ᠨᠠᠯᠢᠴᠢᠺ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
{{{ᠠᠯᠪᠠᠨ ᠶᠣᠰᠣᠨ ᠤ ᠨᠡᠷ᠎ᠡ}}}</br>
ᠬᠣᠲᠠ ᠶᠢᠨ ᠵᠢᠷᠤᠭ</br>《ᠣᠷᠣᠰ ᠲᠠᠢ ᠬᠠᠮᠲᠤ ᠡᠭᠦᠷᠢᠳᠡ》 ᠬᠡᠮᠡᠬᠦ ᠬᠥᠰᠢᠶ᠎ᠡ</br>
ᠰᠦᠯᠳᠡ ᠲᠡᠮᠳᠡᠭ
ᠰᠦᠯᠳᠡ

{{{ᠠᠯᠪᠠᠨ ᠶᠣᠰᠣᠨ ᠤ ᠨᠡᠷ᠎ᠡ}}} ᠍ ᠦᠨ ᠪᠠᠶᠢᠷᠢᠰᠢᠯ</br>

ᠰᠣᠯᠪᠢᠴᠠᠯ: 43°29′N 43°37′E
ᠤᠯᠤᠰ {{{ᠵᠠᠬᠢᠷᠭ᠎ᠠ ᠨᠡᠷ᠎ᠡ}}}
ᠪᠦᠭᠦᠳᠡ ᠨᠠᠶᠢᠷᠠᠮᠳᠠᠬᠤ ᠤᠯᠤᠰ {{{ᠵᠠᠬᠢᠷᠭ᠎ᠠ ᠨᠡᠷ᠎ᠡ 1}}}
ᠭᠠᠵᠠᠷ ᠨᠤᠲᠤᠭ  
 - ᠨᠡᠶᠢᠲᠡ {{{ᠭᠠᠵᠠᠷ ᠨᠤᠲᠤᠭ ᠨᠡᠶᠢᠲᠡ}}} km²
ᠥᠨᠳᠥᠷ 550 m
ᠬᠦᠮᠦᠨ ᠠᠮᠠ  
 - ᠨᠡᠶᠢᠲᠡ (2002) {{{ᠬᠦᠮᠦᠨ ᠠᠮᠠ ᠨᠡᠶᠢᠲᠡ}}}
 - ᠨᠢᠭᠲᠠᠷᠠᠯ {{{ᠬᠦᠮᠦᠨ ᠠᠮᠠ ᠨᠢᠭᠲᠠᠰᠢᠯ}}}/km²
ᠴᠠᠭ ᠤᠨ ᠪᠥᠰᠡ UTC+3
 - ᠵᠤᠨ   UTC+4
ᠤᠲᠠᠰᠤᠨ ᠤ ᠺᠣᠳ᠋ +7 8662

ᠨᠠᠯᠢᠴᠢᠺ (ᠣᠷᠣᠰ ᠶᠢᠡᠷ ᠨᠠ́ᠯᠴᠢᠺ; ᠺᠠᠪᠠᠷᠳ᠋: ᠨᠠᠯᠠᠱ ᠤᠺ; ᠪᠠᠯᠺᠠᠷ: ᠨᠠᠯᠢᠴᠢᠺ) ᠨᠢ ᠣᠷᠣᠰ ᠤᠨ ᠬᠣᠯᠪᠣᠭᠠᠨ ᠤ ᠤᠯᠤᠰ ᠍ ᠤᠨ ᠺᠠᠸᠬᠠᠰ ᠍ ᠤᠨ ᠪᠥᠰᠡ ᠳᠦ ᠤᠷᠤᠰᠢᠬᠤ᠂ ᠪᠦᠭᠦᠳᠡ ᠨᠠᠶᠢᠷᠠᠮᠳᠠᠬᠤ ᠺᠠᠪᠠᠷᠳᠢᠨ᠎ᠠ-ᠪᠠᠯᠺᠠᠷ ᠤᠯᠤᠰ ᠤᠨ ᠨᠡᠶᠢᠰᠯᠡᠯ ᠬᠣᠲᠠ ᠶᠤᠮ᠃ ᠺᠠᠸᠬᠠᠰ ᠤᠨ ᠨᠢᠷᠤᠭᠤᠨ ᠤ ᠪᠡᠯ ᠳᠦ᠂ ᠳᠠᠯᠠᠢ ᠶᠢᠨ ᠲᠦᠪᠰᠢᠨ ᠡᠴᠡ ᠳᠡᠭᠡᠭᠰᠢ 550 ᠮᠧᠲ᠋ᠷ ᠦᠨ ᠥᠨᠳᠥᠷ ᠲᠦ ᠣᠷᠣᠰᠢᠨ᠎ᠠ᠃ 131 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ᠃ ᠬᠦᠮᠦᠨ ᠠᠮᠠ ᠨᠢ 2002 ᠣᠨ ᠤ ᠲᠣᠭᠠᠯᠠᠯᠭ᠎ᠠ ᠪᠠᠷ 274974 ᠪᠠᠶᠢᠪᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣ ᠶᠢᠨ ᠨᠠᠯᠢᠴᠢᠺ ᠬᠣᠲᠠ ᠶᠢᠨ ᠪᠠᠶᠢᠭ᠎ᠠ ᠭᠠᠵᠠᠷ ᠲᠤ ᠠᠭᠤᠭᠤᠯ ᠣᠷᠣᠰᠢᠨ ᠰᠠᠭᠤᠭᠴᠢᠳ ᠪᠣᠯᠬᠤ ᠪᠠᠯᠺᠠᠷᠺᠠᠪᠠᠷᠳ᠋ ᠍ ᠤᠳ 1743 ᠣᠨ ᠠᠴᠠ ᠣᠷᠣᠰᠢᠨ ᠰᠠᠭᠤᠵᠤ ᠪᠠᠶᠢᠭᠰᠠᠨ ᠪᠠᠷᠢᠮᠲᠠ ᠪᠤᠢ᠃ ᠭᠡᠬᠦ ᠳᠦ ᠪᠡᠨ ᠬᠠᠭᠠᠨᠲᠤ ᠣᠷᠣᠰ ᠤᠯᠤᠰ ᠬᠢᠯᠢ ᠪᠡᠨ ᠥᠷᠭᠡᠳᠬᠡᠵᠦ ᠪᠠᠶᠢᠭᠰᠠᠨ 19 ᠍ ᠳᠦᠭᠡᠷ ᠵᠠᠭᠤᠨ ᠤ ᠡᠬᠢ ᠪᠡᠷ ᠴᠠᠶᠢᠵᠠ ᠪᠠᠶᠢᠭᠤᠯᠤᠭᠰᠠᠨ ᠠᠴᠠ ᠬᠣᠲᠠ ᠶᠢᠨ ᠲᠡᠦᠬᠡ ᠡᠬᠢᠯᠡᠯ ᠲᠡᠢ᠃ ᠲᠤᠰ ᠬᠣᠲᠠ ᠶᠢᠨ ᠰᠦᠯᠳᠡᠨ ᠦ ᠳᠡᠭᠡᠳᠦ ᠲᠠᠯ᠎ᠠ ᠳᠤ ᠪᠠᠶᠢᠭᠤᠯᠤᠭᠳᠠᠭᠰᠠᠨ ᠣᠨ 1818 ᠍ ᠢ ᠣᠷᠣᠭᠤᠯᠤᠭᠰᠠᠨ ᠪᠠᠶᠢᠳᠠᠭ᠃ 1838 ᠣᠨ ᠭᠡᠬᠦ ᠳᠦ ᠴᠡᠷᠢᠭ ᠦᠨ ᠪᠢᠴᠢᠬᠠᠨ ᠰᠠᠭᠤᠷᠢᠨ ᠪᠣᠯᠤᠭᠰᠠᠨ ᠪᠠᠶᠢᠪᠠ᠃ ᠭᠡᠬᠦ ᠳᠦ ᠪᠡᠨ ᠣᠺᠲ᠋ᠢᠶᠠᠪᠧᠷ ᠤᠨ ᠬᠤᠪᠢᠰᠬᠠᠯ ᠍ ᠢ ᠬᠦᠷᠲᠡᠯ᠎ᠡ ᠤᠭ ᠰᠠᠭᠤᠷᠢᠨ ᠴᠢᠬᠤᠯᠠ ᠳᠤ ᠲᠣᠭᠠᠴᠠᠭᠳᠠᠵᠤ ᠪᠠᠶᠢᠭᠰᠠᠨ ᠦᠭᠡᠢ᠃ ᠳᠥᠩᠭᠡᠵᠢ 1921 ᠣᠨ ᠳᠤ ᠯᠠ ᠬᠣᠲᠠ ᠶᠢᠨ ᠰᠲ᠋ᠠᠲ᠋ᠦ᠋ᠰ ᠲᠠᠢ ᠪᠣᠯᠭᠠᠵᠤ᠂ ᠺᠠᠪᠠᠷᠳᠢᠨ ᠤ ᠠᠦ᠋ᠲ᠋ᠣᠨᠣᠮᠢᠲᠤ ᠮᠤᠵᠢ ᠶᠢᠨ ᠲᠥᠪ ᠪᠣᠯᠭᠠᠭᠰᠠᠨ ᠠᠵᠢ᠃

ᠨᠠᠯᠢᠴᠢᠺ ᠬᠣᠲᠠ ᠡᠷᠭᠢ ᠳᠦ ᠨᠢ ᠤᠷᠤᠰᠢᠬᠤ ᠨᠠᠯᠢᠴᠢᠺ ᠭᠣᠣᠯ ᠍ ᠤᠨ ᠨᠡᠷ᠎ᠡ ᠪᠡᠷ ᠨᠡᠷᠡᠯᠡᠭᠳᠡᠵᠡᠢ᠃ ᠨᠠᠯᠢᠴᠢᠺ ᠬᠡᠮᠡᠬᠦ ᠦᠭᠡ ᠨᠢ ᠺᠠᠪᠠᠷᠳ᠋, ᠺᠠᠷᠠᠴᠢᠶ᠎ᠠ-ᠪᠠᠯᠺᠠᠷ ᠬᠡᠯᠡ ᠪᠡᠷ 《ᠪᠢᠴᠢᠬᠠᠨ ᠲᠠᠬ᠎ᠠ》 ᠭᠡᠰᠡᠨ ᠤᠳᠬ᠎ᠠ ᠲᠠᠢ[1]

ᠳᠡᠯᠡᠬᠡᠢ ᠶᠢᠨ ᠬᠣᠶᠠᠳᠤᠭᠠᠷ ᠳᠠᠶᠢᠨᠢ ᠦᠶ᠎ᠡ ᠳᠦ ᠪᠤᠶᠤ 1942 ᠣᠨ ᠤ 10 ᠰᠠᠷ᠎ᠠ ᠶᠢᠨ 28 ᠍ ᠨ ᠠᠴᠠ 1943 ᠣᠨ ᠤ 1 ᠰᠠᠷ᠎ᠠ ᠶᠢᠨ 3 ᠬᠦᠷᠲᠡᠯ᠎ᠡ ᠨᠠᠯᠢᠴᠢᠺ ᠨᠢ ᠨᠠᠼᠢᠰᠲ ᠭᠧᠷᠮᠠᠨ ᠪᠣᠯᠤᠨ ᠷᠤᠮᠠᠨᠢᠶ ᠠ ᠳᠤ ᠡᠵᠡᠯᠡᠭᠳᠡᠵᠦ ᠪᠠᠶᠢᠪᠠ[2]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠨᠠᠯᠢᠴᠢᠺ&oldid=381356》 ᠍  ᠡᠴᠡ ᠠᠪᠤᠭᠰᠠᠨ

ᠪᠢᠴᠢᠭᠡᠰᠦ