ᠨᠠᠴᠢᠩ ᠦᠨ ᠪᠠᠰᠠᠩᠵᠠᠪ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠨᠠᠴᠢᠩ ᠦᠨ ᠪᠠᠰᠠᠩᠵᠠᠪ
ᠲᠥᠷᠦᠭᠰᠡᠨ ᠤᠨ 1944 ᠣᠨ
ᠲᠥᠷᠦᠭᠰᠡᠨ ᠭᠠᠵᠠᠷ ᠮᠣᠩᠭᠣᠯ ᠤᠯᠤᠰ ᠍ ᠤᠨ ᠬᠣᠪᠲᠣ ᠠᠶᠢᠮᠠᠭ ᠤᠨ ᠴᠡᠴᠡᠭ ᠰᠤᠮᠤ
ᠦᠨᠳᠦᠰᠦᠲᠡᠨ ᠮᠣᠩᠭᠣᠯ ᠦᠨᠳᠦᠰᠦᠲᠡᠨ
ᠢᠷᠭᠡᠨ Flag of Mongolia.svg ᠮᠣᠩᠭᠣᠯ
ᠠᠵᠢᠯ ᠡᠮᠴᠢ

ᠳᠠᠮ᠎ᠠ ᠣᠪᠣᠭᠲᠤ ᠨᠠᠴᠢᠩ ᠦᠨ ᠪᠠᠰᠠᠩᠵᠠᠪ - ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷᠠᠷᠠᠳ ᠤᠨ ᠡᠮᠴᠢ᠂ ᠵᠢᠷᠦᠬᠡᠨ ᠦ ᠮᠡᠰᠡ ᠵᠠᠰᠠᠯᠴᠢ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

  • 1967 ᠣᠨ ᠳᠤ АУДС ᠍ ᠢ ᠲᠡᠭᠦᠰᠦᠭᠰᠡᠨ᠃
  • ᠬᠣᠪᠳᠣ ᠠᠶᠢᠮᠠᠭ ᠲᠤ ᠪᠠᠨ ᠡᠮᠴᠢ᠂
  • ᠤᠯᠠᠭᠠᠨᠪᠠᠭᠠᠲᠤᠷ ᠬᠣᠳᠠ ᠳᠤ ᠫ᠃ᠨ᠃ᠱᠠᠰᠲᠢᠨ ᠤ ᠨᠡᠷᠡᠮᠵᠢᠲᠦ ᠺᠯᠢᠨᠢᠺ ᠤᠨ III ᠡᠮᠨᠡᠯᠭᠡ ᠳᠦ ᠮᠡᠰᠡ ᠵᠠᠰᠠᠯᠴᠢ᠂ ᠲᠠᠰᠤᠭ ᠤᠨ ᠡᠷᠬᠢᠯᠡᠭᠴᠢ᠂ ᠵᠦᠪᠳᠡᠬᠦ ᠡᠮᠴᠢ᠂
  • АУИС ᠍ ᠳᠦ ᠪᠠᠭᠰᠢ᠂ ᠮᠡᠰᠡ ᠵᠠᠰᠠᠯ ᠤᠨ ᠲᠡᠩᠬᠡᠮ ᠦᠨ ᠡᠷᠬᠢᠯᠡᠭᠴᠢ᠂ ᠺᠯᠢᠨᠢᠺ ᠤᠨ ᠵᠠᠬᠢᠷᠤᠯ᠂ ᠵᠢᠷᠦᠬᠡᠨ ᠦ ᠮᠡᠰᠡ ᠵᠠᠰᠠᠯ ᠤᠨ ᠰᠧᠺᠲ᠋ᠣᠷ ᠤᠨ ᠡᠷᠬᠢᠯᠡᠭᠴᠢ᠂
  • ᠠᠨᠠᠭᠠᠬᠤ ᠤᠬᠠᠭᠠᠨ ᠤ ᠦᠨᠳᠦᠰᠦᠨ ᠦ ᠬᠦᠷᠢᠶᠡᠯᠡᠩ ᠦᠨ ᠵᠠᠬᠢᠷᠤᠯ᠂
  • ᠡᠷᠡᠭᠦᠯ ᠮᠡᠨᠳᠦ ᠶᠢᠨ ᠶᠠᠮᠤ ᠤ ᠮᠡᠰᠡ ᠵᠠᠰᠠᠯ ᠤᠨ ᠵᠥᠪᠯᠡᠯ ᠦᠨ ᠳᠠᠷᠤᠭ᠎ᠠ ᠪᠠᠷ ᠠᠵᠢᠯᠯᠠᠵᠤ ᠢᠷᠡᠵᠡᠢ᠃

ᠠᠨᠠᠭᠠᠬᠤ ᠤᠬᠠᠭᠠᠨ ᠤ ᠮᠡᠰᠡ ᠵᠠᠰᠠᠯ ᠤᠨ ᠰᠠᠯᠪᠤᠷᠢ ᠳᠤ 30 ᠭᠠᠷᠤᠢ ᠵᠢᠯ ᠠᠵᠢᠯᠯᠠᠬᠤ ᠳᠤ ᠪᠠᠨ ᠵᠢᠷᠦᠬᠡ ᠰᠤᠳᠠᠰᠤᠨ ᠤ ᠮᠡᠰᠡ ᠵᠠᠰᠠᠯ ᠠᠴᠠ ᠭᠠᠳᠠᠨ᠎ᠠ ᠠᠭᠤᠰᠭᠢ᠂ ᠤᠯᠠᠭᠠᠨ ᠬᠣᠭᠣᠯᠠᠢ᠂ ᠳᠣᠲᠣᠷ᠎ᠠ ᠭᠡᠳᠡᠰᠦ᠂ ᠡᠯᠢᠭᠡ ᠰᠥᠰᠦᠨ ᠦ ᠵᠠᠮ᠎ᠠ ᠨᠤᠭᠤᠳ ᠤᠨ ᠣᠯᠠᠨ ᠬᠤᠪᠢᠯᠪᠤᠷᠢ ᠬᠠᠭᠠᠯᠭ᠎ᠠ ᠨᠤᠭᠤᠳ ᠤᠨ ᠠᠷᠭ᠎ᠠ ᠲᠧᠭᠨᠣᠯᠣᠭᠢ ᠶᠢ ᠲᠡᠭᠦᠰ ᠡᠵᠡᠮᠰᠢᠭᠰᠡᠨ᠃

ᠰᠢᠨᠵᠢᠯᠡᠬᠦ ᠤᠬᠠᠭᠠᠨ ᠳᠤ ᠣᠷᠣᠭᠤᠯᠤᠭᠰᠠᠨ ᠬᠤᠪᠢ ᠨᠡᠮᠡᠷᠢ᠂ ᠨᠡᠭᠡᠭᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠭᠡᠳᠡᠰᠦᠨ ᠦ ᠴᠣᠴᠢᠮᠠᠭ ᠲᠦᠭᠵᠢᠷᠡᠯ ᠢ ᠡᠷᠲᠡ ᠣᠨᠣᠰᠢᠯᠠᠬᠤ ᠣᠨᠣᠰᠢᠯᠠᠭᠣᠨ ᠤ ᠰᠢᠨ᠎ᠡ ᠠᠷᠭ᠎ᠠ ᠶᠢ ᠪᠣᠯᠪᠠᠰᠤᠷᠠᠭᠤᠯᠤᠨ ᠣᠨᠣᠯ ᠤᠨ ᠲᠠᠶᠢᠯᠪᠤᠷᠢ ᠥᠭᠴᠦ᠂ ᠫᠷᠠᠺᠲ᠋ᠢᠭ ᠢᠶᠠᠷ ᠨᠣᠲᠠᠯᠠᠭᠰᠠᠨ᠃
  • ᠵᠢᠷᠦᠬᠡᠨ ᠦ ᠮᠡᠰᠡ ᠵᠠᠰᠠᠯ ᠤᠨ ᠰᠠᠯᠪᠤᠷᠢ ᠶᠢᠨ ᠣᠯᠠᠨ ᠲᠠᠯᠠᠲᠤ ᠰᠤᠳᠤᠯᠭᠠᠨ ᠤ ᠦᠷ᠎ᠡ ᠳ᠋ᠦᠩ ᠳᠦ ᠦᠩᠬᠦᠯᠴᠡᠭ ᠬᠠᠯᠢᠰᠤᠨ ᠤ ᠡᠳ᠋, ᠡᠰ᠂ ᠠᠨᠠᠲ᠋ᠣᠮᠢ ᠶᠢᠨ ᠲᠣᠭᠲᠠᠴᠠ ᠶᠢᠨ ᠣᠨᠴᠠᠯᠢᠭ ᠤᠳ ᠢ ᠰᠤᠳᠤᠯᠤᠨ ᠵᠢᠷᠦᠬᠡᠨ ᠦ ᠦᠩᠬᠦᠯᠴᠡᠭ ᠬᠠᠯᠢᠰᠤᠨ ᠤ ᠥᠷᠦᠴᠡ ᠲᠡᠢ ᠨᠡᠶᠢᠯᠡᠵᠦ ᠪᠠᠶᠢᠭ᠎ᠠ ᠬᠡᠰᠡᠭ ᠨᠢ ᠪᠤᠰᠤᠳ ᠬᠡᠰᠡᠭ ᠡᠴᠡ ᠪᠡᠨ 0.1-02 ᠮᠮ ᠢᠯᠡᠭᠦᠦ ᠵᠤᠵᠠᠭᠠᠨ ᠪᠣᠯᠬᠤ ᠶᠢ ᠲᠣᠭᠲᠠᠭᠠᠨ ᠵᠢᠷᠦᠬᠡᠨ ᠦ ᠲᠠᠰᠤᠯᠠᠪᠴᠢ ᠶᠢᠨ ᠴᠣᠭᠣᠷᠠᠬᠠᠢ ᠶᠢ ᠵᠥᠪᠬᠡᠨ ᠲᠡᠷᠡ ᠵᠤᠵᠠᠭᠠᠨ ᠬᠡᠰᠡᠭ ᠡᠴᠡ ᠠᠪᠴᠤ ᠨᠥᠬᠦᠬᠦ ᠰᠢᠨ᠎ᠡ ᠠᠷᠭ᠎ᠠ ᠶᠢ ᠪᠣᠯᠪᠠᠰᠤᠷᠠᠭᠤᠯᠤᠭᠰᠠᠨ᠃ ᠡᠨᠡ ᠬᠡᠰᠡᠭ ᠨᠢ ᠥᠷᠦᠴᠡᠨ ᠦ ᠰᠢᠷᠬᠡᠭᠯᠢᠭ ᠡᠳ᠋ ᠍ ᠦᠨ ᠦᠷᠭᠦᠯᠵᠢᠯᠡᠯ ᠭᠡᠳᠡᠭ ᠣᠨᠣᠯ ᠤᠨ ᠳ᠋ᠦᠩᠨᠡᠯᠲᠡ ᠭᠠᠷᠭᠠᠭᠰᠠᠨ ᠢ ᠣᠯᠠᠨ ᠤᠯᠤᠰ ᠤᠨ ᠬᠡᠮᠵᠢᠶᠡᠨ ᠳᠦ ᠬᠦᠯᠢᠶᠡᠨ ᠵᠥᠪᠰᠢᠶᠡᠷᠡᠭᠰᠡᠨ᠃
  • ᠵᠢᠷᠦᠬᠡᠨ ᠦ ᠲᠠᠰᠤᠯᠠᠪᠴᠢ ᠶᠢᠨ ᠴᠣᠭᠣᠷᠠᠬᠠᠢ ᠶᠢ ᠥᠪᠡᠷ ᠦᠨ ᠨᠢ ᠦᠩᠬᠦᠯᠴᠡᠭ ᠬᠠᠯᠢᠰᠤ ᠪᠠᠷ ᠨᠥᠬᠦᠬᠦ ᠠᠷᠭ᠎ᠠ ᠨᠢ ᠡᠳ᠋ ᠍ ᠦᠨ ᠨᠡᠶᠢᠴᠡᠯ᠂ ᠠᠷᠢᠭᠤᠨ ᠴᠢᠨᠠᠷ᠂ ᠡᠳᠡᠭᠡᠷᠡᠯᠲᠡ ᠶᠢᠨ ᠳᠠᠪᠠᠭᠤᠲᠠᠢ ᠪᠣᠯᠬᠤ ᠶᠢ ᠨᠣᠲᠠᠯᠠᠨ᠂ ᠡᠮᠨᠡᠯᠭᠡ ᠶᠢᠨ ᠫᠷᠠᠺᠲ᠋ᠢᠭ ᠲᠤ ᠨᠡᠪᠲᠡᠷᠡᠭᠦᠯᠦᠭᠰᠡᠨ᠃
  • ᠠᠷᠲ᠋ᠧᠷᠢ ᠶᠢᠨ ᠪᠢᠲᠡᠭᠦᠷᠡᠭᠡ ᠦᠭᠡᠢ ᠴᠣᠷᠭ᠎ᠠ ᠶᠢ ᠨᠢᠲ᠋ᠢᠨᠣᠯ ᠲᠢᠲ᠋ᠠᠨᠢ ᠮᠧᠲ᠋ᠠᠯ ᠢᠶᠠᠷ ᠬᠠᠪᠴᠢᠬᠤ ᠠᠷᠭ᠎ᠠ ᠶᠢ ᠠᠮᠢᠲᠠᠨ ᠳᠡᠭᠡᠷ᠎ᠡ ᠲᠤᠷᠰᠢᠨ ᠠᠩᠬ᠎ᠠ ᠤᠳᠠᠭ᠎ᠠ ᠵᠢᠷᠦᠬᠡᠨ ᠦ ᠮᠡᠰᠡ ᠵᠠᠰᠠᠯ ᠤᠨ ᠺᠯᠢᠨᠢᠺ ᠲᠤ ᠨᠡᠪᠲᠡᠷᠡᠭᠦᠯᠪᠡ᠃
  • ᠬᠡᠦᠬᠡᠳ ᠦᠨ ᠤᠯᠠᠭᠠᠨ ᠬᠣᠭᠣᠯᠠᠢ ᠶᠢᠨ ᠲᠦᠯᠡᠩᠬᠡᠢ ᠶᠢ ᠯᠠᠽᠧᠷ ᠲᠤᠶᠠᠭ᠎ᠠ ᠪᠠᠷ ᠰᠢᠷᠠᠵᠤ ᠰᠣᠷᠪᠢᠵᠢᠯᠲᠠ ᠡᠭᠦᠰᠬᠦ ᠡᠴᠡ ᠰᠡᠷᠭᠡᠶᠢᠯᠡᠬᠦ ᠣᠨᠣᠯ ᠤᠨ ᠦᠨᠳᠦᠰᠦᠯᠡᠯ ᠢ ᠭᠠᠷᠭᠠᠨ ᠡᠮᠴᠢᠯᠡᠭᠡᠨ ᠦ ᠰᠢᠨ᠎ᠡ ᠮᠧᠨᠧᠵᠮᠧᠨᠲ ᠢ ᠨᠡᠪᠲᠡᠷᠡᠭᠦᠯᠦᠭᠰᠡᠨ᠃
  • ᠯᠠᠽᠧᠷ ᠤᠨ ᠰᠢᠷᠠᠯᠭ᠎ᠠ ᠨᠢ ᠤᠯᠠᠭᠠᠨ ᠬᠣᠭᠣᠯᠠᠢ ᠶᠢᠨ ᠰᠠᠯᠢᠰᠤᠲᠤ ᠪᠠ ᠪᠤᠯᠴᠢᠩᠯᠢᠭ ᠳᠠᠪᠬᠤᠷᠭ᠎ᠠ ᠶᠢᠨ ᠲᠥᠯᠦᠵᠢᠯ ᠳᠤ ᠤᠷᠭᠤᠯᠲᠠ ᠶᠢ ᠲᠡᠩᠴᠡᠭᠦᠦ ᠲᠥᠪᠰᠢᠨ ᠳᠦ ᠥᠪᠡᠷᠮᠢᠴᠡ ᠪᠡᠷ ᠶᠠᠪᠤᠭᠤᠯᠳᠠᠭ ᠪᠣᠯᠬᠤ ᠶᠢ ᠲᠣᠭᠲᠠᠭᠠᠭᠰᠠᠨ᠃
  • ᠭᠠᠷ ᠰᠠᠷᠪᠠᠭᠤᠨ ᠤ ᠭᠡᠮᠲᠦᠯ ᠦᠨ ᠦᠶ᠎ᠡ ᠳᠦ ᠭᠡᠮᠲᠦᠯ ᠦᠨ ᠵᠡᠷᠭᠡ ᠡᠴᠡ ᠬᠠᠮᠢᠶᠠᠷᠴᠢ᠂ ᠨᠥᠬᠥᠨ ᠰᠡᠷᠭᠦᠭᠡᠬᠦ ᠡᠳ᠋ ᠍ ᠢ ᠴᠢᠰᠤᠨ ᠬᠠᠩᠭᠠᠮᠵᠢᠲᠠᠢ ᠨᠢ ᠬᠠᠮᠲᠤ ᠰᠠᠭᠤᠯᠭᠠᠬᠤ ᠪᠢᠴᠢᠯ ᠮᠡᠰᠡ ᠵᠠᠰᠠᠯ ᠤᠨ ᠰᠣᠩᠭᠣᠮᠠᠯ ᠠᠷᠭ᠎ᠠ ᠶᠢ ᠭᠦᠨᠵᠡᠭᠡᠶᠢᠷᠡᠭᠦᠯᠦᠨ ᠲᠠᠶᠢᠯᠪᠤᠷᠢᠯᠠᠵᠤ᠂ ᠫᠷᠠᠺᠲ᠋ᠢᠭ ᠲᠤ ᠨᠡᠪᠲᠡᠷᠡᠭᠦᠯᠦᠭᠰᠡᠨ᠃
  • ᠵᠢᠷᠦᠬᠡᠨ ᠦ ᠲᠠᠰᠤᠯᠪᠠᠴᠤ ᠬᠣᠭᠣᠷᠣᠨᠳᠣ ᠶᠢᠨ ᠴᠣᠭᠣᠷᠠᠬᠠᠢ ᠭᠠᠵᠢᠭ ᠤᠳ ᠤᠨ ᠣᠨᠣᠰᠢᠯᠠᠭᠣᠨ ᠤ ᠣᠨᠴᠠᠯᠢᠭ ᠤᠳ ᠢ ᠰᠢᠨᠡᠴᠢᠯᠡᠨ ᠲᠣᠭᠲᠠᠭᠠᠵᠤ ᠴᠣᠭᠣᠷᠠᠬᠠᠢ ᠶᠢᠨ ᠪᠠᠶᠢᠷᠢᠯᠠᠯ ᠢᠶᠠᠷ ᠰᠢᠨ᠎ᠡ ᠠᠩᠬᠢᠯᠠᠯ ᠭᠠᠷᠭᠠᠨ᠂ ᠵᠢᠷᠦᠬᠡᠨ ᠦ ᠭᠠᠵᠢᠭ ᠲᠠᠢ ᠮᠣᠩᠭᠣᠯ ᠬᠦᠮᠦᠨ ᠦ ᠴᠢᠰᠤᠨ ᠳᠠᠬᠢ ᠮᠢᠺᠷᠣ᠋ ᠡᠯᠧᠮᠧᠨᠲ ᠦᠳ ᠦᠨ ᠬᠡᠮᠵᠢᠶ᠎ᠡ ᠶᠢ ᠲᠣᠭᠲᠠᠭᠠᠭᠰᠠᠨ᠃

ᠰᠣᠩᠭᠣᠭᠤᠯᠢ ᠳᠤ ᠠᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • 1990 ᠣᠨ ᠳᠤ ᠠᠷᠠᠳ ᠤᠨ ᠶᠡᠬᠡ ᠬᠤᠷᠠᠯ ᠤᠨ ᠳ᠋ᠧᠫᠦᠶᠢᠲ᠋ᠠᠲ ᠢᠶᠠᠷ ᠰᠣᠩᠭᠣᠭᠳᠠᠵᠤ 1992 ᠣᠨ ᠳᠤ ᠠᠷᠠᠳᠴᠢᠯᠠᠭᠰᠠᠨ ᠰᠢᠨ᠎ᠡ ᠦᠨᠳᠦᠰᠦᠨ ᠬᠠᠤᠯᠢ ᠶᠢ ᠪᠠᠲᠤᠯᠠᠯᠴᠠᠵᠠᠢ᠃
  • ᠮᠣᠩᠭᠣᠯ ᠤᠨ ᠵᠢᠷᠦᠬᠡᠨ ᠦ ᠡᠮᠴᠢ ᠨᠠᠷ ᠤᠨ ᠨᠡᠶᠢᠭᠡᠮᠯᠢᠭ ᠦᠨ ᠶᠡᠷᠦᠩᠬᠡᠶᠢᠯᠡᠭᠴᠢ᠂
  • ᠠᠦᠢᠰᠲ᠋ᠷᠯᠢᠶ᠎ᠠ ᠤᠯᠤᠰ ᠤᠨ ᠵᠢᠷᠦᠬᠡᠨ ᠦ ᠡᠮᠴᠢ ᠨᠠᠷ ᠤᠨ ᠨᠡᠶᠢᠭᠡᠮᠯᠢᠭ ᠦᠨ ᠬᠦᠨᠳᠦᠲᠦ ᠭᠡᠰᠢᠭᠦᠨ᠂
  • 《ᠮᠡᠰᠡ ᠵᠠᠰᠠᠯ》 ᠰᠡᠳᠬᠦᠯ ᠦᠨ ᠶᠡᠷᠦᠩᠬᠡᠢ ᠡᠷᠬᠢᠯᠡᠭᠴᠢ ᠶᠢᠨ ᠰᠣᠩᠭᠣᠭᠤᠯᠢ ᠲᠠᠢ᠃


ᠴᠣᠯᠠ ᠵᠡᠷᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠠᠨᠠᠭᠠᠬᠤ ᠶᠢᠨ ᠰᠢᠨᠵᠢᠯᠡᠬᠦ ᠤᠬᠠᠭᠠᠨ ᠤ ᠳᠡᠳ᠋ ᠡᠷᠳᠡᠮᠲᠡᠨ /1980/ - ᠰᠡᠳᠦᠪ:《ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠬᠥᠳᠡᠭᠡ ᠶᠢᠨ ᠨᠥᠬᠥᠴᠡᠯ ᠳᠦ ᠭᠡᠳᠡᠰᠦᠨ ᠦ ᠴᠣᠴᠢᠮᠠᠭ ᠮᠧᠬᠠᠨᠢᠭ ᠲᠦᠭᠵᠢᠷᠡᠯ ᠢ ᠡᠷᠲᠡ ᠣᠨᠣᠰᠢᠯᠠᠬᠤ ᠡᠮᠴᠢᠯᠡᠬᠦ ᠨᠢ》
  • ᠠᠨᠠᠭᠠᠬᠤ ᠶᠢᠨ ᠰᠢᠨᠵᠢᠯᠡᠬᠦ ᠤᠬᠠᠭᠠᠨ ᠤ ᠳ᠋ᠣᠺᠲ᠋ᠣᠷ /1994/ - ᠰᠡᠳᠦᠪ:《ᠴᠢᠰᠤᠨ ᠤ ᠪᠠᠭ᠎ᠠ ᠡᠷᠭᠢᠯᠲᠡ ᠶᠢᠨ ᠴᠢᠰᠤᠨ ᠬᠠᠩᠭᠠᠮᠵᠢ ᠶᠡᠬᠡᠰᠬᠡᠳᠡᠭ ᠵᠢᠷᠦᠬᠡᠨ ᠦ ᠲᠥᠷᠥᠯᠬᠢ ᠶᠢᠨ ᠭᠠᠵᠢᠭ ᠤᠨ ᠮᠡᠰᠡ ᠵᠠᠰᠠᠯ ᠤᠨ ᠡᠮᠴᠢᠯᠡᠭᠡ ᠶᠢ ᠲᠡᠭᠦᠯᠳᠡᠷᠵᠢᠭᠦᠯᠬᠦ ᠨᠢ》
  • ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠠᠺᠠᠳᠧᠮᠢᠴᠢ /2000/
  • ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠠᠺᠠᠳᠧᠮᠢᠴᠢ᠃
  • ᠣᠷᠣᠰ ᠬᠣᠯᠪᠣᠭᠠᠨ ᠤ ᠤᠯᠤᠰ ᠍ ᠶᠢᠨ ᠣᠯᠠᠨ ᠤᠯᠤᠰ ᠤᠨ ᠳᠡᠭᠡᠳᠦ ᠪᠣᠯᠪᠠᠰᠤᠷᠠᠯ ᠤᠨ ᠠᠺᠠᠳᠧᠮᠢ ᠶᠢᠨ ᠭᠡᠰᠢᠭᠦᠨ

ᠭᠠᠪᠢᠶ᠎ᠠ ᠱᠠᠩᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ /2006/
  • ᠮᠣᠩᠭᠣᠯ ᠤᠯᠤᠰ ᠤᠨ ᠬᠦᠮᠦᠨ ᠦ ᠭᠠᠪᠢᠶᠠᠲᠤ ᠡᠮᠴᠢ /1996-07-03. №141/
  • ᠮᠣᠩᠭᠣᠯ ᠤᠯᠤᠰ ᠤᠨ ᠠᠷᠠᠳ ᠤᠨ ᠡᠮᠴᠢ /2001-11-01. №75/
  • ᠬᠥᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ ᠱᠠᠩᠨᠠᠭᠳᠠᠵᠠᠢ᠃
  • ᠠᠽᠢᠶ᠎ᠠ ᠲᠢᠪ ᠦᠨ ᠰᠢᠯᠢᠳᠡᠭ ᠮᠡᠰᠡ ᠵᠠᠰᠠᠯᠴᠢ ᠴᠣᠯᠠ ᠱᠠᠩᠨᠠᠯ /2002 ᠣᠨ/ ᠬᠦᠷᠲᠡᠭᠰᠡᠨ ᠳᠡᠯᠡᠬᠡᠢ ᠳᠦ ᠨᠡᠷ᠎ᠡ ᠲᠡᠢ ᠮᠡᠰᠡ ᠵᠠᠰᠠᠯᠴᠢ ᠡᠷᠳᠡᠮᠲᠡᠨ ᠠᠵᠡᠢ᠃

ᠪᠢᠴᠢᠭᠡᠰᠦ