ᠦᠽᠡᠪᠸᠺᠢᠰᠲᠠᠨ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠦᠽᠡᠪᠸᠺᠢᠰᠲᠠᠨ ᠤᠯᠤᠰ
ᠪᠦᠭᠦᠳᠡ ᠨᠠᠶᠢᠷᠠᠮᠳᠠᠬᠤ ᠦᠽᠪᠡᠻ ᠤᠯᠤᠰ
O‘zbekiston Respublikasi (ᠦᠽᠡᠪᠸᠺᠢᠰᠲᠠᠨ)
ᠲᠤᠰᠠᠭᠠᠷ ᠲᠣᠭᠲᠠᠨᠢᠭᠰᠠᠨ ᠣᠷᠣᠨᠪᠦᠷᠢᠨ ᠡᠷᠬᠡᠲᠦ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
«O‘zbekiston Respublikasining Davlat Madhiyasi»
(ᠪᠦᠭᠦᠳᠡ ᠨᠠᠶᠢᠷᠠᠮᠳᠠᠬᠤ ᠦᠽᠡᠪᠸᠺᠢᠰᠲᠠᠨ ᠤᠯᠤᠰ ᠤᠨ ᠲᠥᠷᠥ ᠶᠢᠨ ᠳᠠᠭᠤᠯᠠᠯ)
ᠹᠠᠢᠢᠯ:Anthem-of-uzbekistan-1992.ogg

ᠳᠡᠯᠡᠬᠡᠢ ᠶᠢᠨ ᠲᠠᠯ᠎ᠠ ᠪᠥᠮᠪᠥᠷᠴᠡᠭ ᠲᠦ ᠦᠽᠡᠪᠸᠺᠢᠰᠲᠠᠨ ᠢ ᠲᠣᠳᠣᠷᠠᠭᠤᠯᠵᠠᠢ
ᠳᠡᠯᠡᠬᠡᠢ ᠶᠢᠨ ᠲᠠᠯ᠎ᠠ ᠪᠥᠮᠪᠥᠷᠴᠡᠭ ᠲᠦ ᠦᠽᠡᠪᠸᠺᠢᠰᠲᠠᠨ ᠢ ᠲᠣᠳᠣᠷᠠᠭᠤᠯᠵᠠᠢ
ᠨᠡᠶᠢᠰᠯᠡᠯTashkent emblem.jpg ᠲᠠᠱᠺᠧᠨᠲ
ᠲᠣᠮᠣ ᠬᠣᠲᠠ ᠨᠠᠮᠠᠩᠭᠠᠨᠠᠨᠳᠢᠵᠠᠨ
ᠠᠯᠪᠠᠨ ᠬᠡᠯᠡ ᠦᠽᠡᠪᠸᠺᠢᠰᠲᠠᠨ ᠬᠡᠯᠡ
ᠠᠯᠪᠠᠨ ᠦᠰᠦᠭ ᠯᠠᠲ᠋ᠢᠨ ᠦᠰᠦᠭ
ᠠᠷᠠᠳ ᠲᠦᠮᠡᠨ 
(1996 ᠤᠨ)
ᠦᠽᠡᠪᠸᠺᠢᠰᠲᠠᠨ ᠦᠨ ᠠᠷᠠᠳ ᠲᠦᠮᠡᠨ:
80.0% – ᠦᠽᠡᠪᠸᠺᠢᠰᠲᠠᠨ ᠦᠨᠳᠦᠰᠦᠲᠡᠨ
5.5% – ᠣᠷᠣᠰ ᠦᠨᠳᠦᠰᠦᠲᠡᠨ
5.0% – ᠲᠠᠵᠢᠺᠢᠰᠲᠠᠨ ᠦᠨᠳᠦᠰᠦᠲᠡᠨ
3.0% – ᠬᠠᠰᠠᠭ ᠦᠨᠳᠦᠰᠦᠲᠡᠨ
6.5% – ᠪᠤᠰᠤᠳ ᠠᠷᠠᠳ ᠲᠦᠮᠡᠨ
 -  ᠨᠤᠲᠤᠭ ᠤᠨ ᠣᠯᠠᠨ 100% – ᠦᠽᠡᠪᠸᠺᠢᠰᠲᠠᠨ ᠦᠨ ᠬᠢᠨ
(ᠦᠽᠡᠪᠸᠺᠢᠰᠲᠠᠨ ᠤᠯᠤᠰ ᠤᠨ ᠬᠢᠨ)
ᠲᠥᠷᠥ ᠵᠠᠰᠠᠭ ᠶᠡᠷᠦᠩᠬᠡᠶᠢᠯᠡᠭᠴᠢ ᠶᠢᠨ ᠪᠦᠭᠦᠳᠡ
ᠨᠠᠶᠢᠷᠠᠮᠳᠠᠬᠤ ᠵᠠᠰᠠᠭ
 -  ᠶᠡᠷᠦᠩᠬᠡᠶᠢᠯᠡᠭᠴᠢ ᠢᠰᠯᠠᠮ ᠺᠠᠷᠢᠮᠣᠸ (1990)
 -  ᠶᠡᠷᠦᠩᠬᠡᠢ ᠰᠠᠶᠢᠳ ᠰᠢᠪᠺᠠᠲ ᠮᠢᠷᠵᠡᠶᠣᠸ (2003)
 -  ᠤᠯᠤᠰ ᠤᠨ ᠬᠤᠷᠠᠯ ᠣᠯᠢᠢ ᠮᠠᠵᠤᠯᠢᠰ (ᠳᠡᠭᠡᠳᠦ ᠬᠤᠷᠠᠯ)
ᠲᠡᠦᠬᠡ
 -  1747 ᠣᠨ ᠪᠤᠬᠤᠷᠺᠣᠺᠠᠨᠳᠬᠢᠪᠠ ᠪᠠᠶᠢᠪᠠ᠃ 
 -  1924-10-27 ᠵᠥᠪᠯᠡᠯᠲᠦ ᠦᠽᠡᠪᠸᠺᠢᠰᠲᠠᠨ ᠪᠣᠯᠤᠭᠰᠠᠨ 
 -  1991-09-01 ᠲᠤᠰᠠᠭᠠᠷ ᠲᠣᠭᠲᠠᠨᠢᠯ ᠤᠨ ᠲᠤᠩᠬᠠᠭ 
 -  1991-12-25 ᠵᠥᠪᠯᠡᠯᠲᠦ ᠬᠣᠯᠪᠣᠭᠠᠲᠤ ᠤᠯᠤᠰ ᠠᠯᠪᠠᠨ ᠶᠣᠰᠣᠭᠠᠷ ᠪᠤᠲᠠᠷᠠᠭᠰᠠᠨ 
ᠨᠤᠲᠤᠭ ᠳᠡᠪᠢᠰᠬᠡᠷ
 -  ᠪᠦᠬᠦ ᠲᠠᠯᠠᠪᠠᠢ 448 978 km2 (58)
 -  ᠭᠠᠳᠠᠷᠭᠤ ᠶᠢᠨ ᠤᠰᠤ (%) 4.9 ᠬᠤᠪᠢ
ᠬᠦᠮᠦᠨ ᠠᠮᠠ
 -  ᠲᠣᠭᠠᠴᠠᠭ᠎ᠠ (2013) 30,183,400[1] (46)
 -  ᠨᠢᠭᠲᠠᠴᠠ ᠰᠡᠶᠢᠷᠡᠭ 61.4 ᠬᠦᠮᠦᠨ/km2 
GDP (ХАЧТ) 2010 ᠣᠨ ᠤ ᠲᠣᠭᠠᠴᠠᠭ᠎ᠠ
 -  ᠨᠡᠶᠢᠲᠡ ᠳ᠋ᠦᠩ $85.188 ᠲᠡᠷᠪᠤᠮ[2] 
 -  ᠨᠢᠭᠡ ᠬᠦᠨᠳᠦ $3,015[2] 
GDP (ᠨᠡᠷᠡᠯᠡᠭᠰᠡᠨ) 2010 ᠣᠨ ᠤ ᠲᠣᠭᠠᠴᠠᠭ᠎ᠠ
 -  ᠨᠡᠶᠢᠲᠡ ᠳ᠋ᠦᠩ $37.290 ᠲᠡᠷᠪᠤᠮ[2] 
 -  ᠨᠢᠭᠡ ᠬᠦᠨᠳᠦ $1,320[2] 
Gini (2000) 26.8 0.21 (ᠪᠠᠭ᠎ᠠ) (95)
ᠬᠡᠦᠬᠡᠳ ᠦᠨ ᠬᠥᠭᠵᠢᠯ ᠦᠨ ᠢᠨᠳᠧᠺᠰ (2010) 0.617[3] (ᠳᠤᠮᠳᠠᠴᠢ) (102)
ᠮᠥᠩᠭᠥᠨ ᠦ ᠨᠢᠭᠡᠴᠡ ᠦᠽᠡᠪᠸᠺᠢᠰᠲᠠᠨ ᠦᠨ ᠰᠤᠮᠤ (UZS)
ᠴᠠᠭ ᠤᠨ ᠪᠥᠰᠡ ᠦᠽᠡᠪᠸᠺᠢᠰᠲᠠᠨ ᠦᠨ ᠴᠠᠭ (ГЦ+5)
ᠤᠲᠠᠰᠤ᠂ ᠳᠣᠮᠡᠢ ᠶᠢᠨ +998 / .uz
ᠨᠡᠷ᠎ᠡ ᠲᠣᠮᠢᠶ᠎ᠠ UZ, UZB / БНУзбУ

ᠦᠽᠡᠪᠸᠺᠢᠰᠲᠠᠨ ᠤᠯᠤᠰ ᠲᠥᠪ ᠠᠽᠢᠶ᠎ᠠ᠂ ᠲᠡᠷᠡ ᠳᠤᠮᠳᠠ ᠪᠠᠨ ᠲᠦᠪ ᠠᠽᠢᠶ᠎ᠠГЦ+5 ᠴᠠᠭ ᠤᠨ ᠪᠥᠰᠡ ᠳᠦ ᠬᠠᠰᠠᠭᠬᠢᠷᠭᠢᠰᠲᠠᠵᠢᠺᠢᠰᠲᠠᠨᠠᠹᠬᠠᠨᠨᠲᠦᠺᠮᠧᠨ ᠲᠠᠪᠤᠨ ᠤᠯᠤᠰ ᠢᠶᠠᠷ ᠬᠦᠷᠢᠶᠡᠯᠡᠭᠦᠯᠵᠦ ᠣᠷᠣᠰᠢᠳᠠᠭ᠃ ᠳᠠᠯᠠᠢ ᠳᠤ ᠭᠠᠷᠤᠴᠠ ᠦᠭᠡᠢ ᠡᠬᠡ ᠭᠠᠵᠠᠷ ᠤᠨ ᠣᠷᠣᠨ. 447 ᠮᠢᠩᠭᠠᠨ ᠬᠠᠪᠲᠠᠭᠠᠢ ᠳᠥᠷᠪᠡᠯᠵᠢᠨ ᠺᠢᠯᠣᠮᠧᠲ᠋ᠷ ᠨᠤᠲᠤᠭ ᠲᠠᠢ (51 ᠍ ᠳᠦᠭᠡᠷ ᠲᠣᠮᠣ). ᠪᠠᠷᠠᠭᠤᠨ ᠪᠣᠯᠤᠨ ᠲᠥᠪ ᠪᠡᠶᠡᠳᠡᠭᠡ ᠨᠠᠮ ᠳᠣᠣᠷ᠎ᠠ᠂ ᠵᠡᠭᠦᠨ ᠬᠢᠯ ᠢᠶᠡᠷ ᠢᠶᠡᠨ 4000 ᠮ ᠡᠴᠡ ᠥᠨᠳᠥᠷ ᠠᠭᠤᠯᠠ ᠲᠠᠢ᠃ 90% ᠴᠥᠯ᠂ 10% ᠬᠤᠪᠢ ᠦᠷᠡᠵᠢᠯ ᠰᠢᠮᠡᠲᠦ ᠬᠥᠨᠳᠡᠢ᠃

ᠦᠽᠡᠪᠸᠺᠢᠰᠲᠠᠨ ᠣᠷᠣᠨ ᠲᠡᠦᠬᠡ ᠶᠢᠨ ᠤᠷᠲᠤ ᠳᠤ ᠢᠷᠡᠨᠲᠦᠷᠦᠭᠮᠣᠩᠭᠣᠯᠰᠯᠠᠪ ᠤᠭᠰᠠᠭᠠᠲᠠᠨ ᠤ ᠮᠡᠳᠡᠯ ᠳᠦ ᠣᠷᠣᠵᠤ ᠶᠠᠪᠤᠭᠰᠠᠨ᠃ ᠪᠤᠬᠤᠷᠰᠠᠮᠠᠷᠺᠠᠨᠳ ᠭᠡᠳ ᠲᠣᠷᠭᠠᠨ ᠵᠠᠮ ᠍ ᠤᠨ ᠭᠣᠣᠯ ᠬᠣᠲᠠ ᠨᠤᠭᠤᠳ ᠣᠳᠣ ᠴᠤ ᠡᠨᠳᠡ ᠪᠠᠶᠢᠨ᠎ᠠ᠃ ᠵᠥᠪᠯᠡᠯᠲᠦ ᠬᠣᠯᠪᠣᠭᠠᠲᠤ ᠤᠯᠤᠰ ᠪᠤᠲᠠᠷᠠᠭᠰᠠᠨ 1991 ᠣᠨ ᠳᠤ ᠪᠦᠭᠦᠳᠡ ᠨᠠᠶᠢᠷᠠᠮᠳᠠᠬᠤ ᠦᠽᠡᠪᠸᠺᠢᠰᠲᠠᠨ ᠤᠯᠤᠰ (БНУзбУ) ᠨᠡᠷ᠎ᠡ ᠪᠡᠷ ᠲᠤᠰᠠᠭᠠᠷ ᠲᠣᠭᠲᠠᠨᠢᠵᠤ᠂ 1992 ᠣᠨ ᠳᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠳᠦ ᠡᠯᠡᠰᠦᠨ ᠪᠦᠷᠢᠨ ᠡᠷᠬᠡ ᠣᠯᠵᠠᠢ᠃ ᠨᠢᠭᠡᠳᠦᠮᠡᠯ ᠲᠥᠷᠥ ᠶᠢᠨ ᠪᠠᠶᠢᠭᠤᠯᠤᠮᠵᠢ᠂ ᠶᠡᠷᠦᠩᠬᠡᠶᠢᠯᠡᠭᠴᠢᠡᠶᠢᠨ ᠡᠷᠬᠡ ᠳᠠᠪᠠᠮᠠᠭᠠᠶᠢᠯᠠᠬᠤ ᠪᠦᠭᠦᠳᠡ ᠨᠠᠶᠢᠷᠠᠮᠳᠠᠬᠤ ᠵᠠᠰᠠᠭ ᠲᠠᠢ᠃ ᠳᠣᠲᠣᠷ᠎ᠠ ᠪᠠᠨ 12 ᠮᠤᠵᠢ᠂ 1 ᠪᠦᠭᠦᠳᠡ ᠨᠠᠶᠢᠷᠠᠮᠳᠠᠬᠤ ᠤᠯᠤᠰ᠂ 1 ᠤᠯᠤᠰ ᠤᠨ ᠬᠣᠳᠠ ᠳᠤ ᠬᠤᠪᠢᠶᠠᠭᠳᠠᠳᠠᠭ. ᠤᠯᠤᠰ ᠤᠨ ᠠᠯᠪᠠᠨ ᠶᠣᠰᠣᠨ ᠤ ᠦᠽᠡᠪᠸᠺᠢᠰᠲᠠᠨ ᠬᠡᠯᠡᠡᠨᠳᠡ ᠤᠯᠤᠰ ᠢᠶᠠᠨ ᠯᠠᠲ᠋ᠢᠨ ᠦᠰᠦᠭ ᠢᠶᠡᠷ O'zbekiston ᠬᠡᠮᠡᠨ ᠪᠢᠴᠢᠵᠦ᠂ [ᠦᠽᠪᠧᠺᠢᠰᠲᠠᠨ] ᠭᠡᠵᠦ ᠬᠡᠯᠡᠳᠡᠭ᠃ ᠡᠭᠦᠨ ᠦ ᠍ ᠰᠲ᠋ᠠᠨ ᠨᠢ ᠮᠣᠩᠭᠣᠯ ᠢᠶᠠᠷ ᠤᠯᠤᠰ᠂ ᠣᠷᠣᠨ ᠭᠡᠬᠦ ᠵᠠᠯᠭᠠᠪᠤᠷᠢ ᠶᠤᠮ᠃

ᠡᠳᠦᠭᠡ 30 ᠰᠠᠶ᠎ᠠ ᠬᠦᠮᠦᠨ ᠠᠮᠠ ᠲᠠᠢ (46 ᠍ ᠳᠦᠭᠡᠷ ᠣᠯᠠᠨ). ᠬᠦᠮᠦᠨ ᠠᠮᠠ ᠶᠢᠨ 80 ᠬᠤᠪᠢ ᠶᠢ ᠡᠵᠡᠯᠡᠭᠰᠡᠨ ᠦᠽᠡᠪᠸᠺᠢᠰᠲᠠᠨ ᠦᠨᠳᠦᠰᠦᠲᠡᠨ ᠡᠴᠡ ᠭᠠᠳᠠᠨ᠎ᠠ ᠣᠷᠣᠰᠲᠠᠵᠢᠺᠢᠰᠲᠠᠨᠬᠠᠰᠠᠭᠬᠠᠷᠬᠣᠯᠫᠠᠺ ᠭᠡᠳ 100 ᠨᠡᠷ᠎ᠡ ᠶᠢᠨ ᠠᠷᠠᠳ ᠲᠦᠮᠡᠨ ᠠᠵᠤ ᠲᠥᠷᠥᠨ ᠰᠠᠭᠤᠵᠤ ᠪᠠᠶᠢᠳᠠᠭ ᠪᠠ ᠪᠦᠬᠦ ᠠᠷᠠᠳ ᠤᠨ 90 ᠬᠤᠪᠢ ᠢᠰᠯᠠᠮ᠂ 9 ᠬᠤᠪᠢ ᠾᠷᠢᠰᠲ᠋ᠦ᠋ᠰ ᠱᠠᠰᠢᠨ ᠤ ᠶᠣᠰᠣ ᠶᠢ ᠳᠠᠭᠠᠳᠠᠭ᠃

ᠦᠽᠡᠪᠸᠺᠢᠰᠲᠠᠨ ᠤᠯᠤᠰ ᠬᠥᠪᠥᠨᠵᠡᠰᠠᠯᠲᠠᠤᠷᠠᠨᠰᠢᠲᠠᠳᠠᠭ ᠬᠡᠢ ᠭᠡᠬᠦ ᠮᠡᠲᠦ ᠣᠯᠠᠨ ᠲᠥᠷᠥᠯ ᠦᠨ ᠵᠦᠢᠯ ᠪᠦᠲᠦᠭᠡᠵᠦ ᠳᠣᠲᠣᠭᠠᠳᠤ ᠭᠠᠳᠠᠭᠠᠳᠤ ᠳᠤ ᠪᠣᠷᠣᠯᠠᠭᠤᠯᠳᠠᠭ᠃ ᠨᠡᠶᠢᠲᠡ ДНБ ᠍ ᠦᠨ ᠬᠡᠮᠵᠢᠶ᠎ᠡ ᠪᠡᠷ ᠳᠡᠯᠡᠬᠡᠢ ᠶᠢᠨ 194 ᠤᠯᠤᠰ ᠠᠴᠠ 69, ᠨᠢᠭᠡ ᠬᠦᠨᠳᠦ ᠨᠣᠣᠭ ᠲᠤ ᠬᠢ ᠳᠦᠩᠭᠡ ᠪᠡᠷ 135 ᠍ ᠳᠦᠭᠡᠷ ᠪᠠᠶᠢᠷᠢ ᠬᠠᠪᠢ ᠳᠤ ᠶᠠᠪᠤᠵᠤ ᠪᠠᠶᠢᠭ᠎ᠠ᠃ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ᠂ ᠲᠤᠰᠠᠭᠠᠷ ᠤᠯᠤᠰ ᠤᠳ ᠤᠨ ᠬᠠᠮᠲᠤ ᠶᠢᠨ ᠨᠥᠬᠥᠷᠯᠡᠯᠱᠠᠩᠬᠠᠢ ᠶᠢᠨ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠ ᠍ ᠶᠢᠨ ᠭᠡᠰᠢᠭᠦᠨ ᠪᠣᠯᠵᠤ ᠣᠯᠠᠨ ᠤᠯᠤᠰ ᠲᠠᠢ ᠬᠠᠷᠢᠯᠴᠠᠭ᠎ᠠ ᠥᠷᠭᠡᠵᠢᠭᠦᠯᠵᠦ ᠪᠤᠢ ᠶᠢᠨ ᠳᠣᠲᠣᠷ᠎ᠠ ᠮᠣᠩᠭᠣᠯ ᠤᠯᠤᠰᠲᠠᠢ 1992 ᠣᠨ ᠳᠤ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ᠃

ᠨᠡᠶᠢᠰᠯᠡᠯ ᠲᠠᠱᠺᠧᠨᠲ 2 ᠰᠠᠶ᠋ᠢ ᠣᠷᠣᠰᠢᠨ ᠰᠠᠭᠤᠭᠴᠢ ᠲᠠᠢ᠃ ᠮᠥᠩᠭᠥᠨ ᠦ ᠨᠢᠭᠡᠴᠡ — ᠰᠤᠮᠤ. ᠣᠳᠣ ᠶᠢᠨ ᠶᠡᠷᠦᠩᠬᠡᠶᠢᠯᠡᠭᠴᠢ ᠨᠢ ᠢᠰᠯᠠᠮ ᠺᠠᠷᠢᠮᠣᠸ.

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠶᠢᠨ ᠢᠯᠭᠠᠯ
ᠨᠡᠷᠡᠯᠡᠬᠦ ᠦᠽᠪᠧ́ᠺ ᠦᠽᠪᠧᠺᠢᠰᠲᠠ́ᠨ
ᠬᠠᠷᠢᠶᠠᠯᠠᠬᠤ ᠦᠽᠡᠪᠸᠺᠢᠰᠲᠠᠨ ᠦᠨ ᠦᠽᠪᠧᠺᠢᠰᠲᠠᠨ ᠤ
ᠥᠭᠬᠦ ᠤᠷᠤᠰᠢᠬᠤ ᠦᠽᠡᠪᠸᠺᠢᠰᠲᠠᠨ ᠲᠦ ᠦᠽᠪᠧᠺᠢᠰᠲᠠᠨ ᠳᠤ
ᠵᠢᠭᠠᠬᠤ ᠦᠽᠡᠪᠸᠺᠢᠰᠲᠠᠨ ᠢ ᠦᠽᠪᠧᠺᠢᠰᠲᠠᠨ ᠢ
ᠭᠠᠷᠬᠤ ᠦᠽᠡᠪᠸᠺᠢᠰᠲᠠᠨ ᠡᠴᠡ ᠦᠽᠪᠧᠺᠢᠰᠲᠠᠨ ᠠᠴᠠ
ᠦᠢᠯᠡᠳᠬᠦ ᠦᠽᠡᠪᠸᠺᠢᠰᠲᠠᠨ ᠢᠶᠡᠷ ᠦᠽᠪᠧᠺᠢᠰᠲᠠᠨ ᠢᠶᠠᠷ
ᠬᠠᠮᠲᠤᠷᠠᠬᠤ ᠦᠽᠡᠪᠸᠺᠢᠰᠲᠠᠨ ᠲᠡᠢ ᠦᠽᠪᠧᠺᠢᠰᠲᠠᠨ ᠲᠠᠢ
ᠴᠢᠭᠯᠡᠬᠦ ᠦᠽᠡᠪᠸᠺᠢᠰᠲᠠᠨ ᠷᠦᠦ ᠦᠽᠪᠧᠺᠢᠰᠲᠠᠨ ᠷᠤ
ᠲᠠᠶᠢᠯᠪᠤᠷᠢ: ᠦᠽᠪᠧᠺᠢᠰᠲᠠᠨ ᠢ ᠰᠢᠯᠤᠭᠤᠨ᠂ ᠦᠽᠪᠧ́ᠺ ᠢ ᠡᠷᠭᠦᠯᠲᠡ ᠲᠡᠢ ᠳᠠᠭᠤᠳᠠᠨ᠎ᠠ᠃

ᠡᠨᠡ ᠤᠯᠤᠰ ᠤᠨ ᠦᠨᠳᠦᠰᠦᠨ ᠬᠦᠮᠦᠨ ᠠᠮᠠ ᠨᠢ ᠦᠽᠡᠪᠸᠺᠢᠰᠲᠠᠨ ᠪᠣᠯᠬᠣᠷ ᠤᠯᠤᠰ ᠤᠨ ᠣᠨᠣᠭᠠᠭᠰᠠᠨ ᠨᠡᠷ᠎ᠡ ᠶᠢ ᠦᠽᠡᠪᠸᠺᠢᠰᠲᠠᠨ ᠭᠡᠰᠡᠨ᠃ ᠦᠽᠡᠪᠸᠺᠢᠰᠲᠠᠨ ᠪᠣᠯᠤᠨ ᠣᠷᠣᠰᠠᠩᠭᠯᠢ ᠬᠡᠯᠡᠨ ᠢᠶᠡᠨ ᠦᠽᠪᠧᠺᠢᠰᠲᠠᠨ ᠪᠤᠶᠤ "ᠤᠯᠤᠰ᠂ ᠣᠷᠣᠨ" ᠭᠡᠰᠡᠨ ᠍ ᠰᠲ᠋ᠠᠨ ᠳᠠᠭᠠᠪᠤᠷᠢ ᠶᠢ ᠬᠠᠮᠲᠤᠳᠬᠠᠨ ᠪᠢᠴᠢᠵᠦ ᠪᠠᠶᠢᠭ᠎ᠠ ᠠᠴᠠ ᠮᠣᠩᠭᠣᠯ ᠳᠤ ᠦᠽᠪᠧᠺᠢᠰᠲᠠᠨ ᠤᠯᠤᠰ ᠭᠡᠬᠦ ᠮᠠᠶ᠋ᠢᠭ ᠢᠶᠠᠷ ᠢᠵᠢᠯ ᠤᠳᠬ᠎ᠠ ᠳᠠᠪᠲᠠᠨ ᠬᠡᠷᠡᠭᠯᠡᠭᠳᠡᠵᠦ ᠪᠠᠶᠢᠨ᠎ᠠ᠃ ᠦᠽᠡᠪᠸᠺᠢᠰᠲᠠᠨ ᠭᠡᠰᠡᠨ ᠨᠡᠷ᠎ᠡ ᠶᠢ ᠠᠯᠲᠠᠨ ᠣᠷᠳᠣᠨ ᠤ ᠤᠯᠤᠰ ᠤᠨ ᠦᠽᠡᠪᠸᠺᠢᠰᠲᠠᠨ ᠬᠠᠨ ᠨᠡᠷ᠎ᠡ ᠡᠴᠡ ᠡᠭᠦᠰᠪᠡ ᠦᠦ᠂ ᠥᠪᠡᠷᠲᠡᠭᠡᠨ ᠡᠵᠡᠨ ᠭᠡᠰᠡᠨ ᠲᠦᠷᠢᠭ ᠦᠭᠡᠰ ᠦᠨ ᠨᠡᠶᠢᠯᠡᠮᠵᠢ ᠦᠦ ᠭᠡᠬᠦ ᠮᠡᠲᠦ ᠪᠠᠲᠤ ᠮᠡᠳᠡᠭᠳᠡᠭᠡ ᠦᠭᠡᠢ ᠬᠡᠳᠦᠨ ᠲᠠᠭᠠᠮᠠᠭ ᠪᠠᠶᠢᠳᠠᠭ᠃ ᠦᠽᠡᠪᠸᠺᠢᠰᠲᠠᠨ ᠢᠶᠡᠷ Oʻzbekiston ᠭᠡᠵᠦ ᠪᠢᠴᠢᠳᠡᠭ ᠡᠴᠡ ᠬᠠᠷᠠᠭᠠᠳ ᠥᠽᠪᠧᠺ ᠭᠡᠮᠡᠷ ᠶᠠᠭᠤᠮ᠎ᠠ ᠰᠢᠭ ᠪᠣᠯᠪᠠᠴᠤ ᠦᠽᠡᠪᠸᠺᠢᠰᠲᠠᠨ ᠢᠶᠡᠷ ᠬᠡᠯᠡᠬᠦ ᠶᠢ ᠨᠢ ᠰᠣᠨᠣᠰᠪᠠᠯ ᠬᠠᠭᠤᠴᠢᠨ ᠢᠶᠠᠷ ᠢᠶᠠᠨ ᠦᠽᠡᠪᠸᠺᠢᠰᠲᠠᠨ ᠭᠡᠬᠦ ᠳᠦ ᠪᠣᠯᠤᠨ᠎ᠠ᠃ ᠮᠣᠩᠭᠣᠯ ᠦᠰᠦᠭ ᠢᠶᠡᠷ ᠦᠽᠪᠡᠻ (ᠦᠽᠡᠪᠸᠺᠢᠰᠲᠠᠨ) ᠭᠡᠵᠦ ᠪᠢᠴᠢᠨ᠎ᠡ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠽᠡᠪᠸᠺᠢᠰᠲᠠᠨ 448,978 ᠬᠠᠪᠲᠠᠭᠠᠢ ᠳᠥᠷᠪᠡᠯᠵᠢᠨ ᠺᠢᠯᠣᠮᠧᠲ᠋ᠷ ᠭᠠᠵᠠᠷ ᠨᠤᠲᠤᠭ ᠲᠠᠢ᠂ ᠢᠷᠠᠺ ᠤᠯᠤᠰ ᠠᠴᠠ ᠠᠷᠠᠢ ᠲᠣᠮᠣ ᠪᠤᠶᠤ ᠳᠡᠯᠡᠬᠡᠢ ᠶᠢᠨ 58 ᠍ ᠳᠦᠭᠡᠷ ᠲᠣᠮᠣ ᠣᠷᠣᠨ ᠶᠤᠮ᠃

ᠰᠠᠨᠰᠠᠷ ᠠᠴᠠ ᠬᠠᠷᠠᠭᠰᠠᠨ ᠵᠢᠷᠤᠭ

ᠪᠠᠶᠢᠷᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠶᠢᠳᠤ ᠥᠷᠭᠡᠷᠢᠭ ᠦᠨ 37° — 46°᠂ ᠵᠡᠭᠦᠨ ᠤᠷᠲᠤᠷᠢᠭ ᠤᠨ 56° — 74° ᠳᠣᠲᠣᠷ᠎ᠠ ᠲᠥᠪ ᠠᠽᠢᠶ᠎ᠠ᠂ ᠲᠡᠷᠡ ᠳᠤᠮᠳᠠ ᠪᠠᠨ ᠲᠦᠪ ᠠᠽᠢᠶ᠎ᠠ ᠳᠤ ᠣᠷᠣᠰᠢᠳᠠᠭ᠃ ᠬᠥᠨᠳᠡᠯᠡᠨ 1,425 ᠺᠢᠯᠣᠮᠧᠲ᠋ᠷ᠂ ᠭᠤᠯᠳᠤ 930 ᠺᠢᠯᠣᠮᠧᠲ᠋ᠷ ᠪᠠᠶᠢᠳᠠᠭ ᠲᠡᠭᠰᠢ ᠥᠨᠴᠥᠭᠲᠦ ᠬᠡᠯᠪᠡᠷᠢ ᠶᠢᠨ ᠨᠤᠲᠤᠭ ᠳᠡᠪᠢᠰᠬᠡᠷ ᠲᠡᠢ᠃ ᠳᠠᠯᠠᠢ ᠳᠤ ᠭᠠᠷᠤᠴᠠ ᠦᠭᠡᠢ᠂ ᠪᠦᠷ ᠯᠢᠾᠢᠲ᠋ᠧᠨᠱᠤᠲ᠋ᠠᠢᠢᠨ ᠰᠢᠭ ᠬᠣᠶᠠᠷ ᠤᠯᠤᠰ ᠳᠠᠮᠵᠢᠬᠤ ᠬᠡᠷᠡᠭ ᠭᠠᠷᠤᠨ᠎ᠠ᠃ ᠬᠣᠶᠢᠳᠲᠠᠯ᠎ᠠ ᠪᠠᠷ ᠢᠶᠠᠨ ᠬᠠᠰᠠᠭ ᠤᠯᠤᠰ (203 ᠺᠢᠯᠣᠮᠧᠲ᠋ᠷ), ᠠᠷᠠᠯ ᠲᠡᠩᠭᠢᠰ (420 ᠺᠢᠯᠣᠮᠧᠲ᠋ᠷ), ᠵᠡᠭᠦᠨ ᠲᠠᠯ᠎ᠠ ᠪᠠᠷ ᠢᠶᠠᠨ ᠬᠢᠷᠭᠢᠰ (1099 ᠺᠢᠯᠣᠮᠧᠲ᠋ᠷ), ᠲᠠᠵᠢᠺᠢᠰᠲᠠᠨ (1161 ᠺᠢᠯᠣᠮᠧᠲ᠋ᠷ), ᠡᠮᠦᠨ᠎ᠡ ᠲᠠᠯ᠎ᠠ ᠪᠠᠷ ᠢᠶᠠᠨ ᠠᠹᠬᠠᠨᠨ (137 ᠺᠢᠯᠣᠮᠧᠲ᠋ᠷ), ᠲᠦᠺᠮᠧᠨ (1621 ᠺᠢᠯᠣᠮᠧᠲ᠋ᠷ) ᠤᠯᠤᠰ ᠲᠠᠢ ᠬᠢᠯᠢᠯᠡᠳᠡᠭ᠃

ᠭᠠᠵᠠᠷ ᠤᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠽᠡᠪᠸᠺᠢᠰᠲᠠᠨ ᠣᠷᠣᠨ ᠤ 80% ᠴᠥᠯ᠂ 10% ᠯᠠ ᠦᠷᠡᠵᠢᠯ ᠰᠢᠮᠡᠲᠡᠢ᠃ ᠨᠤᠲᠤᠭ ᠤᠨ ᠪᠠᠷᠠᠭᠤᠨ ᠪᠣᠯᠤᠨ ᠲᠥᠪ ᠪᠡᠶ᠎ᠡ ᠪᠡᠷ ᠠᠯᠳᠠᠷᠲᠤ ᠺᠤᠰᠤᠯᠺᠦ᠋ᠮ (ᠤᠯᠠᠭᠠᠨ ᠡᠯᠡᠰᠦ), ᠪᠠᠷᠠᠭᠤᠨ ᠤᠷᠢᠳᠤ ᠲᠠᠯ᠎ᠠ ᠪᠠᠷ ᠺᠠᠷᠠᠺᠦᠶᠢᠮ ᠍ ᠤᠨ ᠵᠠᠬ᠎ᠠ ᠪᠠᠶᠢᠨ᠎ᠠ᠃ ᠵᠡᠭᠦᠨ ᠲᠠᠯ᠎ᠠ ᠳᠤ ᠦᠷᠡᠵᠢᠯ ᠰᠢᠮᠡᠲᠦ ᠹᠧᠷᠭᠠᠨ ᠤ ᠬᠥᠨᠳᠡᠢ ᠪᠠᠶᠢᠨ᠎ᠠ᠃ ᠦᠽᠡᠪᠸᠺᠢᠰᠲᠠᠨ ᠶᠡᠷᠦᠩᠬᠡᠢ ᠳᠤ ᠪᠡᠨ ᠨᠠᠮ ᠳᠣᠣᠷ᠎ᠠ ᠭᠠᠵᠠᠷ᠂ ᠵᠡᠭᠦᠨ ᠬᠣᠶᠢᠳᠤ ᠲᠠᠯ᠎ᠠ ᠪᠠᠷ ᠬᠠᠷᠢᠨ ᠲᠩᠷᠢ ᠠᠭᠤᠯᠠ᠂ ᠵᠡᠭᠦᠨ ᠤᠷᠢᠳᠤ ᠲᠠᠯ᠎ᠠ ᠪᠠᠷ ᠫᠠᠮᠢᠷ ᠍ ᠤᠨ ᠬᠣᠰᠢᠭᠤ ᠴᠤᠬᠤᠶᠢᠳᠠᠭ᠃ ᠡᠨᠳᠡᠬᠢ ᠭᠢᠰᠰᠠᠷ ᠤᠨ ᠨᠢᠷᠤᠭᠤᠨᠳ ᠬᠠᠮᠤᠭ ᠤᠨ ᠥᠨᠳᠥᠷ ᠬᠠᠵᠠᠷ ᠲᠦ-ᠰᠤᠯᠲᠠᠨ (4,643 ᠮ) ᠠᠭᠤᠯᠠ ᠰᠦᠨᠳᠡᠷᠯᠡᠵᠡᠢ᠃ ᠰ ᠤᠷᠲᠠᠷᠢᠶ᠎ᠠ ᠮᠥᠷᠡᠨ ᠬᠥᠨᠳᠡᠯᠡᠨ ᠳᠠᠭᠠᠷᠢᠭᠠᠳ ᠭᠠᠷᠳᠠᠭ ᠪᠣᠯ ᠠᠮᠤᠳᠠᠷᠢᠶ᠎ᠠ ᠪᠠᠷᠠᠭᠤᠨ ᠤᠷᠳᠤ ᠬᠢᠯᠢ ᠪᠡᠷ ᠤᠷᠤᠰᠤᠭᠠᠳ ᠠᠷᠠᠯ ᠳᠤ ᠴᠢᠳᠬᠤᠳᠠᠭ ᠪᠠᠶᠢᠭᠰᠠᠨ᠃ ᠲᠦᠺᠮᠧᠨ ᠦ ᠬᠢᠯᠢ ᠳᠡᠭᠡᠷ᠎ᠡ ᠬᠠᠮᠤᠭ ᠤᠨ ᠨᠠᠮ ᠳᠣᠣᠷ᠎ᠠ ᠴᠡᠭ ᠰᠠᠷᠰᠺᠠ ᠤᠰ (12 ᠮ) ᠭᠡᠵᠦ ᠲᠣᠮᠣᠬᠠᠨ ᠨᠠᠭᠤᠷ ᠲᠣᠭᠲᠠᠭᠰᠠᠨ᠃ ᠮᠥᠨ ᠤᠰᠲ᠋ᠶᠤᠶᠢᠷᠲ ᠍ ᠤᠨ ᠥᠨᠳᠥᠷᠯᠢᠭ᠂ ᠮᠢᠷᠵᠠᠴᠢᠯ ᠤᠨ ᠲᠠᠯ᠎ᠠ᠂ ᠠᠶᠢᠳᠠᠷᠺᠦᠶᠢᠯᠢ ᠨᠠᠭᠤᠷ ᠢ ᠳᠤᠷᠠᠳᠤᠭᠤᠰᠢᠲᠠᠢ᠃

1989, 2008 ᠣᠨ ᠤ ᠠᠷᠠᠯ ᠲᠡᠩᠭᠢᠰ
ᠴᠠᠲ᠋ᠺᠠᠯ ᠭᠣᠣᠯ ᠤᠨ ᠭᠦᠭᠦᠷᠭᠡ ᠲᠡᠢ ᠬᠡᠰᠡᠭ

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠽᠡᠪᠸᠺᠢᠰᠲᠠᠨ ᠣᠷᠣᠨ ᠡᠬᠡ ᠭᠠᠵᠠᠷ ᠤᠨ ᠠᠭᠤᠷ ᠠᠮᠢᠰᠬᠤᠯ ᠲᠠᠢ᠃ ᠡᠪᠦᠯ ᠦᠨ ᠬᠦᠢᠲᠡᠨ −40 °C, ᠵᠤᠨ ᠤ ᠬᠠᠯᠠᠭᠤᠨ 40 °C ᠬᠦᠷᠡᠨ᠎ᠡ᠃ ᠵᠢᠯ ᠳᠤ ᠳᠤᠮᠳᠠᠴᠢ ᠪᠠᠷ 100 — 200 ᠮᠢᠯᠯᠢᠮᠧᠲ᠋ᠷ ᠬᠤᠷ᠎ᠠ ᠲᠤᠨᠤᠳᠠᠰᠤ᠂ ᠠᠭᠤᠯᠠᠨ ᠢᠶᠠᠨ 900 ᠮ ᠬᠦᠷᠲᠡᠯ᠎ᠡ ᠤᠨᠠᠳᠠᠭ᠃

ᠠᠮᠢᠲᠠᠨ ᠤᠷᠭᠤᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

3000 ᠵᠦᠢᠯ ᠦᠨ ᠡᠪᠡᠰᠦ ᠤᠷᠭᠤᠮᠠᠯ᠂ 80 ᠵᠦᠢᠯ ᠦᠨ ᠮᠣᠳᠣ ᠤᠷᠭᠤᠳᠠᠭ᠃ 5 ᠬᠤᠪᠢ ᠬᠦᠷᠬᠦ ᠦᠭᠡᠢ ᠣᠢ ᠲᠠᠢ᠃

ᠺᠠᠷᠠᠺᠦᠶᠢᠯᠢ ᠬᠣᠨᠢᠴᠠᠭᠠᠨ ᠵᠡᠭᠡᠷ᠎ᠡᠪᠥᠬᠥᠨᠬᠦᠷᠡᠩ ᠪᠠᠭᠠᠪᠠᠭᠠᠢᠴᠢᠨᠣ᠎ᠠᠦᠨᠡᠭᠡᠳᠣᠷᠣᠭᠣᠵᠡᠷᠯᠢᠭ ᠭᠠᠬᠠᠢ ᠵᠡᠷᠭᠡ 40 ᠵᠦᠢᠯ ᠦᠨ ᠬᠥᠬᠥᠲᠡᠨ᠂ ᠲᠠᠭᠲᠠᠭ᠎ᠠᠪᠦᠷᠭᠦᠳᠱᠣᠩᠬᠣᠷ ᠭᠡᠳ 400 ᠵᠦᠢᠯ ᠰᠢᠪᠠᠭᠤ ᠪᠠᠶᠢᠨ᠎ᠠ᠃

ᠠᠰᠢᠭᠲᠤ ᠮᠠᠯᠲᠠᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠠᠭᠣᠨ ᠲᠣᠰᠣᠰᠢᠲᠠᠳᠠᠭ ᠬᠡᠢᠨᠡᠭᠦᠷᠡᠰᠦᠠᠯᠲᠠᠤᠷᠠᠨᠮᠥᠩᠭᠥᠵᠡᠰᠲᠡᠮᠦᠷ ᠦᠨ ᠬᠥᠳᠡᠷᠮᠣᠯᠢᠪᠳᠧᠨᠢᠢ ᠨᠥᠭᠡᠴᠡ ᠲᠡᠢ᠃

ᠬᠦᠮᠦᠨ ᠠᠮᠠ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠠᠰᠤ ᠦᠨᠳᠦᠰᠦ ᠬᠦᠮᠦᠨ ᠠᠮᠠ
(2000 ᠣᠨ)
ᠬᠤᠪᠢ
ᠦᠽᠡᠪᠸᠺᠢᠰᠲᠠᠨ ᠦᠨᠳᠦᠰᠦᠲᠡᠨ 18,959,577 77.6 %
ᠣᠷᠣᠰ ᠦᠨᠳᠦᠰᠦᠲᠡᠨ 1,199,015 4.9 %
ᠲᠠᠵᠢᠺᠢᠰᠲᠠᠨ ᠦᠨᠳᠦᠰᠦᠲᠡᠨ 1166713 4.8 %
ᠬᠠᠰᠠᠭ ᠦᠨᠳᠦᠰᠦᠲᠡᠨ 990,022 4.0 %
ᠬᠠᠷᠬᠣᠯᠫᠠᠺ ᠶᠠᠰᠤᠲᠠᠨ 504,301 2.1 %
ᠪᠤᠰᠤᠳ ᠠᠷᠠᠳ ᠲᠦᠮᠡᠨ 1,610,564 6.6 %
ᠣᠨ ᠬᠦᠮᠦᠨ ᠠᠮᠠ
1926 4,750,175
1939 6,271,269
1959 8,105,704
1979 15,389,307
1989 19,810,077
2000 24,500,000
2014 30,492,800

1950–ᠠᠭ᠎ᠠ ᠳᠤ ᠣᠨ ᠠᠴᠠ ᠬᠣᠶᠢᠰᠢ ᠦᠽᠡᠪᠸᠺᠢᠰᠲᠠᠨ ᠣᠷᠣᠨ ᠤ ᠬᠦᠮᠦᠨ ᠣᠯᠠᠰᠢᠷᠠᠵᠤ᠂ ᠬᠡᠳᠦ ᠳᠠᠬᠢᠨ ᠦᠷᠡᠵᠢᠵᠦ 2014 ᠣᠨ ᠳᠤ 30,492,800–ᠳ ᠬᠦᠷᠴᠡᠢ᠃ ᠳᠡᠯᠡᠬᠡᠢ ᠶᠢᠨ 194 ᠤᠯᠤᠰ ᠠᠴᠠ 41–ᠷ ᠣᠯᠠᠨ ᠬᠦᠮᠦᠨ ᠲᠡᠢ ᠨᠢ ᠪᠥᠭᠡᠳ ᠲᠦᠪ ᠠᠽᠢᠶ᠎ᠠᠳ᠋ᠠ ᠨᠢᠭᠡᠳᠦᠭᠡᠷ ᠲᠦ ᠪᠠᠶᠢᠨ᠎ᠠ᠃ ᠮᠢᠩᠭᠠᠨ ᠬᠦᠮᠦᠨ ᠲᠤᠲᠤᠮ ᠳᠤ 22 ᠲᠥᠷᠦᠵᠢ᠂ 5 ᠨᠠᠰᠤ ᠨᠥᠬᠦᠴᠡᠳᠡᠭ᠃ ᠬᠦᠮᠦᠨ ᠠᠮᠠ ᠶᠢᠨ 26 ᠬᠤᠪᠢ 0–14 ᠨᠠᠰᠤᠨ ᠤ ᠪᠠᠭᠠᠴᠤᠳ᠂ 67% ᠨᠢ 15–64 ᠨᠠᠰᠤᠨ ᠤ ᠬᠥᠳᠡᠯᠮᠦᠷᠢ ᠶᠢᠨ ᠴᠢᠳᠠᠪᠤᠷᠢᠲᠠᠨ᠂ 6% ᠨᠢ 65 ᠍ ᠡᠴᠡ ᠳᠡᠭᠡᠭᠰᠢ ᠥᠨᠳᠥᠷ ᠨᠠᠰᠤᠲᠠᠨ ᠶᠤᠮ᠃ ᠬᠦᠮᠦᠨ ᠠᠮᠠ ᠶᠢᠨ ᠨᠢᠭᠲᠠᠴᠠ — 65.8 ᠬᠦᠮᠦᠨ/ᠺᠮ²᠂ ᠬᠦᠢᠰ ᠦᠨ ᠬᠠᠷᠢᠴᠠᠭ᠎ᠠ ᠵᠢᠭᠳᠡ᠂ ᠪᠢᠴᠢᠭ ᠦᠰᠦᠭ ᠲᠠᠶᠢᠯᠤᠭᠳᠠᠯ ᠳᠤ — 99%, ᠬᠣᠲᠠᠵᠢᠯᠲᠠ — 51%, ᠳᠤᠮᠳᠠᠴᠢ ᠨᠠᠰᠤᠯᠠᠯᠲᠠ — 72 ᠵᠢᠯ᠃

ᠠᠷᠠᠳ ᠲᠦᠮᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠮᠠᠷᠺᠠᠨᠳ ᠍ ᠤᠨ ᠵᠠᠬ᠎ᠠ ᠳᠣᠲᠣᠷ᠎ᠠ ᠬᠤᠤᠱᠤᠤᠷ ᠵᠠᠷᠤᠵᠤ ᠶᠠᠪᠤᠭᠰᠠᠨ ᠬᠥᠪ ᠦᠳ

ᠦᠽᠡᠪᠸᠺᠢᠰᠲᠠᠨ ᠲᠦ ᠣᠯᠠᠨ ᠦᠨᠳᠦᠰᠦᠲᠡᠨ ᠶᠠᠰᠤᠲᠠᠨ ᠠᠵᠤ ᠲᠥᠷᠥᠨ ᠰᠠᠭᠤᠳᠠᠭ᠃ ᠦᠽᠡᠪᠸᠺᠢᠰᠲᠠᠨ ᠦᠨᠳᠦᠰᠦᠲᠡᠨ 78% ᠡᠵᠡᠯᠡᠵᠦ ᠪᠠᠶᠢᠨ᠎ᠠ᠃ ᠦᠯᠡᠳᠡᠭᠰᠡᠨ 22 ᠬᠤᠪᠢ ᠶᠢ ᠵᠥᠪᠯᠡᠯᠲᠦ ᠬᠣᠯᠪᠣᠭᠠᠲᠤ ᠤᠯᠤᠰ– ᠍ ᠤᠨ ᠤᠯᠠ ᠮᠥᠷ ᠣᠷᠣᠰ (5%), ᠲᠠᠵᠢᠺᠢᠰᠲᠠᠨ (5%), ᠬᠠᠰᠠᠭ (4%), ᠬᠠᠷᠬᠣᠯᠫᠠᠺ (2%), ᠲᠠᠲ᠋ᠠᠷ (1%), ᠬᠢᠷᠭᠢᠰ (1%), ᠰᠣᠯᠣᠩᠭᠣᠰ (0‌.7), ᠲᠦᠺᠮᠧᠨ (0‌.6), ᠦᠺᠷᠠᠶᠢᠨ (0‌.4), ᠠᠷᠮᠧᠨ (0.2) ᠭᠡᠳ ᠵᠤᠤ ᠭᠠᠷᠤᠢ ᠶᠠᠰᠤ᠂ ᠦᠨᠳᠦᠰᠦᠨ ᠦ ᠬᠦᠮᠦᠰ ᠪᠦᠷᠢᠳᠦᠭᠦᠯᠳᠡᠭ᠃ ᠲᠠᠵᠢᠺᠢᠰᠲᠠᠨ ᠤᠨ ᠲᠣᠭ᠎ᠠ ᠡᠭᠦᠨ ᠡᠴᠡ ᠴᠤ ᠶᠡᠬᠡ ᠪᠠᠶᠢᠵᠤ ᠮᠡᠳᠡᠨ᠎ᠡ᠃ ᠡᠨᠳᠡ ᠡᠷᠲᠡᠨ ᠡᠴᠡ ᠲᠠᠵᠢᠺᠢᠰᠲᠠᠨ (ᠢᠷᠡᠨ), ᠦᠽᠡᠪᠸᠺᠢᠰᠲᠠᠨ ᠦᠳ (ᠲᠦᠷᠦᠭ) ᠬᠤᠳᠬᠤᠯᠳᠤᠨ ᠰᠠᠭᠤᠵᠤ ᠴᠢᠰᠤ ᠶᠡᠬᠡ ᠪᠡᠷ ᠬᠣᠯᠢᠯᠳᠤᠭᠰᠠᠨ (ᠰᠠᠷ᠎ᠠ ᠳᠤ ᠭᠡᠭᠳᠡᠵᠦ ᠪᠠᠶᠢᠪᠠ) ᠭᠡᠳᠡᠭ ᠪᠣᠯ ᠬᠠᠮᠢᠭ᠎ᠠ ᠬᠣᠯᠠ ᠶᠢᠨ ᠰᠣᠯᠣᠩᠭᠣᠰ᠂ ᠶᠡᠸᠷᠧᠢᠴᠦᠳ ᠰᠲ᠋ᠠᠯᠢᠨ ᠤ ᠴᠥᠯᠡᠯᠭᠡ ᠪᠡᠷ ᠨᠤᠲᠤᠭᠰᠢᠵᠠᠢ᠃

ᠬᠡᠯᠡ᠂ ᠱᠠᠰᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠳ ᠲᠦᠮᠡᠨ ᠦᠽᠪᠧᠺ᠂ ᠲᠠᠵᠢᠺᠢᠰᠲᠠᠨᠬᠠᠰᠠᠭ ᠭᠡᠬᠦ ᠮᠡᠲᠦ ᠥᠪᠡᠷᠰᠡᠳ ᠦᠨ ᠲᠥᠷᠥᠯᠬᠢ ᠬᠡᠯᠡ ᠪᠡᠷ ᠶᠠᠷᠢᠨ᠎ᠠ᠃ ᠦᠨᠳᠦᠰᠦᠨ ᠬᠦᠮᠦᠨ ᠠᠮᠠ ᠶᠢᠨ ᠦᠽᠡᠪᠸᠺᠢᠰᠲᠠᠨ ᠬᠡᠯᠡ 1991 ᠣᠨ ᠳᠤ ᠲᠤᠰᠠᠭᠠᠷ ᠲᠣᠭᠲᠠᠨᠢᠭᠰᠠᠨ ᠦᠽᠡᠪᠸᠺᠢᠰᠲᠠᠨ ᠤᠯᠤᠰ ᠤᠨ ᠴᠣᠷ ᠭᠠᠭᠴᠠ ᠲᠥᠷᠥ ᠶᠢᠨ ᠬᠡᠯᠡ ᠪᠣᠯᠵᠠᠢ᠃ 1989 ᠣᠨ ᠠᠴᠠ ᠦᠽᠪᠧᠺᠠᠴᠤᠳ ᠡᠭᠦᠨ ᠢ ᠱᠠᠭᠠᠷᠳᠠᠵᠤ ᠪᠠᠶᠢᠪᠠ᠃ ᠬᠣᠲᠠ ᠭᠠᠵᠠᠷ ᠤᠨ ᠬᠢᠨ ᠣᠶᠢᠯᠠᠭᠠᠯᠴᠠᠬᠤ ᠳᠤ ᠣᠷᠣᠰ ᠬᠡᠯᠡ ᠶᠡᠬᠡ ᠲᠤᠰᠠᠯᠠᠳᠠᠭ᠃ 1992 ᠣᠨ ᠳᠤ ᠦᠽᠡᠪᠸᠺᠢᠰᠲᠠᠨ ᠪᠢᠴᠢᠭ ᠢ ᠺᠢᠷᠢᠯ ᠡᠴᠡ ᠰᠠᠯᠭᠠᠵᠤ ᠯᠠᠲ᠋ᠢᠨ ᠦᠰᠦᠭ ᠲᠤ ᠲᠣᠬᠢᠷᠠᠭᠤᠯᠬᠤ ᠪᠠᠷ ᠰᠢᠢᠳᠡᠭᠡᠳ 2005 ᠣᠨ ᠠᠴᠠ ᠳᠤᠮᠳᠠ ᠰᠤᠷᠭᠠᠭᠤᠯᠢ ᠳᠤ ᠵᠢᠭᠠᠵᠤ ᠡᠬᠢᠯᠡᠭᠰᠡᠨ᠃

ᠢᠷᠡᠨ᠂ ᠲᠦᠷᠦᠭ ᠤᠭᠰᠠᠭᠠᠲᠠᠨ ᠪᠤᠶᠤ ᠬᠦᠮᠦᠨ ᠠᠮᠠ ᠶᠢᠨ 90% ᠢᠰᠯᠠᠮ ᠱᠠᠰᠢᠨᠲᠠᠨ ᠬᠣᠲᠠᠨ ᠬᠦᠮᠦᠰ ᠶᠤᠮ᠃ ᠲᠡᠷᠲᠡᠭᠡ VIII ᠵᠠᠭᠤᠨ ᠠᠴᠠ ᠢᠰᠯᠠᠮ ᠳᠡᠯᠭᠡᠷᠡᠭᠰᠡᠨ᠃ ᠰᠤᠩᠨᠢ ᠳᠤ ᠳᠡᠭ ᠭᠣᠣᠯᠯᠠᠨ᠎ᠠ᠃ ᠤᠳᠠᠭ ᠢᠶᠠᠷ ᠨᠢ ᠣᠷᠣᠰ᠂ ᠦᠺᠷᠠᠶᠢᠨ ᠭᠣᠣᠯᠳᠠᠭᠤ ᠬᠦᠮᠦᠨ ᠠᠮᠠ ᠶᠢᠨ 9% ᠾᠷᠢᠰᠲ᠋ᠣᠰ ᠤᠨ ᠱᠠᠰᠢᠨᠲᠠᠨ ᠪᠠᠶᠢᠨ᠎ᠠ᠃ ᠣᠳᠣ ᠦᠽᠡᠪᠸᠺᠢᠰᠲᠠᠨ ᠤᠯᠤᠰ ᠲᠤ ᠢᠰᠯᠠᠮ ᠤᠨ 2050, ᠦᠨᠡᠨ ᠠᠯᠳᠠᠷᠲᠠᠨ ᠤ 37, ᠰᠣᠯᠣᠩᠭᠣᠰ ᠾᠷᠢᠰᠲ ᠤᠨ 52, ᠢᠭᠴᠧᠢ ᠶᠢᠨ 8, ᠪᠠᠬᠠᠢ ᠶᠢᠨ 6 ᠰᠦᠮ᠎ᠡ ᠪᠠᠶᠢᠭ᠎ᠠ ᠠᠵᠢ᠃

ᠬᠣᠲᠠ ᠰᠠᠭᠤᠷᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠽᠡᠪᠸᠺᠢᠰᠲᠠᠨ ᠤᠯᠤᠰ ᠲᠤ 120 ᠭᠠᠷᠤᠢ ᠬᠣᠲᠠ᠂ 115 ᠭᠠᠷᠤᠢ ᠪᠠᠯᠭᠠᠰᠤ (ᠲᠣᠮᠣᠬᠠᠨ ᠰᠠᠭᠤᠷᠢᠨ) ᠪᠠᠶᠢᠨ᠎ᠠ᠃ ᠡᠭᠦᠨ ᠡᠴᠡ ᠲᠣᠮᠣᠬᠠᠨ ᠨᠢ:

2010 ᠣᠨ ᠤ ᠬᠦᠮᠦᠨ ᠠᠮᠠ ᠶᠢᠨ ᠲᠣᠭ᠎ᠠ ᠪᠠᠷ:

ᠡᠰᠢ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠦᠬᠡ ᠶᠢᠨ ᠡᠬᠢᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠷᠭᠠᠨ ᠵᠠᠮ ᠳᠠᠭᠠᠷᠢᠳᠠᠭ ᠪᠠᠶᠢᠪᠠ

ᠦᠽᠡᠪᠸᠺᠢᠰᠲᠠᠨ ᠡᠴᠡ ᠫᠠᠯᠧᠣᠯᠢ ᠳᠤᠡᠶᠢᠨ ᠦᠶ᠎ᠡ ᠶᠢᠨ ᠳᠤᠷᠠᠰᠬᠠᠯ ᠣᠯᠳᠠᠳᠠᠭ᠃ 1938 ᠣᠨ ᠳᠤ 70 ᠮᠢᠩᠭᠠᠨ ᠵᠢᠯ ᠦᠨ ᠲᠡᠷᠲᠡᠭᠡᠬᠢ ᠨᠧᠶᠠᠨᠳᠧᠷᠲ᠋ᠠᠯ ᠬᠦᠦ ᠶᠢᠨ ᠭᠠᠪᠠᠯᠠ ᠶᠢᠨ ᠶᠠᠰᠤ ᠶᠢ ᠣᠯᠵᠠᠢ᠃

ᠡᠷᠲᠡᠨ ᠦ ᠦᠽᠡᠪᠸᠺᠢᠰᠲᠠᠨ ᠣᠷᠣᠨ ᠳᠤ ᠢᠷᠡᠨ ᠤᠭᠰᠠᠭᠠᠲᠠᠨ ᠠᠮᠢᠳᠤᠷᠠᠵᠤ ᠪᠠᠶᠢᠪᠠ᠃ ᠮᠠᠨ ᠤ ᠡᠷᠡᠨ ᠦ ᠡᠮᠦᠨᠡᠬᠢ ᠦᠶ᠎ᠡ ᠳᠦ ᠪᠤᠬᠤᠷᠰᠠᠮᠠᠷᠺᠠᠨᠳ ᠵᠡᠷᠭᠡ ᠣᠯᠠᠨ ᠬᠣᠲᠠ ᠡᠭᠦᠰᠴᠢ ᠰᠣᠭᠳᠠᠲᠣᠬᠠᠷ ᠍ ᠤᠨ ᠤᠯᠤᠰ ᠣᠷᠣᠰᠢᠵᠤ᠂ ᠥᠷᠥᠨ᠎ᠡ-ᠳᠣᠷᠣᠨ᠎ᠠ ᠶᠢ ᠬᠣᠯᠪᠣᠭᠰᠠᠨ ᠲᠣᠷᠭᠠᠨ ᠵᠠᠮ ᠭᠠᠷᠴᠤ ᠮᠠᠤᠧᠷᠧᠨᠨᠬᠤᠷ ᠬᠠᠷᠢᠴᠠᠩᠭᠤᠢ ᠪᠠᠶᠠᠨ ᠴᠢᠨᠡᠭᠡᠯᠢᠭ ᠭᠠᠵᠠᠷ ᠪᠣᠯᠵᠠᠢ᠃ ᠮᠠᠺᠧᠳᠣᠨ ᠤ ᠠᠯᠧᠺᠰᠠᠨᠳᠠᠷ ᠍ ᠤᠨ ᠪᠠᠶᠢᠯᠳᠤᠨ ᠳᠠᠭᠠᠭᠤᠯᠤᠯ ᠤᠨ ᠳᠠᠷᠠᠭ᠎ᠠ ᠭᠷᠧᠺ-ᠪᠠᠺᠲ᠋ᠷ ᠤᠨ ᠤᠯᠤᠰ ᠲᠣᠭᠲᠠᠵᠤ ᠪᠠᠶᠢᠭᠰᠠᠨ ᠢ ᠫᠧᠷᠰ ᠦᠨ ᠫᠠᠷᠹᠢᠩᠰᠠᠭᠰᠠᠨ ᠬᠣᠶᠠᠷ ᠤᠯᠤᠰ ᠵᠠᠯᠭᠠᠵᠠᠢ᠃ V-VII ᠵᠠᠭᠤᠨ ᠳᠤ ᠴᠠᠭᠠᠨ ᠾᠦᠩᠨᠦᠲᠦᠷᠦᠭ ᠤᠯᠤᠰ ᠦᠽᠡᠪᠸᠺᠢᠰᠲᠠᠨ ᠲᠦ ᠨᠡᠪᠲᠡᠷᠡᠭᠰᠡᠨ᠃ ᠲᠡᠦᠬᠡ ᠶᠢᠨ ᠡᠬᠢᠨ ᠦᠶ᠎ᠡ ᠳᠦ ᠵᠣᠷᠣᠡᠰᠲ᠋ᠷᠪᠤᠳ᠋ᠳ᠋ᠾᠠᠾᠷᠢᠰᠲ᠋, ᠲᠩᠷᠢ ᠭᠡᠳ ᠣᠯᠠᠨ ᠱᠠᠰᠢᠨ ᠪᠠᠶᠢᠭᠰᠠᠨ ᠪᠣᠯ ᠠᠷᠠᠪ ᠤᠨ ᠪᠠᠶᠢᠯᠳᠤᠨ ᠳᠠᠭᠠᠭᠤᠯᠤᠯᠲᠠ ᠶᠢᠨ VII ᠵᠠᠭᠤᠨ ᠠᠴᠠ ᠢᠰᠯᠠᠮ ᠱᠠᠰᠢᠨ ᠳᠡᠯᠭᠡᠷᠴᠢ ᠡᠨᠳᠡᠬᠢ ᠶᠢᠨ ᠦᠨᠳᠦᠰᠦᠨ ᠱᠠᠰᠢᠨ ᠪᠣᠯᠤᠨ ᠤᠯᠠᠮᠵᠢᠯᠠᠵᠠᠢ᠃ ᠳᠠᠮᠤᠰᠺ ᠤᠨ ᠬᠠᠯᠢᠹᠲ ᠤᠯᠤᠰ (661–750)– ᠍ ᠤᠨ ᠦᠶ᠎ᠡ ᠳᠦ ᠰᠢᠨᠵᠢᠯᠡᠬᠦ ᠤᠬᠠᠭᠠᠨ ᠲᠠᠢ ᠬᠣᠷᠰᠢᠨ ᠫᠧᠷᠰ ᠬᠡᠯᠡ ᠲᠦᠪ ᠠᠽᠢᠶ᠎ᠠ ᠳᠤ ᠭᠣᠣᠯᠯᠠᠭᠰᠠᠭᠠᠷ ᠪᠠᠶᠢᠭᠰᠠᠨ ᠪᠠ 819–999 ᠣᠨ ᠳᠤ ᠰᠠᠮᠠᠨ ᠤ ᠤᠯᠤᠰ (ᠲᠠᠵᠢᠺᠢᠰᠲᠠᠨ ᠫᠧᠷᠰ) ᠦᠽᠡᠪᠸᠺᠢᠰᠲᠠᠨ ᠲᠦ ᠲᠥᠪᠯᠡᠵᠦ ᠪᠠᠶᠢᠪᠠ᠃

ᠲᠡᠮᠦᠷ ᠬᠠᠭᠠᠨ ᠰᠠᠮᠠᠷᠺᠠᠨᠳᠠᠳᠠ ᠬᠤᠷᠢᠮᠯᠠᠭᠰᠠᠨ ᠨᠢ᠃ 1628 ᠣᠨ ᠤ ᠵᠢᠷᠤᠭ

ᠲᠦᠷᠦᠭ᠂ ᠮᠣᠩᠭᠣᠯ ᠤᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

Iᠲᠠᠪᠤᠳᠤᠭᠠᠷ ᠵᠠᠭᠤᠨ ᠠᠴᠠ ᠲᠦᠷᠦᠭ ᠤᠭᠰᠠᠭᠠᠨ ᠤ ᠨᠡᠭᠦᠳᠡᠯᠴᠢᠨ ᠠᠶᠢᠮᠠᠭ ᠤᠳ ᠤᠷᠤᠭᠰᠢ ᠲᠦᠷᠢᠵᠦ ᠬᠣᠷᠤᠭᠰᠠᠨ ᠳᠤ ᠭᠠᠵᠠᠩ ᠤᠨ ᠤᠯᠤᠰ᠂ ᠥᠷᠥᠨ᠎ᠡ ᠠᠽᠢ ᠳᠠᠶᠠᠭᠠᠷ ᠰᠧᠯᠵᠢᠺ ᠤᠯᠤᠰ᠂ ᠮᠠᠤᠧᠷᠧᠨᠨᠬᠤᠷᠲ ᠬᠠᠷ᠎ᠠ ᠬᠠᠨ ᠤ ᠤᠯᠤᠰ ᠍ ᠢ ᠪᠠᠶᠢᠭᠤᠯᠵᠠᠢ᠃ 1097-1231 ᠣᠨ ᠳᠤ ᠫᠧᠷᠰ ᠰᠤᠶᠤᠯ ᠲᠠᠢ᠂ ᠲᠦᠷᠦᠭ ᠬᠠᠭᠠᠨ ᠤ ᠬᠣᠷᠧᠽᠮ ᠤᠯᠤᠰ ᠣᠷᠣᠰᠢᠨ ᠪᠠᠶᠢᠪᠠ᠃ 1219-1225 ᠣᠨ ᠳᠤ ᠴᠢᠩᠭᠢᠰ ᠬᠠᠭᠠᠨᠮᠣᠩᠭᠣᠯ ᠴᠡᠷᠢᠭ ᠡᠨᠡᠬᠦ ᠰᠠᠷᠲᠠᠭᠤᠯ ᠢᠷᠭᠡᠨ ᠢ ᠳᠠᠶᠢᠯᠠᠷ᠎ᠠ ᠮᠣᠷᠳᠠᠭᠠᠳ ᠨᠤᠲᠤᠭ ᠣᠷᠣᠨ ᠢ ᠭᠦᠷᠦᠨ ᠳᠦ ᠪᠡᠨ ᠨᠢᠭᠡᠳᠬᠡᠭᠰᠡᠨ ᠡᠴᠡ ᠮᠠᠤᠧᠷᠧᠨᠨᠬᠤᠷ ᠴᠠᠭᠠᠳᠠᠢ ᠶᠢᠨ ᠤᠯᠤᠰ (1225–1340)– ᠍ ᠤᠨ ᠬᠢ ᠪᠣᠯᠪᠠ᠃ ᠴᠠᠭᠠᠳᠠᠢ ᠶᠢᠨ ᠤᠯᠤᠰ ᠳᠣᠷᠣᠶᠢᠳᠠᠬᠤ ᠳᠤ ᠣᠯᠠᠨ ᠠᠶᠢᠮᠠᠭ ᠲᠡᠮᠡᠴᠡᠭᠰᠡᠨ ᠡᠴᠡ ᠲᠡᠮᠦᠷ ᠳᠡᠶᠢᠯᠵᠦ ᠡᠵᠡᠨᠲᠦ ᠤᠯᠤᠰ (1370–1507) ᠪᠠᠶᠢᠭᠤᠯᠤᠭᠰᠠᠨ ᠴᠤ ᠥᠪᠡᠷ ᠡᠴᠡ ᠨᠢ ᠬᠣᠶᠢᠰᠢ ᠥᠭᠡᠳᠡᠯᠡᠭᠡ ᠦᠭᠡᠢ᠃ ᠲᠡᠮᠦᠷ ᠦᠨ ᠤᠯᠤᠰ ᠤᠨ ᠦᠶ᠎ᠡ ᠳᠦ ᠦᠨᠳᠦᠰᠦᠨ ᠬᠦᠮᠦᠨ ᠠᠮᠠ ᠲᠦᠷᠦᠭ ᠪᠣᠯᠵᠤ᠂ ᠠᠯᠢᠱᠧᠷ ᠨᠪᠤᠢ ᠴᠠᠭᠠᠳᠠᠢ ᠬᠡᠯᠡᠡᠭᠡᠷᠡ (ᠲᠦᠷᠦᠭ ᠢᠶᠡᠷ) ᠵᠣᠬᠢᠶᠠᠯ ᠲᠤᠭᠤᠷᠪᠢᠵᠤ᠂ ᠤᠯᠤᠭᠪᠧᠺ ᠣᠳᠣᠨ ᠣᠷᠣᠨ ᠰᠤᠳᠤᠯᠵᠤ ᠪᠠᠶᠢᠪᠠ᠃

ᠦᠽᠡᠪᠸᠺᠢᠰᠲᠠᠨ ᠬᠠᠨᠯᠢᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠬᠤᠷ ᠍ ᠤᠨ ᠲᠡᠦᠬᠡᠨ ᠲᠥᠪ

ᠠᠷᠠᠯ ᠲᠡᠩᠭᠢᠰ ᠦᠨ ᠡᠷᠭᠢ ᠳᠦ ᠪᠠᠶᠢᠭᠰᠠᠨ ᠦᠽᠡᠪᠸᠺᠢᠰᠲᠠᠨ ᠦᠳ 1501 ᠣᠨ ᠠᠴᠠ ᠦᠽᠡᠪᠸᠺᠢᠰᠲᠠᠨ ᠣᠷᠣᠨ ᠢ ᠡᠵᠡᠯᠡᠵᠦ ᠡᠬᠢᠯᠡᠭᠰᠡᠨ᠃ ᠪᠤᠬᠤᠷ ᠤᠨ ᠬᠠᠨᠲᠠ ᠤᠯᠤᠰ (1500–1785) ᠪᠤᠬᠤᠷ᠂ ᠲᠠᠱᠺᠧᠨᠲᠹᠧᠷᠭᠠᠨ ᠤ ᠬᠥᠨᠳᠡᠢ ᠳᠤ ᠪᠡᠬᠢᠵᠢᠭᠰᠡᠨ ᠪᠣᠯ ᠬᠢᠪ ᠤᠨ ᠬᠠᠨᠯᠢᠭ (1511–1920) ᠺᠠᠰᠫᠢ ᠲᠡᠩᠭᠢᠰ ᠦᠨ ᠡᠷᠭᠢ ᠬᠣᠷᠧᠽᠮ ᠨᠤᠲᠤᠭ ᠪᠣᠯᠤᠨ ᠠᠮᠤᠳᠠᠷᠢᠶ᠎ᠠᠭᠡᠶᠢᠨ ᠪᠠᠶᠠᠨ ᠪᠦᠷᠢᠳᠦ ᠶᠢ ᠲᠦᠰᠢᠨ ᠲᠣᠭᠲᠠᠵᠠᠢ᠃ ᠪᠤᠬᠤᠷ ᠤᠨ ᠬᠠᠨᠯᠢᠭ ᠢ ᠵᠦᠴᠢ ᠶᠢᠨ ᠬᠦᠦ ᠱᠢᠪᠠᠨᠢ ᠤᠳᠤᠮ ᠤᠨ ᠬᠢᠨ ᠪᠠᠶᠢᠭᠤᠯᠤᠭᠰᠠᠨ ᠪᠥᠭᠡᠳ ᠰᠤᠩᠨᠢ ᠳᠤ᠂ ᠰᠢᠲᠦ ᠶᠢᠨ ᠢᠯᠭᠠᠨ ᠠᠴᠠ ᠪᠣᠯᠵᠤ ᠰᠠᠹᠠᠪ ᠤᠨ ᠤᠯᠤᠰ (ᠢᠷᠡᠨ)–ᠲᠠᠢ ᠪᠠᠶᠢᠯᠳᠤᠵᠤ ᠪᠠᠶᠢᠯ᠎ᠠ᠃ ᠤᠮᠠᠷ᠎ᠠ ᠶᠢᠨ ᠲᠦᠷᠢᠯᠲᠡ ᠦᠷᠭᠦᠯᠵᠢ ᠡᠴᠡ ᠪᠠᠶᠢᠭᠰᠠᠨ ᠪᠥᠭᠡᠳ ᠦᠽᠡᠪᠸᠺᠢᠰᠲᠠᠨ ᠦᠨ ᠬᠣᠲᠠ ᠨᠤᠭᠤᠳ ᠢ ᠬᠠᠰᠠᠭᠮᠣᠩᠭᠣᠯᠴᠤᠳ ᠳᠣᠪᠲᠣᠯᠤᠭᠰᠠᠭᠠᠷ ᠪᠠᠶᠢᠪᠠ᠃ ᠰᠡᠭᠦᠯ ᠳᠦ ᠹᠧᠷᠭᠠᠨ ᠤ ᠬᠥᠨᠳᠡᠢ ᠳᠤ ᠺᠣᠺᠠᠨᠳ ᠤᠨ ᠬᠠᠨᠲᠠ ᠤᠯᠤᠰ (1709–1876), ᠪᠤᠬᠤᠷ ᠲᠤ ᠲᠥᠪᠯᠡᠭᠰᠡᠨ ᠪᠤᠬᠤᠷ ᠤᠨ ᠡᠮᠢᠷᠲ ᠤᠯᠤᠰ (1785–1920) ᠲᠣᠭᠲᠠᠵᠠᠢ᠃ ᠡᠮᠢᠷ ᠨᠢ ᠮᠠᠩ ᠤᠲ ᠣᠪᠤᠭ ᠲᠠᠢ ᠪᠠᠶᠢᠪᠠ᠃

ᠣᠷᠣᠰ᠂ ᠵᠥᠪᠯᠡᠯᠲᠦ ᠶᠢᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠪᠥᠨᠭᠡᠶᠢᠨ ᠲᠠᠷᠢᠶᠠᠯᠠᠩ
ᠹᠠᠢᠢᠯ:ᠸᠧᠲ᠋ᠧᠷᠢᠨ ᠤ ᠲᠠᠱᠺᠪᠮ᠃jpeg
1979 ᠣᠨ᠃ ᠲᠠᠱᠺᠧᠨᠲᠡᠶᠢᠨ ᠮᠠᠰᠢᠨ ᠵᠣᠬᠢᠶᠠᠨ ᠪᠦᠲᠦᠭᠡᠬᠦ ᠲᠣᠪᠴᠢᠶᠠᠨ ᠤ ᠬᠢᠨ

ᠣᠷᠣᠰ ᠤᠨ ᠡᠵᠡᠨᠲᠦ ᠭᠦᠷᠦᠨ 1850 ᠣᠨ ᠳᠤ ᠺᠠᠸᠬᠠᠰ ᠍ ᠢ ᠡᠵᠡᠯᠡᠴᠢᠬᠡᠭᠡᠳ ᠲᠦᠪ ᠠᠽᠢᠶ᠎ᠠ ᠷᠤ ᠬᠠᠨᠳᠤᠵᠤ 1865, 1867, 1868 ᠣᠨ ᠳᠤ ᠲᠠᠱᠺᠧᠨᠲ᠂ ᠪᠤᠬᠤᠷ᠂ ᠰᠠᠮᠠᠷᠺᠠᠨᠳ ᠢ ᠪᠠᠭᠤᠯᠭᠠᠨ ᠠᠪᠤᠪᠠ᠃ ᠲᠡᠭᠡᠬᠦ ᠳᠦ ᠪᠡᠨ ᠢᠪᠡᠭᠡᠯ ᠦᠨ ᠣᠷᠣᠨ (᠋᠋ᠫᠷᠣᠺᠲ᠋ᠧᠷᠠᠲ) ᠭᠡᠵᠦ ᠣᠶᠢᠯᠠᠭᠠᠯᠴᠠᠭᠰᠠᠨ ᠪᠥᠭᠡᠳ 1876 ᠣᠨ ᠳᠤ ᠺᠣᠺᠠᠨᠳ ᠪᠠᠭᠤᠵᠤ ᠥᠭᠭᠦᠭᠰᠡᠨ ᠢᠶᠡᠷ ᠪᠦᠷᠢᠨ ᠡᠵᠡᠯᠡᠭᠳᠡᠵᠡᠢ᠃ ᠲᠦᠺᠧᠰᠲᠠᠨ ᠤ ᠭᠢᠪᠧᠷᠨᠡᠶᠢᠭ ᠡᠭᠦᠰᠬᠡᠭᠰᠡᠨ ᠡᠴᠡ ᠦᠽᠡᠪᠸᠺᠢᠰᠲᠠᠨ ᠣᠷᠣᠨ ᠳᠤ ᠰ ᠤᠷᠲᠠᠷᠢᠶ᠎ᠠ, ᠰᠠᠮᠠᠷᠺᠠᠨᠳ, ᠺᠠᠰᠫ ᠦᠨ ᠴᠢᠨᠠᠳᠤ ᠭᠡᠰᠡᠨ ᠭᠤᠷᠪᠠᠨ ᠮᠤᠵᠢ ᠪᠣᠯᠤᠨ ᠪᠤᠬᠤᠷ ᠤᠨ ᠡᠮᠢᠷ ᠤᠨ ᠨᠤᠲᠤᠭ ᠪᠠᠶᠢᠭᠰᠠᠨ᠃ ᠣᠷᠣᠰ ᠲᠤ ᠬᠤᠪᠢᠰᠬᠠᠯ ᠭᠠᠷᠴᠤ ᠵᠥᠪᠯᠡᠯᠲᠦ ᠬᠣᠯᠪᠣᠭᠠᠲᠤ ᠤᠯᠤᠰ ᠪᠣᠯᠤᠨ ᠥᠭᠡᠷᠡᠴᠢᠯᠡᠭᠳᠡᠬᠦ ᠳᠦ ᠲᠦᠺᠧᠰᠲᠠᠨ ᠍ ᠢ ᠠᠷᠠᠳ ᠲᠦᠮᠡᠨ ᠦ ᠶᠠᠰᠤ ᠦᠨᠳᠦᠰᠦ ᠪᠡᠷ ᠠᠩᠭᠢᠯᠠᠵᠤ ᠰᠢᠨ᠎ᠡ ᠪᠡᠷ ᠲᠠᠪᠤ ᠰᠠᠯᠭᠠᠭᠰᠠᠨ᠃ ᠡᠭᠦᠨ ᠳᠦ ᠦᠽᠡᠪᠸᠺᠢᠰᠲᠠᠨ ᠦᠨᠳᠦᠰᠦᠲᠡᠨ ᠦ ᠭᠣᠣᠯᠯᠠᠭᠰᠠᠨ ᠨᠤᠲᠤᠭ — ᠦᠽᠪᠧᠺᠢᠰᠲᠠᠨ 1924 ᠣᠨ ᠳᠤ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠦᠽᠡᠪᠸᠺᠢᠰᠲᠠᠨ ᠤᠯᠤᠰ (ЗСБНУзбУ) ᠨᠡᠷ᠎ᠡ ᠲᠡᠢ ᠪᠠᠶᠢᠭᠤᠯᠤᠭᠳᠠᠵᠤ ᠵᠥᠪᠯᠡᠯᠲᠦ ᠬᠣᠯᠪᠣᠭᠠᠲᠤ ᠤᠯᠤᠰ ᠤᠨ 15 ᠪᠦᠭᠦᠳᠡ ᠨᠠᠶᠢᠷᠠᠮᠳᠠᠬᠤ ᠤᠯᠤᠰ ᠤᠨ ᠨᠢᠭᠡ ᠪᠣᠯᠵᠠᠢ᠃ 1929 ᠣᠨ ᠳᠤ ᠲᠠᠵᠢᠺᠢᠰᠲᠠᠨ ᠰᠠᠯᠵᠤ᠂ 1936 ᠬᠠᠷᠬᠣᠯᠫᠠᠺ ᠨᠡᠮᠡᠭᠳᠡᠭᠰᠡᠨ ᠢᠶᠡᠷ ᠥᠭᠡᠷ᠎ᠡ ᠭᠠᠵᠠᠷ ᠨᠤᠲᠤᠭ ᠤᠨ ᠲᠣᠮᠣ ᠥᠭᠡᠷᠡᠴᠢᠯᠡᠯᠲᠡ ᠣᠷᠣᠭ᠎ᠠ ᠦᠭᠡᠢ ᠪᠠᠶᠢᠭᠰᠠᠭᠠᠷ ᠲᠡᠷᠡ ᠴᠢᠭ ᠢᠶᠡᠷ ᠲᠤᠰᠠᠭᠠᠷ ᠲᠣᠭᠲᠠᠨᠢᠭᠰᠠᠨ ᠶᠤᠮ᠃ ᠵᠥᠪᠯᠡᠯᠲᠦ ᠶᠢᠨ ᠦᠶ᠎ᠡ ᠳᠦ ᠪᠦᠬᠦ ᠲᠥᠷᠥᠯ ᠦᠨ ᠠᠵᠤ ᠦᠢᠯᠡᠳᠪᠦᠷᠢ ᠬᠥᠭᠵᠢᠵᠦ᠂ ᠲᠥᠷᠥ ᠰᠤᠶᠤᠯ ᠤᠨ ᠣᠯᠠᠨ ᠲᠥᠷᠥᠯ ᠦᠨ ᠠᠯᠪᠠᠨ ᠭᠠᠵᠠᠷ ᠨᠡᠭᠡᠭᠡᠭᠳᠡᠵᠡᠢ᠃ ᠬᠥᠪᠥᠨᠭᠡᠶᠢᠨ ᠲᠠᠷᠢᠶᠠᠯᠠᠯᠲᠠᠨ ᠳᠤ 1960 ᠍ ᠊ᠭᠠᠳ ᠣᠨ ᠠᠴᠠ ᠠᠮᠤᠳᠠᠷᠢᠶ᠎ᠠ᠂ ᠰ ᠤᠷᠲᠠᠷᠠᠶᠠᠭ ᠤᠨ ᠤᠰᠤ ᠶᠢ ᠠᠰᠢᠭᠯᠠᠭᠰᠠᠨ ᠨᠢ ᠠᠷᠠᠯ ᠲᠡᠩᠭᠢᠰᠡᠶᠢᠭ ᠰᠢᠷᠭᠢᠬᠦ ᠳᠦ ᠨᠥᠯᠦᠭᠡᠯᠡᠭᠰᠡᠨ᠃ ᠬᠠᠮᠤᠭ ᠤᠨ ᠤᠳᠠᠭᠠᠨ ᠳᠤ ᠪᠠᠨ 1959—1983 ᠣᠨ ᠳᠤ ᠰᠢᠷᠠᠹ ᠷᠠᠰᠢᠳᠠᠪᠠ ᠨᠠᠮ᠂ ᠣᠷᠣᠨ ᠤ ᠲᠡᠷᠢᠭᠦᠨ ᠢᠶᠡᠷ ᠠᠵᠢᠯᠯᠠᠵᠤ ᠪᠠᠶᠢᠪᠠ᠃

ᠥᠨᠥ ᠶᠢᠨ ᠦᠽᠡᠪᠸᠺᠢᠰᠲᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠥᠪᠯᠡᠯᠲᠦ ᠬᠣᠯᠪᠣᠭᠠᠲᠤ ᠤᠯᠤᠰ ᠤᠨ ᠲᠡᠭᠦᠰᠬᠡᠯ ᠦᠶ᠎ᠡ 1989 ᠣᠨ ᠳᠤ ᠦᠽᠡᠪᠸᠺᠢᠰᠲᠠᠨ ᠬᠡᠯᠡᠡᠶᠢᠭ ᠠᠯᠪᠠᠨ ᠶᠣᠰᠣᠨ ᠤ ᠪᠣᠯᠭᠠᠵᠤ᠂ 1990 ᠣᠨ ᠳᠤ ᠢᠰᠯᠠᠮ ᠺᠠᠷᠢᠮᠣᠸ ᠍ ᠢ ᠳᠡᠭᠡᠳᠦ ᠵᠥᠪᠯᠡᠯ ᠦᠨ ᠳᠠᠷᠤᠭ᠎ᠠ ᠪᠣᠯᠭᠠᠵᠠᠢ᠃ 1991 ᠣᠨ ᠤ 8 ᠰᠠᠷ᠎ᠠ ᠶᠢᠨ 31 ᠍ ᠳᠦ ᠦᠽᠡᠪᠸᠺᠢᠰᠲᠠᠨ ᠤᠯᠤᠰ ᠤᠨ ᠲᠤᠰᠠᠭᠠᠷ ᠲᠣᠭᠲᠠᠨᠢᠯ ᠢ ᠵᠠᠷᠯᠠᠭᠰᠠᠨ ᠨᠢ 12 ᠰᠠᠷ᠎ᠠ ᠶᠢᠨ 21 ᠍ ᠳᠦ ᠲᠤᠰᠠᠭᠠᠷ ᠤᠯᠤᠰ ᠤᠳ ᠤᠨ ᠬᠠᠮᠲᠤ ᠶᠢᠨ ᠨᠥᠬᠥᠷᠯᠡᠯ ᠍ ᠳᠦ ᠭᠡᠰᠢᠭᠦᠨ ᠢᠶᠡᠷ ᠡᠯᠡᠰᠦᠴᠢ᠂ ᠬᠡᠳᠦ ᠬᠣᠨᠣᠭ ᠤᠨ ᠳᠠᠷᠠᠭ᠎ᠠ ᠵᠥᠪᠯᠡᠯᠲᠦ ᠬᠣᠯᠪᠣᠭᠠᠲᠤ ᠤᠯᠤᠰ ᠠᠯᠪᠠᠨ ᠶᠣᠰᠣᠭᠠᠷ ᠵᠠᠳᠠᠷᠠᠵᠤ᠂ ᠪᠦᠬᠦ ᠨᠡᠶᠢᠲᠡ ᠶᠢᠨ 98 ᠬᠤᠪᠢ ᠤᠨ ᠰᠠᠨᠠᠯ ᠢ ᠬᠤᠷᠢᠶᠠᠭᠰᠠᠨ ᠢᠶᠠᠷ ᠪᠦᠷᠢᠨ ᠪᠠᠲᠤᠯᠠᠭᠠᠵᠢᠵᠠᠢ᠃ ᠢᠰᠯᠠᠮ ᠺᠠᠷᠢᠮᠣᠸ ᠠᠩᠬᠠᠨ ᠤ ᠶᠡᠷᠦᠩᠬᠡᠶᠢᠯᠡᠭᠴᠢ ᠪᠣᠯᠤᠭᠰᠠᠨ᠃ ᠲᠤᠰᠠᠭᠠᠷ ᠲᠣᠭᠲᠠᠨᠢᠭᠰᠠᠨ ᠤ ᠳᠠᠷᠠᠭ᠎ᠠ ᠤᠯᠤᠰ ᠤᠨ ᠴᠥᠭᠡᠩᠬᠢ ᠪᠣᠯᠤᠭᠰᠠᠨ ᠣᠷᠣᠰ ᠤᠳᠠ ᠠᠴᠠ 2 ᠰᠠᠶ᠎ᠠ ᠬᠦᠮᠦᠨ ᠦᠽᠡᠪᠸᠺᠢᠰᠲᠠᠨ ᠢ ᠣᠷᠬᠢᠨ ᠭᠠᠷᠤᠭᠰᠠᠨ ᠪᠠ ᠱᠠᠰᠢᠨ ᠰᠢᠲᠦᠬᠦ ᠡᠷᠬᠡ ᠴᠢᠯᠦᠭᠡᠯᠡᠭᠳᠡᠭᠰᠡᠨ ᠢᠶᠡᠷ ᠤᠯᠠᠮᠵᠢᠯᠠᠯᠲᠤ ᠢᠰᠯᠠᠮ ᠰᠢᠭᠤᠳ ᠰᠡᠷᠭᠦᠵᠡᠢ᠃ ᠺᠠᠷᠢᠮᠣᠸ 1995 ᠣᠨ ᠳᠤ ᠰᠢᠭᠤᠳ ᠤᠯᠠᠷᠢᠭᠰᠠᠨ ᠪᠣᠯ 2000, 2007 ᠣᠨ ᠳᠤ 90 ᠬᠤᠪᠢ ᠤᠨ ᠳᠡᠮᠵᠢᠯᠭᠡ ᠲᠡᠢ ᠤᠯᠠᠷᠢᠨ ᠰᠣᠩᠭᠣᠭᠳᠠᠭᠠᠳ ᠪᠠᠶᠢᠨ᠎ᠠ᠃

ᠲᠥᠷᠥ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠤᠯᠢ ᠶᠢᠨ ᠲᠠᠩᠬᠢᠮ ᠤᠨ ᠣᠷᠳᠣᠨ

ᠦᠽᠡᠪᠸᠺᠢᠰᠲᠠᠨ ᠪᠣᠯ ᠶᠡᠷᠦᠩᠬᠡᠶᠢᠯᠡᠭᠴᠢᠡᠶᠢᠨ ᠡᠷᠬᠡ ᠮᠡᠳᠡᠯ ᠳᠠᠪᠠᠭᠤ ᠪᠦᠭᠦᠳᠡ ᠨᠠᠶᠢᠷᠠᠮᠳᠠᠬᠤ ᠵᠠᠰᠠᠭ ᠲᠠᠢᠨᠢᠭᠡᠳᠦᠮᠡᠯ ᠲᠥᠷᠥ ᠶᠢᠨ ᠪᠠᠶᠢᠭᠤᠯᠤᠮᠵᠢ ᠪᠦᠬᠦᠢ ᠤᠯᠤᠰ ᠶᠤᠮ᠃ 1989 ᠣᠨ ᠠᠴᠠ ᠢᠰᠯᠠᠮ ᠺᠠᠷᠢᠮᠣᠸ ᠲᠥᠷᠥ ᠵᠠᠰᠠᠭ ᠤᠨ ᠲᠡᠷᠢᠭᠦᠨ᠂ ᠤᠯᠤᠰ ᠤᠨ ᠶᠡᠷᠦᠩᠬᠡᠶᠢᠯᠡᠭᠴᠢ ᠪᠡᠷ ᠠᠵᠢᠯᠯᠠᠵᠤ ᠪᠠᠶᠢᠨ᠎ᠠ᠃ ᠤᠯᠤᠰ ᠤᠨ ᠶᠡᠷᠦᠩᠬᠡᠶᠢᠯᠡᠭᠴᠢ ᠶᠢ 7 ᠵᠢᠯ ᠲᠤᠲᠤᠮ ᠪᠦᠬᠦ ᠠᠷᠠᠳ ᠤᠨ ᠰᠠᠨᠠᠯ ᠢᠶᠠᠷ ᠰᠣᠩᠭᠣᠳᠠᠭ᠃ 2000, 2007 ᠣᠨ ᠳᠤ ᠤᠯᠠᠷᠢᠨ ᠰᠣᠩᠭᠣᠭᠳᠠᠭᠰᠠᠨ᠃

ᠶᠡᠷᠦᠩᠬᠡᠶᠢᠯᠡᠭᠴᠢ ᠶᠡᠷᠦᠩᠬᠡᠢ ᠰᠠᠶᠢᠳ ᠍ ᠢ ᠲᠣᠮᠢᠯᠠᠳᠠᠭ᠃ 2003 ᠣᠨ ᠠᠴᠠ ᠰᠢᠪᠺᠠᠲ ᠮᠢᠷᠵᠡᠶᠣᠸ ᠶᠡᠷᠦᠩᠬᠡᠢ ᠰᠠᠶᠢᠳ ᠬᠢᠵᠦ ᠪᠠᠶᠢᠨ᠎ᠠ᠃

ᠣᠯᠢᠢ ᠮᠠᠵᠤᠯᠢᠰ (ᠳᠡᠭᠡᠳᠦ ᠬᠤᠷᠠᠯ) 1995 ᠣᠨ ᠳᠤ ᠡᠭᠦᠰᠦᠨ ᠪᠠᠶᠢᠭᠤᠯᠤᠭᠳᠠᠭᠰᠠᠨ᠃ 100 ᠭᠡᠰᠢᠭᠦᠨ ᠲᠡᠢ ᠰᠧᠨᠠᠲ᠂ 150 ᠭᠡᠰᠢᠭᠦᠨ ᠲᠡᠢ ᠬᠠᠤᠯᠢ ᠶᠢᠨ ᠲᠠᠩᠬᠢᠮ ᠭᠡᠵᠦ ᠬᠤᠪᠢᠶᠠᠭᠳᠠᠨ᠎ᠠ᠃ ᠬᠠᠤᠯᠢ ᠶᠢᠨ ᠲᠠᠩᠬᠢᠮ ᠤᠨ 150 ᠰᠠᠭᠤᠳᠠᠯ ᠤᠨ 15 ᠍ ᠢ ᠪᠠᠶᠢᠭᠠᠯᠢ ᠣᠷᠴᠢᠨ ᠤ ᠭᠠᠵᠠᠷ ᠠᠴᠠ ᠲᠣᠮᠢᠯᠠᠳᠠᠭ᠃ 2010 ᠣᠨ ᠤ ᠰᠣᠩᠭᠣᠭᠤᠯᠢ ᠪᠠᠷ ᠦᠽᠡᠪᠸᠺᠢᠰᠲᠠᠨ ᠦᠨ ᠯᠢᠪᠧᠷᠠᠯ ᠠᠷᠠᠳᠴᠢᠯᠠᠭᠰᠠᠨ ᠨᠠᠮᠦᠽᠡᠪᠸᠺᠢᠰᠲᠠᠨ ᠦᠨ ᠠᠷᠠᠳ ᠤᠨ ᠠᠷᠠᠳᠴᠢᠯᠠᠭᠰᠠᠨ ᠨᠠᠮᠦᠽᠡᠪᠸᠺᠢᠰᠲᠠᠨ ᠦᠨ ᠦᠨᠳᠦᠰᠦᠨ ᠦ ᠰᠡᠷᠭᠦᠯ ᠠᠷᠠᠳᠴᠢᠯᠠᠭᠰᠠᠨ ᠨᠠᠮᠰᠢᠳᠤᠷᠭᠤ ᠨᠡᠶᠢᠭᠡᠮ ᠠᠷᠠᠳᠴᠢᠯᠠᠭᠰᠠᠨ ᠨᠠᠮ 135 ᠰᠠᠭᠤᠳᠠᠯ ᠢ ᠬᠤᠪᠢᠶᠠᠨ ᠰᠠᠭᠤᠭᠰᠠᠨ᠃

2005 ᠣᠨ ᠳᠤ ᠠᠨᠳᠢᠷᠠᠨ ᠤ ᠵᠢᠭ᠌ᠰᠠᠭᠠᠯ ᠢ ᠵᠡᠪᠰᠡᠭ ᠢᠶᠡᠷ ᠳᠠᠷᠤᠭᠰᠠᠨ ᠪᠣᠯ 2007 ᠣᠨ ᠳᠤ ᠴᠠᠭᠠᠵᠠ ᠪᠠᠷ ᠠᠪᠠᠴᠢᠬᠤ ᠶᠠᠯ᠎ᠠ ᠶᠢ ᠪᠣᠯᠢᠭᠤᠯᠤᠭᠰᠠᠨ᠃

ᠣᠷᠣᠨ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠽᠡᠪᠸᠺᠢᠰᠲᠠᠨ ᠤᠯᠤᠰ ᠡᠬᠢᠯᠡᠭᠡᠳ 12 ᠮᠤᠵᠢ (ᠦᠽᠪᠸᠺ ᠶᠢᠡᠷ viloyat), 1 ᠪᠦᠭᠦᠳᠡ ᠨᠠᠶᠢᠷᠠᠮᠳᠠᠬᠤ ᠤᠯᠤᠰ (respublika), 1 ᠬᠣᠲᠠ (shahar), ᠪᠦᠭᠦᠳᠡ 14 ᠨᠤᠲᠤᠭ ᠲᠤ ᠬᠤᠪᠢᠶᠠᠭᠳᠠᠵᠤ ᠪᠠᠶᠢᠨ᠎ᠠ᠃

ᠦᠽᠡᠪᠸᠺᠢᠰᠲᠠᠨ ᠤᠯᠤᠰ ᠤᠨ 14 ᠣᠷᠣᠨ ᠨᠤᠲᠤᠭ (ᠬᠦᠰᠦᠨᠦᠭᠲᠦ ᠶᠢᠨ ᠳ᠋ᠤᠭᠠᠷ ᠢᠶᠠᠷ)
# ᠨᠡᠷ᠎ᠡ ᠦᠽᠡᠪᠸᠺᠢᠰᠲᠠᠨ ᠨᠡᠷ᠎ᠡ ᠨᠤᠲᠤᠭ ᠤᠨ ᠲᠥᠪ ᠬᠦᠮᠦᠨ ᠠᠮᠠ (2008)
ᠬᠣᠲᠠ — (shahar, ᠦᠭᠡ ᠶᠢᠨ ᠠᠷᠤ ᠠᠴᠠ shahri)
1 ᠲᠠᠱᠺᠧᠨᠲ ᠬᠣᠲᠠ Toshkent shahri ᠲᠠᠱᠺᠧᠨᠲ 2,192,700
ᠮᠤᠵᠢ — (viloyat, ᠦᠭᠡ ᠶᠢᠨ ᠠᠷᠤ ᠠᠴᠠ viloyati)
2 ᠠᠨᠳᠢᠵᠠᠨ ᠮᠤᠵᠢ Andijon viloyati ᠠᠨᠳᠢᠵᠠᠨ 2,477,900
3 ᠪᠤᠬᠤᠷ ᠮᠤᠵᠢ Buxoro viloyati ᠪᠤᠬᠤᠷ 1,576,800
12 ᠹᠧᠷᠭᠠᠨ ᠮᠤᠵᠢ Farg’ona viloyati ᠹᠧᠷᠭᠠᠨ 2,997,400
4 ᠵᠢᠰᠠᠺ ᠮᠤᠵᠢ Jizzah viloyati ᠵᠢᠰᠠᠺ 1,090,900
7 ᠨᠠᠮᠠᠩᠭᠠᠨ ᠮᠤᠵᠢ Namangan viloyati ᠨᠠᠮᠠᠩᠭᠠᠨ 2,196,200
6 ᠨᠪᠤᠢ ᠮᠤᠵᠢ Navoiy viloyati ᠨᠪᠤᠢ 834,100
5 ᠺᠠᠱᠺᠠᠳᠠᠷᠢᠶ᠎ᠠ ᠮᠤᠵᠢ Qashqadaryo viloyati ᠬᠠᠷᠰᠢ 2,537,600
8 ᠰᠠᠮᠠᠷᠺᠠᠨᠳ ᠮᠤᠵᠢ Samarqand viloyati ᠰᠠᠮᠠᠷᠺᠠᠨᠳ 3,032,000
10 ᠰ ᠤᠷᠲᠠᠷᠢᠶ᠎ᠠ ᠮᠤᠵᠢ Sirdaryo viloyati ᠭᠤᠯᠢᠰᠲᠠᠨ 698,100
9 ᠰᠤᠷᠬᠠᠨᠳᠠᠷᠢᠶ᠎ᠠ ᠮᠤᠵᠢ Surxondaryo viloyati ᠲᠧᠷᠮᠧᠽ 2,012,600
11 ᠲᠠᠱᠺᠧᠨᠲ ᠮᠤᠵᠢ Toshkent viloyati ᠲᠠᠱᠺᠧᠨᠲ 2,537,500
13 ᠬᠣᠷᠧᠽᠮ ᠮᠤᠵᠢ Xorazm viloyati ᠤᠭᠧᠨᠴᠢ 1,517,600
ᠪᠦᠭᠦᠳᠡ ᠨᠠᠶᠢᠷᠠᠮᠳᠠᠬᠤ ᠤᠯᠤᠰ — (respublika, respublikasi)
14 ᠬᠠᠷᠬᠣᠯᠫᠠᠺ ᠣᠷᠣᠨ Qoraqalpog’iston Respublikasi ᠨᠢᠺᠦ᠋ᠰ 1,612,300


ᠠᠵᠤ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠽᠡᠪᠸᠺᠢᠰᠲᠠᠨ ᠦᠨ 5000 ᠰᠤᠮᠤ ᠶᠢᠨ ᠳᠡᠪᠢᠰᠬᠡᠷᠲᠦ

2012 ᠣᠨ ᠳᠤ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠦ ᠬᠡᠮᠵᠢᠶ᠎ᠡ 51.11 ᠲᠡᠷᠪᠤᠮ ᠠᠮᠠ᠃ᠳ᠋ᠣᠯᠯᠠᠷ ᠪᠠᠶᠢᠭᠰᠠᠨ᠃ ᠨᠢᠭᠡ ᠬᠦᠨᠳᠦ 3,500 $ ᠨᠣᠭᠳᠠᠨ᠎ᠠ᠃

ᠦᠽᠡᠪᠸᠺᠢᠰᠲᠠᠨ ᠤᠯᠤᠰ ᠠᠯᠲᠠᠵᠡᠰᠤᠷᠠᠨᠰᠢᠲᠠᠳᠠᠭ ᠬᠡᠢ ᠣᠯᠪᠤᠷᠢᠯᠠᠯᠲᠠ ᠪᠠᠷ ᠳᠡᠯᠡᠬᠡᠢ ᠳᠦ ᠡᠬᠢᠨ ᠦ ᠠᠷᠪᠠᠲᠤ ᠪᠠᠶᠢᠭ᠎ᠠ᠃ ᠲᠥᠷᠥ ᠶᠢᠨ ᠥᠮᠴᠢ ᠶᠢᠨ ᠦᠽᠪᠧᠺᠨᠧᠹᠲ ᠭᠠᠽ ᠺᠣᠮᠫᠠᠨᠢ ᠦᠢᠯᠡᠳᠪᠦᠷᠢᠯᠡᠯ ᠦᠨ ᠬᠦᠨᠳᠦ ᠶᠢ ᠦᠭᠦᠷᠡᠳᠡᠭ᠃ ᠦᠽᠡᠪᠸᠺᠢᠰᠲᠠᠨ ᠳᠡᠯᠡᠬᠡᠢ ᠳᠦ ᠠᠶᠢᠷᠠᠭ ᠤᠨ ᠲᠠᠪᠤ ᠳᠤ ᠣᠷᠣᠬᠤᠶᠢᠴᠠ ᠶᠡᠬᠡ ᠬᠥᠪᠥᠨ ᠲᠠᠷᠢᠶᠠᠯᠠᠳᠠᠭ᠃

1992 ᠣᠨ ᠳᠤ ᠦᠨ᠎ᠡ ᠶᠢᠨ ᠥᠰᠦᠯᠲᠡ 1000% ᠍ ᠳᠦ ᠬᠦᠷᠴᠦ᠂ ДНБ ᠣᠭᠴᠣᠮ ᠤᠨᠤᠵᠤ ᠪᠠᠶᠢᠭᠰᠠᠨ ᠪᠣᠯᠤᠮᠠᠷ ᠠᠭᠠᠵᠢᠮ ᠢᠶᠠᠷ ᠵᠠᠬ᠎ᠠ ᠵᠡᠭᠡᠯᠢ ᠶᠢᠨ ᠵᠢᠷᠤᠮ ᠤᠨ ᠴᠣᠴᠢᠷᠠᠭ᠎ᠠ ᠠᠴᠠ ᠰᠠᠯᠵᠤ᠂ 2003 ᠣᠨ ᠠᠴᠠ ᠲᠣᠭᠲᠠᠪᠤᠷᠢᠵᠢᠵᠤ ᠡᠳ᠋ ᠍ ᠦᠨ ᠵᠠᠰᠠᠭ ᠵᠢᠭᠳᠡᠷᠡᠵᠡᠢ᠃

ᠦᠽᠡᠪᠸᠺᠢᠰᠲᠠᠨ ᠦᠨ ᠬᠥᠷᠥᠩᠭᠡ ᠶᠢᠨ ᠪᠢᠷᠵᠢ 1994 ᠣᠨ ᠳᠤ ᠡᠭᠦᠰᠦᠨ ᠪᠠᠶᠢᠭᠤᠯᠤᠭᠳᠠᠵᠤ ᠣᠳᠣ 1200 ᠺᠣᠮᠫᠠᠨᠢ ᠶᠢᠨ ᠦᠨ᠎ᠡ ᠴᠢᠨ ᠢ ᠲᠣᠳᠣᠷᠬᠠᠶᠢᠯᠠᠵᠤ ᠪᠠᠶᠢᠨ᠎ᠠ᠃

<timeline> ImageSize = width:450 height:225 PlotArea = left:30 bottom:20 top:20 right:20 TimeAxis = orientation:horizontal format:yyyy AlignBars = justify DateFormat = x.y Period = from:0 till:50.0 TimeAxis = orientation:horizontal AlignBars = early Colors =

id:gray value:rgb(0.97,0.97,0.97)
id:PAN value:rgb(0.4, 0.6, 1)
id:PRD value:rgb(1, 0.84314, 0)
id:PRI value:rgb(1, 0.5372, 0.5372)
id:ALT value:rgb(0.2, 0.6, 0.8)
id:NA value:rgb(0,0.4,0.4)
id:darkgray value:rgb(0.80,0.80,0.80)
id:midgray value:rgb(0.30,0.57,0)

ScaleMajor = gridcolor:black increment:10 start:0 ScaleMinor = gridcolor:gray increment:1 start:0

BarData=

barset:Países

PlotData=

width:15 fontsize:S textcolor:black align:left anchor:from shift:(10,-4) color:red
barset:Países 
from:0 till:21.20 color:PAN width:20 align:left fontsize:S text:"ᠬᠢᠲᠠᠳ (21.2%)"
from:0 till:15.90 color:PRD width:20 align:left fontsize:S text:"ᠬᠠᠰᠠᠭ (15.9%)"
from:0 till:15.80 color:PRI width:20 align:left fontsize:S text:"ᠲᠦᠷᠺ (15.8%)"
from:0 till:14.70 color:ALT width:20 align:left fontsize:S text:"ᠣᠷᠣᠰ (14.7%)"
from:0 till:09.50 color:NA width:20 align:left fontsize:S text:"ᠪᠧᠩᠭᠠᠯ (9.5%)"
from:0 till:04.00 color:midgray width:20 align:left fontsize:S text:"ᠬᠢᠷᠭᠢᠰ (4.0%)" 
from:0 till:19.90 color:darkgray width:20 align:left fontsize:S text:"ᠪᠤᠰᠤᠳ ᠣᠷᠣᠨ (19.9%)"

TextData=

pos:(180,215) fontsize:M text:"ᠡᠺᠰᠫᠣᠷᠲ"
pos:(110,205) fontsize:S text:"ᠡᠬᠢ ᠰᠤᠷᠪᠤᠯᠵᠢ: ᠠᠮᠧᠷᠢᠺᠠ ᠶᠢᠨ ᠨᠢᠭᠡᠳᠦᠭᠰᠡᠨ ᠤᠯᠤᠰ ᠤᠨ ТТГ. 2012 ᠣᠨ᠃ 16.65 ᠲᠡᠷᠪᠤᠮ $"
pos:(400,1) fontsize:S text:(%)

</timeline>

<timeline> ImageSize = width:450 height:225 PlotArea = left:30 bottom:20 top:20 right:20 TimeAxis = orientation:horizontal format:yyyy AlignBars = justify DateFormat = x.y Period = from:0 till:50.0 TimeAxis = orientation:horizontal AlignBars = early Colors =

id:gray value:rgb(0.97,0.97,0.97)
id:PAN value:rgb(0.4, 0.6, 1)
id:PRD value:rgb(1, 0.84314, 0)
id:PRI value:rgb(1, 0.5372, 0.5372)
id:ALT value:rgb(0.2, 0.6, 0.8)
id:NA value:rgb(0,0.4,0.4)
id:darkgray value:rgb(0.80,0.80,0.80)
id:midgray value:rgb(0.30,0.57,0)

ScaleMajor = gridcolor:black increment:10 start:0 ScaleMinor = gridcolor:gray increment:1 start:0

BarData=

barset:Países

PlotData=

width:15 fontsize:S textcolor:black align:left anchor:from shift:(10,-4) color:red
barset:Países 
from:0 till:20.70 color:PAN width:20 align:left fontsize:S text:"ᠣᠷᠣᠰ (20.7%)"
from:0 till:16.60 color:PRI width:20 align:left fontsize:S text:"ᠬᠢᠲᠠᠳ (16.6%)"
from:0 till:16.40 color:PRD width:20 align:left fontsize:S text:"ᠡᠮᠦᠨ᠎ᠡ ᠰᠣᠯᠣᠩᠭᠣᠰ (16.4%)"
from:0 till:12.50 color:ALT width:20 align:left fontsize:S text:"ᠬᠠᠰᠠᠭ (12.5%)"
from:0 till:4.60 color:NA width:20 align:left fontsize:S text:"ᠭᠧᠷᠮᠠᠨ (4.6%)"
from:0 till:4.20 color:midgray width:20 align:left fontsize:S text:"ᠲᠦᠷᠺ (4.2%)" 
from:0 till:25.00 color:darkgray width:20 align:left fontsize:S text:"ᠪᠤᠰᠤᠳ ᠣᠷᠣᠨ (25.0%)"

TextData=

pos:(180,215) fontsize:M text:"ᠢᠮᠫᠣᠷᠲ"
pos:(110,205) fontsize:S text:"ᠡᠬᠢ ᠰᠤᠷᠪᠤᠯᠵᠢ: ᠠᠮᠧᠷᠢᠺᠠ ᠶᠢᠨ ᠨᠢᠭᠡᠳᠦᠭᠰᠡᠨ ᠤᠯᠤᠰ ᠤᠨ ТТГ. 2012 ᠣᠨ᠃ 15.53 ᠲᠡᠷᠪᠤᠮ $"
pos:(400,1) fontsize:S text:(%)

</timeline>

ᠬᠤᠷᠳᠤᠨ ᠭᠠᠯᠲᠤ ᠲᠡᠷᠭᠡ
ᠦᠽᠡᠪᠸᠺᠢᠰᠲᠠᠨ ᠦᠨ ᠪᠢᠩ ᠢ-767

ᠵᠠᠮ ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠽᠡᠪᠸᠺᠢᠰᠲᠠᠨ ᠤᠯᠤᠰ 3,645 ᠺᠢᠯᠣᠮᠧᠲ᠋ᠷ ᠲᠡᠮᠦᠷ ᠵᠠᠮᠲᠠᠢ ᠠᠴᠠ 620 ᠺᠢᠯᠣᠮᠧᠲ᠋ᠷ ᠨᠢ ᠴᠠᠬᠢᠯᠭᠠᠨᠵᠢᠭ᠌ᠰᠠᠨ᠃ ᠡᠨᠡᠬᠦ ᠲᠷᠠᠨᠰ-ᠺᠠᠰᠫ ᠦᠨ ᠲᠡᠮᠦᠷ ᠵᠠᠮ ᠢᠶᠠᠷ ᠤᠯᠤᠰ ᠤᠨ ᠢᠶᠠᠨ ᠲᠣᠮᠣᠬᠠᠨ ᠬᠣᠲᠠ ᠨᠤᠭᠤᠳ ᠢ ᠬᠣᠭᠣᠷᠣᠨᠳᠣ ᠨᠢ ᠪᠣᠯᠤᠭᠠᠳ ᠪᠦᠬᠦ ᠬᠥᠷᠰᠢ ᠲᠡᠢ ᠪᠡᠨ ᠬᠣᠯᠪᠣᠵᠠᠢ᠃ ᠲᠠᠱᠺᠧᠨᠲ–ᠰᠠᠮᠠᠷᠺᠠᠨᠳ ᠤᠨ ᠬᠤᠷᠳᠤᠨ ᠭᠠᠯᠲᠤ ᠲᠡᠷᠭᠡᠨ ᠦ ᠱᠤᠭᠤᠮ 2011 ᠣᠨ ᠳᠤ ᠠᠰᠢᠭᠯᠠᠯᠲᠠᠨ ᠳᠤ ᠣᠷᠣᠭᠰᠠᠨ᠃ 1977 ᠣᠨ ᠳᠤ ᠠᠰᠢᠭᠯᠠᠯᠲᠠᠨ ᠳᠤ ᠣᠷᠣᠭᠰᠠᠨ ᠲᠠᠱᠺᠧᠨᠲ ᠤᠨ ᠮᠧᠲ᠋ᠷᠣ᠋ ᠬᠠᠰᠠᠭ ᠲᠤ ᠠᠯᠮᠠᠲᠤ ᠶᠢᠨ ᠮᠧᠲ᠋ᠷᠣ᠋ ᠨᠡᠭᠡᠭᠡᠭᠳᠡᠬᠦ ᠡᠴᠡ ᠡᠮᠦᠨ᠎ᠡ ᠲᠦᠪ ᠠᠽᠢᠶ᠎ᠠ ᠳᠤ ᠭᠠᠭᠴᠠᠭᠠᠷ ᠢᠶᠠᠨ ᠪᠠᠶᠢᠯ᠎ᠠ᠃

ᠦᠽᠡᠪᠸᠺᠢᠰᠲᠠᠨ ᠲᠦ 84,400 ᠺᠢᠯᠣᠮᠧᠲ᠋ᠷ ᠠᠦ᠋ᠲ᠋ᠣ᠋ ᠵᠠᠮ ᠪᠠᠶᠢᠭ᠎ᠠ ᠠᠴᠠ 72,000 ᠺᠢᠯᠣᠮᠧᠲ᠋ᠷ ᠨᠢ ᠴᠠᠷᠳᠠᠮᠠᠯ᠃ ᠦᠽᠡᠪᠸᠺᠢᠰᠲᠠᠨ ᠦᠨ ᠬᠢᠨ ᠰᠣᠯᠣᠩᠭᠣᠰ ᠤᠨ ᠲᠡᠦ᠂ ᠠᠮᠧᠷᠢᠺᠠ ᠶᠢᠨ ᠵᠧᠨᠧᠷᠠᠯ-ᠮᠣᠲ᠋ᠣᠷᠰᠲᠣᠢ ᠬᠠᠮᠲᠤᠷᠠᠭᠰᠠᠨ ᠤ ᠦᠷ᠎ᠡ ᠪᠡᠷ ᠠᠦ᠋ᠲ᠋ᠣᠮᠠᠰᠢᠨ ᠦᠢᠯᠡᠳᠪᠦᠷᠢᠯᠡᠳᠡᠭ ᠪᠣᠯᠤᠭᠰᠠᠨ ᠪᠥᠭᠡᠳ 2013 ᠣᠨ ᠳᠤ 251,342 ᠍ ᠢ ᠪᠣᠰᠬᠠᠵᠤ ᠶᠡᠬᠡᠩᠬᠢ ᠶᠢ ᠡᠺᠰᠫᠣᠷᠲᠯᠠᠵᠠᠢ᠃ ᠲᠦᠷᠺ ᠤᠨ ᠠᠴᠢ ᠪᠠᠷ ᠮᠥᠨ ᠠᠦ᠋ᠲ᠋ᠣᠪᠦ᠋ᠰ ᠬᠢᠵᠦ ᠪᠠᠶᠢᠭ᠎ᠠ᠃

ᠦᠽᠡᠪᠸᠺᠢᠰᠲᠠᠨ ᠲᠦ ᠨᠡᠶᠢᠲᠡ ᠳᠦ ᠪᠡᠨ 53 ᠨᠢᠰᠬᠦ ᠪᠠᠭᠤᠳᠠᠯ ᠪᠠᠶᠢᠭ᠎ᠠ ᠠᠴᠠ 33 ᠨᠢ ᠴᠠᠷᠳᠠᠮᠠᠯ᠃ ᠬᠠᠮᠤᠭ ᠤᠨ ᠲᠣᠮᠣ ᠨᠢ ᠲᠠᠱᠺᠧᠨᠲ ᠤᠨ ᠣᠯᠠᠨ ᠤᠯᠤᠰ ᠤᠨ ᠨᠢᠰᠬᠦ ᠪᠠᠭᠤᠳᠠᠯ. ᠡᠨᠳᠡ ᠡᠴᠡ ᠦᠽᠡᠪᠸᠺᠢᠰᠲᠠᠨ ᠦᠨ ᠢᠷᠭᠡᠨ ᠦ ᠠᠭᠠᠷ ᠤᠨ ᠲᠡᠭᠡᠭᠡᠪᠦᠷᠢ ᠶᠢᠨ ᠺᠣᠮᠫᠠᠨᠢ ᠶᠢᠨ ᠣᠩᠭᠣᠴᠠᠨ ᠳᠤ ᠰᠠᠭᠤᠭᠠᠳ ᠮᠣᠰᠺᠸᠠᠲᠣᠤᠺᠢᠣ᠋, ᠰᠢᠩᠭᠠᠫᠦᠷᠯᠣᠨᠳᠣᠨᠨᠶᠤ-ᠢᠣᠷᠺ ᠬᠦᠷᠴᠦ ᠪᠣᠯᠤᠨ᠎ᠠ᠃

ᠦᠽᠡᠪᠸᠺᠢᠰᠲᠠᠨ 10,253 ᠺᠢᠯᠣᠮᠧᠲ᠋ᠷ ᠰᠢᠲᠠᠳᠠᠭ ᠬᠡᠢ ᠶᠢᠨ ᠬᠣᠭᠣᠯᠠᠢ᠂ 868 ᠺᠢᠯᠣᠮᠧᠲ᠋ᠷ ᠭᠠᠵᠠᠷ ᠤᠨ ᠲᠣᠰᠤᠨ ᠤ ᠬᠣᠭᠣᠯᠠᠢ ᠲᠠᠢ᠃

ᠬᠡᠪᠯᠡᠯ᠂ ᠬᠣᠯᠪᠣᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠽᠡᠪᠸᠺᠢᠰᠲᠠᠨ ᠲᠦ 28 ᠲᠧᠯᠧᠸᠢᠰ᠂ 16 ᠷᠠᠳᠢᠣ᠋ ᠍ ᠶᠢᠨ ᠭᠠᠵᠠᠷ ᠲᠠᠢ᠃ 2012 ᠣᠨ ᠳᠤ 9 ᠰᠠᠶ᠎ᠠ ᠢᠨᠲ᠋ᠧᠷᠨᠡᠲ ᠬᠡᠷᠡᠭᠯᠡᠭᠴᠢ ᠪᠠᠶᠢᠭᠰᠠᠨ᠃

2001 ᠣᠨ ᠳᠤ ᠦᠽᠡᠪᠸᠺᠢᠰᠲᠠᠨ ᠲᠦ 507 ᠰᠣᠨᠢᠨ᠂ 157 ᠰᠡᠳᠬᠦᠯ ᠬᠡᠪᠯᠡᠭᠳᠡᠵᠦ ᠪᠠᠶᠢᠴᠠᠢ᠃

ᠯᠠᠪᠯᠠᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

  1. "Official population 2013-09-05". Stat.uz. 2013-09-05.
  2. 2.0 2.1 2.2 2.3 Uzbekistan. International Monetary Fund.
  3. Human Development Report 2010. United Nations (2010).
ᠸᠢᠭᠮᠧᠳᠢᠶᠠ ᠵᠢᠷᠤᠭ ᠤᠨ ᠰᠠᠩ:
«ᠦᠽᠡᠪᠸᠺᠢᠰᠲᠠᠨ ᠤᠯᠤᠰ»

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ