ᠨᠠᠷᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠨᠠᠷᠠ

ᠨᠠᠷᠠ (ᠯᠠᠲ᠋ᠢᠨ: Sol) ᠨᠢ ᠨᠠᠷᠠᠨ ᠤ ᠠᠶᠢᠮᠠᠭ ᠤᠨ ᠲᠥᠪ ᠣᠳᠣ ᠪᠥᠭᠡᠳ ᠨᠠᠷᠠᠨ ᠤ ᠠᠶᠢᠮᠠᠭ ᠤᠨ ᠨᠡᠶᠢᠲᠡ ᠮᠠᠰ ᠤᠨ 99.86% ᠍ ᠢ ᠡᠵᠡᠯᠡᠨ᠎ᠡ᠃ ᠨᠠᠷᠠᠨ ᠠᠴᠠ ᠢᠷᠡᠬᠦ ᠡᠨᠧᠷᠭᠢ ᠨᠢ ᠳᠡᠯᠡᠬᠡᠢ ᠳᠡᠭᠡᠷᠡᠬᠢ ᠪᠦᠬᠦ ᠠᠮᠢᠳᠤ ᠪᠣᠳᠠᠰ ᠢ ᠲᠡᠳᠭᠦᠬᠦ ᠪᠠ ᠹᠣᠲ᠋ᠣᠰᠢᠨᠲ᠋ᠧᠽ ᠪᠣᠯᠤᠨ ᠳᠡᠯᠡᠬᠡᠢ ᠶᠢᠨ ᠴᠠᠭ ᠠᠭᠤᠷ᠂ ᠠᠭᠤᠷ ᠠᠮᠢᠰᠬᠤᠯ ᠳᠤ ᠭᠣᠣᠯᠯᠠᠬᠤ ᠡᠭᠦᠷᠭᠡ ᠭᠦᠢᠴᠡᠳᠭᠡᠨ᠎ᠡ᠃

ᠨᠠᠷᠠᠨ ᠤ ᠨᠡᠶᠢᠲᠡ ᠮᠠᠰ ᠤᠨ 74%, ᠡᠵᠡᠯᠡᠬᠦᠨ ᠦ 92% ᠍ ᠢ ᠤᠰᠤᠲᠥᠶᠢᠷᠦᠭᠴᠢ᠂ ᠬᠠᠷᠢᠨ ᠨᠡᠶᠢᠲᠡ ᠮᠠᠰ ᠤᠨ 25%, ᠡᠵᠡᠯᠡᠬᠦᠨ ᠦ 7% ᠍ ᠶᠢ ᠭᠧᠯ ᠪᠦᠷᠢᠳᠦᠭᠦᠯᠦᠨ᠎ᠡ᠃ ᠨᠠᠷᠠᠨ ᠤ ᠭᠠᠳᠠᠷᠭᠤ ᠶᠢᠨ ᠲᠣᠯᠠᠭᠠᠨ ᠤ ᠬᠡᠮᠵᠢᠶ᠎ᠡ ᠣᠶᠢᠷᠠᠯᠴᠠᠭ᠎ᠠ ᠪᠠᠷ 5,500 K (5,315 0C). ᠨᠠᠷ ᠨᠢ ᠴᠠᠭᠠᠨ ᠣᠳᠣ ᠪᠥᠭᠡᠳ ᠨᠠᠰᠤ ᠶᠢ ᠨᠢ 4.57 ᠲᠡᠷᠪᠤᠮ ᠵᠢᠯ ᠭᠡᠵᠦ ᠲᠣᠭᠠᠴᠠᠵᠤ ᠪᠠᠶᠢᠨ᠎ᠠ᠃

ᠨᠠᠷᠠ ᠨᠢ ᠲᠩᠷᠢ ᠶᠢᠨ ᠵᠠᠭᠠᠳᠠᠰᠤ ᠭᠠᠯᠠᠺᠲ᠋ᠢᠺ ᠤᠨ ᠲᠥᠪ ᠡᠴᠡ ᠣᠶᠢᠷᠠᠯᠴᠠᠭ᠎ᠠ ᠪᠠᠷ 26,000 ᠭᠡᠷᠡᠯ ᠦᠨ ᠵᠢᠯ ᠦᠨ ᠵᠠᠢ ᠳᠤ ᠤᠷᠤᠰᠢᠬᠤ ᠪᠠ 217 ᠺᠢᠯᠣᠮᠧᠲ᠋ᠷ/ᠰᠧᠺ ᠬᠤᠷᠳᠤ ᠲᠠᠢ ᠪᠠᠷ ᠲᠣᠭᠣᠷᠢᠨ ᠡᠷᠭᠢᠨ᠎ᠡ᠃

ᠨᠠᠷᠠᠨ ᠤ ᠳ᠋ᠢᠶᠠᠮᠧᠲ᠋ᠷ 1.392 ᠬ 109 ᠮᠧᠲ᠋ᠷ᠂ ᠦᠨᠳᠦᠰᠦᠨ ᠳᠦ ᠪᠡᠨ ᠲᠡᠭᠦᠰ ᠪᠥᠮᠪᠥᠯᠢᠭ ᠬᠡᠯᠪᠡᠷᠢ ᠲᠡᠢ᠃ ᠳ᠋ᠢᠶᠠᠮᠧᠲ᠋ᠷ ᠨᠢ ᠳᠡᠯᠡᠬᠡᠢ ᠶᠢᠨ ᠬᠢ ᠡᠴᠡ 109 ᠳᠠᠬᠢᠨ᠂ ᠡᠵᠡᠯᠡᠬᠦᠨ ᠨᠢ 1,3 ᠰᠠᠶ᠎ᠠ ᠳᠠᠬᠢᠨ ᠶᠡᠬᠡ ᠪᠤᠶᠤ 1.41 ᠬ 10272. ᠮᠠᠰ ᠨᠢ 1.988435 ᠬ 1030kᠭ ᠪᠤᠶᠤ ᠳᠡᠯᠡᠬᠡᠢ ᠡᠴᠡ 332,946 ᠳᠠᠬᠢᠨ ᠬᠦᠨᠳᠦ᠃ ᠳᠤᠮᠳᠠᠴᠢ ᠨᠢᠭᠲᠠᠴᠠ ᠨᠢ 1,4 ᠭᠷᠠᠮᠠᠮ/ᠰᠮ3, ᠴᠥᠮ ᠳᠦ ᠪᠡᠨ ᠨᠢᠭᠲᠠᠴᠠ ᠨᠢ 150 ᠭᠷᠠᠮᠠᠮ/ᠰᠮ3. ᠨᠠᠷᠠᠨ ᠤ ᠭᠠᠳᠠᠷᠭᠤ ᠳᠡᠭᠡᠷ᠎ᠡ ᠴᠢᠯᠦᠭᠡᠲᠦ ᠤᠨᠠᠯᠲᠠ ᠶᠢᠨ ᠬᠤᠷᠳᠤᠳᠬᠠᠯ 27398 ᠰᠠᠨᠲ᠋ᠢᠮᠧᠲ᠋ᠷ/ᠰ 2, ᠰᠠᠨᠰᠠᠷ ᠤᠨ ᠬᠣᠶᠠᠳᠤᠭᠠᠷ ᠬᠤᠷᠳᠤ - 618 ᠺᠢᠯᠣᠮᠧᠲ᠋ᠷ/ᠰ᠃

ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠠᠷᠠᠨ ᠤ ᠨᠠᠰᠤ ᠪᠠ ᠬᠥᠭᠵᠢᠯ

ᠨᠠᠷᠠᠨ ᠤ ᠷᠠᠳᠢᠦ᠋ᠰ ᠢ᠂ ᠲᠥᠪ ᠡᠴᠡ ᠨᠢ ᠹᠣᠲ᠋ᠣᠰᠹᠧᠷ ᠤᠨ ᠭᠠᠳᠠᠷᠭᠤ ᠬᠦᠷᠲᠡᠯᠡᠬᠢ ᠬᠡᠮᠵᠢᠶ᠎ᠡ ᠪᠡᠷ ᠨᠢ ᠲᠣᠭᠠᠴᠠᠳᠠᠭ ᠪᠠᠶᠢᠨ᠎ᠠ᠃ ᠨᠠᠷᠠᠨ ᠤ ᠳᠣᠲᠣoᠳ ᠪᠦᠲᠦᠴᠡ ᠶᠢ ᠢᠨᠹᠷᠠᠳᠣᠯᠭᠢᠶᠠᠨ ᠪᠠ ᠺᠣᠮᠫᠶᠦ᠋ᠲ᠋ᠧᠷ ᠵᠠᠭᠪᠤᠷᠴᠢᠯᠠᠯ ᠤᠨ ᠠᠷᠭ᠎ᠠ ᠪᠠᠷ ᠰᠤᠳᠤᠯᠤᠨ᠎ᠠ᠃

ᠨᠠᠷᠠ ᠨᠢ ᠳᠣᠣᠷᠠᠬᠢ ᠪᠦᠲᠦᠴᠡ ᠲᠡᠢ ᠪᠣᠯᠤᠨ᠎ᠠ᠃ ᠡᠭᠦᠨ ᠳᠦ:

  • ᠴᠥᠮ
  • ᠷᠠᠳᠢᠶᠠᠴᠠ ᠶᠢᠨ ᠪᠥᠰᠡ
  • ᠺᠣᠨᠸᠧᠺᠼ ᠦᠨ ᠪᠥᠰᠡ
  • ᠹᠣᠲ᠋ᠣᠰᠹᠧᠷ
  • ᠠᠲᠮᠣᠰᠹᠧᠷ
http://wiki.uhaan.com/index.php?title=ᠨᠠᠷᠠ&oldid=432058》 ᠍  ᠡᠴᠡ ᠠᠪᠤᠭᠰᠠᠨ

ᠪᠢᠴᠢᠭᠡᠰᠦ