ᠨᠠᠶᠢᠳᠠᠩ ᠤᠨ ᠲᠦᠪᠰᠢᠨᠪᠠᠶᠠᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
<td class="" style="">ᠮᠣᠩᠭᠣᠯᠮᠣᠩᠭᠣᠯ (ᠮᠣᠩᠭᠣᠯ ᠤᠯᠤᠰ)</td><tr><th style="">ᠲᠠᠮᠢᠷ᠂ ᠰᠫᠣᠷᠲ</th><td class="" style="">ᠡᠷᠡᠭᠲᠡᠢ ᠵᠢᠦ᠋ᠳᠣ᠋</td></tr><tr><th colspan="2" style="text-align:center; background:
  1. B0C4DE;">
ᠨᠠᠶᠢᠳᠠᠨ ᠤ ᠲᠦᠪᠰᠢᠨᠪᠠᠶᠠᠷ
ᠲᠠᠮᠢᠷᠴᠢᠨ ᠤ ᠲᠤᠬᠠᠢ
ᠲᠦᠷᠦᠭᠰᠡᠨ ᠡᠳᠦᠷ1984 ᠣᠨ ᠤ 6 ᠰᠠᠷ᠎ᠠ ᠶᠢᠨ 1 (1984-06-01) (35 ᠨᠠᠰᠣᠳᠠᠢ)
ᠲᠦᠷᠦᠭᠰᠡᠨ ᠭᠠᠵᠠᠷᠮᠣᠩᠭᠣᠯ ᠤᠯᠤᠰ ᠤᠨ ᠪᠤᠯᠠᠭᠠᠨ
ᠠᠶᠢᠮᠠᠭ ᠤᠨ ᠰᠠᠶᠢᠬᠠᠨ ᠰᠤᠮᠤ
ᠶᠠᠰᠤ᠂ ᠦᠨᠳᠦᠰᠦᠮᠣᠩᠭᠣᠯ ᠦᠨᠳᠦᠰᠦᠲᠡᠨ
ᠤᠯᠤᠰ᠂ ᠣᠷᠣᠨ </div>
ᠵᠤᠨ ᠤ ᠣᠯᠢᠮᠫᠢᠺ
ᠠᠯᠲᠠ ᠪᠡᠭᠡᠵᠢᠩ 2008 -100 ᠺᠢᠯᠣᠭ᠍ᠷᠠᠮ
ᠮᠥᠩᠭᠥ ᠯᠣᠨᠳᠣᠨ 2012 -100 ᠺᠢᠯᠣᠭ᠍ᠷᠠᠮ
ᠠᠽᠢᠶ᠎ᠠ ᠶᠢᠨ ᠨᠠᠭᠠᠳᠤᠮ
ᠠᠯᠲᠠ ᠢᠨᠢᠴᠢᠨᠢ 2014 -100 ᠺᠢᠯᠣᠭ᠍ᠷᠠᠮ
ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ
ᠮᠥᠩᠭᠥ ᠡᠯ-ᠺᠦᠪᠠᠶᠢᠲ 2007 -100 ᠺᠢᠯᠣᠭ᠍ᠷᠠᠮ
ᠬᠦᠷᠡᠯ ᠴᠡᠵᠦ 2008 -100 ᠺᠢᠯᠣᠭ᠍ᠷᠠᠮ
ᠬᠦᠷᠡᠯ ᠠᠪᠤ-ᠳᠠᠪᠢ 2011 -100 ᠺᠢᠯᠣᠭ᠍ᠷᠠᠮ
ᠠᠯᠲᠠ ᠴᠡᠵᠦ 2014 -100 ᠺᠢᠯᠣᠭ᠍ᠷᠠᠮ
</th></tr><tr><td colspan="2" style="text-align:center; color:darkslategray; font-size:82%">2014-10-1 ᠍ ᠦ ᠪᠠᠶᠢᠳᠠᠯ ᠢᠶᠠᠷ ᠮᠡᠳᠡᠭᠡᠯᠡᠪᠡ᠃</td></tr>

</table>

ᠮᠣᠩᠭᠣᠯ ᠤᠯᠤᠰ ᠍ ᠤᠨ ᠠᠩᠬᠠᠨ ᠤ ᠣᠯᠢᠮᠫᠢᠺ ᠤᠨ ᠠᠪᠤᠷᠭᠤ (2008), ᠠᠩᠬᠠᠨ ᠤ ᠬᠣᠣᠰ ᠮᠧᠳᠠᠯᠢᠲᠠᠨ᠂ ᠵᠢᠦ᠋ᠳᠣ᠋ᠴᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ (2008) ᠪᠥᠭᠡᠳ ᠭᠠᠪᠢᠶᠠᠲᠤ ᠲᠠᠮᠢᠷᠴᠢᠨ (2008) ᠨᠠᠶᠢᠳᠠᠨ ᠤ ᠲᠦᠪᠰᠢᠨᠪᠠᠶᠠᠷ (ᠳᠦᠷᠢᠮ ᠦᠨ ᠢᠯᠭᠠᠭ᠎ᠠ ᠰᠠᠶᠢᠨ ᠲᠠᠨᠢᠭᠳᠠᠬᠤ ᠦᠭᠡᠢ ᠡᠴᠡ ᠨᠠᠶᠢᠳᠠᠩ ᠤᠨ ᠲᠦᠪᠰᠢᠨᠪᠠᠶᠠᠷ ᠭᠡᠵᠦ ᠪᠢᠴᠢᠬᠦ ᠨᠢ ᠲᠦᠭᠡᠮᠡᠯ ᠪᠠᠶᠢᠳᠠᠭ) 1984 ᠣᠨ ᠤ 6 ᠰᠠᠷ᠎ᠠ ᠶᠢᠨ 1 ᠍ ᠳᠦ ᠮᠣᠩᠭᠣᠯ ᠤᠯᠤᠰ (ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ) ᠍ ᠤᠨ ᠪᠤᠯᠠᠭᠠᠨ ᠠᠶᠢᠮᠠᠭ ᠤᠨ ᠰᠠᠶᠢᠬᠠᠨ ᠰᠤᠮᠤᠨ ᠳᠤ ᠮᠠᠯᠴᠢᠨ ᠮᠣᠩᠭᠣᠯ ᠡᠴᠢᠭᠡ ᠲ᠃ ᠨᠠᠶᠢᠳᠠᠨ᠂ ᠡᠬᠡ ᠳ᠃ ᠴᠢᠨ ᠳᠦ-ᠠᠶᠤᠱᠢ ᠨᠠᠷ ᠤᠨ ᠳᠣᠯᠣᠭᠠᠨ ᠬᠡᠦᠬᠡᠳ ᠦᠨ ᠣᠳᠬᠣᠨ ᠨᠢ ᠪᠣᠯᠤᠨ ᠲᠥᠷᠦᠵᠢᠭᠡ᠃

ᠮᠣᠩᠭᠣᠯ ᠬᠥᠪ ᠦᠳ ᠦᠨ ᠵᠢᠱᠢᠭ ᠢᠶᠡᠷ ᠦᠨᠳᠦᠰᠦᠨ ᠦ ᠪᠥᠬᠦᠳᠡ ᠳᠤᠷᠠᠲᠠᠢ᠂ ᠵᠢᠳᠬᠦᠯ ᠲᠡᠢ ᠪᠠᠶᠢᠭᠰᠠᠨ ᠲᠦᠪᠰᠢᠨᠪᠠᠶᠠᠷ 2002 ᠣᠨ ᠳᠤ ᠥᠰᠪᠦᠷᠢ (16 ᠨᠠᠰᠤ) ᠪᠥᠬᠡ ᠶᠢᠨ ᠤᠯᠤᠰ ᠤᠨ ᠠᠪᠤᠷᠠᠭ᠎ᠠ ᠰᠢᠯᠭᠠᠷᠠᠭᠤᠯᠬᠤ ᠲᠡᠮᠡᠴᠡᠭᠡᠨ ᠳᠦ ᠲᠦᠷᠦᠭᠦᠯᠡᠵᠦ᠂ 2003 ᠣᠨ ᠳᠤ ᠢᠳᠡᠷ (17-18 ᠨᠠᠰᠤ) ᠪᠥᠬᠡ ᠶᠢᠨ ᠤᠯᠤᠰ ᠤᠨ ᠠᠪᠤᠷᠠᠭ᠎ᠠ ᠰᠢᠯᠭᠠᠷᠠᠭᠤᠯᠬᠤ ᠲᠡᠮᠡᠴᠡᠭᠡᠨ ᠡᠴᠡ ᠬᠦᠷᠡᠯ ᠮᠧᠳᠠᠯ ᠵᠡᠭᠦᠵᠦ᠂ ᠤᠳᠠᠯ ᠦᠭᠡᠢ ᠪᠤᠯᠠᠭᠠᠨ ᠠᠶᠢᠮᠠᠭ ᠤᠨ ᠨᠠᠭᠠᠳᠤᠮ ᠳᠤ ᠲᠦᠷᠦᠭᠦᠯᠡᠵᠦ ᠠᠶᠢᠮᠠᠭ ᠤᠨ ᠠᠷᠰᠯᠠᠨ ᠴᠣᠯᠠ ᠲᠠᠢ ᠵᠠᠯᠠᠭᠤ ᠬᠦᠴᠦᠲᠡᠨ ᠪᠣᠯᠪᠠ᠃ ᠪᠤᠯᠠᠭᠠᠨ ᠠᠶᠢᠮᠠᠭ ᠤᠨ ᠠᠷᠪᠠᠨ ᠵᠢᠯ ᠦᠨ II ᠳᠤᠮᠳᠠ ᠰᠤᠷᠭᠠᠭᠤᠯᠢ ᠶᠢ ᠲᠡᠭᠦᠰ ᠢᠶᠡᠨ ᠳᠦ ᠤᠯᠠᠭᠠᠨᠪᠠᠭᠠᠲᠤᠷ ᠲᠤ ᠢᠷᠡᠵᠦ᠂ 《ᠠᠪᠤᠷᠠ­ᠭᠠ》 ᠪᠡᠶ᠎ᠡ ᠶᠢᠨ ᠲᠠᠮᠢᠷ ᠤᠨ ᠳᠡᠭᠡᠳᠦ ᠰᠤᠷᠭᠠᠭᠤᠯᠢ ᠳᠤ ᠡᠯᠰᠡᠨ ᠵᠢᠦ᠋ᠳᠣ᠋ ᠍ ᠪᠠᠷ ᠬᠢᠴᠢᠶᠡᠯᠯᠡᠵᠦ ᠡᠬᠢᠯᠡᠪᠡ᠃ 2006 ᠣᠨ ᠳᠤ ᠪᠠᠭᠰᠢ ᠳᠠᠰᠬᠠᠯᠵᠢᠭᠤᠯᠤᠭᠴᠢ ᠮᠡᠷᠭᠡᠵᠢᠯ ᠡᠵᠡᠮᠰᠢᠵᠦ ᠲᠡᠭᠦᠰᠴᠡᠢ᠃ ᠠᠶᠢᠮᠠᠭ ᠲᠤ ᠪᠠᠨ ᠡᠷᠳᠡᠨᠢ-ᠣᠴᠢᠷ ᠪᠠᠭ­ᠰᠢ ᠶᠢᠨ ᠤᠳᠤᠷᠢᠳᠤᠯᠭ᠎ᠠ ᠳᠣᠣᠷ᠎ᠠ ᠪᠠᠷᠢᠯᠳᠤᠵᠤ ᠪᠠᠶᠢᠭᠰᠠᠨ ᠪᠣᠯ ᠨᠡᠶᠢᠰᠯᠡᠯ ᠳᠦ ᠢᠷᠡᠭᠡᠳ ᠬᠠᠯᠢᠭᠤᠨ ᠤ ᠪᠣᠯᠣᠳᠪᠠᠭᠠᠲᠤᠷ ᠍ ᠤᠨ ᠱᠠᠪᠢ ᠪᠣᠯᠵᠠᠢ᠃ 2006 ᠣᠨ ᠠᠴᠠ ᠤᠯᠤᠰ ᠤᠨ ᠰᠢᠭᠰᠢᠭᠡ ᠳᠦ ᠪᠠᠭᠳᠠᠵᠣ ᠣᠯᠠᠨ ᠤᠯᠤᠰ ᠤᠨ ᠲᠡᠮᠡᠴᠡᠭᠡᠨ ᠳᠦ 100 ᠺᠢᠯᠣᠭ᠍ᠷᠠᠮ ᠵᠢᠩ ᠳᠦ ᠪᠠᠷᠢᠯᠳᠤᠳᠠᠭ ᠪᠣᠯᠤᠭᠰᠠᠨ᠃[1] 2007 ᠣᠨ ᠳᠤ ᠡᠯ-ᠺᠦᠪᠠᠶᠢᠲᠡᠶᠢᠨ ᠠᠽᠢᠶ᠎ᠠ ᠶᠢᠨ ᠠᠪᠤᠷᠠᠭ᠎ᠠ ᠰᠢᠯᠭᠠᠷᠠᠭᠤᠯᠬᠤ ᠲᠡᠮᠡᠴᠡᠭᠡᠨ ᠍ ᠡᠴᠡ ᠮᠥᠩᠭᠥ᠂ 2008 ᠣᠨ ᠳᠤ ᠴᠡᠵᠦᠳ ᠪᠣᠯᠤᠭᠰᠠᠨ ᠠᠽᠢᠶ᠎ᠠ ᠶᠢᠨ ᠠᠪᠤᠷᠠᠭ᠎ᠠ ᠰᠢᠯᠭᠠᠷᠠᠭᠤᠯᠬᠤ ᠲᠡᠮᠡᠴᠡᠭᠡᠨ ᠡᠴᠡ ᠬᠦᠷᠡᠯ ᠮᠧᠳᠠᠯ ᠬᠦᠷᠢᠲᠦᠪᠡ᠃ ᠨᠠᠮᠤᠷ ᠨᠢ ᠪᠣᠯᠤᠭᠰᠠᠨ ᠣᠯᠢᠮᠫᠢᠺ ᠤᠨ ᠨᠠᠭᠠᠳᠤᠮ ᠳᠤ ᠲᠠᠪᠤᠨ ᠤᠴᠠᠷᠠᠭ᠎ᠠ ᠪᠠᠨ ᠳᠡᠶᠢᠯᠵᠦ ᠮᠣᠩᠭᠣᠯ ᠤᠯᠤᠰ ᠤᠨ ᠲᠡᠦᠬᠡᠨ ᠳᠦ ᠠᠩᠬᠠᠨ ᠤ ᠠᠯᠲᠠᠨ ᠮᠧᠳᠠᠯ ᠢ ᠠᠪᠴᠢᠷᠠᠵᠠᠢ᠃ ᠢᠩᠭᠦᠬᠦ ᠳᠦ ᠪᠡᠨ ᠶᠠᠫᠣᠨ ᠤ ᠰᠦᠵᠦᠬᠢᠭ ᠳᠠᠪᠬᠤᠷ ᠬᠠᠮᠤᠵᠤ ᠴᠡᠪᠡᠷ᠂ ᠭᠧᠷᠮᠠᠨ ᠤ ᠪᠧᠷᠯᠢᠭ ᠶᠦᠺᠣ ᠦᠨᠡᠯᠡᠭᠡ ᠪᠡᠷ᠂ ᠡᠮᠦᠨ᠎ᠡ ᠰᠣᠯᠣᠩᠭᠣᠰ ᠤᠨ ᠴᠢᠨᠠᠭ ᠺᠣᠣᠺᠠ ᠦᠨᠡᠯᠡᠭᠡ ᠪᠡᠷ᠂ ᠠᠽᠧᠷᠪᠠᠶᠢᠵᠠᠨ ᠤ ᠮᠢᠷᠠᠯᠧᠪ ᠢ ᠴᠠᠭ ᠰᠤᠩᠭᠠᠵᠤ ᠶᠦᠺᠣ ᠪᠠᠷ᠂ ᠡᠴᠦᠰᠲᠦᠭᠡ ᠬᠠᠰᠠᠭ ᠤᠨ ᠵᠢᠲ᠋ᠺᠧᠧᠪ ᠢ ᠸᠠᠽᠠ ᠠᠷᠠᠭᠢ ᠪᠠᠷ ᠬᠣᠵᠢᠵᠠᠢ᠃ 2012 ᠣᠨ ᠤ ᠣᠯᠢᠮᠫᠣᠳ ᠳᠥᠷᠪᠡ ᠢᠯᠠᠵᠤ᠂ ᠣᠷᠣᠰ ᠤᠨ ᠲᠠᠭᠢᠷ ᠬᠠᠪᠤᠯᠢᠶᠧᠸᠲᠠᠢ ᠦᠯᠡᠳᠡᠭᠡᠳ ᠮᠥᠩᠭᠥᠨ ᠮᠧᠳᠠᠯ ᠬᠦᠷᠢᠲᠦᠵᠦ ᠣᠯᠢᠮᠫᠢᠺ ᠤᠨ ᠬᠣᠣᠰ ᠮᠧᠳᠠᠯᠢᠲᠠᠨ ᠪᠣᠯᠵᠠᠢ᠃ ᠡᠨᠡ ᠬᠣᠭᠣᠷᠣᠨᠳᠣ ᠯᠠᠪ ᠬᠣᠶᠠᠷ ᠤᠳᠠᠭ᠎ᠠ (2010, 2011) ᠮᠣᠩᠭᠣᠯ ᠤᠯᠤᠰ ᠤᠨ ᠠᠪᠤᠷᠭᠤ ᠪᠣᠯᠤᠭᠠᠳ ᠪᠠᠶᠢᠭ᠎ᠠ᠃

2008 ᠣᠨ ᠤ 8 ᠍ ᠳᠦᠭᠡᠷ ᠰᠠᠷ᠎ᠠ ᠶᠢᠨ 25 ᠍ ᠳᠦ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠵᠠᠷᠯᠢᠭ ᠢᠶᠠᠷ ᠨᠠᠶᠢᠳᠠᠨ ᠤ ᠲᠦᠪᠰᠢᠨᠪᠠᠶᠠᠷ ᠲᠤ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ᠂ ᠰᠦᠬᠡᠪᠠᠭᠠᠲᠤᠷ ᠤᠨ ᠣᠳᠣᠨ᠂ ᠠᠯᠲᠠᠨ ᠭᠠᠳᠠᠰᠤ ᠣᠳᠣᠨ᠂ ᠮᠣᠩᠭᠣᠯ ᠤᠯᠤᠰ ᠤᠨ ᠭᠠᠪᠢᠶᠠᠲᠤ ᠲᠠᠮᠢᠷᠴᠢᠨ ᠴᠣᠯᠠ ᠱᠠᠩᠨᠠᠵᠠᠢ᠃ ᠲᠦᠪᠰᠢᠨᠪᠠᠶᠠᠷ 2009 ᠣᠨ ᠳᠤ ᠡᠷᠳᠡᠨᠢᠲᠦᠡᠶᠢᠨ ᠠᠭᠤᠭᠤᠯ ᠪ᠃ ᠣᠶᠤᠨᠪᠢᠯᠢᠭ ᠲᠡᠢ ᠭᠡᠷᠯᠡᠵᠦ᠂ ᠮᠠᠩᠯᠠᠢ᠂ ᠮᠠᠨᠳᠤᠬᠤ ᠬᠣᠶᠠᠷ ᠬᠦᠦ᠂ ᠥᠦᠯᠡᠨ ᠭᠡᠬᠦ ᠥᠬᠢᠨ ᠲᠠᠢ ᠪᠣᠯᠤᠭᠰᠠᠨ ᠪᠠ ᠭᠡᠷ ᠪᠦᠯᠢ ᠪᠡᠷ ᠢᠶᠡᠨ ᠤᠯᠠᠭᠠᠨᠪᠠᠭᠠᠲᠤᠷ ᠲᠤ ᠠᠮᠢᠳᠤᠷᠠᠵᠤ ᠪᠠᠶᠢᠨ᠎ᠠ᠃[2]

ᠦᠨᠳᠦᠰᠦᠨ ᠦ ᠪᠥᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

2013 ᠣᠨ ᠤ ᠤᠯᠤᠰ ᠤᠨ ᠨᠠᠭᠠᠳᠤᠮ ᠳᠤ 6 ᠳᠠᠪᠠᠨ ᠰᠢᠪᠦᠭᠡᠷᠡᠴᠢ᠂ ᠤᠯᠤᠰ ᠤᠨ ᠬᠠᠷᠴᠠᠭ᠎ᠠ ᠴᠣᠯᠠ ᠬᠦᠷᠲᠡᠭᠰᠡᠨ᠃ ᠮᠥᠨ 2006 ᠪᠣᠯᠤᠨ 2012 ᠣᠨ ᠨᠤᠭᠤᠳ ᠲᠤ ᠤᠯᠤᠰ ᠤᠨ ᠨᠠᠭᠠᠳᠤᠮ ᠳᠤ 4 ᠳᠠᠪᠠᠵᠤ ᠪᠠᠶᠢᠪᠠ᠃

ᠡᠬᠡ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]