ᠨᠠᠶᠢᠮᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠨᠠᠶᠢᠮᠠᠨ ᠨᠢ ᠲᠥᠪ ᠠᠽᠢᠶ᠎ᠠ ᠳᠤ ᠨᠤᠲᠤᠭᠯᠠᠳᠠᠭ ᠪᠠᠶᠢᠭᠰᠠᠨ ᠨᠢᠭᠡᠨ ᠠᠶᠢᠮᠠᠭ ᠪᠥᠭᠡᠳ ᠶᠡᠬᠡᠩᠬᠢ ᠰᠤᠳᠤᠯᠤᠭᠠᠴᠢᠳ ᠤᠨ ᠰᠤᠳᠤᠯᠭ᠎ᠠ ᠪᠠᠷ ᠲᠡᠳᠡ ᠮᠣᠩᠭᠣᠯ ᠠᠶᠢᠮᠠᠭ ᠪᠠᠶᠢᠭᠰᠠᠨ ᠪᠠᠶᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠳᠡ 1177 ᠣᠨ ᠬᠦᠷᠲᠡᠯ᠎ᠡ ᠬᠠᠷ᠎ᠠ ᠬᠢᠲᠠᠨᠢ ᠬᠠᠷᠢᠶᠠᠨ ᠳᠤ ᠪᠠᠶᠢᠭᠰᠠᠨ᠃ 1204 ᠣᠨ ᠳᠤ ᠲᠡᠳᠡᠨ ᠦ ᠰᠡᠭᠦᠯᠴᠢ ᠶᠢᠨ ᠬᠠᠨ ᠲᠠᠶᠠᠨ ᠠᠯᠠᠭᠳᠠᠵᠤ᠂ ᠠᠯᠪᠠᠲᠤ ᠢᠷᠭᠡᠳ ᠨᠢ ᠴᠢᠩᠭᠢᠰ ᠬᠠᠭᠠᠨ ᠳᠤ ᠳᠠᠭᠠᠷ᠎ᠠ ᠣᠷᠣᠭᠰᠠᠨ ᠪᠥᠭᠡᠳ ᠲᠠᠶᠠᠨ ᠬᠠᠨ ᠤ ᠬᠦᠦ ᠬᠦᠴᠦᠯᠦᠭ ᠬᠠᠷ᠎ᠠ ᠬᠠᠳᠠᠨ ᠷᠤ ᠵᠤᠭᠠᠲᠠᠵᠤ ᠣᠴᠢᠬᠤ ᠳᠤ ᠲᠡᠳᠡᠨ ᠦ ᠬᠠᠭᠠᠨ ᠨᠢ ᠨᠠᠶᠢᠷᠰᠠᠭ ᠢᠶᠠᠷ ᠬᠦᠯᠢᠶᠡᠨ ᠠᠪᠴᠤ᠂ ᠣᠬᠢᠨ᠎ᠠ ᠪᠠᠨ ᠬᠠᠲᠤᠨ ᠪᠣᠯᠭᠠᠨ ᠥᠭᠴᠦ ᠪᠠᠶᠢᠴᠠᠢ᠃ ᠣᠷᠣᠰ ᠤᠨ ᠲᠦᠷᠦᠭ ᠰᠤᠳᠤᠯᠤᠭᠠᠴᠢ ᠨ᠃ᠠᠷᠢᠰᠲ᠋ᠣᠪ ᠮᠣᠩᠭᠣᠯ ᠤᠨ ᠨᠢᠭᠤᠴᠠ ᠲᠣᠪᠴᠢᠶᠠᠨ ᠤ ᠮᠡᠳᠡᠭᠡᠨ ᠳᠦ ᠦᠨᠳᠦᠰᠦᠯᠡᠨ ᠨᠠᠶᠢᠮᠠᠨ ᠤ ᠨᠤᠲᠤᠭ ᠡᠷᠴᠢᠰ ᠮᠥᠷᠡᠨ ᠡᠴᠡ ᠮᠣᠩᠭᠣᠯ ᠤᠨ ᠲᠠᠮᠢᠷ ᠭᠣᠣᠯ ᠬᠦᠷᠲᠡᠯᠡᠬᠢ ᠭᠠᠵᠠᠷ ᠢ ᠬᠠᠮᠤᠷᠴᠢ ᠪᠠᠶᠢᠭᠰᠠᠨ ᠭᠡᠵᠦ ᠦᠵᠡᠵᠡᠢ᠃ ᠮᠣᠩᠭᠣᠯ ᠤᠨ ᠨᠢᠭᠤᠴᠠ ᠲᠣᠪᠴᠢᠶᠠᠨ ᠤ 198 ᠍ ᠍ ᠳᠦᠭᠡᠷ ᠵᠦᠢᠯ ᠳᠦ 《ᠨᠠᠶᠢᠮᠠᠨ ᠤ ᠬᠦᠴᠦᠭᠦᠯᠦᠭ ᠬᠠᠨ ᠤᠯᠤᠰ ᠢᠶᠠᠨ ᠠᠯᠳᠠᠭ᠎ᠠ ᠳᠤ ᠴᠥᠭᠡᠨ ᠬᠦᠮᠦᠨ ᠲᠡᠢ ᠳᠤᠲᠠᠭᠠᠵᠤ ᠶᠠᠪᠤᠭ᠎ᠠ ᠮᠡᠷᠬᠢᠳ ᠦᠨ ᠲᠣᠭᠲᠠᠭ᠎ᠠ ᠲᠠᠢ ᠠᠭᠤᠯᠵᠠᠵᠤ᠂ ᠡᠷᠴᠢᠰ ᠮᠥᠷᠡᠨ ᠦ ᠪᠦᠬᠦᠳᠡᠷᠮᠡ ᠭᠡᠳᠡᠭ ᠭᠠᠵᠠᠷ ᠬᠠᠮᠲᠤᠷᠠᠨ ᠴᠡᠷᠢᠭ ᠢᠶᠡᠨ ᠵᠠᠰᠠᠵᠤ ᠪᠠᠶᠢᠵᠠᠢ》 ᠭᠡᠵᠦ ᠳᠤᠷᠢᠳᠠᠭᠳᠠᠭᠰᠠᠨ ᠪᠠᠶᠢᠳᠠᠭ᠃

ᠬᠦᠴᠦᠯᠦᠭ 1211 ᠣᠨ ᠳᠤ ᠬᠠᠷ᠎ᠠ ᠬᠢᠲᠠᠨ ᠤ ᠬᠠᠭᠠᠨ ᠰᠠᠭᠤᠳᠠᠯ ᠢ ᠪᠤᠯᠢᠶᠠᠨ ᠠᠪᠴᠤ᠂ 1218 ᠣᠨ ᠳᠤ ᠵᠡᠪᠡ ᠵᠠᠩᠵᠤᠨ ᠬᠠᠷ᠎ᠠ ᠬᠢᠲᠠᠨ ᠢ ᠳᠠᠶᠢᠯᠠᠬᠤ ᠬᠦᠷᠲᠡᠯ᠎ᠡ ᠬᠠᠭᠠᠨ ᠰᠠᠭᠤᠴᠠᠢ᠃

ᠨᠠᠶᠢᠮᠠᠨ ᠤ ᠬᠠᠨᠯᠢᠭ ᠮᠥᠬᠦᠭᠰᠡᠨ ᠴᠤ ᠲᠡᠳᠡ ᠶᠡᠬᠡ ᠮᠣᠩᠭᠣᠯ ᠤᠯᠤᠰ ᠍ ᠍ ᠤᠨ ᠲᠡᠦᠬᠡᠨ ᠳᠦ ᠲᠣᠳᠣᠷᠬᠠᠢ ᠡᠭᠦᠷᠭᠡ ᠭᠦᠢᠴᠡᠳᠭᠡᠭᠰᠡᠨ᠃ ᠴᠢᠩᠭᠢᠰ ᠬᠠᠭᠠᠨ ᠨᠠᠶᠢᠮᠠᠨ ᠠᠶᠢᠮᠠᠭ ᠢ ᠡᠵᠡᠯᠡᠬᠦ ᠳᠦ ᠨᠠᠶᠢᠮᠠᠨ ᠤ ᠨᠢᠭᠡᠨ ᠲᠦᠰᠢᠮᠡᠯ ᠲᠠᠲᠠᠲᠤᠩᠭ᠎ᠠ ᠮᠣᠩᠭᠣᠯᠴᠤᠳ ᠲᠤ ᠪᠢᠴᠢᠭ ᠦᠰᠦᠭ ᠵᠢᠭᠠᠵᠤ ᠥᠭᠭᠦᠭᠰᠡᠨ ᠭᠡᠰᠡᠨ ᠳᠣᠮᠣᠭ ᠪᠠᠶᠢᠳᠠᠭ᠃ ᠥᠭᠡᠲᠡᠢ ᠬᠠᠭᠠᠨ ᠤ ᠶᠡᠬᠡ ᠬᠠᠲᠤᠨ ᠳᠥᠷᠭᠦᠨ᠎ᠡ ᠨᠠᠶᠢᠮᠠᠨ ᠠᠶᠢᠮᠠᠭ ᠤᠨ ᠬᠦᠮᠦᠨ ᠪᠠᠶᠢᠭᠰᠠᠨ ᠭᠡᠵᠦ ᠦᠵᠡᠳᠡᠭ᠃ ᠲᠡᠭᠦᠨᠴᠢᠯᠡᠨ ᠬᠦᠯᠢᠭᠦ ᠨᠠᠶᠢᠮᠠᠨ ᠠᠶᠢᠮᠠᠭ ᠤᠨ ᠬᠡᠲᠦᠪᠤᠬᠤ ᠭᠡᠭᠴᠢ ᠵᠠᠩᠵᠤᠨ ᠲᠠᠢ ᠪᠠᠶᠢᠭᠰᠠᠨ ᠨᠢ 1260 ᠣᠨ ᠤ ᠠᠶᠤᠨ ᠵᠢᠯᠤᠲᠠ ᠶᠢᠨ ᠲᠤᠯᠤᠯᠳᠤᠭᠠᠨ ᠳᠤ ᠠᠮᠢ ᠦᠷᠡᠭᠳᠡᠵᠡᠢ᠃

ᠣᠳᠣ ᠬᠠᠰᠠᠭᠴᠤᠳ ᠤᠨ ᠳᠤᠮᠳᠠ ᠳᠣᠣᠷ᠎ᠠ ᠬᠠᠶᠠᠵᠤ 400 ᠮᠢᠩᠭᠠᠨ ᠨᠠᠶᠢᠮᠠᠨ ᠭᠠᠷᠤᠯ ᠲᠠᠢ ᠬᠦᠮᠦᠨ ᠪᠤᠢ᠃ ᠨᠠᠶᠢᠮᠠᠨᠴᠤᠳ ᠤᠨ ᠵᠠᠷᠢᠮ ᠨᠢ ᠺᠢᠷᠭᠢᠽ᠂ ᠦᠽᠪᠧᠺᠠᠴᠤᠳ ᠲᠤ ᠠᠭᠤᠰᠴᠠᠢ᠃ ᠮᠥᠨ ᠠᠹᠬᠠᠨᠨᠢᠰᠲᠠᠨ ᠳᠠᠬᠢ ᠬᠠᠵᠠᠷᠠ ᠮᠣᠩᠭᠣᠯᠴᠤᠳ᠂ ᠮᠣᠩᠭᠣᠯ ᠤᠯᠤᠰ ᠤᠨ ᠬᠣᠶᠢᠳᠤ ᠬᠡᠰᠡᠭ ᠢᠶᠡᠷ ᠴᠤ ᠨᠠᠶᠢᠮᠠᠨ ᠭᠠᠷᠤᠯ ᠲᠠᠢ ᠬᠦᠮᠦᠰ ᠴᠥᠭᠡᠨ ᠲᠣᠭ᠎ᠠ ᠪᠠᠷ ᠪᠠᠶᠢᠳᠠᠭ᠃ ᠥᠪᠥᠷ ᠮᠣᠩᠭᠣᠯ ᠳᠤ ᠮᠣᠩᠭᠣᠯ ᠬᠡᠯᠡᠨ ᠦ ᠨᠠᠶᠢᠮᠠᠨ ᠠᠶᠠᠯᠭ᠎ᠠ ᠪᠠᠷ ᠶᠠᠷᠢᠯᠴᠠᠳᠠᠭ ᠨᠠᠶᠢᠮᠠᠨ ᠶᠠᠰᠤᠲᠠᠨ ᠪᠤᠢ᠃

ᠭᠠᠷᠤᠯ ᠤᠭᠰᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠣᠨᠣᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠳᠠᠨᠴᠤᠤᠳ 1120 ᠍ ᠍ ᠢᠤᠳ᠋ ᠣᠨ ᠳᠤ ᠪᠠᠷᠠᠭᠤᠨ ᠲᠡᠰᠢ ᠨᠡᠭᠦᠨ ᠬᠠᠷ᠎ᠠ ᠬᠢᠳᠠᠨ ᠤᠯᠤᠰ ᠢ ᠪᠠᠶᠢᠭᠤᠯᠤᠭᠳᠠᠬᠤ ᠳᠤ ᠨᠠᠶᠢᠮᠠᠨ ᠤ ᠬᠠᠨᠯᠢᠭ ᠪᠠᠶᠢᠭᠤᠯᠤᠭᠳᠠᠭᠰᠠᠨ ᠬᠠᠷᠢᠨ ᠬᠢᠳᠠᠨ ᠤ ᠡᠷᠲᠡᠨ ᠦ ᠨᠢᠭᠡᠨ ᠨᠣᠶᠠᠨ 8 ᠬᠦᠦᠲᠡᠢ ᠪᠠᠶᠢᠭᠰᠠᠨ ᠨᠢ ᠨᠠᠶᠢᠮᠠᠨ ᠤ ᠬᠠᠨᠯᠢᠭ ᠤᠨ ᠨᠡᠷᠡ ᠪᠣᠯᠤᠭᠰᠠᠨ ᠭᠡᠵᠦ ᠵᠠᠷᠢᠮ ᠡᠷᠳᠡᠮᠲᠡᠳ ᠦᠵᠡᠳᠡᠭ᠃ ᠣᠶᠢᠷᠠᠳ ᠍ ᠍ ᠤᠨ ᠳᠥᠷᠪᠡᠳᠴᠣᠷᠣᠰ ᠶᠠᠰᠤᠲᠠᠨ ᠨᠤᠭᠤᠳ ᠨᠠᠶᠢᠮᠠᠨ ᠭᠠᠷᠤᠯ ᠲᠠᠢ ᠭᠡᠬᠦ ᠦᠵᠡᠯ ᠪᠤᠢ᠃ ᠠᠯᠠᠨ ᠰᠦᠨᠳᠧᠷᠰ ᠲᠡᠳᠡᠨ ᠢ ᠮᠣᠩᠭᠣᠯᠵᠢᠭ᠌ᠰᠠᠨ ᠲᠦᠷᠦᠭ ᠦᠳ ᠭᠡᠵᠦ ᠦᠵᠡᠵᠡᠢ᠃[1] ᠮᠥᠨ ᠬᠠᠰᠠᠭᠰᠲ᠋ᠠᠨ ᠤ ᠣᠯᠠᠨ ᠡᠷᠳᠡᠮᠲᠡᠨ ᠰᠤᠳᠤᠯᠤᠭᠠᠴᠢᠳ ᠨᠠᠶᠢᠮᠠᠨᠴᠤᠳ ᠢ ᠮᠣᠩᠭᠣᠯ ᠠᠶᠢᠮᠠᠭ ᠭᠡᠰᠡᠨ ᠦᠵᠡᠯ ᠢ ᠳᠡᠮᠵᠢᠳᠡᠭ᠃[2]

ᠬᠠᠰᠠᠭᠰᠲ᠋ᠠᠨ ᠤ history.kz ᠰᠠᠶᠢᠲᠤ ᠲᠡᠳᠡᠨ ᠦ ᠨᠤᠲᠤᠭᠯᠠᠵᠤ ᠪᠠᠶᠢᠭᠰᠠᠨ ᠭᠠᠵᠠᠷ ᠵᠦᠢ ᠶᠢᠨ ᠪᠠᠶᠢᠷᠢᠰᠢᠯ ᠳᠤ ᠨᠢ ᠦᠨᠳᠦᠰᠦᠯᠡᠨ ᠨᠠᠶᠢᠮᠠᠨᠴᠤᠳ ᠦᠷᠭᠦᠯᠵᠢ ᠮᠣᠩᠭᠣᠯ ᠣᠪᠤᠭ ᠠᠶᠢᠮᠠᠭ ᠤᠳ ᠤᠨ ᠳᠤᠮᠳᠠ ᠬᠦᠷᠢᠶᠡᠯᠡᠭᠳᠡᠨ ᠣᠷᠣᠰᠢᠵᠤ ᠪᠠᠶᠢᠭᠰᠠᠨ ᠮᠣᠩᠭᠣᠯ ᠠᠶᠢᠮᠠᠭ ᠭᠡᠵᠦ ᠪᠢᠴᠢᠵᠡᠢ᠃ [3]

ᠲᠦᠷᠦᠭ ᠣᠨᠣᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠷᠦᠭ ᠤᠯᠤᠰ ᠤᠨ ᠦᠶ᠎ᠡ ᠳᠦ ᠮᠣᠩᠭᠣᠯ ᠤᠨ ᠲᠥᠪ ᠬᠡᠰᠡᠭ ᠲᠦ ᠪᠠᠶᠢᠭᠰᠠᠨ ᠰᠧᠺᠢᠽ ᠣᠭᠤᠵᠠ ᠠᠶᠢᠮᠠᠭ ᠬᠣᠵᠢᠮ ᠨᠠᠶᠢᠮᠠᠨ ᠪᠣᠯᠤᠭᠰᠠᠨ᠂ ᠮᠣᠩᠭᠣᠯ ᠤᠨ ᠨᠢᠭᠤᠴᠠ ᠲᠣᠪᠴᠢᠶ᠎ᠠ ᠳᠦ ᠭᠠᠷᠳᠠᠭ ᠨᠠᠶᠢᠮᠠᠨ ᠬᠦᠮᠦᠰ ᠦᠨ ᠨᠡᠷ᠎ᠡ ᠲᠦᠷᠦᠭ ᠦᠭᠡ ᠭᠡᠰᠡᠨ ᠣᠨᠣᠯ ᠪᠤᠢ᠃ 》ᠰᠧᠺᠢᠽ《 ᠨᠢ 8 ᠭᠡᠰᠡᠨ ᠲᠦᠷᠢᠭ ᠦᠭᠡ ᠶᠤᠮ᠃ ᠣᠭᠤᠵᠠ ᠨᠢ ᠣᠳᠣ ᠶᠢᠨ ᠲᠦᠺᠮᠧᠨ᠂ ᠰᠠᠯᠠᠷ ᠲᠦᠷᠦᠭ᠂ БНТУ ᠍ ᠍ ᠦᠨ ᠲᠦᠷᠺ ᠤᠳ ᠤᠨ ᠡᠪᠦᠭᠡ ᠲᠦᠷᠦᠭ ᠠᠶᠢᠮᠠᠭ ᠪᠥᠭᠡᠳ ᠬᠠᠰᠠᠭ᠂ ᠺᠢᠷᠭᠢᠽ ᠵᠡᠷᠭᠡ ᠪᠤᠰᠤᠳ ᠲᠦᠷᠦᠭ ᠦᠳ ᠦᠨ ᠪᠦᠷᠢᠯᠳᠦᠬᠦᠨ ᠳᠦ ᠲᠡᠳᠦᠶᠢᠯᠡᠨ ᠣᠷᠣᠭ᠎ᠠ ᠦᠭᠡᠢ ᠪᠣᠯᠤᠯᠲᠠᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠨᠠᠶᠢᠮᠠᠨ&oldid=411976》 ᠍  ᠡᠴᠡ ᠠᠪᠤᠭᠰᠠᠨ

ᠪᠢᠴᠢᠭᠡᠰᠦ