᠴᠢᠷ ᠤᠨ ᠪᠥᠭᠡᠭᠡᠨᠡᠷᠡᠯ ᠡᠴᠡ ᠡᠭᠦᠰᠦᠭᠰᠡᠨ᠃ ᠭᠡᠪᠡᠴᠦ ᠡᠨᠡ ᠮᠠᠨᠠᠨᠴᠢᠷ ᠨᠢ ᠶᠡᠬᠡ ᠳᠡᠯᠪᠡᠷᠡᠯᠲᠡ ᠶᠢᠨ ᠦᠶ᠎ᠡ ᠰᠢᠭ ᠵᠥᠪᠬᠡᠨ ᠤᠰᠤᠲᠥᠶᠷᠦᠭᠴᠢ ᠪᠣᠯᠤᠨ ᠭᠧᠯᠢᠭ ᠡᠴᠡ ᠲᠣᠭᠲᠠᠭ᠎ᠠ ᠦᠭᠡᠢ ᠶᠠᠭᠤᠮ᠎ᠠ᠃ ᠲᠡᠳᠡᠨ ᠡᠴᠡ ᠥᠭᠡᠷ᠎ᠡ ᠣᠯᠠᠨ ᠡᠯᠧᠮᠧᠨᠲ ᠪᠠᠶᠢᠭᠰᠠᠨ ᠶᠤᠮ᠃ ᠡᠳᠡᠭᠡᠷ ᠬᠦᠨᠳᠦ ᠡᠯᠧᠮᠧᠨᠲ ᠦᠳ ᠨᠢ ᠶᠡᠬᠡ ᠳᠡᠯᠪᠡᠷᠡᠯᠲᠡ ᠡᠴᠡ ᠬᠣᠶᠢᠰᠢ ᠨᠠᠷᠠ ᠪᠤᠢ ᠪᠣᠯᠵᠤ ᠡᠬᠢᠯᠡᠬᠦ ᠬᠦᠷᠲᠡᠯᠡᠬᠢ ᠣᠶᠢᠷᠠᠯᠴᠠᠭ᠎ᠠ ᠪᠠᠷ 10 ᠲᠡᠷᠪᠤᠮ ᠵᠢᠯ ᠦᠨ ᠲᠤᠷᠰᠢᠳᠠ ᠡᠭᠦᠰᠦᠭᠰᠡᠨ ᠠᠩᠬᠠᠨ ᠤ ᠣᠳᠣᠳ ᠠᠴᠠ ᠡᠭᠦᠰᠴᠡᠢ᠃ ᠡᠳᠡᠭᠡᠷ ᠣᠳᠣᠳ ᠰᠥᠨᠥᠬᠦ ᠳᠦ ᠪᠡᠨ ᠥᠪᠡᠷ ᠦᠨ ᠠᠭᠤᠯᠵᠤ ᠪᠠᠶᠢᠭ᠎ᠠ ᠪᠣᠳᠠᠰ ᠤᠨ ᠶᠡᠬᠡᠩᠬᠢ ᠬᠡᠰᠡᠭ ᠢ ᠰᠠᠨᠰᠠᠷ ᠲᠤ ᠴᠠᠴᠠᠳᠠᠭ᠃ ᠢᠩᠭᠢᠭᠡᠳ ᠡᠬᠢᠯᠡᠭᠡᠳ ᠤᠰᠤᠲᠥᠶᠢᠷᠦᠭᠴᠢ᠂ ᠪᠠᠭ᠎ᠠ ᠬᠡᠮᠵᠢᠶᠡᠨ ᠦ ᠭᠧᠯ ᠠᠭᠤᠯᠠᠭᠰᠠᠨ ᠣᠳᠣᠳ ᠤᠨ ᠬᠣᠭᠣᠷᠣᠨᠳᠣᠬᠢ ᠣᠷᠣᠨ ᠵᠠᠢ ᠬᠦᠨᠳᠦ ᠡᠯᠧᠮᠧᠨᠲ ᠢᠶᠡᠷ ᠪᠠᠶᠠᠵᠢᠵᠠᠢ᠃ ᠭᠡᠪᠡᠴᠦ ᠤᠰᠤᠲᠥᠶᠢᠷᠦᠭᠴᠢ᠂ ᠭᠧᠯᠢᠭ ᠡᠴᠡ ᠪᠤᠰᠤᠳ ᠡᠯᠧᠮᠧᠨᠲ ᠦᠳ 2% ᠍ ᠳᠦ ᠴᠤ ᠬᠦᠷᠬᠦ ᠪᠡᠷ ᠦᠭᠡᠢ ᠪᠠᠭ᠎ᠠ ᠪᠠᠶᠢᠯ᠎ᠠ᠃ ᠡᠭᠦᠨ ᠦ ᠳᠠᠷᠠᠭ᠎ᠠ ᠰᠢᠨ᠎ᠡ ᠪᠡᠷ ᠡᠭᠦᠰᠦᠭᠰᠡᠨ ᠣᠳᠣᠳ ᠡᠳᠡᠭᠡᠷ ᠡᠯᠧᠮᠧᠨᠲ ᠢ ᠠᠭᠤᠯᠠᠭᠰᠠᠨ ᠬᠦᠶᠢᠨ᠎ᠡ ᠡᠴᠡ ᠲᠣᠭᠲᠠᠭᠰᠠᠨ ᠲᠤᠯᠠ ᠭᠠᠷᠠᠭᠳᠠᠭᠠᠭᠤᠯᠢᠰᠡᠭᠦᠯᠳᠦ ᠣᠳᠣᠳ ᠢ ᠡᠭᠦᠰᠭᠡᠬᠦ ᠲᠦᠭᠦᠬᠡᠢ ᠡᠳ᠋ ᠍ ᠢ ᠠᠭᠤᠯᠵᠤ ᠪᠠᠶᠢᠳᠠᠭ᠃ ᠡᠨᠡ ᠪᠠᠶᠢᠳᠠᠯ ᠴᠠᠭᠠᠰᠢ ᠦᠷᠭᠦᠯᠵᠢᠯᠡᠬᠦ ᠳᠦ ᠣᠳᠣᠳ ᠤᠨ ᠬᠣᠭᠣᠷᠣᠨᠳᠣᠬᠢ ᠵᠠᠢ ᠬᠦᠨᠳᠦ ᠡᠯᠧᠮᠧᠨᠲ ᠢᠶᠡᠷ ᠪᠠᠶᠠᠵᠢᠵᠤ ᠡᠬᠢᠯᠡᠳᠡᠭ᠃ ᠮᠠᠨ ᠤ ᠨᠠᠷᠠᠨ ᠤ ᠠᠶᠢᠮᠠᠭ ᠴᠤ ᠪᠠᠰᠠ ᠭᠠᠷᠠᠭ ᠡᠭᠦᠰᠬᠦ ᠳᠦ ᠬᠡᠷᠡᠭᠴᠡᠭᠡ ᠲᠡᠢ ᠪᠣᠳᠠᠰ ᠪᠦᠬᠦᠢ ᠮᠠᠨᠠᠨᠴᠠᠷ ᠠᠴᠠ ᠪᠤᠢ ᠪᠣᠯᠤᠭᠰᠠᠨ ᠶᠤᠮ᠃ ᠥᠭᠡᠷ᠎ᠡ ᠪᠡᠷ ᠬᠡᠯᠡᠪᠡᠯ ᠮᠠᠨ ᠤ ᠨᠠᠷᠠᠨ ᠤ ᠠᠶᠢᠮᠠᠭ᠂ ᠡᠮᠦᠨ᠎ᠡ ᠡᠭᠦᠰᠦᠭᠡᠳ ᠰᠥᠨᠥᠭᠰᠡᠨ ᠣᠳᠣᠨ ᠠᠴᠠ ᠡᠭᠦᠰᠦᠭᠰᠡᠨ ᠶᠤᠮ᠃

ᠭᠠᠷᠠᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠠᠷᠠᠨ ᠤ ᠠᠶᠢᠮᠠᠭ ᠨᠠᠶᠢᠮᠠᠨ ᠭᠠᠷᠠᠭ ᠲᠠᠢ᠃ ᠡᠳᠡᠭᠡᠷ ᠢ ᠬᠥᠷᠥᠰᠥᠲᠡᠢ ᠪᠣᠯᠤᠨ ᠬᠡᠢ ᠶᠢᠨ ᠭᠡᠵᠦ ᠬᠣᠶᠠᠷ ᠪᠦᠯᠦᠭ ᠲᠦ ᠬᠤᠪᠢᠶᠠᠳᠠᠭ᠃

ᠬᠥᠷᠥᠰᠥᠲᠡᠢ ᠭᠠᠷᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠷᠥᠰᠥᠲᠡᠢ ᠭᠠᠷᠠᠭ ᠲᠤ ᠪᠤᠳᠢᠱᠤᠭᠠᠷ᠎ᠠᠳᠡᠯᠡᠬᠡᠢᠠᠩᠭᠠᠷᠠᠭ ᠪᠠᠭᠲᠠᠳᠠᠭ᠃ ᠡᠳᠡᠭᠡᠷ ᠭᠠᠷᠠᠭ ᠤᠳ ᠬᠠᠲᠠᠭᠤ᠂ ᠴᠢᠯᠠᠭᠤᠷᠬᠠᠭ ᠭᠠᠳᠠᠷᠭᠤ ᠲᠠᠢ ᠲᠤᠯᠠ ᠬᠥᠷᠥᠰᠥᠳᠦ ᠭᠠᠷᠠᠭ ᠭᠡᠳᠡᠭ᠃

ᠬᠡᠢ ᠶᠢᠨ ᠭᠠᠷᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠢ ᠶᠢᠨ ᠭᠠᠷᠠᠭ ᠪᠣᠯᠬᠤ ᠪᠠᠷᠬᠠᠰᠪᠠᠳᠢᠰᠠᠨᠢᠴᠠᠷᠳᠠᠯᠠᠢ ᠶᠢᠨ ᠸᠠᠩᠲᠩᠷᠢ ᠶᠢᠨ ᠸᠠᠩ ᠨᠢ ᠶᠡᠬᠡ ᠬᠡᠮᠵᠢᠶᠡᠨ ᠦ ᠬᠡᠢ ᠡᠴᠡ ᠲᠣᠭᠲᠠᠳᠠᠭ ᠪᠥᠭᠡᠳ ᠵᠢᠵᠢᠭ᠂ ᠬᠠᠲᠠᠭᠤ ᠴᠥᠮ᠎ᠡ ᠲᠡᠢ ᠪᠠᠶᠢᠳᠠᠭ᠃

ᠳᠠᠭᠠᠭᠤᠯᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠪᠤᠷᠭᠤ ᠲᠣᠮᠣ ᠭᠠᠷᠠᠭ ᠤᠳ ᠠᠩᠬ᠎ᠠ ᠨᠢᠭᠲᠠᠷᠠᠬᠤ ᠳᠤ ᠪᠠᠨ ᠮᠠᠰᠢ ᠬᠠᠯᠠᠭᠤᠨ ᠪᠠᠶᠢᠳᠠᠭ᠃ ᠡᠶᠢᠮᠦ ᠡᠴᠡ ᠣᠳᠣ ᠶᠢᠨ ᠬᠡᠮᠵᠢᠶ᠎ᠡ ᠲᠡᠢ ᠨᠢ ᠬᠠᠷᠢᠴᠠᠭᠤᠯᠬᠤ ᠳᠤ ᠢᠯᠡᠭᠦᠦ ᠲᠣᠮᠣ ᠪᠠᠶᠢᠳᠠᠭ ᠪᠠᠶᠢᠭᠰᠠᠨ᠃ ᠭᠠᠷᠠᠭ ᠡᠭᠦᠰᠬᠦ ᠶᠠᠪᠤᠴᠠ ᠶᠢᠨ ᠲᠡᠭᠦᠰᠬᠡᠯ ᠳᠦ ᠭᠠᠷᠠᠭ ᠢ ᠪᠤᠢ ᠪᠣᠯᠭᠠᠭᠰᠠᠨ ᠬᠡᠢ᠂ ᠲᠣᠭᠣᠰᠣᠨᠴᠢᠷ ᠤᠳ ᠤᠨ ᠦᠯᠡᠳᠡᠭᠳᠡᠯ ᠭᠠᠷᠠᠭ ᠢ ᠲᠣᠭᠣᠷᠢᠨ ᠡᠷᠭᠢᠯᠳᠦᠭᠰᠡᠭᠡᠷ ᠪᠠᠶᠢᠳᠠᠭ᠃ ᠴᠠᠭ ᠬᠤᠭᠤᠴᠠᠭ᠎ᠠ ᠥᠩᠭᠡᠷᠡᠬᠦ ᠳᠦ ᠬᠡᠢ ᠶᠢᠨ ᠶᠡᠬᠡᠩᠬᠢ ᠬᠡᠰᠡᠭ ᠢ ᠭᠠᠷᠠᠭ ᠵᠠᠯᠭᠢᠵᠤ ᠡᠰᠡᠪᠡᠯ ᠰᠠᠨᠰᠠᠷ ᠲᠤ ᠲᠠᠷᠠᠨ ᠵᠠᠮᠬᠠᠷᠠᠳᠠᠭ᠃ ᠦᠯᠡᠳᠡᠭᠰᠡᠨ ᠬᠡᠢ᠂ ᠲᠣᠭᠣᠰᠣ ᠨᠢ ᠨᠢᠭᠡ ᠳᠣᠣᠷ᠎ᠠ ᠴᠤᠭᠯᠠᠷᠠᠵᠤ ᠳᠠᠭᠠᠭᠤᠯᠢ ᠨᠤᠭᠤᠳ ᠢ ᠪᠤᠢ ᠪᠣᠯᠭᠠᠨ᠎ᠠ᠃

ᠳᠠᠭᠠᠭᠤᠯᠢ ᠨᠤᠭᠤᠳ ᠤᠨ ᠶᠡᠬᠡᠩᠬᠢ ᠨᠢ ᠳᠡᠭᠡᠷ᠎ᠡ ᠦᠭᠦᠯᠡᠭᠰᠡᠨ ᠮᠠᠶ᠋ᠢᠭ ᠢᠶᠠᠷ ᠪᠤᠢ ᠪᠣᠯᠤᠭᠰᠠᠨ ᠭᠡᠵᠦ ᠦᠵᠡᠳᠡᠭ ᠴᠤ ᠵᠠᠷᠢᠮ ᠨᠢ ᠭᠠᠷᠠᠭ ᠪᠤᠢ ᠪᠣᠯᠤᠭᠰᠠᠨ ᠤ ᠳᠠᠷᠠᠭ᠎ᠠ ᠭᠠᠳᠠᠨ᠎ᠠ ᠠᠴᠠ ᠨᠢᠭᠡᠳᠦᠭᠰᠡᠨ ᠨᠢ ᠴᠤ ᠪᠤᠢ᠃ ᠡᠨᠡ ᠳᠠᠭᠠᠭᠤᠯᠢ ᠨᠤᠭᠤᠳ ᠤᠨ ᠲᠣᠭᠣᠷᠢᠭ ᠵᠠᠮ ᠨᠢ ᠮᠠᠰᠢ ᠨᠢᠭᠲᠠᠴᠠ ᠡᠯᠢᠫᠰ ᠬᠡᠯᠪᠡᠷᠢ ᠲᠡᠢ ᠪᠥᠭᠡᠳ ᠪᠤᠰᠤᠳ ᠳᠠᠭᠠᠭᠤᠯᠢ ᠲᠠᠢ ᠬᠠᠷᠢᠴᠠᠭᠤᠯᠬᠤ ᠳᠤ ᠥᠭᠡᠷ᠎ᠡ ᠪᠠᠶᠢᠳᠠᠭ᠃ ᠡᠭᠦᠨ ᠳᠦ ᠫᠣᠧᠪᠧ᠂ ᠲᠷᠢᠲ᠋ᠣᠨ ᠪᠣᠯᠤᠨ ᠬᠡᠳᠦ ᠬᠡᠳᠦᠨ ᠪᠢᠴᠢᠬᠠᠨ ᠳᠠᠭᠠᠭᠤᠯᠢ ᠨᠤᠭᠤᠳ ᠪᠠᠭᠲᠠᠳᠠᠭ᠃ ᠠᠩᠭᠠᠷᠠᠭ ᠭᠠᠷᠠᠭ ᠤᠨ ᠳᠠᠭᠠᠭᠤᠯᠢ ᠫᠣᠪᠣᠰ᠂ ᠳᠧᠢᠮᠣᠰ ᠢ ᠭᠠᠷᠠᠭ ᠡᠭᠦᠰᠦᠭᠰᠡᠨ ᠦ ᠳᠠᠷᠠᠭ᠎ᠠ ᠨᠢᠭᠡᠳᠦᠭᠰᠡᠨ ᠭᠡᠵᠦ ᠦᠵᠡᠳᠡᠭ᠃

ᠬᠥᠷᠥᠰᠥᠳᠦ ᠭᠠᠷᠠᠭ ᠤᠳ ᠤᠨ ᠳᠠᠭᠠᠭᠤᠯᠢ ᠨᠤᠭᠤᠳ ᠪᠥᠭᠥᠳᠡᠭᠡᠷ ᠢᠶᠡᠨ ᠨᠢᠭᠡ ᠪᠣᠯ ᠭᠠᠷᠠᠭ ᠪᠤᠢ ᠪᠣᠯᠤᠭᠰᠠᠨ ᠤ ᠳᠠᠷᠠᠭ᠎ᠠ ᠨᠢᠭᠡᠳᠦᠭᠰᠡᠨ ᠡᠰᠡᠪᠡᠯ ᠮᠥᠷᠭᠦᠯᠳᠦᠭᠰᠡᠨ ᠡᠴᠡ ᠪᠣᠯᠵᠤ ᠡᠭᠦᠰᠦᠭᠰᠡᠨ ᠪᠠᠶᠢᠨ᠎ᠠ᠃ ᠡᠨᠡ ᠨᠢ ᠠᠪᠤᠷᠭᠤ ᠲᠣᠮᠣ ᠬᠡᠢ ᠶᠢᠨ ᠭᠠᠷᠠᠭ ᠤᠳ ᠤᠨ ᠡᠷᠭᠢᠨ ᠲᠣᠭᠣᠷᠢᠨ ᠳᠤ ᠯᠠ ᠳᠠᠭᠠᠭᠤᠯᠢ ᠡᠭᠦᠰᠳᠡᠭ ᠭᠡᠰᠡᠨ ᠲᠠᠭᠠᠮᠠᠭᠯᠠᠯ ᠢ ᠨᠣᠲᠠᠯᠠᠵᠤ ᠪᠠᠶᠢᠭ᠎ᠠ ᠶᠤᠮ᠃

ᠪᠠᠭ᠎ᠠ ᠭᠠᠷᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠪᠠᠭ᠎ᠠ ᠭᠠᠷᠠᠭ

ᠪᠠᠭ᠎ᠠ ᠭᠠᠷᠠᠭ ᠤᠳ ᠬᠥᠷᠥᠰᠥᠳᠦ ᠪᠣᠯᠤᠨ ᠬᠡᠢ ᠶᠢᠨ ᠭᠠᠷᠠᠭ ᠤᠳ ᠤᠨ ᠬᠣᠭᠣᠷᠣᠨᠳᠣᠬᠢ ᠪᠠᠭ᠎ᠠ ᠭᠠᠷᠠᠭ ᠤᠨ ᠪᠥᠰᠡ ᠳᠤ ᠣᠷᠣᠰᠢᠳᠠᠭ᠃ ᠡᠨᠡ ᠪᠥᠰᠡ ᠳᠦ ᠭᠠᠷᠠᠭ ᠪᠣᠯᠵᠤ ᠨᠢᠭᠡᠳᠬᠦᠶᠢᠴᠡ ᠲᠣᠮᠣ ᠬᠡᠮᠵᠢᠶᠡᠨ ᠦ ᠰᠠᠨᠰᠠᠷ ᠤᠨ ᠪᠡᠶᠡᠲᠦ ᠪᠠᠶᠢᠳᠠᠭ ᠦᠭᠡᠢ᠃ ᠡᠳᠡᠨ ᠦ ᠨᠡᠶᠢᠲᠡ ᠮᠠᠰ ᠨᠢ ᠰᠠᠷᠠᠨ ᠤ ᠬᠢ ᠠᠴᠠ ᠴᠤ ᠪᠠᠭ᠎ᠠ ᠶᠤᠮ᠃

ᠨᠠᠷᠠᠨ ᠤ ᠠᠶᠢᠮᠠᠭ ᠤᠨ ᠭᠠᠷᠠᠭ ᠤᠳ ᠤᠨ ᠬᠣᠭᠣᠷᠣᠨᠳᠣᠬᠢ ᠵᠠᠢ ᠶᠢ ᠠᠪᠴᠤ ᠦᠵᠡᠪᠡᠯ ᠨᠠᠷᠠᠨ ᠠᠴᠠ ᠬᠣᠯᠠᠳᠬᠤ ᠲᠤᠰᠤᠮ ᠲᠣᠳᠣᠷᠬᠠᠢ ᠳᠠᠷᠠᠭᠠᠯᠠᠯ ᠲᠠᠢ ᠪᠠᠶᠢᠭ᠎ᠠ ᠶᠢ ᠠᠵᠢᠭᠯᠠᠵᠣ ᠪᠣᠯᠤᠨ᠎ᠠ᠃ ᠭᠠᠷᠠᠭ ᠪᠦᠷᠢ ᠶᠢᠨ ᠲᠣᠭᠣᠷᠢᠭ ᠵᠠᠮ ᠨᠢ ᠡᠮᠦᠨᠡᠬᠢ ᠡᠴᠡ ᠪᠡᠨ 75% ᠍ ᠢ ᠪᠠᠷ ᠢᠯᠡᠭᠦᠦ ᠥᠷᠭᠡᠨ ᠪᠠᠶᠢᠳᠠᠭ᠃ ᠡᠭᠦᠨ ᠡᠴᠡ ᠬᠠᠷᠠᠬᠤ ᠳᠤ ᠪᠠᠭ᠎ᠠ ᠭᠠᠷᠠᠭ ᠤᠨ ᠪᠥᠰᠡ ᠣᠷᠣᠨ ᠳᠤ ᠮᠥᠨ ᠭᠠᠷᠠᠭ ᠪᠠᠶᠢᠬᠤ ᠶᠣᠰᠣᠲᠠᠢ ᠮᠡᠲᠦ᠃ ᠭᠡᠬᠦ ᠳᠦ ᠪᠡᠨ ᠲᠣᠳᠣᠷᠬᠠᠢ ᠪᠠᠲᠤᠯᠠᠭ᠎ᠠ ᠪᠠᠶᠢᠬᠤ ᠦᠭᠡᠢ᠃ ᠬᠠᠷᠢᠨ ᠵᠠᠷᠢᠮ ᠨᠢᠭᠡ ᠭᠠᠷᠠᠭ ᠰᠤᠳᠤᠯᠤᠭᠠᠴᠢ ᠡᠷᠳᠡᠮᠲᠡᠳ ᠦᠨ ᠦᠵᠡᠵᠦ ᠪᠠᠶᠢᠭ᠎ᠠ ᠪᠠᠷ ᠤᠷᠢᠳᠤ ᠨᠢ ᠡᠨᠳᠡ ᠨᠢᠭᠡ ᠭᠠᠷᠠᠭ ᠡᠭᠦᠰᠴᠢ ᠪᠠᠶᠢᠭᠠᠳ ᠪᠠᠷᠬᠠᠰᠪᠠᠳᠢ ᠭᠠᠷᠠᠭ ᠤᠨ ᠬᠦᠴᠦᠲᠡᠢ ᠲᠠᠲᠠᠬᠤ ᠬᠦᠴᠦᠩᠳᠡ ᠠᠪᠲᠠᠨ ᠬᠡᠳᠦᠨ ᠬᠡᠰᠡᠭ ᠪᠣᠯᠵᠤ ᠲᠠᠷᠠᠵᠠᠢ᠃ ᠮᠥᠨ ᠡᠨᠳᠡ ᠭᠠᠷᠤᠭᠤᠨᠴᠢᠷ ᠤᠳ ᠨᠢᠭᠡ ᠳᠣᠣᠷ᠎ᠠ ᠪᠥᠭᠡᠭᠡᠨᠡᠷᠡᠭᠡ ᠦᠭᠡᠢ ᠲᠤᠯᠠ ᠶᠠᠮᠠᠷ ᠨᠢᠭᠡ ᠭᠠᠷᠠᠭ ᠡᠭᠦᠰᠦᠭᠡ ᠦᠭᠡᠢ ᠭᠡᠵᠦ ᠦᠵᠡᠳᠡᠭ᠃

ᠰᠡᠭᠦᠯᠲᠦ ᠣᠳᠣ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠰᠡᠭᠦᠯᠲᠦ ᠣᠳᠣ

ᠳᠡᠯᠡᠬᠡᠢ ᠸᠠᠩ ᠤᠨ ᠴᠠᠭᠠᠳᠤ ᠲᠠᠯ᠎ᠠ ᠳᠤ ᠭᠠᠷᠠᠭ ᠡᠭᠦᠰᠦᠭᠰᠡᠨ ᠦ ᠳᠠᠷᠠᠭ᠎ᠠ ᠦᠯᠡᠳᠡᠭᠰᠡᠨ ᠪᠣᠳᠠᠰ ᠠᠴᠠ ᠲᠣᠭᠲᠠᠭᠰᠠᠨ ᠨᠢᠭᠡᠨ ᠪᠦᠰᠡ ᠪᠠᠶᠢᠳᠠᠭ᠃ ᠡᠨᠡ ᠪᠥᠰᠡ ᠳᠦ ᠲᠤᠰ ᠪᠦᠷᠢ 1 ᠺᠢᠯᠣᠮᠧᠲ᠋ᠷ ᠪᠤᠶᠤ ᠡᠭᠦᠨ ᠡᠴᠡ ᠢᠯᠡᠭᠦᠦ ᠳ᠋ᠢᠶᠠᠮᠧᠲ᠋ᠷ ᠲᠡᠢ᠂ 2000 ᠲᠦᠮᠡ ᠰᠠᠨᠰᠠᠷ ᠤᠨ ᠪᠡᠶᠡᠲᠦ ᠪᠠᠶᠢᠭ᠎ᠠ ᠶᠢ ᠲᠣᠭᠠᠴᠠᠭᠠᠯᠠᠨ ᠭᠠᠷᠭᠠᠵᠠᠢ᠃ ᠺᠶᠫᠧᠷ ᠤᠨ ᠪᠥᠰᠡ ᠭᠡᠵᠦ ᠨᠡᠷᠡᠯᠡᠭᠰᠡᠨ ᠡᠨᠡ ᠪᠥᠰᠡ ᠳᠦ ᠳᠡᠯᠡᠬᠡᠢ ᠸᠠᠩ᠂ ᠲᠡᠭᠦᠨ ᠦ ᠳᠠᠭᠠᠭᠤᠯᠢ ᠴᠢᠷᠠᠨ ᠴᠤ ᠣᠷᠣᠳᠠᠭ᠃ ᠮᠥᠨ ᠳᠠᠯᠠᠢ ᠸᠠᠩ ᠤᠨ ᠳᠠᠭᠠᠭᠤᠯᠢ ᠲᠷᠢᠲ᠋ᠣᠨ ᠴᠤ ᠡᠨᠡ ᠪᠥᠰᠡ ᠶᠢᠨ ᠭᠡᠰᠢᠭᠦᠨ ᠶᠤᠮ᠃ ᠡᠳᠡᠭᠡᠷ ᠳᠠᠭᠠᠭᠤᠯᠢ ᠨᠤᠭᠤᠳ ᠤᠭ ᠪᠥᠰᠡ ᠶᠢᠨ ᠬᠠᠮᠤᠭ ᠤᠨ ᠲᠣᠮᠣ ᠬᠡᠮᠵᠢᠶ᠎ᠡ ᠲᠡᠢ ᠨᠢ ᠠᠵᠡᠢ᠃

ᠰᠡᠭᠦᠯᠳᠦ ᠣᠳᠣ ᠨᠤᠭᠤᠳ ᠲᠣᠭᠣᠷᠢᠭ ᠵᠠᠮ ᠠᠴᠠ ᠪᠠᠨ ᠭᠠᠷᠴᠤ ᠨᠠᠷᠠᠨ ᠤ ᠠᠶᠢᠮᠠᠭ ᠷᠤ ᠴᠢᠢᠭᠯᠡᠬᠦ ᠨᠢ ᠤᠭ ᠰᠡᠭᠦᠯ ᠳᠦ ᠣᠳᠣᠳ ᠬᠣᠭᠣᠷᠣᠨᠳᠣ ᠪᠠᠨ ᠮᠥᠷᠭᠥᠯᠳᠦᠨ ᠲᠣᠭᠲᠠᠪᠤᠷᠢ ᠦᠭᠡᠢ ᠪᠠᠶᠢᠳᠠᠯ ᠡᠭᠦᠰᠬᠡᠭᠰᠡᠨ ᠡᠴᠡ ᠪᠣᠯᠳᠠᠭ᠃ ᠪᠣᠭᠣᠨᠢ ᠬᠤᠭᠤᠴᠠᠭᠠᠨ ᠤ ᠰᠡᠭᠦᠯᠳᠦ ᠣᠳᠣ ᠨᠤᠭᠤᠳ (ᠣᠶᠢᠷᠠᠯᠴᠠᠭ᠎ᠠ ᠪᠠᠷ 100 ᠵᠢᠯ ᠳᠤ ᠨᠢᠭᠡ ᠤᠳᠠᠭ᠎ᠠ) ᠶᠡᠬᠡᠩᠬᠢ ᠳᠦ ᠪᠡᠨ ᠺᠶᠫᠧᠷ ᠤᠨ ᠪᠥᠰᠡ ᠡᠴᠡ ᠢᠷᠡᠳᠡᠭ᠃ ᠬᠠᠷᠢᠨ ᠤᠷᠲᠤ ᠬᠤᠭᠤᠴᠠᠭᠠᠨ ᠤ ᠳᠠᠪᠲᠠᠮᠵᠢ ᠲᠠᠢ ᠢᠷᠡᠳᠡᠭ ᠰᠡᠭᠦᠯᠳᠦ ᠣᠳᠣ ᠨᠤᠭᠤᠳ ᠥᠭᠡᠷ᠎ᠡ ᠪᠥᠰᠡ ᠡᠴᠡ ᠢᠷᠡᠳᠡᠭ ᠭᠡᠵᠦ ᠲᠠᠭᠠᠮᠠᠭᠯᠠᠵᠤ ᠪᠠᠶᠢᠨ᠎ᠠ᠃ 1950 ᠣᠨ ᠳᠤ ᠣᠳᠣᠨ ᠣᠷᠣᠨ ᠰᠤᠳᠤᠯᠤᠭᠠᠴᠢ ᠵᠠᠩ ᠬᠧᠨᠳ᠋ᠷᠢᠺ ᠣᠣᠷᠲᠤ ᠡᠨᠡ ᠲᠠᠯ᠎ᠠ ᠪᠠᠷ ᠨᠢᠭᠡᠨ ᠲᠠᠭᠠᠮᠠᠭᠯᠠᠯ ᠳᠡᠪᠰᠢᠭᠦᠯᠵᠡᠢ᠃ ᠲᠡᠭᠦᠨ ᠦ ᠲᠠᠭᠠᠮᠠᠭᠯᠠᠯ ᠤᠨ ᠳᠠᠭᠠᠤ ᠡᠳᠡᠭᠡᠷ ᠰᠡᠭᠦᠯᠲᠦ ᠣᠳᠣ ᠨᠤᠭᠤᠳ ᠨᠠᠷᠠᠨ ᠤ ᠰᠢᠰᠲ᠋ᠧᠮ ᠢ ᠪᠦᠬᠦᠯᠢ ᠳᠦ ᠨᠢ ᠪᠦᠷᠬᠡᠭᠰᠡᠨ ᠨᠢᠭᠡ ᠪᠥᠰᠡ ᠡᠴᠡ ᠢᠷᠡᠳᠡᠭ ᠠᠵᠡᠢ᠃ ᠣᠣᠷᠲᠤ ᠶᠢᠨ ᠡᠭᠦᠯᠡ ᠭᠡᠵᠦ ᠨᠡᠷᠡᠯᠡᠭᠰᠡᠨ ᠡᠨᠡ ᠪᠥᠰᠡ ᠪᠢᠳᠡᠨ ᠳᠦ ᠬᠠᠷᠠᠭᠳᠠᠳᠠᠭ ᠦᠭᠡᠢ ᠪᠣᠯᠪᠠᠴᠤ ᠤᠷᠲᠤ ᠬᠤᠭᠤᠴᠠᠭᠠᠨ ᠤ ᠳᠠᠪᠲᠠᠮᠵᠢ ᠲᠠᠢ ᠢᠷᠡᠳᠡᠭ ᠰᠡᠭᠦᠯᠳᠦ ᠣᠳᠣ ᠨᠤᠭᠤᠳ ᠡᠨᠡ ᠪᠥᠰᠡ ᠶᠢᠨ ᠲᠠᠯ᠎ᠠ ᠪᠠᠷ ᠮᠡᠳᠡᠭᠡᠯᠡᠯ ᠠᠪᠴᠢᠷᠠᠳᠠᠭ᠃

ᠣᠣᠷᠲᠤ ᠶᠢᠨ ᠡᠭᠦᠯᠡ ᠪᠤᠢ ᠪᠣᠯᠤᠭᠰᠠᠨ ᠶᠠᠪᠤᠴᠠ ᠶᠢ ᠳᠠᠷᠠᠭᠠᠬᠢ ᠮᠠᠶ᠋ᠢᠭ ᠢᠶᠠᠷ ᠲᠠᠶᠢᠯᠪᠤᠷᠢᠯᠠᠳᠠᠭ᠃ ᠪᠠᠷᠬᠠᠰᠪᠠᠳᠢ ᠵᠡᠷᠭᠡ ᠠᠪᠤᠷᠭᠤ ᠲᠣᠮᠣ ᠭᠠᠷᠠᠭ ᠤᠳ ᠳᠡᠷᠭᠡᠳᠡᠭᠦᠷ ᠨᠢ ᠥᠩᠭᠡᠷᠡᠬᠦ ᠶᠢ ᠵᠠᠪᠳᠤᠭᠰᠠᠨ ᠭᠠᠷᠤᠭᠤᠨᠴᠢᠷ ᠤᠳ ᠢ ᠬᠦᠴᠦ ᠰᠤᠯᠠ ᠲᠠᠢ ᠲᠣᠭᠣᠷᠢᠭ ᠵᠠᠮ ᠳᠤ ᠣᠷᠣᠭᠤᠯᠤᠨ ᠲᠣᠭᠲᠠᠭᠠᠨ ᠪᠠᠷᠢᠳᠠᠭ᠃ ᠵᠠᠷᠢᠮ ᠳᠤ ᠪᠠᠨ ᠡᠳᠡᠭᠡᠷ ᠪᠡᠶᠡᠲᠦ ᠨᠦᠭᠦᠳ ᠨᠠᠷᠠᠨ ᠤ ᠲᠠᠲᠠᠬᠤ ᠬᠦᠴᠦᠨ ᠡᠴᠡ ᠮᠤᠯᠲᠤᠷᠠᠨ ᠰᠠᠨᠰᠠᠷ ᠣᠷᠣᠭᠣ ᠠᠬᠢᠵᠤ ᠡᠷᠭᠢᠵᠦ ᠢᠷᠡᠬᠦ ᠦᠭᠡᠢ ᠪᠡᠷ ᠣᠳᠳᠠᠭ᠃ ᠬᠠᠷᠢᠨ ᠶᠡᠬᠡᠩᠬᠢ ᠨᠢ ᠨᠠᠷᠠᠨ ᠤ ᠲᠠᠲᠠᠬᠤ ᠬᠦᠴᠦᠨ ᠡᠴᠡ ᠰᠠᠯᠵᠤ ᠴᠢᠳᠠᠯ ᠦᠭᠡᠢ ᠬᠦᠴᠦ ᠰᠤᠯᠠ ᠲᠠᠢ ᠲᠣᠭᠣᠷᠢᠭ ᠵᠠᠮ ᠢᠶᠠᠷ ᠲᠣᠭᠣᠷᠢᠨ ᠡᠷᠭᠢᠯᠳᠦᠭᠰᠡᠭᠡᠷ ᠪᠠᠶᠢᠳᠠᠭ᠃ ᠨᠠᠷᠠᠨ ᠠᠴᠠ ᠬᠣᠯᠠ ᠪᠠᠶᠢᠳᠠᠭ ᠮᠥᠨ᠂ ᠬᠤᠷᠳᠤ ᠪᠠᠭᠠᠲᠠᠢ ᠲᠤᠯᠠ ᠶᠡᠬᠡᠩᠬᠢ ᠳᠦ ᠪᠡᠨ ᠣᠣᠷᠲᠤ ᠶᠢᠨ ᠡᠭᠦᠯᠡᠨ ᠳᠦ ᠪᠠᠶᠢᠷᠢᠯᠠᠵᠠᠭᠠᠨ᠎ᠠ᠃ ᠣᠣᠷᠲᠤ ᠶᠢᠨ ᠡᠭᠦᠯᠡ ᠶᠢ ᠲᠣᠭᠣᠷᠢᠭᠤᠯᠤᠨ ᠲᠣᠭᠣᠷᠢᠭ ᠵᠢᠷᠤᠬᠤ ᠳᠤ ᠭᠠᠳᠢᠦ᠋ᠰ ᠪᠤᠶᠤ ᠨᠠᠷᠠ ᠬᠦᠷᠲᠡᠯᠡᠬᠢ ᠤᠷᠲᠤ ᠨᠢ ᠨᠢᠭᠡ ᠭᠡᠷᠡᠯ ᠦᠨ ᠵᠢᠯ ᠪᠠᠶᠢᠳᠠᠭ᠃ ᠡᠭᠦᠨ ᠡᠴᠡ ᠴᠠᠭᠠᠰᠢ ᠨᠠᠷᠠᠨ ᠤ ᠠᠶᠢᠮᠠᠭ ᠤᠨ ᠬᠢᠯᠢ ᠲᠡᠭᠦᠰᠴᠦ᠂ ᠣᠳᠣᠳ ᠤᠨ ᠣᠷᠴᠢᠨ ᠡᠬᠢᠯᠡᠳᠡᠭ ᠭᠡᠵᠦ ᠬᠡᠯᠡᠵᠦ ᠪᠣᠯᠤᠨ᠎ᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 1.2 Lecture 13: The Nebular Theory of the origin of the Solar System. University of Arizona. 2006-12-27 ᠍ ᠳᠦ ᠬᠠᠨᠳᠤᠭᠰᠠᠨ᠃
  2. Irvine, W. M.. The chemical composition of the pre-solar nebula. Amherst College, Massachusetts. 2007-02-15 ᠍ ᠳᠦ ᠬᠠᠨᠳᠤᠭᠰᠠᠨ᠃
  3. ᠵᠠᠭᠪᠤᠷ:Cite science
  4. Present Understanding of the Origin of Planetary Systems. National Academy of Sciences (2000-04-05). 2007-01-19 ᠍ ᠳᠦ ᠬᠠᠨᠳᠤᠭᠰᠠᠨ᠃
  5. ᠵᠠᠭᠪᠤᠷ:Cite science
  6. Present Understanding of the Origin of Planetary Systems. National Academy of Sciences (2000-04-05). 2007-01-19 ᠍ ᠳᠦ ᠬᠠᠨᠳᠤᠭᠰᠠᠨ᠃
  7. M. Momose, Y. Kitamura, S. Yokogawa, R. Kawabe, M. Tamura, S. Ida (2003). "Investigation of the Physical Properties of Protoplanetary Disks around T Tauri Stars by a High-resolution Imaging Survey at lambda = 2 mm" (PDF). Ikeuchi, S., Hearnshaw, J. and Hanawa, T. (eds.) The Proceedings of the IAU 8th Asian-Pacific Regional Meeting, Volume I 289: 85, Astronomical Society of the Pacific Conference Series. 
  8. Boss, A. P. (2005). "Chondrule-forming Shock Fronts in the Solar Nebula: A Possible Unified Scenario for Planet and Chondrite Formation". The Astrophysical Journal 621: L137. DOI:10.1086/429160.
  9. Sukyoung Yi; Pierre Demarque; Yong-Cheol Kim; Young-Wook Lee; Chang H. Ree; Thibault Lejeune; Sydney Barnes (2001). "Toward Better Age Estimates for Stellar Populations: The <math>Y^{2}</math> Isochrones for Solar Mixture". Astrophysical Journal Supplement 136: 417. DOI:10.1086/321795. ᠵᠠᠭᠪᠤᠷ:ArXiv.
  10. A. Chrysostomou, P. W. Lucas (2005). "The Formation of Stars". Contemporary Physics 46: 29. DOI:10.1080/0010751042000275277.

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠨᠠᠷᠠᠨ ᠤ ᠠᠶᠢᠮᠠᠭ»

ᠪᠢᠴᠢᠭᠡᠰᠦ