ᠧᠦ᠋ᠷᠣᠫᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠧᠦ᠋ᠷᠣᠫᠠ ᠲᠢᠪ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠧᠦ᠋ᠷᠣᠫᠠ ᠲᠢᠪ ᠦᠨ ᠪᠠᠶᠢᠷᠢᠯᠠᠯ

ᠧᠦ᠋ᠷᠣᠫᠠ ᠲᠢᠪ ᠨᠢ ᠳᠡᠯᠡᠬᠡᠢ ᠶᠢᠨ ᠨᠡᠶᠢᠲᠡ ᠭᠠᠵᠠᠷ ᠨᠤᠲᠤᠭ ᠤᠨ 2% ᠍ ᠢ ᠡᠵᠡᠯᠡᠳᠡᠭ᠂ ᠬᠦᠮᠦᠨ ᠠᠮᠠ ᠶᠢᠨ 11% ᠨᠢ ᠠᠮᠢᠳᠤᠷᠠᠳᠠᠭ ᠲᠢᠪ ᠶᠤᠮ᠃ ᠵᠡᠭᠦᠨ ᠲᠠᠯ᠎ᠠ ᠪᠠᠷ ᠢᠶᠠᠨ ᠠᠽᠢ ᠲᠠᠢ ᠬᠣᠯᠪᠣᠭᠳᠠᠵᠤ᠂ ᠧᠦ᠋ᠷᠠᠽᠢ ᠶᠢ ᠡᠭᠦᠰᠬᠡᠨ᠎ᠡ᠃ ᠧᠦ᠋ᠷᠣᠫᠠ ᠲᠢᠪ ᠨᠢ ᠬᠣᠶᠢᠳᠤ ᠬᠡᠰᠡᠭ ᠢᠶᠡᠷ ᠤᠮᠠᠷᠠᠳᠤ ᠮᠥᠰᠦᠨ ᠳᠠᠯᠠᠢ᠂ ᠤᠷᠢᠳᠤ ᠲᠠᠯ᠎ᠠ ᠪᠠᠷ ᠭᠠᠵᠠᠷ ᠤᠨ ᠳᠤᠮᠳᠠᠳᠤ ᠲᠡᠩᠭᠢᠰ᠂ ᠵᠡᠭᠦᠨ ᠤᠷᠳᠤ ᠬᠡᠰᠡᠭ ᠢᠶᠡᠷ ᠬᠠᠷ᠎ᠠ ᠲᠡᠩᠭᠢᠰᠡᠭᠡᠷᠡ ᠬᠦᠷᠢᠶᠡᠯᠡᠭᠳᠡᠨ᠎ᠡ᠃

ᠧᠦᠢᠷᠣᠫᠠ ᠨᠢ ᠳᠡᠯᠡᠬᠡᠢ ᠳᠦ ᠵᠢᠵᠢᠭ ᠢᠶᠡᠷ ᠢᠶᠡᠨ 2 ᠍ ᠳᠦ ᠤᠷᠤᠬᠤ ᠲᠢᠪ ᠶᠤᠮ᠃ ᠲᠠᠯᠠᠪᠠᠢ ᠶᠢᠨ ᠬᠡᠮᠵᠢᠶ᠎ᠡ 10,180,000 ᠺᠢᠯᠣᠮᠧᠲ᠋ᠷ2 ᠪᠣᠯᠤᠨ᠎ᠠ᠃ ᠧᠦ᠋ᠷᠣᠫᠠ ᠲᠢᠪ ᠲᠦ ᠤᠷᠤᠰᠢᠬᠤ 50 ᠤᠯᠤᠰ ᠣᠷᠣᠨ ᠳᠣᠲᠣᠷ᠎ᠠ ᠠᠴᠠ ᠣᠷᠣᠰ ᠤᠯᠤᠰ ᠬᠦᠮᠦᠨ ᠠᠮᠠ ᠪᠣᠯᠤᠨ ᠭᠠᠵᠠᠷ ᠨᠤᠲᠤᠭ ᠤᠨ ᠬᠡᠮᠵᠢᠶ᠎ᠡ ᠪᠡᠷ ᠬᠠᠮᠤᠭ ᠤᠨ ᠲᠣᠮᠣ ᠳᠤ ᠤᠷᠤᠬᠤ ᠪᠠ ᠸᠠᠲ᠋ᠢᠺᠠᠨ ᠬᠣᠲᠠ ᠤᠯᠤᠰ ᠬᠠᠮᠤᠭ ᠤᠨ ᠵᠢᠵᠢᠭ ᠶᠠᠭᠤᠮ᠎ᠠ᠃ ᠧᠦ᠋ᠷᠣᠫᠠ ᠨᠢ 731 ᠰᠠᠶ᠋ᠢ ᠬᠦᠮᠦᠨ ᠠᠮᠠ ᠲᠠᠢ ᠪᠠ ᠡᠨᠡ ᠨᠢ ᠠᠽᠢᠶ᠎ᠠ᠂ ᠠᠹᠷᠢᠺᠠᠡᠶᠢᠨ ᠳᠠᠷᠠᠭ᠎ᠠ 3 ᠍ ᠳᠦ ᠪᠠᠶᠢᠨ᠎ᠠ᠃ ᠳᠡᠯᠡᠬᠡᠢ ᠶᠢᠨ ᠬᠦᠮᠦᠨ ᠠᠮᠠ ᠶᠢᠨ 11% ᠪᠣᠯᠤᠨ᠎ᠠ᠃ ᠭᠡᠰᠡᠨ ᠴᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠶᠢᠨ ᠲᠣᠭᠠᠴᠠᠭ᠎ᠠ ᠪᠠᠷ 2050 ᠣᠨ ᠭᠡᠬᠦ ᠳᠦ ᠧᠦ᠋ᠷᠣᠫᠠ ᠲᠢᠪ ᠦᠨ ᠬᠦᠮᠦᠨ ᠠᠮᠠ 7% ᠪᠣᠯᠲᠠᠯ᠎ᠠ ᠪᠠᠨ ᠪᠠᠭᠤᠷᠠᠬᠤ ᠮᠠᠭᠠᠳᠯᠠᠯ ᠲᠠᠢ ᠠᠵᠢ᠃

ᠧᠦᠢᠷᠣᠫᠠ ᠨᠢ᠂ ᠢᠯᠠᠩᠭᠤᠶ᠎ᠠ ᠡᠷᠲᠡᠨ ᠦ ᠭᠷᠧᠺ ᠨᠢ ᠥᠷᠥᠨᠡᠲᠦ ᠶᠢᠨ ᠰᠤᠶᠤᠯ ᠲᠥᠷᠥᠨ ᠳᠡᠯᠭᠡᠷᠡᠭᠰᠡᠨ ᠭᠠᠵᠠᠷ ᠬᠡᠮᠡᠭᠳᠡᠳᠡᠭ᠃ ᠧᠦ᠋ᠷᠣᠫᠠ ᠭᠡᠳᠡᠭ ᠨᠡᠷ᠎ᠡ ᠨᠢ ᠭᠷᠧᠺ ᠦᠨ ᠳᠣᠮᠣᠭ ᠲᠤ ᠭᠠᠷᠳᠠᠭ Europa ᠬᠡᠮᠡᠬᠦ ᠦᠵᠡᠰᠬᠦᠯᠡᠩᠲᠦ ᠭᠦᠨᠵᠡ ᠶᠢᠨ ᠨᠡᠷᠡᠨ ᠡᠴᠡ ᠭᠠᠷᠤᠯ ᠲᠠᠢ ᠭᠡᠭᠳᠡᠳᠡᠭ ᠪᠠᠶᠢᠨ᠎ᠠ᠃ ᠣᠳᠣ ᠶᠢᠨ ᠧᠦ᠋ᠷᠣᠫᠠ᠂ ᠧᠦ᠋ᠷᠣᠠᠽᠢ ᠲᠢᠪ ᠭᠡᠰᠡᠨ ᠤᠳᠬ᠎ᠠ ᠲᠠᠢ ᠭᠠᠵᠠᠷ ᠵᠦᠢ ᠶᠢᠨ ᠨᠡᠷ᠎ᠡ ᠶᠢ ᠠᠩᠬ᠎ᠠ ᠬᠡᠷᠡᠭᠯᠡᠭᠰᠡᠨ ᠬᠦᠮᠦᠨ ᠨᠢ 《ᠲᠡᠦᠬᠡ ᠶᠢᠨ ᠡᠴᠢᠭᠡ》 ᠬᠡᠮᠡᠭᠳᠡᠳᠡᠭ ᠭᠧᠷᠣᠳᠣᠳ ᠪᠢᠯᠡ᠃

ᠤᠯᠤᠰ ᠤᠳ ᠤᠨ ᠵᠢᠭ᠌ᠰᠠᠭᠠᠯᠳᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠧᠦ᠋ᠷᠣᠫᠠ
ᠧᠦ᠋ᠷᠣᠫᠠ᠂ 1000.

ᠧᠦ᠋ᠷᠣᠫᠠ ᠶᠢᠨ ᠪᠦᠰᠡᠴᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠧᠦ᠋ᠷᠣᠫᠠ ᠶᠢᠨ ᠤᠯᠤᠰ ᠤᠳ
ᠧᠦ᠋ᠷᠣᠫᠠ ᠶᠢᠨ ᠪᠦᠰᠡᠴᠢᠯᠡᠯ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠦᠨ ᠲᠣᠳᠣᠷᠬᠠᠶᠢᠯᠠᠭᠰᠠᠨ ᠢᠶᠠᠷ: ᠬᠥᠬᠡ: ᠤᠮᠠᠷᠠᠳᠤ ᠧᠦ᠋ᠷᠣᠫᠠ᠂ ᠶᠠᠭᠠᠨ: ᠵᠡᠭᠦᠨ ᠧᠦ᠋ᠷᠣᠫᠠ᠂ ᠨᠣᠭᠣᠭᠠᠨ: ᠡᠮᠦᠨᠡᠲᠦ ᠧᠦ᠋ᠷᠣᠫᠠ᠂ ᠪᠦᠳᠡᠭᠢ ᠶᠠᠭᠠᠨ: ᠪᠠᠷᠠᠭᠤᠨ ᠧᠦ᠋ᠷᠣᠫᠠ[1]
World Factbook ᠨᠣᠮᠣᠨ ᠳᠠᠬᠢ ᠧᠦ᠋ᠷᠣᠫᠠ ᠶᠢᠨ ᠪᠦᠰᠡᠴᠢᠯᠡᠯ
ᠧᠦ᠋ᠷᠣᠫᠠ ᠶᠢᠨ ᠬᠣᠯᠪᠣᠭ᠎ᠠ ᠪᠠ ᠧᠦ᠋ᠷᠣᠫᠠ ᠶᠢᠨ ᠬᠣᠯᠪᠣᠭ᠎ᠠ ᠳᠦ ᠭᠡᠰᠢᠭᠦᠨ ᠢᠶᠡᠷ ᠡᠯᠰᠡᠬᠦ ᠭᠡᠵᠦ ᠪᠤᠢ ᠣᠷᠣᠨ ᠨᠤᠭᠤᠳ
ᠧᠦ᠋ᠷᠣᠫᠠ ᠶᠢᠨ ᠬᠣᠯᠪᠣᠭ᠎ᠠ᠂ North Atlantic Treaty Organization ᠍ ᠶᠢᠨ ᠭᠡᠰᠢᠭᠦᠨ ᠪᠠ ᠭᠡᠰᠢᠭᠦᠨ ᠪᠤᠰᠤ ᠣᠷᠣᠨ ᠨᠤᠭᠤᠳ
ᠧᠦ᠋ᠷᠣᠫᠠ ᠶᠢᠨ ᠪᠦᠰᠡᠴᠢᠯᠡᠯ - ᠰᠤᠶᠤᠯ᠂ ᠲᠡᠦᠬᠡᠨ ᠲᠣᠳᠣᠷᠬᠠᠶᠢᠯᠠᠯᠲᠠ ᠶᠢᠨ ᠳᠠᠭᠠᠤ[2][3]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

  • Composition of macro geographical (continental) regions, geographical sub-regions, and selected economic and other groupings. United Nations Statistics Department. 3 May 2011 ᠍ ᠳᠦ ᠬᠠᠨᠳᠤᠭᠰᠠᠨ᠃
  • Jordan Europa Regional
  • http://www.gla.ac.uk/0t4/crcees/files/summerschool/readings/school10/reading_list/Sinnhuber.pdf
  • http://wiki.uhaan.com/index.php?title=ᠧᠦ᠋ᠷᠣᠫᠠ&oldid=431809》 ᠍  ᠡᠴᠡ ᠠᠪᠤᠭᠰᠠᠨ

    ᠪᠢᠴᠢᠭᠡᠰᠦ