ᠦᠨᠳᠦᠰᠦᠨ ᠦ ᠶᠡᠬᠡ ᠪᠠᠶᠠᠷ ᠨᠠᠭᠠᠳᠤᠮ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠨᠠᠭᠠᠳᠤᠮ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠲᠥᠪ ᠴᠡᠩᠭᠡᠯᠳᠦᠬᠦ ᠬᠦᠷᠢᠶᠡᠯᠡᠩ 2006 ᠤᠨ ᠳᠤ ᠨᠠᠭᠠᠳᠤᠮ ᠤᠨ ᠦᠶ᠎ᠡ ᠪᠡᠷ
ᠤᠯᠤᠰ ᠤᠨ ᠨᠠᠭᠠᠳᠤᠮ ᠢᠶᠠᠷ ᠰᠣᠶᠣᠭᠠᠯᠠᠩ ᠨᠠᠰᠤᠨ ᠤ ᠮᠣᠷᠢᠳ ᠤᠨ ᠤᠷᠤᠯᠳᠤᠭᠠᠨ ᠬᠦᠢ ᠳᠣᠯᠣᠭᠠᠨ ᠬᠤᠳᠳᠤᠭ ᠲᠤ᠃
ᠤᠯᠤᠰ ᠤᠨ ᠨᠠᠭᠠᠳᠤᠮ ᠢᠶᠠᠷ ᠰᠤᠷ ᠬᠠᠷᠪᠤᠭᠠᠨ ᠤ ᠲᠡᠮᠡᠴᠡᠭᠡᠨ᠃
ᠤᠯᠤᠰ ᠤᠨ ᠨᠠᠭᠠᠳᠤᠮ ᠢᠶᠠᠷ ᠪᠥᠬᠡ ᠪᠠᠷᠢᠯᠳᠤᠭᠠᠨ ᠤ ᠲᠡᠮᠡᠴᠡᠭᠡᠨ ᠪᠥᠬᠡᠴᠦᠳ ᠦᠨ ᠰᠢᠪᠠᠭ᠎ᠠ᠃

ᠨᠠᠭᠠᠳᠤᠮ ᠨᠢ ᠵᠤᠨ ᠤ ᠳᠤᠮᠳᠠ ᠰᠠᠷ᠎ᠠ ᠳᠤ ᠶᠠᠪᠤᠭᠳᠠᠬᠤ᠂ ᠡᠷ᠎ᠡ ᠶᠢᠨ ᠭᠤᠷᠪᠠᠨ ᠨᠠᠭᠠᠳᠤᠮ ᠪᠤᠶᠤ ᠦᠨᠳᠦᠰᠦᠨ ᠦ ᠪᠥᠬᠡᠰᠤᠷ ᠬᠠᠷᠪᠤᠭ᠎ᠠᠮᠣᠷᠢᠨ ᠤ ᠤᠷᠤᠯᠳᠤᠭᠠᠨ ᠪᠣᠯᠤᠨ ᠱᠠᠭ᠎ᠠ ᠶᠢᠨ ᠬᠠᠷᠪᠤᠭ᠎ᠠ ᠲᠡᠮᠡᠴᠡᠭᠡᠨ ᠨᠦᠭᠦᠳ ᠶᠠᠪᠤᠭᠳᠠᠬᠤ ᠪᠠᠶᠠᠷ ᠶᠤᠮ᠃ ᠤᠯᠤᠰ ᠤᠨ ᠭᠣᠣᠯ ᠨᠠᠭᠠᠳᠤᠮ ᠤᠨ ᠦᠢᠯᠡ ᠠᠵᠢᠯᠯᠠᠭ᠎ᠠ ᠨᠢ 7 ᠰᠠᠷ᠎ᠠ ᠶᠢᠨ 11 ᠍ ᠡᠴᠡ 13 ᠍ ᠤ ᠬᠣᠭᠣᠷᠣᠨᠳᠣ ᠤᠯᠠᠭᠠᠨᠪᠠᠭᠠᠲᠤᠷ ᠳᠠᠬᠢ ᠲᠥᠪ ᠴᠡᠩᠭᠡᠯᠳᠦᠬᠦ ᠬᠦᠷᠢᠶᠡᠯᠡᠩ ᠳᠦ ᠶᠠᠪᠤᠭᠳᠠᠨ᠎ᠠ᠃ ᠮᠣᠷᠢᠨ ᠤᠷᠤᠯᠳᠤᠭᠠᠨ ᠨᠢ ᠬᠦᠢ ᠳᠣᠯᠣᠭᠠᠨ ᠬᠤᠳᠳᠤᠭ ᠭᠡᠳᠡᠭ ᠭᠠᠵᠠᠷ 30 ᠺᠢᠯᠣᠮᠧᠲ᠋ᠷ ᠭᠠᠵᠠᠷ ᠤᠷᠤᠯᠳᠤᠵᠤ ᠬᠤᠷᠳᠤᠨ ᠬᠦᠯᠦᠭ ᠢᠶᠡᠨ ᠪᠦᠬᠦ ᠨᠠᠰᠤᠨ ᠳᠤ ᠲᠣᠳᠣᠷᠠᠭᠤᠯᠳᠠᠭ ᠪᠠᠶᠢᠨ᠎ᠠ᠃ ᠬᠠᠷᠢᠨ ᠰᠤᠷ ᠬᠠᠷᠪᠤᠭ᠎ᠠ ᠨᠢ ᠲᠥᠪ ᠴᠡᠩᠭᠡᠯᠳᠦᠬᠦ ᠬᠦᠷᠢᠶᠡᠯᠡᠩ ᠦᠨ ᠬᠠᠵᠠᠭᠤ ᠲᠠᠯ᠎ᠠ ᠳᠤ ᠤᠷᠤᠰᠢᠬᠤ ᠰᠤᠷ ᠬᠠᠷᠪᠤᠭᠠᠨ ᠤ ᠲᠠᠯᠠᠪᠠᠢ ᠳᠤ 2 ᠡᠳᠦᠷ ᠦᠨ ᠲᠤᠷᠰᠢᠳᠠ ᠶᠠᠪᠤᠭᠳᠠᠳᠠᠭ ᠪᠠᠶᠢᠨ᠎ᠠ᠃ ᠨᠠᠭᠠᠳᠤᠮ ᠢ ᠶᠡᠬᠡ ᠮᠣᠩᠭᠣᠯ ᠭᠦᠷᠦᠨ ᠦ ᠦᠶ᠎ᠡ ᠡᠴᠡ ᠡᠬᠢ ᠲᠡᠢ ᠭᠡᠵᠦ ᠲᠡᠦᠬᠡ ᠰᠤᠳᠤᠯᠤᠭᠠᠴᠢᠳ ᠲᠡᠮᠳᠡᠭᠯᠡᠳᠡᠭ ᠪᠥᠭᠡᠳ ᠮᠣᠩᠭᠣᠯᠴᠤᠳ ᠬᠠᠮᠢᠭ᠎ᠠ ᠴᠤ ᠶᠠᠪᠤᠵᠤ ᠪᠠᠶᠢᠭᠰᠠᠨ ᠴᠤ ᠤᠭ ᠨᠠᠭᠠᠳᠤᠮ ᠢᠶᠠᠨ ᠲᠡᠮᠳᠡᠭᠯᠡᠳᠡᠭ ᠤᠯᠠᠮᠵᠢᠯᠠᠯ ᠲᠠᠢ ᠪᠠᠶᠢᠨ᠎ᠠ᠃ ᠤᠭ ᠭᠤᠷᠪᠠᠨ ᠲᠥᠷᠥᠯ ᠦᠨ ᠲᠣᠭᠯᠠᠭᠠᠮ ᠨᠢ ᠨᠢᠭᠡᠨ ᠵᠡᠷᠭᠡ ᠶᠠᠪᠤᠭᠳᠠᠳᠠᠭ ᠪᠥᠭᠡᠳ ᠪᠥᠬᠡ ᠶᠢᠨ ᠪᠠᠷᠢᠯᠳᠤᠭᠠᠨ ᠤ ᠰᠢᠪᠲᠤᠷᠭ᠎ᠠ ᠠᠴᠠ ᠡᠮᠦᠨ᠎ᠡ ᠰᠤᠷ ᠬᠠᠷᠪᠤᠭ᠎ᠠ᠂ ᠬᠤᠷᠳᠤᠨ ᠮᠣᠷᠢᠨ ᠤ ᠤᠷᠤᠯᠳᠤᠭᠠᠨ ᠳᠤ ᠲᠦᠷᠦᠭᠦᠯᠡᠭᠰᠡᠳ ᠲᠣᠳᠣᠷᠠᠵᠤ ᠳᠠᠭᠤᠰᠳᠠᠭ ᠤᠯᠠᠮᠵᠢᠯᠠᠯ ᠲᠠᠢ᠃ ᠨᠠᠭᠠᠳᠤᠮ ᠢ 2010 ᠤᠨ ᠳᠤ United Nations Educational Scientific and Cultural Organization «ᠬᠦᠮᠦᠨ ᠲᠥᠷᠦᠯᠬᠢᠲᠡᠨ ᠦ ᠰᠣᠶᠣᠯ ᠤᠨ ᠪᠡᠶᠡᠲᠦ ᠪᠤᠰᠤ ᠥᠪ ᠦᠨ ᠵᠢᠭᠰᠠᠭᠠᠯᠲᠠ» ᠍ ᠲᠤ ᠪᠦᠷᠢᠳᠬᠡᠨ ᠠᠪᠴᠠᠢ᠃ 〔1〕


ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠣᠷᠣᠨ ᠤ ᠵᠤᠨ ᠴᠠᠭ ᠡᠷᠲᠡᠨ ᠡᠴᠡ ᠨᠠᠶᠢᠷ ᠨᠠᠭᠠᠳᠤᠮ ᠤᠨ ᠤᠯᠠᠮᠵᠢᠯᠠᠯ ᠲᠠᠢ ᠪᠠᠶᠢᠪᠠ᠃ 13 ᠍ ᠳᠦᠭᠠᠷ ᠵᠠᠭᠤᠨ ᠤ ᠮᠣᠩᠭᠣᠯ ᠤᠨ ᠨᠢᠭᠤᠴᠠ ᠲᠣᠪᠴᠢᠶᠠᠨ ᠳᠦ ᠪᠢᠴᠢᠭᠳᠡᠭᠰᠡᠨ ᠢᠶᠡᠷ ᠨᠠᠭᠠᠳᠤᠮ 《ᠬᠤᠷᠠᠨ ᠰᠠᠷ᠎ᠠ》 ᠍(ᠭᠤᠷᠠᠨ ᠰᠠᠷ ᠠ) ᠳᠦ (ᠳᠣᠯᠣᠳᠤᠭᠠᠷ ᠰᠠᠷ᠎ᠠ) ᠪᠣᠯᠳᠠᠭ ᠪᠠᠶᠢᠭᠰᠠᠨ ᠢ ᠲᠡᠮᠳᠡᠭᠯᠡᠭᠰᠡᠨ᠃ ᠴᠢᠩᠭᠢᠰ ᠦᠨ ᠴᠢᠯᠠᠭᠤᠨ ᠤ ᠪᠢᠴᠢᠭ ᠲᠦ ᠴᠢᠩᠭᠢᠰ ᠬᠠᠭᠠᠨ ᠰᠠᠷᠲᠠᠭᠤᠯ ᠤᠯᠤᠰ ᠢ ᠪᠠᠶᠢᠯᠳᠤᠨ ᠳᠠᠭᠠᠭᠤᠯᠵᠤ ᠪᠤᠴᠠᠬᠤ ᠵᠠᠮ ᠳᠤ ᠨᠠᠶᠢᠷᠯᠠᠬᠤ ᠳᠤ ᠬᠠᠰᠠᠷ ᠤᠨ ᠬᠦᠦ  ᠶᠢᠰᠦᠩᠭᠡ 500 ᠠᠯᠳᠠ ᠭᠠᠵᠠᠷ ᠬᠠᠷᠪᠤᠭᠰᠠᠨ ᠢ ᠲᠡᠮᠳᠡᠭᠯᠡᠭᠰᠡᠨ᠃ 〔2〕

ᠳᠣᠯᠣᠭᠠᠨ ᠬᠣᠰᠢᠭᠤ ᠳᠠᠩᠱᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠯ ᠪᠦᠷᠢ ᠲᠣᠭᠲᠠᠮᠠᠯ ᠶᠠᠪᠤᠭᠳᠠᠬᠤ ᠪᠣᠯᠤᠭᠰᠠᠨ ᠨᠢ 1639 ᠤᠨ ᠳᠤ ᠥᠨᠳᠥᠷ ᠭᠡᠭᠡᠨ ᠵᠠᠨᠠᠪᠠᠽᠠᠷ ᠲᠤ ᠵᠣᠷᠢᠭᠤᠯᠤᠭᠰᠠᠨ ᠳᠠᠩᠱᠢᠭ ᠨᠠᠭᠠᠳᠤᠮ ᠠᠴᠠ ᠡᠬᠢᠯᠡᠭᠰᠡᠨ᠃ ᠰᠢᠷᠡᠭᠡᠲᠦ ᠴᠠᠭᠠᠨ ᠨᠠᠭᠤᠷ ᠤᠨ ᠡᠨᠡ ᠨᠠᠭᠠᠳᠤᠮ ᠳᠤ ᠪᠥᠬᠡ ᠯᠠᠮ᠎ᠠ ᠪᠠᠷᠢᠯᠳᠤᠨ ᠲᠦᠷᠦᠭᠦᠯᠡᠵᠦ᠂ ᠪᠣᠩᠬᠣᠷ ᠳᠣᠨᠢᠷ ᠭᠡᠭᠴᠢ ᠶᠢᠨ ᠮᠣᠷᠢ ᠮᠠᠩᠯᠠᠶᠢᠯᠠᠭᠰᠠᠨ ᠨᠢ ᠲᠡᠮᠳᠡᠭᠯᠡᠭᠳᠡᠨ ᠦᠯᠡᠳᠡᠵᠡᠢ᠃ 1696 ᠤᠨ ᠳᠤ ᠳᠣᠯᠣᠨᠣᠨᠠᠭᠤᠷ ᠲᠤ ᠲᠣᠮᠣ ᠨᠠᠭᠠᠳᠤᠮ ᠪᠣᠯᠤᠭᠰᠠᠨ᠃ 1911 ᠤᠨ ᠳᠤ ᠮᠣᠩᠭᠣᠯ ᠤᠯᠤᠰ ᠲᠤᠰᠠᠭᠠᠷ ᠲᠣᠭᠲᠠᠨᠢᠬᠤ ᠳᠤ ᠳᠠᠩᠱᠢᠭ ᠨᠠᠭᠠᠳᠤᠮ ᠢ ᠪᠣᠯᠢᠭᠤᠯᠤᠭᠰᠠᠨ᠃ 〔2〕

ᠠᠷᠪᠠᠨ ᠵᠠᠰᠠᠭ ᠤᠨ ᠨᠠᠭᠠᠳᠤᠮ[ᠵᠠᠰᠠᠪᠤᠷᠢᠯᠠᠬᠤ | ᠺᠣᠳ᠋ ᠢᠶᠠᠷ ᠵᠠᠰᠠᠬᠣ]

1772 ᠤᠨ ᠳᠤ ᠬᠡᠨᠲᠡᠢ ᠠᠭᠤᠯᠠ ᠶᠢ ᠲᠠᠬᠢᠬᠤ ᠶᠡᠬᠡ ᠨᠠᠭᠠᠳᠤᠮ ᠪᠣᠯᠪᠠ᠃ ᠡᠭᠦᠨ ᠢ ᠠᠷᠪᠠᠨ ᠵᠠᠰᠠᠭ ᠤᠨ ᠨᠠᠭᠠᠳᠤᠮ ᠭᠡᠨ᠎ᠡ᠃ ᠠᠯᠳᠠᠭ ᠣᠨᠣᠭ ᠬᠢᠳᠡᠭ ᠪᠠᠶᠢᠭᠰᠠᠨ ᠠᠷᠪᠠᠨ ᠵᠠᠰᠠᠭ ᠤᠨ ᠨᠠᠭᠠᠳᠤᠮ 1912 ᠤᠨ ᠠᠴᠠ ᠵᠢᠯ ᠪᠦᠷᠢ ᠬᠢᠭᠳᠡᠬᠦ ᠲᠥᠷᠥ ᠶᠢᠨ ᠨᠠᠭᠠᠳᠤᠮ ᠪᠣᠯᠤᠯ᠎ᠠ᠃ ᠪᠣᠭᠳᠠ ᠬᠠᠭᠠᠨ ᠨᠠᠰᠤ ᠪᠠᠷᠠᠬᠤ ᠬᠦᠷᠲᠡᠯ᠎ᠡ ᠪᠤᠶᠤ 1925 ᠤᠨ ᠬᠦᠷᠲᠡᠯ᠎ᠡ ᠠᠷᠪᠠᠨ ᠵᠠᠰᠠᠭ ᠤᠨ ᠨᠠᠭᠠᠳᠤᠮ ᠲᠥᠷᠥ ᠶᠢᠨ ᠨᠠᠭᠠᠳᠤᠮ ᠪᠣᠯᠪᠠ᠃ ᠠᠷᠪᠠᠨ ᠵᠠᠰᠠᠭ ᠤᠨ ᠨᠠᠭᠠᠳᠤᠮ ᠢ ᠨᠡᠶᠢᠲᠡ 125 ᠤᠳᠠᠭ᠎ᠠ ᠬᠢᠵᠡᠢ᠃ 〔2〕

ᠠᠷᠠᠳ ᠤᠨ ᠲᠥᠷᠥ ᠶᠢᠨ ᠨᠠᠭᠠᠳᠤᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠷᠳᠤᠨ ᠮᠣᠷᠢ᠂ ᠤᠨᠤᠭᠠᠴᠢ ᠬᠡᠦᠬᠡᠳ 1922 ᠤᠨ ᠠᠴᠠ ᠴᠡᠷᠢᠭ ᠦᠨ ᠨᠠᠭᠠᠳᠤᠮ ᠲᠡᠮᠳᠡᠭᠯᠡᠬᠦ ᠪᠣᠯᠪᠠ᠃ ᠪᠤᠷᠭᠠᠰᠤ ᠴᠠᠪᠴᠢᠬᠤ ᠵᠡᠷᠭᠡ ᠴᠡᠷᠢᠭ ᠦᠨ ᠤᠷᠠᠯᠢᠭ ᠨᠣᠮᠧᠷ ᠦᠵᠡᠭᠦᠯᠳᠡᠭ ᠲᠡᠷᠡ ᠨᠠᠭᠠᠳᠤᠮ ᠢ ᠪᠣᠭᠳᠠ ᠶᠢ ᠬᠠᠭᠠᠨ ᠰᠢᠷᠡᠭᠡᠨ ᠳᠦ ᠳᠠᠪᠲᠠᠨ ᠵᠠᠯᠠᠭᠰᠠᠨ ᠪᠠ 《ᠠᠷᠠᠳ ᠤᠨ》 ᠵᠠᠰᠠᠭ ᠲᠣᠭᠲᠠᠭᠰᠠᠨ ᠢ ᠲᠡᠮᠳᠡᠭᠯᠡᠵᠦ ᠵᠤᠨ ᠤ ᠲᠡᠷᠢᠭᠦᠨ ᠰᠠᠷ᠎ᠠ ᠶᠢᠨ 6 ᠍ ᠳᠦ ᠨᠠᠭᠠᠳᠬᠤ ᠪᠠᠷ ᠵᠢᠭᠠᠭᠰᠠᠨ᠃ ᠲᠡᠷᠡ ᠵᠢᠯ ᠦᠨ ᠴᠡᠷᠢᠭ ᠦᠨ ᠪᠠ ᠠᠷᠪᠠᠨ ᠵᠠᠰᠠᠭ ᠤᠨ ᠨᠠᠭᠠᠳᠤᠮ ᠳᠤ ᠬᠣᠶᠠᠭᠤᠯᠠᠨ ᠳᠤ ᠨᠢ ᠪᠠᠨᠳᠠᠩ ᠠᠪᠤᠷᠭᠤ ᠲᠦᠷᠦᠭᠦᠯᠡᠭᠰᠡᠨ᠃ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠲᠣᠭᠲᠠᠭᠰᠠᠨ ᠤ ᠳᠠᠷᠠᠭ᠎ᠠ ᠬᠣᠶᠠᠷ ᠨᠠᠭᠠᠳᠤᠮ ᠢ ᠬᠠᠮᠲᠤᠷᠠᠭᠤᠯᠬᠤ ᠰᠢᠢᠳᠪᠦᠷᠢ 1925 ᠤᠨ ᠤ 5 ᠍ ᠳᠦᠭᠡᠷ ᠰᠠᠷ᠎ᠠ ᠶᠢᠨ 15 ᠍ ᠳᠦ ᠵᠠᠰᠠᠭ ᠤᠨ ᠭᠠᠵᠠᠷ ᠤᠨ ᠬᠤᠷᠠᠯᠳᠤᠭᠠᠨ ᠠᠴᠠ ᠭᠠᠷᠴᠤ᠂ ᠨᠠᠭᠠᠳᠤᠮ ᠤᠨ ᠲᠣᠪ ᠢ 7 ᠍ ᠳᠦᠭᠡᠷ ᠰᠠᠷ᠎ᠠ ᠶᠢᠨ 11 ᠭᠡᠵᠦ ᠵᠢᠭᠠᠵᠠᠢ.〔2〕 ᠡᠨᠡ ᠦᠶᠡᠰ 《ᠠᠷᠠᠳ ᠤᠨ ᠨᠠᠭᠠᠳᠤᠮ》 ᠭᠡᠵᠦ ᠪᠠᠶᠢᠭᠠᠳ ᠮᠣᠩᠭᠣᠯ ᠤᠯᠤᠰ ᠣᠯᠠᠨ ᠤᠯᠤᠰ ᠲᠤ ᠬᠦᠯᠢᠶᠡᠨ ᠵᠥᠪᠰᠢᠶᠡᠷᠡᠭᠳᠡᠭᠰᠡᠨ ᠡᠴᠡ ᠪᠤᠶᠤ 1946 ᠤᠨ ᠠᠴᠠ ᠬᠣᠶᠢᠰᠢ 《ᠠᠷᠠᠳ ᠤᠨ ᠬᠤᠪᠰᠬᠠᠯ ᠢᠯᠠᠭᠰᠠᠨ ᠤ ᠣᠢ》 ᠭᠡᠵᠦ ᠲᠣᠳᠣᠳᠬᠠᠬᠤ ᠪᠣᠯᠤᠭᠰᠠᠨ᠃ 1951᠂ 1961᠂ 1971᠂ 1981ᠤᠨ ᠤ ᠨᠠᠭᠠᠳᠤᠮ ᠠᠷᠠᠳ ᠤᠨ ᠬᠤᠪᠰᠬᠠᠯ ᠢᠯᠠᠭᠰᠠᠨ ᠤ ᠲᠡᠭᠰᠢ ᠣᠢ ᠲᠣᠬᠢᠶᠠᠭᠰᠠᠨ ᠤᠴᠢᠷ ᠶᠡᠬᠡ ᠠᠴᠢ ᠬᠣᠯᠪᠣᠭᠳᠠᠯ ᠥᠭᠴᠦ ᠲᠡᠮᠳᠡᠭᠯᠡᠵᠦ ᠪᠠᠶᠢᠪᠠ᠃

ᠦᠨᠳᠦᠰᠦᠨ ᠦ ᠶᠡᠬᠡ ᠪᠠᠶᠠᠷ ᠨᠠᠭᠠᠳᠤᠮ[ᠵᠠᠰᠠᠪᠤᠷᠢᠯᠠᠬᠤ | ᠺᠣᠳ᠋ ᠢᠶᠠᠷ ᠵᠠᠰᠠᠬᠣ]

1990 ᠤᠨ ᠠᠴᠠ ᠬᠣᠶᠢᠰᠢ ᠮᠣᠩᠭᠣᠯ ᠠᠷᠠᠳ ᠤᠨ ᠬᠤᠪᠢᠰᠬᠠᠯᠲᠤ ᠨᠠᠮ᠂ ᠠᠷᠠᠳᠴᠢᠯᠠᠭᠰᠠᠨ ᠨᠠᠮ ᠬᠣᠶᠠᠷ ᠨᠠᠮ ᠨᠠᠭᠠᠳᠤᠮ ᠤᠨ ᠲᠣᠳᠣᠳᠬᠠᠯ ᠳᠡᠭᠡᠷ᠎ᠡ ᠰᠥᠷᠭᠡᠯᠳᠦᠬᠦ ᠪᠣᠯᠤᠭᠰᠠᠨ᠃ 1996 ᠤᠨ ᠤ ᠤᠯᠤᠰ ᠤᠨ ᠶᠡᠬᠡ ᠬᠤᠷᠠᠯ ᠤᠨ ᠰᠣᠩᠭᠠᠭᠤᠯᠢ ᠳᠤ ᠠᠷᠠᠳᠴᠢᠯᠠᠭᠰᠠᠨ ᠬᠦᠴᠦᠨ ᠢᠯᠠᠭᠰᠠᠨ ᠢᠶᠠᠷ ᠲᠡᠷᠡ ᠵᠢᠯ ᠦᠨ ᠨᠠᠭᠠᠳᠤᠮ ᠮᠣᠩᠭᠣᠯ ᠤᠨ ᠲᠤᠯᠭᠤᠷ ᠪᠠᠶᠢᠭᠤᠯᠤᠭᠳᠠᠭᠰᠠᠨ ᠤ 790 ᠵᠢᠯ ᠦᠨ ᠣᠢ ᠭᠡᠵᠦ ᠲᠡᠮᠳᠡᠭᠯᠡᠭᠳᠡᠪᠡ᠃ 2006 ᠤᠨ ᠳᠤ «ᠶᠡᠬᠡ ᠮᠣᠩᠭᠣᠯ ᠤᠯᠤᠰ ᠪᠠᠶᠢᠭᠤᠯᠤᠭᠳᠠᠰᠤᠨ ᠤ 800 ᠵᠢᠯ ᠦᠨ ᠣᠢ» ᠪᠣᠯᠭᠠᠨ ᠲᠡᠮᠳᠡᠭᠯᠡᠭᠰᠡᠨ᠃ 2015 ᠤᠨ ᠤ ᠪᠠᠶᠢᠳᠠᠯ ᠢᠶᠠᠷ ᠾᠢᠦᠩᠨᠦ ᠤᠯᠤᠰ ᠨᠢᠭᠡᠳᠦᠭᠰᠡᠨ ᠠᠴᠠ ᠡᠬᠢᠯᠡᠨ ᠨᠠᠭᠠᠳᠤᠮ ᠤᠨ ᠲᠣᠳᠣᠳᠬᠠᠯ ᠢ «ᠲᠤᠯᠭᠤᠷ ᠲᠥᠷᠥ ᠶᠢᠨ 2224 ᠵᠢᠯ᠂ ᠶᠡᠬᠡ ᠮᠣᠩᠭᠣᠯ ᠤᠯᠤᠰ ᠪᠠᠶᠢᠭᠤᠯᠤᠭᠳᠠᠭᠰᠠᠨ ᠤ 809 ᠵᠢᠯ᠂ ᠠᠷᠠᠳ ᠤᠨ ᠬᠤᠪᠢᠰᠬᠠᠯ ᠤᠨ 94 ᠵᠢᠯ ᠦᠨ ᠣᠢ ᠶᠢᠨ ᠦᠨᠳᠦᠰᠦᠨ ᠦ ᠶᠡᠬᠡ ᠪᠠᠶᠠᠷ ᠨᠠᠭᠠᠳᠤᠮ» ᠭᠡᠳᠡᠭ ᠪᠣᠯᠤᠭᠰᠠᠨ ᠪᠠᠶᠢᠪᠠ᠃

ᠲᠡᠮᠡᠴᠡᠭᠡᠨ ᠤᠷᠤᠯᠳᠤᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠥᠬᠡ ᠪᠠᠷᠢᠯᠳᠤᠬᠤ᠂ ᠮᠣᠷᠢ ᠤᠷᠤᠯᠳᠤᠭᠤᠯᠬᠤ᠂ ᠨᠤᠮᠤ ᠰᠤᠮᠤ ᠬᠠᠷᠪᠤᠬᠤ ᠶᠢ ᠳᠡᠭᠡᠷ᠎ᠡ ᠦᠶᠡᠰ «ᠡᠷ᠎ᠡ ᠶᠢᠨ ᠭᠤᠷᠪᠠᠨ ᠨᠠᠭᠠᠳᠤᠮ» ᠬᠡᠮᠡᠨ ᠬᠣᠯᠪᠣᠵᠠᠢ᠃ ᠣᠳᠣ ᠳᠥᠷᠪᠡᠨ ᠲᠥᠷᠥᠯ ᠢᠶᠡᠷ ᠨᠠᠭᠠᠳᠳᠠᠭ᠃

ᠪᠥᠬᠡ ᠪᠠᠷᠢᠯᠳᠤᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠪ ᠴᠡᠩᠭᠡᠯᠳᠦᠬᠦ ᠬᠦᠷᠢᠶᠡᠯᠡᠩ᠃ ᠤᠯᠤᠰ ᠤᠨ ᠨᠠᠭᠠᠳᠤᠮ ᠤᠨ ᠪᠥᠬᠡ ᠪᠠᠷᠢᠯᠳᠤᠭᠠᠨ᠃ ᠮᠣᠩᠭᠣᠯᠴᠤᠳ ᠪᠠᠭ᠎ᠠ ᠠᠴᠠ ᠪᠠᠨ ᠪᠥᠬᠡ ᠪᠠᠷᠢᠯᠳᠤᠵᠤ ᠥᠰᠳᠡᠭ ᠤᠯᠠᠮᠵᠢᠯᠠᠯ ᠲᠠᠢ᠃ ᠪᠥᠬᠡ ᠪᠠᠷᠢᠯᠳᠤᠭᠠᠨ ᠤ ᠬᠢᠴᠡ ᠨᠢ ᠭᠠᠵᠠᠷ ᠭᠠᠵᠠᠷ ᠲᠤ ᠠᠳᠠᠯᠢ ᠦᠭᠡᠢ ᠪᠠᠶᠢᠨ᠎ᠠ᠃ ᠡᠭᠦᠨ ᠢ ᠢᠯᠭᠠᠪᠠᠯ᠄ ᠪᠤᠷᠢᠶᠠᠳ ᠪᠥᠬᠡ (ᠪᠤᠷᠢᠶᠠᠳ ᠲᠤ ᠡᠭᠦᠰᠴᠦ ᠬᠥᠭᠵᠢᠵᠦ ᠪᠤᠢ᠂ ᠪᠤᠷᠢᠶᠠᠳ ᠦᠰᠦᠭ ᠢᠶᠡᠷ «бүхэ барилдаан (ᠪᠦᠬᠡ ᠪᠠᠷᠢᠯᠳᠤᠭᠠᠨ) » ᠭᠡᠨ᠎ᠡ) ᠪᠤᠬ᠎ᠠ ᠨᠣᠣᠯᠠᠯᠳᠤᠭᠠᠨ (ᠳᠤᠮᠳᠠᠳᠤ ᠵᠠᠭᠤᠨ ᠤ ᠣᠶᠢᠷᠠᠳ ᠤᠨ ᠳᠤᠮᠳᠠ ᠳᠡᠯᠭᠡᠷᠴᠤ ᠪᠠᠶᠢᠭᠰᠠᠨ᠂ ᠣᠳᠣ ᠶᠢᠨ ᠪᠠᠷᠢᠯᠳᠤᠭ᠎ᠠ ᠨᠤᠭᠤᠳ ᠲᠤ ᠵᠠᠢ ᠲᠠᠯᠪᠢᠵᠤ ᠮᠥᠬᠦᠭᠰᠡᠨ ᠪᠠᠷᠢᠯᠳᠤᠭᠠᠨ) ᠮᠣᠩᠭᠣᠯ ᠪᠥᠬᠡ (ᠮᠣᠩᠭᠣᠯ ᠳᠤ «ᠦᠨᠳᠦᠰᠦᠨ ᠦ ᠪᠥᠬᠡ» ᠭᠡᠳᠡᠭ; ᠳᠤᠮᠳᠠᠳᠤ ᠵᠠᠭᠤᠨ ᠤ ᠬᠠᠯᠬ᠎ᠠ ᠳᠤ ᠡᠭᠦᠰᠴᠦ ᠬᠥᠭᠵᠢᠭᠰᠡᠨ᠂ ᠣᠳᠣ ᠮᠣᠩᠭᠣᠯ ᠤᠯᠤᠰ ᠤᠨ ᠦᠨᠳᠦᠰᠦᠨ ᠪᠠᠷᠢᠯᠳᠤᠭᠠᠨ) ᠥᠪᠥᠷ ᠮᠣᠩᠭᠣᠯ ᠪᠥᠬᠡ (ᠡᠷᠲᠡᠨ ᠡᠴᠡ ᠦᠵᠦᠮᠦᠴᠢᠨ ᠳᠦ ᠬᠥᠭᠵᠢᠵᠦ ᠳᠡᠯᠭᠡᠷᠡᠭᠰᠡᠨ᠂ «ᠦᠵᠦᠮᠦᠴᠢᠨ ᠪᠥᠬᠡ»᠂ «ᠵᠠᠩᠭᠢᠶᠠᠲᠤ ᠪᠥᠬᠡ ᠶᠢᠨ ᠪᠠᠷᠢᠯᠳᠤᠭᠠᠨ» ᠭᠡᠵᠦ ᠪᠠᠰᠠ ᠬᠡᠯᠡᠨ᠎ᠡ) ᠬᠠᠯᠢᠮᠠᠭ ᠪᠥᠬᠡ (ᠳᠦᠷᠢᠮ ᠨᠢ ᠪᠤᠬ᠎ᠠ ᠨᠣᠣᠯᠠᠯᠳᠤᠭᠠᠨ ᠠᠴᠠ ᠭᠠᠷᠤᠯ ᠲᠠᠢ᠂ ᠡᠮᠦᠰᠬᠡᠯ ᠨᠢ ᠴᠢᠯᠦᠭᠡᠲᠦ ᠪᠥᠬᠡ ᠡᠴᠡ ᠠᠪᠤᠭᠰᠠᠨ ᠰᠢᠨ᠎ᠡ ᠪᠡᠷ ᠬᠥᠭᠵᠢᠵᠦ ᠪᠤᠢ ᠪᠠᠷᠢᠯᠳᠤᠭᠠᠨ)᠃ 2016 ᠤᠨ ᠳ᠋ᠦ ᠪᠦᠬᠡ  ᠶᠢᠨ ᠪᠠᠷᠢᠯᠳᠤᠭᠠᠨ ᠳ᠋ᠦ ᠰᠠᠩᠵᠠᠶᠢᠳᠠᠮᠪᠠ ᠠᠷᠪᠠ ᠳᠠᠪᠠᠨ ᠲᠡᠷᠢᠭᠦᠯᠡᠪᠡ ᠃

ᠮᠣᠷᠢᠨ ᠤᠷᠤᠯᠳᠤᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠷᠳᠤᠨ ᠮᠣᠷᠢᠨ ᠤ ᠤᠷᠤᠯᠳᠤᠭᠠᠨ ᠤ ᠪᠠᠷᠢᠶ᠎ᠠ ᠮᠣᠩᠭᠣᠯᠴᠤᠳ ᠡᠷᠲᠡᠨ ᠡᠴᠡ ᠮᠣᠷᠢᠨ ᠳᠤ ᠡᠷᠡᠮᠡᠭᠡᠢ᠂ ᠮᠣᠷᠢᠨ ᠤ ᠨᠢᠷᠤᠭᠤᠨ ᠳᠡᠭᠡᠷ᠎ᠡ ᠰᠠᠨᠳᠠᠶᠢᠯᠠᠵᠤ ᠳᠡᠯᠡᠬᠡᠢ ᠳᠦ ᠮᠥᠷ ᠢᠶᠡᠨ ᠲᠠᠮᠠᠭᠠᠯᠠᠭᠰᠠᠨ ᠠᠷᠠᠳ ᠲᠦᠮᠡᠨ ᠪᠢᠯᠡ᠃ ᠬᠤᠷᠳᠤᠨ ᠮᠣᠷᠢ ᠶᠢ ᠡᠷᠬᠢᠮᠯᠡᠬᠦ ᠪᠥᠭᠡᠳ 《ᠰᠠᠶᠢᠨ ᠮᠣᠷᠢ ᠡᠵᠡᠨ ᠦ ᠴᠢᠮᠡᠭ᠂ ᠰᠠᠶᠢᠨ ᠡᠬᠡᠨᠡᠷ ᠭᠡᠷ ᠦᠨ ᠴᠢᠮᠡᠭ》〔3〕 ᠭᠡᠵᠦ ᠬᠡᠯᠡᠳᠡᠭ᠃ ᠬᠤᠷᠳᠤᠨ ᠮᠣᠷᠢ ᠶᠢ ᠨᠠᠰᠤ ᠨᠠᠰᠤ ᠪᠠᠷ ᠨᠢ ᠤᠷᠤᠯᠳᠤᠭᠤᠯᠳᠠᠭ᠄ ᠡᠭᠦᠨ ᠳᠦ ᠳᠠᠭ᠎ᠠ - 2 ᠨᠠᠰᠤᠲᠠᠢ ᠰᠢᠳᠦᠯᠡᠩ - 3 ᠨᠠᠰᠤᠲᠠᠢ ᠬᠢᠵᠠᠭᠠᠯᠠᠩ - 4 ᠨᠠᠰᠤᠲᠠᠢ ᠰᠣᠶᠣᠭᠠᠯᠠᠩ - 5 ᠨᠠᠰᠤᠲᠠᠢ ᠠᠵᠢᠷᠭ᠎ᠠ - 7 ᠍ ᠠᠴᠠ ᠳᠡᠭᠡᠭᠰᠢ ᠨᠠᠰᠤᠲᠠᠢ ᠪᠤᠶᠤ ᠨᠠᠰᠤ ᠭᠦᠢᠴᠡᠭᠰᠡᠨ  ᠶᠡᠬᠡ ᠨᠠᠰᠤ (ᠪᠦᠳᠦᠭᠦᠨ ᠮᠣᠷᠢ) - 7 ᠍ ᠠᠴᠠ ᠳᠡᠭᠡᠭᠰᠢ ᠨᠠᠰᠤᠲᠠᠢ ᠪᠤᠶᠤ ᠨᠠᠰᠤ ᠭᠦᠢᠴᠡᠭᠰᠡᠨ ᠮᠥᠨ᠄ ᠵᠢᠷᠤᠭ᠎ᠠ - ᠰᠠᠶᠢᠬᠠᠨ ᠶᠠᠪᠤᠳᠠᠯ ᠲᠠᠢ ᠮᠣᠩᠭᠣᠯ ᠨᠤᠲᠤᠭ ᠤᠨ ᠠᠳᠤᠭᠤ ᠬᠣᠯᠠ ᠳᠤ ᠲᠡᠰᠪᠦᠷᠢᠲᠡᠢ ᠪᠥᠭᠡᠳ ᠨᠠᠰᠤ ᠨᠠᠰᠤ ᠪᠠᠷ ᠨᠢ ᠢᠯᠭᠠᠵᠤ 10-30 ᠺᠢᠯᠣᠮᠧᠲ᠋ᠷ ᠭᠠᠵᠠᠷ ᠤᠷᠤᠯᠳᠤᠭᠤᠯᠳᠠᠭ᠃

ᠰᠤᠷ ᠬᠠᠷᠪᠤᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠤᠰ ᠤᠨ ᠨᠠᠭᠠᠳᠤᠮ᠃ ᠰᠤᠷ ᠬᠠᠷᠪᠤᠭ᠎ᠠ᠃ ᠮᠣᠩᠭᠣᠯᠴᠤᠳ ᠡᠷᠲᠡᠨ ᠡᠴᠡ ᠳᠠᠶᠢᠲᠤᠬᠤ ᠨᠠᠮᠨᠠᠬᠤ ᠳᠤ ᠳᠠᠳᠤᠭᠰᠠᠨ᠂ «ᠡᠷᠡᠬᠡᠢ ᠳᠦ ᠪᠡᠨ ᠡᠷᠴᠢᠲᠡᠢ»〔4〕 ᠮᠡᠷᠭᠡᠨ ᠬᠠᠷᠪᠤᠭᠠᠴᠢᠳ ᠪᠢᠯᠡ᠃ ᠡᠳᠦᠭᠡ ᠡᠨᠡ ᠨᠢ ᠡᠩᠨᠡᠭᠦᠯᠦᠨ ᠲᠠᠯᠪᠢᠭᠰᠠᠨ ᠰᠤᠷ ᠢ ᠠᠯᠤᠰ ᠤᠨ ᠵᠠᠶ ᠠᠴᠠ ᠬᠠᠷᠪᠤᠬᠤ ᠰᠫᠣᠷᠲ ᠪᠣᠯᠤᠨ ᠥᠪᠯᠡᠭᠳᠡᠵᠡᠢ᠃ ᠬᠡᠳᠦ ᠬᠡᠳᠦᠨ ᠶᠠᠩᠵᠤ ᠪᠠᠶᠢᠨ᠎ᠠ᠄ ᠪᠤᠷᠢᠶᠠᠳ ᠬᠠᠷᠪᠤᠭ᠎ᠠ ᠬᠠᠯᠬ᠎ᠠ ᠬᠠᠷᠪᠤᠭ᠎ᠠ (ᠦᠨᠳᠦᠰᠦᠨ ᠦ ᠰᠤᠷ ᠬᠠᠷᠪᠤᠭ᠎ᠠ) ᠤᠷᠢᠶᠠᠩᠬᠠᠢ ᠬᠠᠷᠪᠤᠭ᠎ᠠ

ᠱᠠᠭ᠎ᠠ ᠬᠠᠷᠪᠤᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯᠴᠤᠳ ᠮᠠᠯ ᠤᠨ ᠢᠶᠠᠨ ᠦᠷ᠎ᠡ ᠰᠢᠮ᠎ᠡ ᠶᠢ ᠬᠦᠷᠲᠡᠨ ᠢᠷᠡᠭᠰᠡᠨ᠃ ᠰᠦ᠋ ᠰᠠᠭᠠᠯᠢ᠂ ᠦᠰᠦ ᠨᠣᠣᠰᠣ᠂ ᠶᠠᠰᠤ ᠴᠢᠰᠤ ᠨᠢᠭᠡ ᠶᠢ ᠴᠤ ᠬᠠᠶᠠᠯ ᠦᠭᠡᠢ ᠠᠰᠢᠭᠯᠠᠳᠠᠭ ᠤᠨ ᠨᠢᠭᠡ ᠨᠢ ᠱᠠᠭ᠎ᠠ ᠶᠤᠮ᠃ ᠱᠠᠭ᠎ᠠ ᠶᠢᠨ ᠨᠠᠭᠠᠳᠭᠠᠢ ᠶᠢᠨ ᠤ ᠣᠯᠠᠨ ᠵᠦᠢᠯ ᠡᠴᠡ ᠱᠠᠭ᠎ᠠ ᠶᠢᠨ ᠬᠠᠷᠪᠤᠭ᠎ᠠ ᠡᠨᠡ ᠴᠠᠭ ᠲᠤ ᠨᠠᠭᠠᠳᠤᠮ ᠤᠨ ᠨᠢᠭᠡᠨ ᠲᠥᠷᠥᠯ ᠪᠣᠯᠵᠠᠢ᠃ ᠳᠣᠲᠣᠷ᠎ᠠ ᠪᠠᠨ ᠬᠡᠳᠦᠨ ᠶᠠᠩᠵᠤ ᠪᠠᠶᠢᠨ᠎ᠠ᠄ ᠪᠣᠷᠵᠢᠭᠢᠨ ᠬᠠᠷᠪᠤᠭ᠎ᠠ ᠬᠠᠯᠬ᠎ᠠ ᠬᠠᠷᠪᠤᠭ᠎ᠠ ᠤᠷᠢᠶᠠᠩᠬᠠᠢ ᠬᠠᠷᠪᠤᠭ᠎ᠠ

ᠭᠠᠵᠠᠷ ᠭᠠᠵᠠᠷ ᠤᠨ ᠨᠠᠭᠠᠳᠤᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠣᠷᠣᠨ ᠳᠤ ᠵᠤᠨ ᠴᠠᠭ ᠢᠷᠡᠵᠦ᠂ ᠵᠢᠯ ᠪᠦᠷᠢ ᠶᠢᠨ ᠳᠣᠯᠣᠭᠠᠳᠤᠭᠠᠷ᠂ ᠨᠠᠶᠮᠠᠳᠤᠭᠠᠷ ᠰᠠᠷ᠎ᠠ ᠨᠠᠭᠠᠳᠤᠮ ᠤᠨ ᠴᠠᠭ᠂ ᠶᠢᠰᠦᠳᠦᠭᠡᠷ ᠰᠠᠷ᠎ᠠ ᠬᠤᠷᠢᠮ ᠨᠠᠶᠢᠷ ᠤᠨ ᠴᠠᠭ ᠪᠣᠯᠤᠨ᠎ᠠ᠃ ᠮᠣᠩᠭᠣᠯ ᠤᠯᠤᠰ ᠳᠦ ᠨᠠᠭᠠᠳᠤᠮ ᠢ ᠵᠣᠬᠢᠶᠠᠨ ᠪᠠᠶᠢᠭᠤᠯᠬᠤ ᠺᠣᠮᠢᠰ ᠤᠯᠤᠰ᠂ ᠠᠶᠢᠮᠠᠭ᠂ ᠰᠤᠮᠤ ᠶᠢᠨ ᠨᠠᠭᠠᠳᠤᠮ ᠢᠶᠠᠨ ᠲᠤᠰ ᠲᠤᠰ ᠵᠣᠬᠢᠶᠠᠨ ᠪᠠᠶᠢᠭᠤᠯᠵᠤ ᠠᠷᠠᠳ ᠲᠦᠮᠡᠨ ᠴᠤᠭᠯᠠᠨ ᠪᠠᠶᠠᠷᠯᠠᠳᠠᠭ᠃ ᠮᠣᠩᠭᠣᠯ ᠤᠯᠤᠰ ᠤᠨ ᠨᠠᠭᠠᠳᠤᠮ ᠵᠠᠰᠠᠭ ᠵᠠᠬᠢᠷᠭᠠᠨ ᠤ ᠵᠣᠬᠢᠶᠠᠨ ᠪᠠᠶᠢᠭᠤᠯᠤᠯᠲᠠ ᠲᠠᠢ ᠤᠶᠠᠯᠳᠤᠨ ᠴᠣᠯᠠ᠂ ᠵᠡᠷᠭᠡ᠂ ᠴᠢᠮᠡᠭ ᠨᠢ ᠤᠶᠠᠯᠳᠤᠭᠰᠠᠨ ᠪᠠᠶᠢᠳᠠᠭ᠃

ᠤᠯᠤᠰ ᠤᠨ ᠨᠠᠭᠠᠳᠤᠮ[ᠵᠠᠰᠠᠪᠤᠷᠢᠯᠠᠬᠤ | ᠺᠣᠳ᠋ ᠢᠶᠠᠷ ᠵᠠᠰᠠᠬᠣ]

thumb|right|ᠲᠥᠪ ᠴᠡᠩᠭᠡᠯᠳᠦᠬᠦ ᠬᠦᠷᠢᠶᠡᠯᠡᠩ᠃ 2006 ᠤᠨ ᠤ ᠤᠯᠤᠰ ᠤᠨ ᠨᠠᠭᠠᠳᠤᠮ ᠤᠨ ᠨᠡᠭᠡᠭᠡᠯᠲᠡ ᠶᠢᠨ ᠲᠣᠭᠯᠠᠯᠲᠠ ᠤᠯᠤᠰ ᠤᠨ ᠨᠠᠭᠠᠳᠤᠮ ᠵᠢᠯ ᠪᠦᠷᠢ ᠶᠢᠨ 7 ᠍ ᠳᠦᠭᠡᠷ ᠰᠠᠷ᠎ᠠ ᠶᠢᠨ 7-13 ᠍ ᠤ ᠬᠣᠭᠣᠷᠣᠨᠳᠣ ᠨᠡᠶᠢᠰᠯᠡᠯ ᠤᠯᠠᠭᠠᠨᠪᠠᠭᠠᠲᠤᠷ ᠲᠤ ᠪᠣᠯᠤᠨ᠎ᠠ᠃ ᠡᠭᠦᠨ ᠳᠦ᠄

ᠲᠡᠮᠡᠴᠡᠭᠡᠨ ᠶᠠᠪᠤᠭᠳᠠᠬᠤ ᠭᠠᠵᠠᠷ ᠡᠳᠦᠷ ᠰᠠᠷ ᠠ ᠤᠷᠤᠯᠳᠤᠭᠠᠨ᠂ ᠱᠠᠲᠤ ᠥᠷᠢᠰᠦᠯᠳᠦᠭᠴᠢ
1 ᠦᠨᠳᠦᠰᠦᠨ ᠦ ᠪᠥᠬᠡ ᠲᠥᠪ ᠴᠡᠩᠭᠡᠯᠳᠦᠬᠦ ᠬᠦᠷᠢᠶᠡᠯᠡᠩ 7 ᠍ ᠳᠦᠭᠡᠷ ᠰᠠᠷ᠎ᠠ ᠶᠢᠨ 10 1-2 ᠍ ᠶᠢᠨ ᠳᠠᠪᠠᠭ᠎ᠠ 512 ᠪᠥᠬᠡ (9 ᠳᠠᠪᠠᠭ᠎ᠠ)᠂ ᠶᠡᠬᠡ ᠣᠢ ᠶᠢᠨ ᠵᠢᠯ 1024 ᠪᠥᠬᠡ (10 ᠳᠠᠪᠠᠭ᠎ᠠ)
7 ᠍ ᠳᠦᠭᠡᠷ ᠰᠠᠷ᠎ᠠ ᠶᠢᠨ 11 3-9 ᠍ ᠶᠢᠨ ᠳᠠᠪᠠᠭ᠎ᠠ
2 ᠬᠤᠷᠳᠤᠨ ᠮᠣᠷᠢ ᠬᠦᠢ ᠳᠣᠯᠣᠭᠠᠨ ᠬᠤᠳᠳᠤᠭ 7 ᠍ ᠳᠦᠭᠡᠷ ᠰᠠᠷ᠎ᠠ ᠶᠢᠨ 10 ᠰᠢᠳᠦᠯᠡᠩ ᠦᠨ ᠤᠷᠤᠯᠳᠤᠭᠠᠨ  ᠨᠠᠰᠤ ᠪᠦᠷᠢ ᠳᠦ 100-600 ᠬᠤᠷᠳᠤᠨ ᠬᠦᠯᠦᠭ
ᠳᠠᠭᠠᠨ ᠤ ᠤᠷᠤᠯᠳᠤᠭᠠᠨ
7 ᠍ ᠳᠦᠭᠡᠷ ᠰᠠᠷ᠎ᠠ ᠶᠢᠨ 11 ᠠᠵᠢᠷᠭᠠᠨ ᠤ ᠤᠷᠤᠯᠳᠤᠭᠠᠨ
 ᠶᠡᠬᠡ ᠨᠠᠰᠤᠨ ᠤ ᠮᠣᠷᠢᠨ ᠤ ᠤᠷᠤᠯᠳᠤᠭᠠᠨ
7 ᠍ ᠳᠦᠭᠡᠷ ᠰᠠᠷ᠎ᠠ ᠶᠢᠨ 12 ᠰᠤᠶᠤᠯᠠᠩ ᠤᠨ ᠤᠷᠤᠯᠳᠤᠭᠠᠨ
ᠬᠢᠵᠠᠯᠠᠩ ᠤᠨ ᠤᠷᠤᠯᠳᠤᠭᠠᠨ
3 ᠰᠤᠷ ᠬᠠᠷᠪᠤᠭ᠎ᠠ ᠰᠤᠷ ᠤᠨ ᠲᠠᠯᠠᠪᠠᠢ 7 ᠍ ᠳᠦᠭᠡᠷ ᠰᠠᠷ᠎ᠠ ᠶᠢᠨ 7 ᠤᠷᠢᠶᠠᠩᠬᠠᠢ ᠰᠤᠷ ᠤᠨ ᠬᠠᠷᠪᠤᠭ᠎ᠠ
7 ᠍ ᠳᠦᠭᠡᠷ ᠰᠠᠷ᠎ᠠ ᠶᠢᠨ 8 ᠪᠤᠷᠢᠶᠠᠳ ᠰᠤᠷ ᠤᠨ ᠬᠠᠷᠪᠤᠭ᠎ᠠ
7 ᠍ ᠳᠦᠭᠡᠷ ᠰᠠᠷ᠎ᠠ ᠶᠢᠨ 9 ᠬᠡᠦᠬᠡᠳ ᠦᠨ ᠬᠠᠷᠪᠤᠭ᠎ᠠ
7 ᠍ ᠳᠦᠭᠡᠷ ᠰᠠᠷ᠎ᠠ ᠶᠢᠨ 11 ᠦᠨᠳᠦᠰᠦᠨ ᠦ ᠰᠤᠷ ᠤᠨ ᠬᠠᠨ ᠬᠠᠷᠪᠤᠭ᠎ᠠ
7 ᠍ ᠳᠦᠭᠡᠷ ᠰᠠᠷ᠎ᠠ ᠶᠢᠨ 12 ᠦᠨᠳᠦᠰᠦᠨ ᠦ ᠰᠤᠷ ᠤᠨ ᠬᠠᠰᠠ ᠪᠠᠨ ᠬᠠᠷᠪᠤᠭ᠎ᠠ
4 ᠱᠠᠭ᠎ᠠ ᠬᠠᠷᠪᠤᠭ᠎ᠠ ᠱᠠᠭᠠᠢ ᠶᠢᠨ ᠠᠰᠠᠷ 7 ᠍ ᠳᠦᠭᠡᠷ ᠰᠠᠷ᠎ᠠ ᠶᠢᠨ 10 ᠬᠡᠰᠡᠭ ᠦᠨ ᠬᠠᠷᠪᠤᠭ᠎ᠠ
7 ᠍ ᠳᠦᠭᠡᠷ ᠰᠠᠷ᠎ᠠ ᠶᠢᠨ 11 ᠬᠠᠭᠠᠰ ᠰᠢᠭᠰᠢᠭᠡ ᠬᠠᠷᠪᠤᠭ᠎ᠠ
7 ᠍ ᠳᠦᠭᠡᠷ ᠰᠠᠷ᠎ᠠ ᠶᠢᠨ 12 ᠰᠢᠭᠰᠢᠭᠡ ᠬᠠᠷᠪᠤᠭ᠎ᠠ

ᠤᠯᠤᠰ ᠤᠨ ᠨᠠᠭᠠᠳᠤᠮ ᠢ 7 ᠍ ᠳᠦᠭᠡᠷ ᠰᠠᠷ᠎ᠠ ᠶᠢᠨ 11 ᠍ ᠤ 11᠄00 ᠴᠠᠭ ᠲᠤ ᠮᠣᠩᠭᠣᠯ ᠤᠯᠤᠰ ᠤᠨ ᠶᠡᠷᠦᠩᠬᠡᠶᠢᠯᠡᠭᠴᠢ ᠨᠡᠭᠡᠭᠡᠵᠦ ᠦᠭᠡ ᠬᠡᠯᠡᠳᠡᠭ᠃

ᠤᠯᠤᠰ ᠤᠨ ᠨᠠᠭᠠᠳᠤᠮ ᠤᠨ ᠬᠦᠷᠢᠶᠡᠨ ᠳᠦ ᠲᠥᠷᠥ ᠶᠢᠨ ᠳᠠᠯᠪᠠᠭ᠎ᠠ ᠶᠢ ᠬᠦᠨᠳᠦᠳᠭᠡᠬᠦ ᠶᠣᠰᠣᠯᠠᠯ᠂ ᠲᠥᠷᠥ ᠶᠢᠨ ᠲᠤᠭ ᠢ ᠴᠡᠩᠭᠢᠭᠦᠯᠬᠦ ᠶᠣᠰᠣᠯᠠᠯ᠂ ᠳᠡᠪᠡᠯ ᠲᠡᠢ ᠮᠣᠩᠭᠣᠯ ᠨᠠᠭᠠᠳᠤᠮ᠂ ᠤᠶᠠᠭᠠᠴᠢᠳ ᠤᠨ ᠨᠠᠭᠠᠳᠤᠮ᠂ ᠤᠷᠠᠯᠢᠭ ᠤᠨ ᠲᠣᠭᠯᠠᠯᠲᠠ᠂ ᠲᠡᠮᠡᠴᠡᠭᠡᠨ ᠤᠷᠤᠯᠳᠤᠭᠠᠨ ᠳᠤ ᠰᠢᠯᠭᠠᠷᠠᠭᠰᠠᠨ ᠪᠥᠬᠡ᠂ ᠮᠣᠷᠢ᠂ ᠬᠠᠷᠪᠤᠭᠠᠴᠢᠳ ᠲᠤ ᠤᠯᠤᠰ ᠤᠨ ᠴᠣᠯᠠ ᠴᠢᠮᠡᠭ ᠣᠯᠭᠣᠬᠤ᠂ ᠱᠠᠩ ᠭᠠᠷᠳᠠᠭᠤᠯᠬᠤ ᠶᠣᠰᠣᠯᠠᠯ ᠪᠣᠯᠳᠠᠭ᠃

7 ᠍ ᠳᠦᠭᠡᠷ ᠰᠠᠷ᠎ᠠ ᠶᠢᠨ 11-13 ᠍ ᠤ ᠡᠳᠦᠷ ᠦᠳ ᠣᠷᠣᠨ ᠳᠠᠶᠠᠭᠠᠷ ᠮᠥᠷᠳᠡᠬᠥ ᠪᠦᠬᠦ ᠨᠡᠶᠢᠲᠡ ᠶᠢᠨ ᠠᠮᠠᠷᠠᠯᠲᠠ ᠶᠢᠨ ᠡᠳᠦᠷ ᠪᠠᠶᠢᠨ᠎ᠠ᠃

thumb|ᠲᠥᠪ ᠠᠶᠢᠮᠠᠭ᠃ ᠤᠭᠲᠠᠭᠠᠯᠴᠠᠶᠢᠳᠠᠮ ᠰᠤᠮᠤ.

ᠠᠶᠢᠮᠠᠭ ᠤᠨ ᠨᠠᠭᠠᠳᠤᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠤᠨ 21 ᠠᠶᠢᠮᠠᠭ 7 ᠍ ᠳᠦᠭᠡᠷ ᠰᠠᠷ᠎ᠠ ᠳᠤ ᠨᠤᠲᠤᠭ ᠤᠨ ᠤᠳᠤᠷᠢᠳᠤᠯᠭ᠎ᠠ ᠶᠢᠨ ᠰᠢᠢᠳᠪᠦᠷᠢ ᠪᠡᠷ 2-3 ᠡᠳᠦᠷ ᠲᠣᠪᠯᠠᠵᠤ ᠨᠠᠭᠠᠳᠤᠮ ᠬᠢᠳᠡᠭ᠃ ᠪᠥᠬᠡ ᠪᠠᠷᠢᠯᠳᠤᠨ᠂ ᠮᠣᠷᠢ ᠤᠷᠤᠯᠳᠤᠨ᠂ ᠰᠤᠷ ᠬᠠᠷᠪᠤᠨ᠎ᠠ᠃ ᠲᠡᠷᠢᠭᠦᠯᠡᠭᠰᠡᠨ ᠪᠥᠬᠡ᠂ ᠮᠣᠷᠢ᠂ ᠬᠠᠷᠪᠤᠭᠠᠴᠢᠳ ᠲᠤ ᠠᠶᠢᠮᠠᠭ ᠤᠨ ᠴᠣᠯᠠ ᠵᠡᠷᠭᠡ ᠭᠠᠷᠳᠠᠭᠤᠯᠵᠤ᠂ ᠫᠠᠢ ᠱᠠᠩ ᠥᠭᠴᠦ ᠱᠠᠩᠨᠠᠳᠠᠭ᠃

ᠰᠤᠮᠤ ᠶᠢᠨ ᠨᠠᠭᠠᠳᠤᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠤᠨ 300 ᠭᠠᠷᠤᠨ ᠰᠤᠮᠤ ᠵᠢᠯ ᠪᠦᠷᠢ ᠶᠢᠨ 7 ᠍ ᠳᠦᠭᠡᠷ ᠰᠠᠷ᠎ᠠ ᠳᠤ ᠨᠤᠲᠤᠭ ᠤᠨ ᠤᠳᠤᠷᠢᠳᠤᠯᠭ᠎ᠠ ᠶᠢᠨ ᠰᠢᠢᠳᠪᠦᠷᠢ ᠪᠡᠷ 1-2 ᠡᠳᠦᠷ ᠲᠣᠪᠯᠠᠵᠤ ᠨᠠᠭᠠᠳᠤᠮ ᠬᠢᠳᠡᠭ᠃ ᠲᠦᠷᠦᠭᠦᠯᠡᠵᠦ ᠦᠵᠦᠭᠦᠷᠯᠡᠭᠰᠡᠨ ᠪᠥᠬᠡ᠂ ᠠᠶᠢᠷᠠᠭᠳᠠᠭᠰᠠᠨ ᠬᠤᠷᠳᠤᠨ ᠮᠣᠷᠢ᠂ ᠪᠠᠶᠢᠷᠢ ᠡᠵᠡᠯᠡᠭᠰᠡᠨ ᠬᠠᠷᠪᠤᠭᠠᠴᠢᠳ ᠲᠤ ᠰᠤᠮᠤ ᠶᠢᠨ ᠴᠣᠯᠠ ᠵᠡᠷᠭᠡ᠂ ᠫᠠᠢ ᠱᠠᠩ ᠥᠭᠳᠡᠭ᠃

ᠪᠤᠰᠤᠳ ᠨᠠᠭᠠᠳᠤᠮ[ᠵᠠᠰᠠᠪᠤᠷᠢᠯᠠᠬᠤ | ᠺᠣᠳ᠋ ᠢᠶᠠᠷ ᠵᠠᠰᠠᠬᠣ]

〔〔ᠳᠤᠮᠳᠠᠳᠤ ᠤᠯᠤᠰ〕〕 ᠍ ᠤᠨ ᠮᠣᠩᠭᠣᠯᠴᠤᠳ ᠵᠤᠨ ᠤ ᠳᠡᠯᠭᠡᠷ ᠴᠠᠭ ᠲᠤ ᠨᠠᠭᠠᠳᠤᠮ ᠬᠢᠨ᠎ᠡ᠃ ᠡᠭᠦᠨ ᠡᠴᠡ ᠬᠠᠮᠤᠭ ᠤᠨ ᠥᠷᠭᠡᠨ ᠳᠡᠯᠭᠡᠷ ᠨᠠᠭᠠᠳᠤᠮ 〔〔ᠥᠪᠥᠷ ᠮᠣᠩᠭᠣᠯ〕〕 ᠣᠷᠣᠨ ᠤ 〔〔ᠰᠢᠯᠢ ᠶᠢᠨ ᠭᠣᠣᠯ ᠠᠶᠢᠮᠠᠭ|ᠰᠢᠯᠢ ᠶᠢᠨ ᠭᠣᠣᠯ〕〕 ᠠᠶᠢᠮᠠᠭ ᠤᠨ 〔〔ᠵᠡᠭᠦᠨ ᠦᠵᠦᠮᠦᠴᠢᠨ ᠬᠣᠰᠢᠭᠤᠨ|ᠵᠡᠭᠦᠨ ᠦᠵᠦᠮᠦᠴᠢᠨ ᠬᠣᠰᠢᠭᠤ〕〕ᠳ᠋ᠤ᠋ ᠪᠣᠯᠳᠠᠭ᠃

〔〔ᠦᠵᠦᠮᠦᠴᠢᠨ〕〕 ᠪᠠᠷᠢᠯᠳᠤᠭᠠᠨ ᠨᠢ ᠮᠣᠩᠭᠣᠯ ᠤᠯᠤᠰ ᠲᠤ ᠬᠥᠭᠵᠢᠭᠰᠡᠨ ᠦᠨᠳᠦᠰᠦᠨ ᠦ ᠪᠥᠬᠡ ᠶᠢᠨ ᠵᠣᠳᠣᠭ ᠱᠤᠳᠠᠭ ᠠᠴᠠ ᠥᠭᠡᠷ ᠡ ᠪᠤᠶᠤ ᠬᠠᠲᠠᠭᠤ ᠰᠢᠷᠢᠨ ᠵᠣᠳᠣᠭ᠂ ᠬᠡᠯᠬᠢᠭᠡᠷ ᠥᠮᠥᠳᠥ ᠲᠡᠢ᠂ ᠮᠠᠯᠠᠭᠠᠢ ᠦᠭᠡᠢ᠃ ᠴᠡᠭᠡᠵᠢ ᠵᠠᠳᠠᠭᠠᠢ ᠪᠠᠶᠢᠳᠠᠭ ᠢᠶᠠᠷ ᠢᠶᠠᠨ ᠠᠳᠠᠯᠢ᠃ ᠠᠯᠪᠠᠨ ᠶᠣᠰᠣᠨ ᠤ ᠴᠣᠯᠠ ᠣᠯᠭᠤᠳᠠᠭ ᠦᠭᠡᠢ᠃ ᠮᠥᠩᠭᠥ᠂ ᠫᠠᠢ ᠪᠠᠷ ᠱᠠᠩᠨᠠᠨ᠎ᠠ᠃ ᠲᠤᠷᠰᠢᠯᠭ᠎ᠠ ᠲᠠᠢ ᠪᠥᠬᠡ ᠬᠥᠵᠦᠭᠦᠪᠴᠢ ᠲᠡᠢ᠃ ᠲᠦᠷᠦᠭᠦᠯᠡᠭᠰᠡᠨ ᠲᠣᠭ᠎ᠠ ᠪᠠᠷ ᠲᠡᠭᠦᠨ ᠳᠦ ᠵᠠᠩᠭᠢᠶ᠎ᠠ ᠨᠡᠮᠡᠵᠦ ᠵᠡᠭᠦᠨ᠎ᠡ᠃ ᠵᠠᠩᠭᠢᠶ᠎ᠠ ᠪᠠᠨ ᠲᠠᠶᠢᠯᠠᠬᠤ ᠦᠭᠡᠢ ᠪᠠᠷᠢᠯᠳᠤᠨ᠎ᠠ᠃

〔〔ᠣᠷᠣᠰ〕〕 ᠍ ᠤᠨ ᠮᠣᠩᠭᠣᠯᠴᠤᠳ ᠪᠤᠶᠤ 〔〔ᠪᠤᠷᠢᠶᠠᠳ〕〕  ᠤᠳ ᠬᠣᠶᠠᠷ ᠵᠢᠯ ᠳᠦ ᠨᠢᠭᠡ ᠤᠳᠠᠭ᠎ᠠ ᠣᠯᠠᠨ ᠤᠯᠤᠰ ᠤᠨ ᠤᠷᠠᠯᠢᠭ ᠰᠫᠣᠷᠲ ᠤᠨ 〔〔ᠠᠯᠲᠠᠷᠭᠠᠨ᠎ᠠ〕〕 ᠨᠠᠭᠠᠳᠤᠮ᠂ 〔〔ᠬᠠᠯᠢᠮᠠᠭ〕〕  ᠤᠳ ᠵᠠᠷᠢᠮ ᠵᠢᠯ ᠪᠥᠬᠡ ᠪᠠᠷᠢᠯᠳᠤᠭᠠᠨ ᠵᠣᠬᠢᠶᠠᠳᠠᠭ᠃

ᠠᠮᠧᠷᠢᠺᠠ᠂ ᠡᠮᠦᠨ᠎ᠡ ᠰᠣᠯᠣᠩᠭᠣᠰ ᠵᠡᠷᠭᠡ ᠣᠯᠠᠨ ᠣᠷᠣᠨ ᠳᠤ ᠠᠵᠢᠯᠯᠠᠵᠤ ᠠᠮᠢᠳᠤᠷᠠᠬᠤ ᠪᠠᠷ ᠭᠠᠷᠤᠭᠰᠠᠨ ᠮᠣᠩᠭᠣᠯᠴᠤᠳ ᠲᠤᠬᠠᠢ ᠶᠢᠨ ᠨᠤᠲᠤᠭ ᠲᠤ ᠪᠠᠨ ᠵᠤᠨ ᠴᠠᠭ ᠲᠤ ᠴᠤᠭᠯᠠᠨ ᠪᠡᠰᠡᠷᠡᠭ ᠨᠠᠭᠠᠳᠤᠮ ᠵᠣᠬᠢᠶᠠᠳᠠᠭ᠃

ᠮᠣᠩᠭᠣᠯ ᠲᠤᠭᠤᠷᠭᠠᠲᠠᠨ ᠤ ᠨᠠᠭᠠᠳᠤᠮ ᠠᠩᠬ᠎ᠠ ᠪᠥᠬᠡ ᠪᠠᠷᠢᠯᠳᠤᠭᠠᠨ ᠢᠶᠠᠷ ᠡᠬᠢᠯᠡᠭᠰᠡᠨ ᠪᠣᠯ 〔〔ᠰᠢᠲᠠᠷ᠎ᠠ〕〕᠂ 〔〔ᠪᠣᠺᠰ〕〕᠂ ᠤᠷᠠᠯᠢᠭ᠂ ᠰᠠᠶᠢᠬᠠᠨ ᠪᠦᠰᠡᠭᠦᠢ ᠰᠢᠯᠭᠠᠷᠠᠭᠤᠯᠬᠤ ᠲᠡᠮᠡᠴᠡᠭᠡᠨ ᠢᠶᠡᠷ ᠬᠦᠷᠢᠶ ᠡ ᠪᠡᠨ ᠲᠡᠯᠡᠭᠰᠡᠨ᠃ ᠲᠤᠰ ᠨᠠᠭᠠᠳᠤᠮ ᠳᠤ ᠮᠣᠩᠭᠣᠯ ᠤᠯᠤᠰ᠂ ᠥᠪᠥᠷ ᠮᠣᠩᠭᠣᠯ ᠣᠷᠣᠨ᠂ 〔〔ᠪᠤᠷᠢᠶᠠᠳ ᠣᠷᠣᠨ〕〕᠂ 〔〔ᠬᠠᠯᠢᠮᠠᠭ ᠣᠷᠣᠨ〕〕᠂ 〔〔ᠲᠤᠸᠠ ᠣᠷᠣᠨ|ᠲᠤᠸᠠ ᠣᠷᠣᠨ ᠠᠴᠠ〕〕 ᠣᠷᠣᠯᠴᠠᠳᠠᠭ ᠪᠥᠭᠡᠳ ᠨᠠᠭᠠᠳᠤᠮ ᠢ ᠥᠪᠡᠷ ᠥᠪᠡᠷ ᠣᠷᠣᠨ ᠳᠤ᠂ ᠰᠫᠣᠷᠲ ᠤᠨ ᠲᠥᠷᠥᠯ ᠪᠦᠷᠢ ᠲᠤᠰ ᠲᠤ ᠪᠠᠨ ᠡᠭᠡᠯᠵᠢᠯᠡᠨ ᠵᠣᠬᠢᠶᠠᠨ ᠶᠠᠪᠤᠭᠤᠯᠳᠠᠭ᠃

ᠰᠣᠴᠢᠶᠠᠯᠢᠰᠲᠤ ᠪᠦᠭᠦᠳᠡ ᠨᠠᠢᠢᠷᠠᠮᠳᠠᠬᠤ ᠮᠣᠩᠭᠣᠯ ᠠᠷᠠᠳ ᠤᠯᠤᠰ ᠍ ᠤᠨ ᠦᠶ᠎ᠡ ᠳᠦ 1960-1990 ᠤᠨ ᠤ ᠬᠣᠭᠣᠷᠣᠨᠳᠣ ᠣᠯᠠᠨ ᠲᠥᠷᠥᠯ ᠦᠨ ᠰᠫᠣᠷᠲ ᠣᠷᠣᠯᠴᠠᠭᠰᠠᠨ ᠪᠦᠬᠦ ᠠᠷᠠᠳ ᠲᠦᠮᠡᠨ ᠦ ᠰᠫᠠᠷᠲ᠋ᠠᠬᠢᠶᠠᠳ᠋ ᠨᠠᠭᠠᠳᠤᠮ ᠵᠣᠬᠢᠶᠠᠭᠳᠠᠵᠤ ᠪᠠᠶᠢᠭᠰᠠᠨ᠃

1990 ᠤᠨ ᠠᠴᠠ ᠬᠣᠶᠢᠰᠢ ᠮᠣᠩᠭᠣᠯ ᠳᠤ ᠥᠨᠳᠥᠷ ᠭᠡᠭᠡᠨ ᠵᠠᠨᠠᠪᠠᠽᠠᠷ ᠤᠨ ᠮᠡᠨᠳᠦᠯᠡᠭᠰᠡᠨ ᠦ ᠣᠢ᠂ ᠮᠣᠩᠭᠣᠯ ᠤᠨ ᠨᠢᠭᠤᠴᠠ ᠲᠣᠪᠴᠢᠶᠠᠨ ᠤ 750 ᠵᠢᠯ ᠦᠨ ᠣᠢ ᠭᠡᠬᠦ ᠮᠡᠲᠦ ᠳᠠᠩᠱᠢᠭ ᠨᠠᠭᠠᠳᠤᠮ ᠪᠣᠯᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Naadam
 ᠨᠠᠭᠠᠳᠤᠮ ᠵᠥᠪᠬᠡᠨ ᠮᠣᠩᠭᠣᠯ ᠪᠠᠶᠠᠷ ᠪᠥᠭᠡᠳ ᠣᠷᠣᠨ ᠣᠷᠣᠨ ᠳᠤ ᠣᠷᠣᠰᠢᠨ ᠰᠠᠭᠤᠳᠠᠭ ᠮᠣᠩᠭᠣᠯᠴᠤᠳ ᠤᠯᠠᠮᠵᠢᠯᠠᠯᠲᠤ

ᠪᠠᠶᠠᠷ ᠢᠶᠠᠨ ᠥᠷᠭᠡᠨ ᠳᠡᠯᠭᠡᠷ ᠲᠡᠮᠳᠡᠭᠯᠡᠵᠦ ᠢᠷᠡᠭᠰᠡᠨ᠃

Наадам

ᠪᠢᠴᠢᠭᠡᠰᠦ