ᠦᠶᠡᠲᠦ ᠬᠥᠯᠲᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠦᠶᠡᠲᠦ ᠬᠥᠯᠲᠡᠨ
ᠣᠷᠣᠰᠢᠨ ᠪᠠᠶᠢᠭᠰᠠᠨ ᠬᠤᠭᠤᠴᠠᠭ᠎ᠠ: ᠺᠧᠮᠪᠷᠢᠭᠡ ᠡᠴᠡ ᠡᠮᠦᠨ᠎ᠡ - ᠣᠳᠣ ᠬᠦᠷᠲᠡᠯ᠎ᠡ
ᠮᠸᠺᠰᠢᠺᠣᠡᠶᠢᠨ ᠤᠯᠠᠭᠠᠨ ᠬᠥᠯ ᠳᠦ ᠠᠭᠠᠯᠵᠢBrachypelma smithi
ᠮᠸᠺᠰᠢᠺᠣᠡᠶᠢᠨ ᠤᠯᠠᠭᠠᠨ ᠬᠥᠯ ᠳᠦ ᠠᠭᠠᠯᠵᠢ
Brachypelma smithi
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ ᠤ
ᠬᠦᠷᠢᠶ᠎ᠡ: ᠦᠶᠡᠲᠦ ᠬᠥᠯᠲᠡᠨ
ᠯᠠᠲᠷᠧᠢᠯ᠂ 1829

ᠦᠶᠡᠲᠦ ᠬᠥᠯᠲᠡᠨ ᠦ ᠬᠦᠷᠢᠶ᠎ᠡ (Arthropoda ᠬᠦᠷᠢᠶ᠎ᠡᠭᠷᠧᠺ: ἄρθρον ᠪᠤᠶᠤ arthron - 《ᠨᠡᠶᠢᠯᠡᠮᠡᠯ》, ποδός ᠪᠤᠶᠤ podos - 《ᠬᠥᠯ》 ᠭᠡᠰᠡᠨ ᠤᠳᠬ᠎ᠠ ᠲᠠᠢ) ᠨᠢ ᠰᠢᠪᠠᠵᠢᠬᠠᠪᠴᠢ ᠬᠡᠯᠪᠡᠷᠢᠲᠡᠨ ᠵᠡᠷᠭᠡ ᠶᠢ ᠪᠠᠭᠲᠠᠭᠠᠭᠰᠠᠨ ᠠᠮᠢᠲᠠᠨ ᠤ ᠠᠶᠢᠮᠠᠭ ᠤᠨ ᠬᠠᠮᠤᠭ ᠤᠨ ᠲᠣᠮᠣ ᠬᠦᠷᠢᠶ᠎ᠡ ᠶᠤᠮ᠃ ᠡᠨᠡ ᠬᠦᠷᠢᠶᠡᠨ ᠳᠦ 1,500,000 ᠣᠷᠴᠢᠮ ᠵᠦᠢᠯ ᠠᠮᠢᠲᠠᠳ ᠪᠠᠭᠠᠳᠤᠨ᠎ᠠ᠃ ᠦᠶᠡᠲᠦ ᠬᠥᠯᠲᠡᠨ ᠦ ᠭᠣᠣᠯ ᠣᠨᠴᠠᠯᠢᠭ ᠨᠢ ᠲᠡᠳᠡᠭᠡᠷ ᠦᠨ ᠪᠡᠶ᠎ᠡ ᠨᠢ ᠳᠣᠣᠷ᠎ᠠ ᠬᠠᠶᠠᠵᠤ ᠨᠢᠭᠡ ᠰᠢᠭᠮᠧᠨᠲ ᠪᠦᠬᠦᠢ ᠦᠶᠡᠯᠡᠭᠰᠡᠨ ᠪᠦᠲᠦᠴᠡ ᠲᠡᠢ ᠪᠠᠶᠢᠨ᠎ᠠ᠃ ᠬᠣᠭᠣᠯᠠ ᠪᠣᠯᠪᠠᠰᠤᠷᠠᠭᠤᠯᠬᠤ ᠰᠢᠰᠲ᠋ᠧᠮ ᠨᠢ ᠡᠮᠦᠨᠡᠲᠦ᠂ ᠳᠤᠮᠳᠠ᠂ ᠬᠣᠶᠢᠳᠤ ᠭᠡᠰᠡᠨ ᠭᠤᠷᠪᠠᠨ ᠬᠡᠰᠡᠭ ᠡᠴᠡ ᠲᠣᠭᠲᠠᠨ᠎ᠠ᠃ ᠬᠢᠲ᠋ᠢᠨ ᠪᠦᠷᠬᠦᠭᠦᠯ ᠢᠶᠡᠷ ᠪᠦᠷᠬᠦᠭᠳᠡᠵᠦ ᠭᠠᠳᠠᠭᠠᠳᠤ ᠠᠷᠤᠭ ᠶᠠᠰᠤ ᠡᠭᠦᠰᠬᠡᠨ᠎ᠡ᠃

ᠣᠳᠣ ᠣᠷᠣᠰᠢᠨ ᠪᠤᠢ ᠠᠮᠢᠲᠠᠳ ᠤᠨ >80% ᠨᠢ ᠦᠶᠡᠲᠦ ᠬᠥᠯᠲᠡᠨ ᠪᠠᠶᠢᠳᠠᠭ ᠪᠠᠶᠢᠨ᠎ᠠ[1]᠃ ᠦᠶᠡᠲᠦ ᠬᠥᠯᠲᠡᠨ ᠨᠢ ᠲᠡᠩᠭᠢᠰ᠂ ᠴᠡᠩᠭᠡᠭ ᠤᠰᠤ᠂ ᠡᠬᠡ ᠭᠠᠵᠠᠷ ᠲᠤ ᠲᠦᠭᠡᠮᠡᠯ ᠲᠠᠭᠠᠷᠠᠯᠳᠤᠨ᠎ᠠ᠃ ᠪᠡᠶ᠎ᠡ ᠶᠢᠨ ᠬᠡᠮᠵᠢᠶ᠎ᠡ ᠨᠢ ᠫᠯᠠᠨᠺᠲ᠋ᠣᠨᠣ ᠠᠴᠠ ᠡᠬᠢᠯᠡᠭᠡᠳ ᠬᠡᠳᠦᠨ ᠮᠧᠲ᠋ᠷ ᠬᠦᠷᠡᠨ᠎ᠡ᠃ ᠣᠳᠣ ᠪᠤᠢ ᠬᠠᠮᠤᠭ ᠤᠨ ᠲᠣᠮᠣ ᠦᠶᠡᠲᠦ ᠬᠥᠯᠲᠡᠨ ᠪᠣᠯ 《ᠶᠠᠫᠣᠨ ᠤ ᠠᠭᠠᠯᠵᠠᠨ ᠬᠠᠪᠴᠢ》 ᠪᠥᠭᠡᠳ ᠬᠥᠯᠡᠨ ᠦ ᠬᠢ ᠨᠢ ᠬᠡᠮᠵᠢᠶ᠎ᠡ ᠶᠢ ᠣᠷᠣᠭᠤᠯᠤᠨ ᠲᠣᠭᠠᠴᠠᠪᠠᠯ ᠨᠡᠶᠢᠲᠡ ᠤᠷᠲᠤ ᠨᠢ 3,5 ᠮᠧᠲ᠋ᠷ ᠬᠦᠷᠡᠳᠡᠭ ᠪᠠᠶᠢᠨ᠎ᠠ᠃ ᠭᠡᠬᠦ ᠳᠦ ᠪᠡᠨ ᠡᠨᠡ ᠨᠢ ᠬᠥᠯᠳᠡᠭᠦᠦ ᠲᠡᠨᠡᠭ ᠬᠦᠨᠳᠦ ᠵᠣᠷᠢᠭᠤᠯᠤᠭᠰᠠᠨ ᠪᠥᠯᠦᠭᠡ᠂

ᠦᠶᠡᠲᠦ ᠬᠥᠯᠲᠡᠨ ᠦ ᠬᠦᠷᠢᠶ᠎ᠡ ᠶᠢ ᠳᠣᠲᠣᠷ᠎ᠠ ᠨᠢ ᠬᠡᠳᠦ ᠬᠡᠳᠦᠨ ᠳᠡᠳ᠋ ᠬᠦᠷᠢᠶ᠎ᠡ ᠪᠣᠯᠭᠠᠳᠠᠭ᠃

  1. ᠵᠠᠯᠮᠠᠭᠠᠢ ᠠᠮᠢᠰᠬᠤᠯᠠᠭᠤᠷᠲᠠᠨ (Branchiata)
  2. ᠲᠷᠠᠬᠠᠶᠢᠲᠠᠨ (Tracheata)
  3. ᠲᠷᠢᠯᠣᠪᠢᠲ ᠬᠡᠯᠪᠡᠷᠢᠲᠡᠨ (Trilobitomorpha)
  4. ᠬᠧᠯᠢᠽᠧᠷᠲᠡᠨ (Chelicerata) ᠵᠡᠷᠭᠡ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Arthropoda
  1. Anna Thanukos. The Arthropod Story. University of California, Berkeley.

ᠪᠢᠴᠢᠭᠡᠰᠦ