ᠨᠠᠫᠣᠯᠶᠣᠨ I ᠪᠤᠨᠠᠫᠠᠷᠲ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠨᠠᠫᠣᠯᠶᠣᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
I ᠨᠠᠫᠣᠯᠶᠣᠨ
ᠹᠷᠠᠨᠼᠢ ᠶᠢᠨ ᠡᠵᠡᠨ ᠬᠠᠭᠠᠨ; ᠢᠲ᠋ᠠᠯᠢ ᠶᠢᠨ ᠬᠠᠭᠠᠨ᠂
ᠱᠸᠧᠢᠴᠠᠷ ᠤᠨ ᠬᠣᠯᠪᠣᠭᠠᠨ ᠤ ᠵᠠᠭᠤᠴᠢᠯᠠᠭᠴᠢ᠂
ᠷᠠᠶᠢᠨ ᠤ ᠬᠣᠯᠪᠣᠭᠠᠨ ᠤ ᠬᠠᠮᠠᠭᠠᠯᠠᠭᠴᠢ
Jacques-Louis David 017.jpg
ᠡᠵᠡᠨ ᠬᠠᠭᠠᠨ ᠨᠠᠫᠣᠯᠶᠣᠨ ᠲᠦᠢᠯᠧᠷ ᠲᠦ ᠰᠤᠳᠤᠯᠭ᠎ᠠ ᠬᠢᠵᠦ ᠪᠠᠶᠢᠬᠤ ᠳᠤ ᠪᠠᠨ᠂ ᠵᠠᠺ-ᠯᠤᠪᠢ ᠳᠠᠪᠢᠳᠠ᠂ 1812
ᠬᠠᠭᠠᠨᠴᠢᠯᠠᠯ 1804 ᠣᠨ ᠤ 3 ᠍ ᠳᠦᠭᠡᠷ ᠰᠠᠷ᠎ᠠ ᠶᠢᠨ 20–1814 ᠣᠨ ᠤ 4 ᠍ ᠳᠦᠭᠡᠷ ᠰᠠᠷ᠎ᠠ ᠶᠢᠨ 6
1815 ᠣᠨ ᠤ 3 ᠍ ᠳᠦᠭᠡᠷ ᠰᠠᠷ᠎ᠠ ᠶᠢᠨ 1–1815 ᠣᠨ ᠤ 6 ᠍ ᠳᠦᠭᠡᠷ ᠰᠠᠷ᠎ᠠ ᠶᠢᠨ 22
ᠬᠠᠭᠠᠨ ᠰᠠᠭᠤᠭᠰᠠᠨ 1804 ᠣᠨ ᠤ 12 ᠍ ᠳᠦᠭᠡᠷ ᠰᠠᠷ᠎ᠠ ᠶᠢᠨ 2
ᠪᠦᠲᠦᠨ ᠨᠡᠷ᠎ᠡ ᠨᠠᠫᠣᠯᠶᠣᠨ ᠪᠤᠨᠠᠫᠠᠷᠲ
ᠹᠷᠠᠨᠼᠢ Napoleon Bonaparte
ᠲᠦᠷᠦᠭᠰᠡᠨ ᠣᠩᠨᠠᠭ᠎ᠠ 1769 ᠣᠨ ᠤ 8 ᠍ ᠳᠦᠭᠡᠷ ᠰᠠᠷ᠎ᠠ ᠶᠢᠨ 15
ᠲᠦᠷᠦᠭᠰᠡᠨ ᠭᠠᠵᠠᠷ ᠹᠷᠠᠨᠼᠢ ᠶᠢᠨ ᠺᠣᠷᠰᠢᠺ ᠠᠷᠠᠯ ᠤᠨ ᠠᠵᠢᠴᠴᠢᠣ
ᠥᠩᠭᠡᠷᠡᠭᠰᠡᠨ ᠣᠩᠨᠠᠭ᠎ᠠ 1821 ᠣᠨ ᠤ 5 ᠍ ᠳᠦᠭᠡᠷ ᠰᠠᠷ᠎ᠠ ᠶᠢᠨ 5
ᠥᠩᠭᠡᠷᠡᠭᠰᠡᠨ ᠭᠠᠵᠠᠷ ᠭᠡᠭᠡᠨ ᠶᠡᠯᠠᠨ᠎ᠠ ᠠᠷᠠᠯ ᠤᠨ ᠯᠣᠩ ᠢᠪ ᠦᠳ
ᠣᠷᠣᠰᠢᠭᠤᠯᠤᠭᠰᠠᠨ ᠫᠠᠷᠢᠰ ᠤᠨ ᠯᠵᠠᠩᠸᠠᠯᠢᠳᠧ
ᠡᠮᠦᠨᠡᠬᠢ ᠬᠠᠭᠠᠨ ᠹᠷᠠᠨᠼᠢ ᠶᠢᠨ ᠺᠣᠨᠰᠤᠶᠢᠯ (ᠹᠷᠠᠨᠼᠢ ᠶᠢᠨ ᠠᠩᠬᠠᠳᠤᠭᠠᠷ ᠪᠦᠭᠦᠳᠡ ᠨᠠᠶᠢᠷᠠᠮᠳᠠᠬᠤ ᠤᠯᠤᠰ ᠍ ᠤᠨ ᠭᠦᠢᠴᠡᠳᠭᠡᠬᠦ ᠵᠠᠰᠠᠭᠯᠠᠯ; ᠨᠠᠫᠣᠯᠶᠣᠨ ᠠᠩᠬᠠᠨ ᠤ ᠬᠢ ᠨᠢ ᠺᠣᠨᠰᠤᠶᠢᠯ ᠪᠠᠶᠢᠯ᠎ᠠ)
ᠡᠮᠦᠨᠡᠬᠢ ᠬᠠᠭᠠᠨ: ᠹᠷᠠᠨᠼᠢ ᠶᠢᠨ ᠬᠠᠭᠠᠨ XVI ᠯᠤᠪᠢ (1793 ᠣᠨ ᠳᠤ ᠨᠠᠰᠤ ᠪᠠᠷᠠᠭᠰᠠᠨ)
ᠤᠳᠠᠭᠠᠬᠢ ᠬᠠᠭᠠᠨ XVIII ᠯᠤᠪᠢ (ᠳᠧ ᠹᠠᠺᠲ᠋ᠣ)
II ᠨᠠᠫᠣᠯᠶᠣᠨ (ᠳᠧ ᠶᠷᠧ)
ᠪᠠᠭ᠎ᠠ ᠬᠠᠲᠤᠨ ᠵᠣᠽᠧᠹᠢᠨ ᠳᠥ ᠪᠬᠤᠷᠢᠨ᠎ᠡ
ᠠᠦᠢᠰᠲᠷᠶ᠎ᠠ ᠶᠢᠨ ᠮᠠᠷᠢ ᠯᠤᠪᠢᠰ
ᠬᠠᠭᠠᠨ ᠤ ᠤᠳᠤᠮ II ᠨᠠᠫᠣᠯᠶᠣᠨ
ᠬᠠᠭᠠᠨ ᠤ ᠣᠪᠤᠭ ᠪᠤᠨᠠᠫᠠᠷᠲ
ᠡᠴᠢᠭᠡ ᠺᠠᠷᠯᠠ ᠪᠤᠤᠨᠠᠫᠠᠷᠲ᠋ᠧ
ᠡᠬᠡ ᠯᠧᠲ᠋ᠢᠼᠢᠶᠠ ᠷᠠᠮᠣᠯᠢᠨ᠎ᠠ

ᠬᠣᠵᠢᠮ ᠡᠵᠡᠨ ᠬᠠᠭᠠᠨ I ᠨᠠᠫᠣᠯᠶᠣᠨ ᠭᠡᠭᠳᠡᠬᠦ ᠪᠣᠯᠤᠭᠰᠠᠨ ᠨᠠᠫᠣᠯᠶᠣᠨ ᠪᠤᠨᠠᠫᠠᠷᠲ (ᠹᠷᠠᠨᠼᠢ ᠪᠠᠷ Napoléon Bonaparte; 1769 ᠣᠨ ᠤ 8 ᠍ ᠳᠦᠭᠡᠷ ᠰᠠᠷ᠎ᠠ ᠶᠢᠨ 15 – 1821 ᠣᠨ ᠤ 5 ᠍ ᠳᠦᠭᠡᠷ ᠰᠠᠷ᠎ᠠ ᠶᠢᠨ 5) ᠧᠦ᠋ᠷᠣᠫᠠ ᠍ ᠤᠨ ᠲᠡᠦᠬᠡᠨ ᠳᠦ ᠬᠠᠮᠤᠭ ᠤᠨ ᠶᠡᠬᠡ ᠨᠥᠯᠦᠭᠡᠯᠡᠭᠰᠡᠨ᠂ ᠹᠷᠠᠨᠼᠢ ᠍ ᠤᠨ ᠴᠡᠷᠢᠭ᠂ ᠤᠯᠤᠰ ᠲᠥᠷᠥ ᠶᠢᠨ ᠵᠢᠳᠬᠦᠯᠲᠡᠨ ᠶᠤᠮ᠃

ᠺᠣᠷᠰᠢᠺ ᠲᠤ ᠲᠥᠷᠦᠵᠢ᠂ ᠡᠬᠡ ᠭᠠᠵᠠᠷ ᠤᠨ ᠹᠷᠠᠨᠼᠢ ᠳᠤ ᠶᠡᠬᠡ ᠪᠤᠤᠨ ᠤ ᠣᠹᠢᠼᠧᠷ ᠢᠶᠠᠷ ᠪᠡᠯᠡᠳᠬᠡᠭᠳᠡᠭᠰᠡᠨ ᠨᠠᠫᠣᠯᠶᠣᠨ ᠹᠷᠠᠨᠼᠢ ᠶᠢᠨ ᠠᠩᠬᠠᠳᠤᠭᠠᠷ ᠪᠦᠭᠦᠳᠡ ᠨᠠᠶᠢᠷᠠᠮᠳᠠᠬᠤ ᠤᠯᠤᠰ ᠍ ᠤᠨ ᠦᠶ᠎ᠡ ᠳᠦ ᠠᠯᠳᠠᠷ ᠬᠦᠨᠳᠦ ᠣᠯᠵᠤ ᠠᠪᠤᠭᠰᠠᠨ ᠪᠠ ᠹᠷᠠᠨᠼᠢ ᠶᠢᠨ ᠡᠰᠡᠷᠬᠦ ᠠᠩᠬᠠᠳᠤᠭᠠᠷ ᠪᠠ ᠬᠣᠶᠠᠳᠤᠭᠠᠷ ᠡᠪᠰᠡᠯᠡᠶᠢᠨ ᠡᠰᠡᠷᠬᠦ ᠳᠠᠶᠢᠨ ᠤ ᠠᠵᠢᠯᠯᠠᠭ᠎ᠠ ᠶᠢ ᠠᠮᠵᠢᠯᠲᠠ ᠲᠠᠢ ᠤᠳᠤᠷᠢᠳᠤᠭᠰᠠᠨ᠃ 1799 ᠣᠨ ᠳᠤ ᠪᠤᠨᠠᠫᠠᠷᠲ ᠲᠥᠷᠥ ᠶᠢᠨ ᠡᠷᠭᠢᠯᠲᠡ ᠵᠣᠬᠢᠶᠠᠨ ᠪᠠᠶᠢᠭᠤᠯᠵᠤ᠂ ᠥᠪᠡᠷ ᠢ ᠪᠡᠨ ᠠᠩᠬᠠᠨ ᠤ ᠺᠣᠨᠰᠤᠶᠢᠯ ᠢᠶᠠᠷ ᠲᠣᠮᠢᠯᠠᠵᠤ᠂ ᠲᠠᠪᠤᠨ ᠵᠢᠯ ᠦᠨ ᠳᠠᠷᠠᠭ᠎ᠠ ᠥᠪᠡᠷ ᠢ ᠪᠡᠨ ᠹᠷᠠᠨᠼᠢ ᠶᠢᠨ ᠡᠵᠡᠨ ᠬᠠᠭᠠᠨ ᠢᠶᠠᠷ ᠡᠷᠭᠦᠮᠵᠢᠯᠡᠵᠡᠢ᠃ 19 ᠵᠠᠭᠤᠨ ᠤ ᠡᠬᠢᠨ ᠦ ᠠᠷᠪᠠᠨ ᠵᠢᠯ ᠳᠤ ᠲᠡᠷᠡ ᠪᠡᠷ ᠹᠷᠠᠨᠼᠢ ᠶᠢᠨ ᠠᠩᠬᠠᠳᠤᠭᠠᠷ ᠡᠵᠡᠨᠲᠦ ᠤᠯᠤᠰ ᠍ ᠤᠨ ᠠᠷᠮᠢ ᠶᠢ ᠧᠦ᠋ᠷᠣᠫᠠ ᠶᠢᠨ ᠲᠣᠮᠣᠬᠠᠨ ᠭᠦᠷᠦᠨ ᠨᠦᠭᠦᠳ ᠦᠨ ᠡᠰᠡᠷᠬᠦ ᠬᠥᠳᠡᠯᠭᠡᠵᠦ᠂ ᠠᠦ᠋ᠰᠲ᠋ᠧᠷᠯᠢᠼ ᠤᠨ ᠲᠤᠯᠤᠯᠳᠤᠭᠠᠨ ᠸᠠᠨᠧᠷ ᠤᠨ ᠲᠤᠯᠤᠯᠳᠤᠭᠠᠨ ᠵᠡᠷᠭᠡ ᠣᠯᠠᠨ ᠲᠤᠯᠤᠯᠳᠤᠭᠠᠨ ᠳᠤ ᠳᠠᠷᠠᠭᠠᠯᠠᠭᠰᠠᠨ ᠢᠯᠠᠯᠲᠠ ᠨᠤᠭᠤᠳ ᠪᠠᠶᠢᠭᠤᠯᠵᠤ ᠧᠦ᠋ᠷᠣᠫᠠ ᠶᠢᠨ ᠡᠬᠡ ᠭᠠᠵᠠᠷ ᠲᠤ ᠨᠣᠶᠠᠯᠠᠪᠠ᠃ ᠲᠡᠷᠡ ᠪᠡᠷ ᠥᠷᠭᠡᠨ ᠡᠪᠰᠡᠯ ᠪᠠᠶᠢᠭᠤᠯᠵᠤ᠂ ᠠᠨᠳᠠ ᠨᠥᠬᠥᠳ᠂ ᠠᠬ᠎ᠠ ᠳᠡᠭᠦᠦ ᠨᠠᠷ ᠢᠶᠠᠨ ᠧᠦ᠋ᠷᠣᠫᠠ ᠶᠢᠨ ᠪᠤᠰᠤᠳ ᠤᠯᠤᠰ ᠤᠳ ᠲᠤ ᠡᠷᠬᠡ ᠪᠠᠷᠢᠭᠴᠢ ᠪᠠᠷ ᠲᠤᠮᠢᠯᠠᠬᠤ ᠵᠠᠮ ᠢᠶᠠᠷ ᠹᠷᠠᠨᠼᠢ ᠶᠢᠨ ᠨᠥᠯᠥᠭᠡᠯᠡᠯ ᠦᠨ ᠬᠦᠷᠢᠶ᠎ᠡ ᠶᠢ ᠲᠣᠭᠲᠠᠭᠠᠴᠠᠢ᠃

1812 ᠣᠨ ᠳᠤ ᠣᠷᠣᠰ ᠢ ᠳᠠᠶᠢᠯᠠᠭᠰᠠᠨ ᠨᠢ ᠨᠠᠫᠣᠯᠶᠣᠨ ᠤ ᠬᠤᠪᠢ ᠲᠠᠪᠢᠯᠠᠩ ᠳᠤ ᠡᠷᠭᠢᠯᠲᠡ ᠭᠠᠷᠭᠠᠪᠠ᠃ ᠲᠡᠭᠦᠨ ᠦ ᠶᠡᠬᠡ ᠠᠷᠮᠢ (ᠹᠷᠠᠨᠼᠢ ᠪᠠᠷ Grande Armée) ᠳᠠᠶᠢᠨ ᠤ ᠶᠠᠪᠤᠴᠠ ᠳᠤ ᠰᠦᠢᠷᠡᠵᠦ᠂ ᠳᠠᠬᠢᠨ ᠬᠡᠵᠢᠶ᠎ᠡ ᠴᠤ ᠪᠦᠷᠢᠨ ᠰᠡᠷᠭᠦᠭᠡ ᠦᠭᠡᠢ ᠶᠤᠮ᠃ 1813 ᠣᠨ ᠳᠤ ᠵᠢᠷᠭᠤᠳᠤᠭᠠᠷ ᠡᠪᠰᠡᠯ ᠨᠠᠫᠣᠯᠶᠣᠨ ᠤ ᠴᠡᠷᠢᠭ ᠢ ᠯᠠᠶᠢᠫᠴᠠᠭ ᠲᠤ ᠪᠤᠲ᠋ᠴᠤᠬᠢᠵᠤ᠂ ᠳᠠᠷᠠᠭ᠎ᠠ ᠵᠢᠯ ᠨᠢ ᠡᠪᠰᠡᠯ ᠹᠷᠠᠨᠼᠢ ᠷᠤ ᠳᠣᠪᠲᠣᠯᠵᠤ᠂ ᠨᠠᠫᠣᠯᠶᠣᠨ ᠢ ᠬᠠᠭᠠᠨ ᠰᠢᠷᠡᠭᠡᠨ ᠡᠴᠡ ᠪᠡᠨ ᠪᠠᠭᠤᠬᠤ ᠳᠤ ᠬᠦᠷᠭᠡᠭᠰᠡᠨ ᠪᠥᠭᠡᠳ ᠲᠡᠭᠦᠨ ᠢ ᠡᠯᠪᠠ ᠠᠷᠠᠯ ᠳᠤ ᠴᠥᠯᠡᠵᠡᠢ᠃ ᠨᠢᠭᠡ ᠵᠢᠯ ᠬᠦᠷᠬᠦ ᠦᠭᠡᠢ ᠬᠤᠭᠤᠴᠠᠭᠠᠨ ᠤ ᠳᠠᠷᠠᠭ᠎ᠠ ᠨᠠᠫᠣᠯᠶᠣᠨ ᠡᠯᠪᠠᠭ᠎ᠠ ᠠᠴᠠ ᠣᠷᠭᠣᠵᠤ᠂ ᠡᠷᠭᠢᠵᠦ ᠡᠷᠬᠡ ᠮᠡᠳᠡᠯ ᠢᠶᠡᠨ ᠣᠯᠵᠤ ᠠᠪᠤᠭᠰᠠᠨ ᠪᠣᠯᠪᠠᠴᠤ 1815 ᠣᠨ ᠤ 6 ᠍ ᠳᠦᠭᠡᠷ ᠰᠠᠷ᠎ᠠ ᠳᠤ ᠳᠣᠯᠣᠳᠤᠭᠠᠷ ᠡᠪᠰᠡᠯ ᠡᠬᠢᠯᠡᠵᠦ ᠠᠩᠭᠯᠢ ᠫᠷᠦ᠋ᠰ ᠤᠨ ᠬᠠᠮᠲᠤᠷᠠᠭᠰᠠᠨ ᠴᠡᠷᠢᠭ ᠢ ᠲᠣᠰᠴᠤᠸᠠᠲ᠋ᠧᠷᠯᠤ᠎ᠠ ᠶᠢᠨ ᠲᠤᠯᠤᠯᠳᠤᠭᠠᠨ ᠳᠤ ᠢᠯᠠᠭᠳᠠᠵᠠᠢ᠃ ᠨᠠᠫᠣᠯᠶᠣᠨ ᠠᠮᠢᠳᠤᠷᠠᠯ ᠤᠨ ᠢᠶᠠᠨ ᠰᠡᠭᠦᠯ ᠦᠨ ᠵᠢᠷᠭᠤᠭᠠᠨ ᠵᠢᠯ ᠢ ᠭᠡᠭᠡᠨ ᠶᠡᠯᠠᠨ᠎ᠠ ᠶᠢᠨ ᠠᠷᠠᠯ ᠳᠡᠭᠡᠷ᠎ᠡ ᠪᠷᠢᠲ᠋ᠠᠨ(ᠠᠩᠭᠯᠢ) ᠤᠨ ᠬᠢᠨᠠᠯᠲᠠ ᠳᠣᠣᠷ᠎ᠠ ᠥᠩᠭᠡᠷᠡᠭᠡᠵᠦ᠂ ᠲᠡᠨᠳᠡ ᠪᠡᠨ ᠨᠠᠰᠤ ᠨᠥᠬᠦᠴᠡᠵᠡᠢ᠃ ᠵᠠᠳᠠᠯᠤᠨ ᠰᠢᠨᠵᠢᠯᠡᠭᠡ ᠪᠡᠷ ᠲᠡᠭᠦᠨ ᠢ ᠬᠣᠳᠣᠭᠣᠳᠣᠨ ᠤ ᠬᠣᠣᠷᠲᠤ ᠬᠠᠪᠤᠳᠠᠷ ᠢᠶᠠᠷ ᠥᠩᠭᠡᠷᠡᠭᠰᠡᠨ ᠭᠡᠵᠦ ᠳ᠋ᠦᠩᠨᠡᠭᠰᠡᠨ ᠪᠣᠯᠪᠠᠴᠤ ᠰᠲ᠋ᠧᠨ ᠹᠷᠰᠬᠤᠹᠣ ᠨᠤᠭᠤᠳ ᠪᠣᠯᠤᠨ ᠪᠤᠰᠤᠳ ᠡᠷᠳᠡᠮᠲᠡᠳ ᠲᠡᠭᠦᠨ ᠢ ᠬᠦᠨᠴᠡᠯ ᠢᠶᠡᠷ ᠬᠣᠣᠷᠳᠠᠭᠤᠯᠵᠤ ᠠᠯᠠᠭᠰᠠᠨ ᠭᠡᠵᠦ ᠦᠵᠡᠳᠡᠭ᠃

ᠨᠠᠫᠣᠯᠶᠣᠨ ᠰᠢᠨᠡᠴᠢᠯᠡᠨ ᠪᠠᠶᠢᠭᠤᠯᠤᠭᠰᠠᠨ ᠹᠷᠠᠨᠼᠢ ᠶᠢᠨ ᠠᠷᠮᠢ ᠪᠠᠷ ᠲᠣᠮᠣᠬᠠᠨ ᠢᠯᠠᠯᠲᠠ ᠨᠤᠭᠤᠳ ᠪᠠᠶᠢᠭᠤᠯᠵᠤ᠂ ᠶᠠᠩᠵᠤ ᠪᠦᠷᠢ ᠶᠢᠨ ᠡᠬᠢ ᠰᠤᠷᠪᠤᠯᠵᠢ ᠠᠴᠠ ᠲᠠᠺᠲ᠋ᠢᠺ ᠢᠶᠠᠨ ᠪᠣᠯᠪᠠᠰᠤᠷᠠᠭᠤᠯᠳᠠᠭ ᠪᠠᠶᠢᠯ᠎ᠠ᠃ ᠲᠡᠭᠦᠨ ᠦ ᠴᠡᠷᠢᠭ ᠦᠨ ᠠᠵᠢᠯᠯᠠᠭ᠎ᠠ ᠶᠢ ᠳᠡᠯᠡᠬᠡᠢ ᠳᠠᠶᠠᠭᠠᠷ ᠴᠡᠷᠢᠭ ᠦᠨ ᠠᠺᠠᠳᠧᠮᠢ ᠨᠤᠭᠤᠳ ᠲᠤ ᠰᠤᠳᠤᠯᠳᠠᠭ ᠪᠥᠭᠡᠳ ᠲᠡᠦᠬᠡᠨ ᠳᠦ ᠲᠣᠳᠣᠷᠠᠭᠰᠠᠨ ᠬᠠᠮᠤᠭ ᠤᠨ ᠠᠤᠭ᠎ᠠ ᠶᠡᠬᠡ ᠵᠠᠩᠵᠤᠨ ᠨᠤᠭᠤᠳ ᠤᠨ ᠨᠢᠭᠡ ᠭᠡᠵᠦ ᠲᠣᠭᠠᠴᠠᠭᠳᠠᠳᠠᠭ᠃ ᠥᠷᠢᠰᠦᠯᠳᠦᠭᠴᠢ᠂ ᠳᠠᠶᠢᠰᠤᠨ ᠨᠤᠭᠤᠳ ᠲᠠᠭᠠᠨ ᠳᠠᠷᠤᠩᠭᠤᠶᠢᠯᠠᠭᠴᠢ ᠭᠡᠵᠦ ᠦᠵᠡᠭᠳᠡᠳᠡᠭ ᠪᠠᠶᠢᠭᠰᠠᠨ ᠪᠣᠯᠪᠠᠴᠤ ᠨᠠᠫᠣᠯᠶᠣᠨ ᠪᠠᠷᠠᠭᠤᠨ ᠧᠦ᠋ᠷᠣᠫᠠ ᠍ ᠤᠨ ᠶᠡᠬᠡᠩᠬᠢ ᠤᠯᠤᠰ ᠣᠷᠣᠨ ᠤ ᠪᠤᠶᠤ ᠷᠤᠮᠠ-ᠭᠧᠷᠮᠠᠨ ᠤ ᠵᠠᠬᠢᠷᠭ᠎ᠠ ᠡᠷᠬᠡᠵᠦᠢ ᠶᠢᠨ ᠲᠣᠭᠲᠠᠯᠴᠠᠭ᠎ᠠ ᠶᠢ ᠪᠣᠯᠪᠠᠰᠤᠷᠠᠩᠭᠤᠢ ᠪᠣᠯᠭᠠᠭᠰᠠᠨ᠂ ᠰᠢᠭᠦᠬᠦ ᠵᠠᠰᠠᠭᠯᠠᠯ ᠤᠨ ᠦᠨᠳᠦᠰᠦ ᠪᠣᠯᠤᠭᠰᠠᠨ ᠨᠠᠫᠣᠯᠶᠣᠨ ᠤ ᠺᠣᠳ᠋ᠧᠺᠰ ᠪᠤᠶᠤ ᠹᠷᠠᠨᠼᠢ ᠶᠢᠨ ᠠᠩᠬᠠᠨ ᠤ ᠢᠷᠭᠡᠨ ᠦ ᠬᠠᠤᠯᠢ ᠶᠢ ᠪᠣᠯᠪᠠᠰᠤᠷᠠᠭᠤᠯᠤᠭᠰᠠᠨ ᠭᠠᠷᠭᠠᠭᠰᠠᠨ ᠢᠶᠠᠷ ᠢᠶᠠᠨ ᠳᠤᠷᠠᠰᠤᠭᠳᠠᠳᠠᠭ ᠪᠥᠭᠡᠳ ᠣᠳᠣ ᠬᠦᠷᠲᠡᠯ᠎ᠡ ᠬᠠᠤᠯᠢ ᠨᠤᠭᠤᠳ ᠤᠨ ᠦᠵᠡᠯ ᠰᠠᠨᠠᠭ᠎ᠠ ᠠᠮᠢᠳᠤ᠂ ᠬᠦᠴᠦᠨ ᠲᠡᠭᠦᠯᠳᠡᠷ ᠮᠥᠷᠳᠡᠭᠳᠡᠵᠦ ᠪᠠᠶᠢᠳᠠᠭ ᠶᠤᠮ᠃

ᠤᠭᠰᠠᠭ᠎ᠠ ᠭᠠᠷᠤᠯ᠂ ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠠᠫᠣᠯᠶᠣᠨ ᠪᠨᠣᠫᠠᠷᠲ ᠨᠢ 1769 ᠣᠨ ᠤ 8 ᠰᠠᠷ᠎ᠠ ᠶᠢᠨ 15 ᠨᠳ ᠺᠣᠷᠰᠢᠺ ᠠᠷᠠᠯ ᠤᠨ ᠠᠵᠢᠴᠴᠢᠨ᠎ᠠ ᠬᠣᠲᠣᠩ ᠢᠶᠠᠨ ᠢᠲ᠋ᠠᠯᠢ ᠶᠢᠨ ᠴᠠᠭᠠᠴᠢ ᠺᠠᠷᠯᠠ ᠪᠤᠨᠣᠫᠠᠷᠲ᠋ᠧᠡᠶᠢᠨ ᠬᠣᠶᠠᠳᠤᠭᠠᠷ ᠬᠦᠦ ᠪᠣᠯᠵᠤ ᠮᠡᠨᠳᠦᠯᠡᠵᠡᠢ᠃ᠲᠡᠷᠡᠪᠡᠷ ᠹᠷᠠᠨᠼᠢ ᠳᠤ ᠶᠡᠬᠡ ᠪᠤᠤᠨ ᠤ ᠣᠹᠢᠼᠧᠷ ᠪᠣᠯᠤᠨ ᠢᠷᠡᠬᠦ ᠳᠦ ᠪᠡᠨ ᠨᠡᠷ᠎ᠡ ᠪᠡᠨ ᠢᠯᠡᠭᠦᠦ ᠹᠷᠠᠨᠼᠢ ᠨᠤᠭᠤᠯᠵᠤ ᠨᠠᠫᠣᠯᠶᠣᠨ ᠪᠤᠨᠠᠫᠠᠷᠲ ᠪᠣᠯᠭᠠᠵᠠᠢ᠃ᠲᠡᠭᠦᠨ ᠦ ᠠᠪᠤ ᠨᠢ 16 ᠵᠠᠭᠤᠨ ᠤ ᠦᠶ᠎ᠡ ᠳᠦ ᠺᠣᠷᠰᠢᠺ ᠲᠤ ᠢᠷᠡᠭᠰᠡᠨ ᠴᠠᠭᠠᠴᠢ ᠤᠯᠤᠰ ᠤᠨ ᠬᠦᠦ ᠪᠠᠶᠢᠴᠠᠢ᠃ᠨᠠᠫᠣᠯᠶᠣᠨ ᠤ ᠡᠵᠢ ᠯᠧᠲ᠋ᠢᠼᠢᠶᠠ ᠷᠠᠮᠣᠯᠢᠨ᠎ᠠ ᠨᠢ ᠬᠡᠦᠬᠡᠳ ᠦᠳ ᠢᠶᠡᠨ ᠬᠠᠲᠠᠭᠤ ᠴᠢᠩᠭ᠎ᠠ ᠭᠠᠷ ᠢᠶᠠᠷ ᠬᠦᠮᠦᠵᠢᠭᠦᠯᠵᠦ ᠪᠠᠶᠢᠩᠭᠤ ᠶᠢᠨ ᠰᠠᠬᠢᠯᠭ᠎ᠠ ᠪᠠᠲᠤ ᠲᠠᠢ ᠪᠠᠶᠢᠬᠤ ᠶᠢ ᠱᠠᠭᠠᠷᠳᠠᠵᠤ ᠪᠠᠶᠢᠴᠠᠢ᠃ᠡᠶᠢᠮᠦ ᠬᠦᠮᠦᠵᠢᠯ ᠢᠶᠡᠷ ᠬᠦᠮᠦᠵᠢᠭᠰᠡᠨ ᠨᠠᠫᠣᠯᠶᠣᠨ ᠴᠡᠷᠢᠭ ᠪᠣᠯᠬᠤ ᠢᠯᠡᠭᠦᠦ ᠠᠮᠠᠷ ᠳᠥᠬᠥᠮ ᠪᠣᠯᠵᠠᠢ᠃ᠲᠡᠷᠡ ᠳᠡᠭᠡᠷ᠎ᠡ ᠪᠡᠨ 1 ᠠᠬ᠎ᠠ ᠲᠠᠢ ᠵᠣᠰᠧᠹ 6 ᠳᠡᠭᠦᠦ ᠲᠡᠢ ᠯᠤᠤᠰᠢᠶᠡᠩ ᠶᠡᠯᠢᠰᠠ ᠯᠢᠤᠰ ᠫᠠᠤᠯᠢᠨ᠎ᠠ ᠺᠠᠷᠣᠯᠢᠨ᠎ᠠ ᠵᠧᠷᠣᠮ.1781 ᠣᠨ ᠳᠤ ᠠᠦ᠋ᠲᠤᠩᠢ ᠱᠠᠰᠢᠨ ᠤ ᠰᠤᠷᠭᠠᠭᠤᠯᠢ ᠳᠤ ᠡᠯᠰᠡᠨ ᠣᠷᠣᠵᠤ ᠹᠷᠠᠨᠼᠢ ᠬᠡᠯᠡ ᠶᠢ ᠰᠤᠷᠠᠵᠤ ᠲᠡᠭᠦᠰᠦᠭᠰᠡᠨ᠃ᠲᠡᠭᠦᠨ ᠦ ᠪᠠᠭᠰᠢ ᠳᠤᠷᠠᠰᠬᠤ ᠳᠤ ᠪᠠᠨ ᠨᠠᠫᠣᠯᠶᠣᠨ ᠶᠡᠬᠡ ᠵᠣᠵᠢᠭ ᠶᠡᠬᠡ ᠠᠶᠠᠯᠭ᠎ᠠ ᠲᠠᠢ ᠶᠠᠷᠢᠳᠠᠭ ᠡᠭᠦᠨ ᠢ ᠪᠡᠨ ᠨᠡᠭᠡᠭᠡᠬᠦ ᠬᠠᠶᠢᠬᠤᠷᠳᠠᠭ ᠦᠭᠡᠢ ᠬᠡᠦᠬᠡᠳ᠂ᠭᠡᠬᠦ ᠳᠦ ᠪᠡᠨ ᠭᠠᠵᠠᠷ ᠵᠦᠢ᠂ᠲᠡᠦᠬᠡ ᠬᠣᠶᠠᠷ ᠲᠤ ᠳᠤᠷᠠᠲᠠᠢ ᠲᠣᠭᠠᠨ ᠤ ᠣᠬᠠᠭᠠᠨ ᠭᠧᠣᠮᠡᠲ᠋ᠷ ᠬᠣᠶᠠᠷ ᠲᠤ ᠠᠪᠢᠶᠠᠰ ᠲᠠᠢ ᠬᠦᠦ ᠪᠠᠶᠢᠴᠠᠢ᠃ᠲᠡᠭᠦᠨ ᠢ ᠲᠡᠭᠦᠨ ᠦ ᠪᠠᠭᠰᠢ ᠨᠢ ᠭᠠᠬᠠᠶᠢᠯᠲᠠᠢ ᠰᠠᠶᠢᠨ ᠤᠰᠤᠨ ᠴᠡᠷᠢᠭ ᠪᠣᠯᠤᠨ᠎ᠠ ᠭᠡᠵᠡᠢ᠃ᠭᠡᠪᠡᠴᠦ ᠪᠷᠢᠲ᠋ᠠᠨ(ᠠᠩᠭᠯᠢ) ᠤᠨ ᠹᠯᠣᠲ ᠳᠡᠯᠡᠬᠡᠢ ᠳᠦ ᠨᠣᠶᠠᠷᠬᠠᠵᠤ ᠡᠬᠢᠯᠡᠭᠰᠡᠨ ᠢᠶᠡᠷ ᠲᠡᠷᠡ ᠪᠡᠷ ᠤᠰᠤᠨ ᠴᠡᠷᠢᠭ ᠪᠣᠯᠬᠤ ᠠᠴᠠ ᠲᠠᠲᠠᠭᠠᠯᠵᠠᠵᠤ᠂ᠫᠠᠷᠢᠰ ᠶᠠᠪᠤᠵᠤ ᠶᠡᠬᠡ ᠪᠤᠤᠨ ᠤ ᠠᠩᠭᠢ ᠳᠤ ᠰᠤᠷᠤᠯᠴᠠᠨ ᠲᠡᠭᠦᠰᠴᠡᠢ᠃

ᠡᠬᠢᠨ ᠦᠶ᠎ᠡ ᠶᠢᠨ ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠢᠯᠳᠤᠨ ᠳᠠᠭᠠᠭᠤᠯᠤᠯᠲᠠ ᠢᠯᠠᠯᠲᠠ ᠶᠢᠨ ᠣᠷᠭᠢᠯ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠷᠠᠨᠼᠢ ᠶᠢᠨ ᠬᠤᠪᠢᠰᠬᠠᠯ ᠲᠡᠭᠦᠨ ᠦ ᠨᠡᠷ᠎ᠡ ᠨᠥᠯᠥᠭᠡ ᠪᠡᠷ ᠧᠦᠢᠷᠣᠫᠠ ᠪᠠᠷ ᠲᠠᠷᠬᠠᠨ ᠬᠠᠯᠳᠠᠪᠤᠷᠢᠯᠠᠬᠤ ᠠᠴᠠ ᠪᠣᠯᠭᠣᠮᠵᠢᠯᠠᠭᠰᠠᠨ ᠬᠠᠮᠵᠢᠯᠭᠠᠲᠤ ᠶᠣᠰᠣ ᠨᠣᠶᠠᠷᠬᠠᠭᠰᠠᠨ ᠬᠠᠭᠠᠨᠲᠤ ᠣᠷᠣᠰ᠂ ᠠᠦᠢᠰᠲᠷᠶ᠎ᠠ-ᠤᠩᠭᠠᠷᠢ᠂ ᠲᠠᠷᠬᠠᠢ ᠪᠤᠲᠠᠷᠬᠠᠢ ᠪᠠᠶᠢᠭᠰᠠᠨ ᠭᠧᠷᠮᠠᠨ ᠤ ᠵᠢᠵᠢᠭ ᠬᠠᠭᠠᠨᠲᠤ ᠤᠯᠤᠰ ᠤᠳ᠂ᠬᠠᠮᠵᠢᠯᠭᠠᠲᠤ ᠶᠣᠰᠣ ᠶᠢ ᠬᠠᠯᠤᠰᠤᠨ ᠪᠣᠯᠪᠠᠴᠤ ᠰᠢᠨ᠎ᠡ ᠥᠷᠢᠰᠦᠯᠳᠥᠭᠴᠢ ᠲᠡᠢ ᠪᠣᠯᠬᠤ ᠠᠴᠠ ᠡᠮᠢᠶᠡᠭᠰᠡᠨ ᠶᠡᠬᠡ ᠪᠷᠢᠲ᠋ᠠᠨ(ᠠᠩᠭᠯᠢ) ᠡᠮᠢᠶᠡᠨ ᠳᠠᠭᠵᠢᠵᠤ ᠪᠠᠶᠢᠯ᠎ᠠ᠃

ᠠᠯᠳᠠᠭ᠎ᠠ ᠢᠯᠠᠭᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠳᠦᠢ ᠪᠡᠷ ᠮᠠᠲ᠋ᠧᠮᠠᠲ᠋ᠢᠺ᠂ ᠭᠧᠣᠮᠡᠲ᠋ᠷ᠂ᠭᠠᠵᠠᠷ ᠵᠦᠢ᠂ ᠲᠡᠦᠬᠡᠲᠦ ᠠᠪᠢᠶᠠᠰ ᠲᠠᠢ ᠪᠠᠶᠢᠭᠰᠠᠨ ᠪᠣᠯᠪᠠᠴᠤ ᠪᠠᠶᠢᠭᠠᠯᠢ ᠲᠧᠭᠨᠢᠭ ᠦᠨ ᠰᠢᠨᠵᠢᠯᠡᠬᠦ ᠤᠬᠠᠭᠠᠨ ᠤ ᠣᠯᠤᠯᠲᠠ ᠨᠤᠭᠤᠳ ᠢ ᠡᠰᠡ ᠣᠶᠢᠰᠢᠶᠠᠵᠤ ᠠᠯᠠᠳᠠᠭᠰᠠᠨ ᠭᠡᠳᠡᠭ᠃ ᠤᠴᠢᠷ ᠨᠢ ᠠᠶᠠᠷᠯᠠᠨᠲ ᠭᠠᠷᠤᠯᠲᠠᠢ ᠠᠮᠧᠷᠢᠺᠠ ᠶᠢᠨ ᠨᠢᠭᠡᠳᠦᠭᠰᠡᠨ ᠤᠯᠤᠰ ᠶᠢᠨ ᠢᠷᠭᠡᠨ ᠷᠣᠪᠧᠷᠲ ᠹᠦᠯᠲᠠᠨ ᠭᠡᠭᠴᠢ 1797 ᠣᠨ ᠳᠤ ᠹᠷᠠᠨᠼᠢ ᠳᠤ ᠢᠷᠡᠵᠦ (ᠳᠡᠯᠡᠬᠡᠢ ᠳᠦ ᠠᠩᠬ᠎ᠠ ᠤᠳᠠᠭ᠎ᠠ ᠠᠭᠤᠷ ᠤᠨ ᠬᠥᠳᠡᠯᠭᠡᠭᠦᠷ ᠢᠶᠡᠷ ᠠᠵᠢᠯᠯᠠᠳᠠᠭ ᠬᠥᠯᠥᠭ ᠣᠩᠭᠣᠴᠠ ᠵᠣᠬᠢᠶᠠᠨ ᠪᠦᠲᠦᠭᠡᠭᠰᠡᠨ) ᠣᠯᠠᠨ ᠵᠠᠭᠤᠨ ᠤ ᠲᠤᠷᠰᠢ ᠠᠷᠠᠳ ᠲᠦᠮᠡᠨ᠂ᠡᠴᠢᠭᠡ᠂ ᠡᠪᠦᠭᠡᠳ ᠢ ᠨᠢ ᠢᠷᠭᠠᠯᠠᠨ ᠬᠠᠷᠭᠢᠰᠯᠠᠵᠤ ᠪᠠᠶᠢᠭᠰᠠᠨ ᠪᠷᠢᠲ᠋ᠠᠨ ᠦ ᠡᠵᠡᠨᠲᠦ ᠭᠦᠷᠦᠨ ᠲᠡᠢ ᠶᠠᠮᠠᠷ ᠴᠤ ᠬᠠᠮᠢᠶ᠎ᠠ ᠦᠭᠡᠢ ᠠᠷᠭ᠎ᠠ ᠪᠠᠷ ᠲᠣᠭᠠᠴᠠᠭ᠎ᠠ ᠪᠣᠳᠣᠬᠤ ᠵᠣᠷᠢᠯᠭ᠎ᠠ ᠪᠠᠷ 1800 ᠣᠨ ᠳᠤ ᠪᠤᠶᠤ 18,19 ᠍ ᠳᠦᠭᠡᠷ ᠵᠠᠭᠤᠨ ᠤ ᠵᠠᠭᠠᠭ ᠳᠡᠭᠡᠷ᠎ᠡ ᠬᠦᠴᠦ ᠪᠡᠨ ᠠᠪᠴᠤ ᠢᠳᠡ ᠮᠠᠨᠳᠤᠵᠤ ᠪᠠᠶᠢᠭᠰᠠᠨ ᠨᠠᠫᠣᠯᠶᠣᠨ ᠲᠠᠢ ᠪᠡᠶᠡᠴᠢᠯᠡᠨ ᠠᠭᠤᠯᠵᠠᠵᠤ ᠪᠷᠢᠲ᠋ᠠᠨ ᠢ ᠬᠠᠭᠤᠷᠠᠢ ᠵᠠᠮ ᠤᠨ ᠪᠠᠶᠢᠯᠳᠤᠭᠠᠨ ᠠᠴᠠ ᠭᠠᠳᠠᠨ᠎ᠠ ᠲᠡᠳᠡᠨ ᠦ ᠭᠣᠣᠯ ᠬᠥᠵᠥᠷ ᠪᠣᠯᠤᠭᠰᠠᠨ ᠳᠠᠯᠠᠢ ᠶᠢᠨ ᠹᠯᠣᠲ ᠢ ᠴᠣᠬᠢᠵᠤ ᠦᠭᠡᠢ ᠪᠣᠯᠭᠠᠬᠤ ᠵᠠᠮ ᠢᠶᠠᠷ ᠪᠠᠭᠤᠯᠭᠠᠵᠤ ᠠᠪᠬᠤ ᠲᠠᠯ᠎ᠠ ᠪᠠᠷ ᠥᠪᠡᠷ ᠦᠨ ᠰᠠᠨᠠᠯ ᠪᠣᠳᠣᠯ ᠢᠶᠠᠨ ᠢᠯᠡᠷᠬᠡᠶᠢᠯᠡᠬᠦ ᠳᠦ ᠬᠠᠷᠢᠭᠤ ᠳᠤ ᠨᠢ ᠠᠩᠭᠯᠢ ᠶᠢᠨ ᠹᠯᠣᠲ ᠢ ᠦᠭᠡᠢ ᠬᠢᠬᠦ ᠳᠦ ᠲᠠ ᠨᠠᠳᠠ ᠳᠤ ᠶᠠᠭᠤ ᠪᠠᠷ ᠲᠤᠰᠠᠯᠠᠵᠤ ᠴᠢᠳᠠᠬᠤ ᠶᠤᠮ ᠪᠤᠢ? ᠭᠡᠬᠦ ᠳᠦ ᠥᠪᠡᠷ ᠦᠨ ᠲᠥᠰᠥᠯ ᠢᠶᠡᠨ ᠲᠠᠨᠢᠯᠴᠠᠭᠤᠯᠵᠠᠢ᠃ᠭᠡᠲᠡᠯ᠎ᠡ ᠶᠠᠮᠠᠷ ᠴᠤ ᠳᠠᠯᠪᠠᠭ᠎ᠠ᠂ ᠳᠠᠷᠪᠠᠭᠤᠯ ᠦᠭᠡᠢ ᠬᠥᠯᠥᠭ ᠣᠩᠭᠣᠴᠠ ᠤᠰᠤᠨ ᠳᠤ ᠶᠠᠭᠠᠬᠢᠵᠤ ᠰᠠᠯᠬᠢᠨ ᠤ ᠴᠢᠭᠯᠡᠯ᠂ ᠬᠦᠴᠦ᠂ ᠰᠡᠯᠢᠭᠦᠷ ᠡᠴᠡ ᠦᠯᠦ ᠬᠠᠮᠢᠶᠠᠷᠤᠨ ᠬᠥᠪᠥᠬᠦ ᠠᠭᠤᠷ ᠤᠨ ᠬᠤᠶᠠᠭᠲᠤ ᠬᠥᠯᠥᠭ ᠣᠩᠭᠣᠴᠠ᠂ ᠤᠰᠤᠨ ᠳᠣᠣᠭᠤᠷ ᠱᠤᠩᠪᠠᠳᠠᠭ ᠵᠠᠪᠢ᠂ ᠬᠥᠯᠥᠭ ᠣᠩᠭᠣᠴᠠ ᠤᠰᠠᠳᠬᠠᠬᠤ ᠱᠤᠩᠪᠠᠳᠠᠭ ᠰᠤᠮᠤ /ᠲᠣᠷᠫᠡᠳ᠋/ ᠍ ᠦᠨ ᠲᠥᠰᠥᠯ ᠨᠢ ᠤᠳᠬ᠎ᠠ ᠤᠴᠢᠷ ᠦᠭᠡᠢ ᠪᠡᠶᠡᠯᠡᠰᠢ ᠦᠭᠡᠢ ᠬᠣᠭᠣᠰᠣᠨ ᠮᠥᠷᠥᠭᠡᠳᠦᠯ ᠰᠢᠭ ᠰᠠᠨᠠᠭᠳᠠᠵᠠᠢ᠃ᠮᠥᠨ ᠲᠡᠭᠦᠨ ᠦ ᠰᠠᠩ ᠤᠨ ᠶᠠᠮᠤᠨ ᠤ ᠰᠠᠶᠢᠳ ᠪᠣᠯᠤᠨ ᠪᠤᠰᠤᠳ ᠳᠡᠭᠡᠳᠦ ᠲᠤᠰᠢᠶᠠᠯ ᠤᠨ ᠬᠢᠨ ᠬᠥᠯᠥᠭ ᠣᠩᠭᠣᠴᠠ ᠦᠢᠯᠡᠳᠪᠦᠷᠢᠯᠡᠬᠦ ᠲᠧᠭᠨᠢᠭ ᠦᠨ ᠨᠥᠬᠥᠴᠡᠯ᠂ ᠦᠢᠯᠡᠳᠪᠦᠷᠢᠯᠡᠯ ᠦᠨ ᠥᠷᠲᠡᠭ ᠢ ᠦᠵᠡᠭᠡᠳ 1 ᠍ ᠳᠦ ᠨᠡᠩ ᠲᠡᠷᠢᠭᠦᠨ ᠳᠦ ᠬᠠᠭᠤᠷᠠᠢ ᠵᠠᠮ ᠤᠨ ᠪᠠᠶᠢᠯᠳᠤᠭᠠᠨ ᠤ ᠠᠵᠢᠯᠯᠠᠭᠠᠨ ᠳᠤ ᠱᠠᠭᠠᠷᠳᠠᠭᠳᠠᠬᠤ ᠲᠥᠰᠥᠪ ᠬᠥᠷᠥᠩᠭᠡ ᠶᠢ ᠳᠡᠮᠡᠢ ᠵᠦᠢᠯ ᠳᠦ ᠦᠷᠡᠬᠦ ᠱᠠᠭᠠᠷᠳᠠᠯᠭ᠎ᠠ ᠦᠭᠡᠢ 2 ᠍ ᠳᠦ ᠨᠠᠭᠠᠨᠠᠳᠠᠵᠤ ᠴᠠᠭ ᠬᠤᠭᠤᠴᠠᠭ᠎ᠠ ᠪᠢᠳᠡᠨ ᠳᠦ ᠪᠠᠶᠢᠬᠤ ᠦᠭᠡᠢ 3 ᠍ ᠳᠦ ᠮᠠᠨ ᠤ ᠷᠯᠣᠲ ᠠᠩᠭᠯᠢ ᠶᠢᠨ ᠹᠯᠣᠲ ᠠᠴᠠ ᠶᠠᠭᠤ ᠪᠠᠷ ᠴᠤ ᠳᠤᠲᠠᠬᠤ ᠦᠭᠡᠢ ᠭᠡᠵᠦ ᠡᠰᠡᠷᠭᠦᠴᠡᠭᠰᠡᠨ ᠲᠤᠯᠠ ᠬᠡᠷᠡᠭ ᠪᠣᠯᠪᠠᠯ ᠪᠢ ᠲᠠᠨ ᠢ ᠳᠠᠭᠤᠳᠠᠶ᠎ᠠ᠂ ᠲᠥᠰᠥᠯ ᠲᠡᠢ ᠴᠢᠨᠢ ᠳᠠᠷᠠᠭ᠎ᠠ ᠠᠪᠴᠤ ᠬᠡᠯᠡᠯᠴᠡᠶ᠎ᠡ ᠭᠡᠳ ᠬᠣᠶᠢᠰᠢᠯᠠᠭᠤᠯᠵᠠᠢ᠃ ᠷ᠃ᠹᠦᠯᠲᠠᠨ ᠬᠦᠯᠢᠶᠡᠵᠦ ᠴᠥᠬᠥᠭᠡᠳ ᠨᠠᠫᠣᠯᠶᠣᠨ ᠳᠤ ᠲᠥᠰᠥᠯ ᠢᠶᠡᠨ ᠳᠠᠬᠢᠨ ᠲᠠᠨᠢᠯᠴᠠᠭᠤᠯᠬᠤ ᠭᠡᠵᠦ ᠤᠳᠠᠭ᠎ᠠ ᠳᠠᠷᠠᠭ᠎ᠠ ᠣᠷᠣᠯᠳᠤᠭᠠᠳ ᠪᠦᠲᠦᠭᠡ ᠦᠭᠡᠢ ᠲᠤᠯᠠ ᠰᠢᠨᠲᠠᠷᠠᠭᠰᠠᠨ ᠦᠭᠡᠢ ᠣᠯᠠᠨ ᠤᠳᠠᠭ᠎ᠠ ᠵᠠᠬᠢᠳᠠᠯ ᠪᠢᠴᠢᠵᠦ ᠬᠠᠷᠢᠭᠤ ᠬᠦᠰᠡᠭᠰᠡᠨ ᠪᠣᠯᠪᠠᠴᠤ ᠠᠮᠵᠢᠯᠲᠠ ᠣᠯᠤᠭᠰᠠᠨ ᠦᠭᠡᠢ᠃ ᠨᠢᠭᠡ ᠤᠳᠠᠭ᠎ᠠ ᠲᠡᠭᠦᠨ ᠦ ᠵᠤᠨ ᠤ ᠣᠷᠳᠣᠨ ᠷᠤ ᠨᠢᠭᠤᠴᠠ ᠪᠠᠷ ᠨᠡᠪᠲᠡᠷᠡᠴᠢ ᠬᠠᠮᠠᠭᠠᠯᠠᠯᠲᠠ ᠶᠢᠨ ᠬᠢᠨ ᠢ ᠶᠡᠬᠡᠳᠡ ᠰᠠᠨᠳᠠᠷᠠᠭᠠᠵᠤ᠂ ᠨᠠᠫᠣᠯᠶᠣᠨ ᠢ ᠴᠤ ᠶᠡᠬᠡᠳᠡ ᠬᠢᠯᠢᠩᠨᠡᠭᠦᠯᠵᠡᠢ᠃ᠲᠡᠷᠡᠪᠡᠷ ᠡᠨᠡ ᠬᠣᠭᠣᠰᠣᠨ ᠮᠥᠷᠥᠭᠡᠳᠦᠭᠴᠢ ᠠᠮᠧᠷᠢᠺᠠ ᠡᠷ᠎ᠡ ᠶᠢ ᠶᠡᠯᠢᠰᠧᠢᠨ ᠣᠷᠳᠣᠨ ᠳᠤ ᠣᠶᠢᠷᠠᠲᠤᠭᠤᠯᠬᠤ ᠨᠢ ᠪᠤᠤ ᠬᠡᠯᠡ ᠹᠷᠠᠨᠼᠢ ᠶᠢᠨ ᠨᠡᠶᠢᠰᠯᠡᠯ ᠡᠴᠡ ᠬᠥᠭᠡᠭᠡᠵᠦ ᠶᠠᠪᠤᠭᠤᠯ ᠭᠡᠵᠦ ᠲᠤᠰᠢᠶᠠᠯ ᠪᠠᠭᠤᠯᠭᠠᠭᠰᠠᠨ ᠪᠠᠶᠢᠪᠠ᠃ᠢᠩᠭᠢᠵᠦ ᠠᠩᠭᠯᠢᠴᠢ ᠨᠤᠭᠤᠳ ᠢ ᠳᠠᠯᠠᠢ᠂ ᠲᠡᠩᠭᠢᠰ ᠲᠦ ᠪᠠᠭᠤᠯᠭᠠᠨ ᠠᠪᠬᠤ ᠨᠢᠭᠡᠪᠣᠯᠤᠮᠵᠢ ᠪᠠᠨ ᠠᠯᠠᠳᠠᠭᠰᠠᠨ ᠭᠡᠳᠡᠭ᠃ ᠮᠥᠨ ᠲᠡᠷᠡᠪᠡᠷ ᠬᠠᠭᠤᠷᠠᠢ ᠵᠠᠮ ᠤᠨ ᠪᠠᠶᠢᠯᠳᠤᠭᠠᠨ ᠳᠤ ᠰᠢᠯᠭᠠᠷᠠᠭᠰᠠᠨ ᠠᠪᠢᠶᠠᠰᠯᠢᠭ ᠵᠠᠩᠵᠤᠨ ᠪᠠᠶᠢᠭᠰᠠᠨ ᠬᠡᠳᠦᠢ ᠴᠤ ᠲᠡᠩᠭᠢᠰ ᠦᠨ ᠹᠯᠣᠲ ᠺᠣᠮᠠᠨᠳᠠᠯᠠᠬᠤ ᠲᠠᠯ᠎ᠠ ᠳᠡᠭᠡᠷ᠎ᠡ ᠲᠤᠩ ᠮᠠᠷᠠᠭᠤᠬᠠᠨ ᠨᠢᠭᠡᠨ ᠪᠠᠶᠢᠭᠰᠠᠨ ᠠᠵᠢ᠃ ᠲᠡᠭᠦᠨ ᠦ ᠨᠢᠭᠡᠨ ᠠᠯᠳᠠᠭ᠎ᠠ ᠪᠣᠯ ᠣᠷᠣᠰ ᠷᠤ ᠬᠢᠭᠰᠡᠨ ᠠᠶᠠᠨ ᠳᠠᠶᠢᠨ ᠭᠡᠵᠦ ᠶᠡᠬᠡᠩᠬᠢ ᠡᠷᠳᠡᠮᠲᠡᠳ ᠲᠡᠷᠡ ᠳᠤᠮᠳᠠ ᠪᠠᠨ ᠴᠡᠷᠢᠭ ᠦᠨ ᠲᠡᠦᠬᠡᠴᠢᠳ ᠦᠵᠡᠳᠡᠭ ᠶᠤᠮ᠃ᠠᠩᠭᠯᠢ ᠶᠢᠨ ᠡᠰᠡᠷᠬᠦ ᠡᠬᠡ ᠭᠠᠵᠠᠷ ᠤᠨ ᠬᠤᠳᠠᠯᠳᠤᠭᠠᠨ ᠤ ᠬᠣᠷᠢᠭ ᠢ ᠳᠡᠮᠵᠢᠬᠦ ᠡᠴᠡ ᠲᠠᠲᠠᠭᠠᠯᠵᠠᠭᠰᠠᠨ ᠤ ᠬᠠᠷᠢᠭᠤ ᠳᠤ ᠣᠷᠣᠰ ᠤᠨ ᠡᠰᠡᠷᠬᠦ ᠬᠢᠬᠦ ᠴᠡᠷᠢᠭ ᠳᠠᠶᠢᠨ ᠤ ᠺᠠᠮᠫᠠᠨᠢ ᠶᠢᠨ ᠲᠥᠯᠥᠪᠯᠡᠭᠡ ᠶᠢ ᠬᠡᠯᠡᠯᠴᠡᠬᠦ ᠳᠦ ᠭᠧᠨᠧᠷᠠᠯ ᠹᠧᠯ ᠳᠦᠮᠠᠷᠱᠠᠯ ᠵᠠᠨᠠ ᠲᠡᠷᠢᠭᠦᠲᠡᠢ ᠬᠡᠰᠡᠭ ᠴᠡᠷᠢᠭ ᠦᠨ ᠡᠷᠬᠡᠲᠡᠨ ᠪᠣᠯᠤᠨ ᠰᠠᠶᠢᠳ ᠨᠠᠷ ᠶᠡᠬᠡᠳᠡ ᠡᠰᠡᠷᠭᠦᠴᠡᠵᠦ ᠣᠷᠣᠰ ᠷᠤ ᠳᠣᠪᠲᠣᠯᠬᠤ ᠨᠢ ᠤᠬᠠᠭᠠᠨ ᠦᠭᠡᠢ ᠶᠠᠪᠤᠳᠠᠯ ᠪᠥᠭᠡᠳ ᠢᠯᠠᠬᠤ ᠪᠣᠯᠤᠮᠵᠢ ᠦᠭᠡᠢ᠂ ᠶᠠᠭᠠᠬᠢᠪᠠᠴᠤ ᠰᠠᠶᠢᠨ ᠶᠠᠭᠤᠮᠠᠨ ᠳᠤ ᠬᠦᠷᠭᠡᠬᠦ ᠦᠭᠡᠢ ᠭᠡᠳ ᠲᠡᠭᠦᠨ ᠦ ᠣᠷᠣᠨ ᠳᠤ ᠳ᠋ᠢᠫᠯᠣᠮᠠᠲ ᠠᠷᠭ᠎ᠠ ᠪᠠᠷ ᠣᠷᠣᠰᠣᠳ ᠳᠠᠷᠤᠮᠲᠠ ᠦᠵᠡᠭᠦᠯᠬᠦ ᠨᠢ ᠵᠦᠢᠲᠡᠢ ᠬᠡᠮᠡᠨ ᠤᠴᠢᠷᠯᠠᠪᠠᠴᠤ ᠪᠠᠰᠠ ᠯᠠ ᠦᠯᠦ ᠬᠡᠷᠡᠭᠰᠡᠵᠡᠢ᠃(ᠬᠣᠵᠢᠮ ᠡᠨᠡᠬᠦ ᠠᠯᠳᠠᠭ᠎ᠠ ᠶᠢ 130 ᠵᠢᠯ ᠦᠨ ᠳᠠᠷᠠᠭ᠎ᠠ ᠠ᠃ᠬᠢᠲ᠋ᠯᠧᠷ ᠳᠠᠪᠲᠠᠭᠰᠠᠨ ᠪᠢᠯᠡ)

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ