ᠦᠵᠦᠮᠦᠴᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠦᠵᠦᠮᠦᠴᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠳ ᠤᠨ ᠳᠣᠮᠣᠭ ᠶᠠᠷᠢᠶᠠᠨ ᠳᠤ ᠵᠡᠷᠯᠢᠭ ᠦᠵᠦᠮ ᠶᠡᠬᠡ ᠲᠡᠢ ᠦᠵᠦᠮ ᠦᠨ ᠴᠠᠭᠠᠨ ᠠᠭᠤᠯᠠᠨ ᠳᠤ ᠠᠵᠤ ᠲᠥᠷᠦᠵᠢ ᠪᠠᠶᠢᠭᠰᠠᠨ ᠲᠤᠯᠠ ᠦᠵᠦᠮᠦᠴᠢᠨ ᠭᠡᠬᠦ ᠪᠣᠯᠤᠭᠰᠠᠨ ᠭᠡᠳᠡᠭ᠃ ᠣᠷᠣᠰ ᠤᠨ ᠨᠡᠷᠡᠲᠦ ᠰᠢᠨᠵᠢᠭᠡᠴᠢ ᠶᠡ᠃ᠲᠢᠮᠣᠺᠣᠪᠰᠺ ᠦ "1820-1821 ᠣᠨ ᠳᠤ ᠮᠣᠩᠭᠣᠯ ᠢ ᠳᠠᠭᠠᠷᠢᠵᠤ ᠬᠢᠲᠠᠳ ᠲᠤ ᠠᠶᠠᠯᠠᠭᠰᠠᠨ ᠨᠢ" ᠭᠡᠳᠡᠭ ᠵᠣᠬᠢᠶᠠᠯ ᠳᠤ ᠪᠠᠨ ᠲᠡᠷᠡ ᠦᠶ᠎ᠡ ᠶᠢᠨ ᠦᠵᠦᠮᠦᠴᠢᠨ ᠦ ᠲᠤᠬᠠᠢ ᠲᠣᠪᠴᠢ ᠦᠭᠦᠯᠡᠵᠦ᠂ ᠦᠵᠦᠮᠴᠢ ᠶᠢᠨ ᠭᠡᠳᠡᠭ ᠨᠡᠷ᠎ᠡ ᠶᠢᠨ ᠲᠤᠬᠠᠢ ᠲᠠᠶᠢᠯᠪᠤᠷᠢ ᠬᠢᠬᠦ ᠳᠦ ᠪᠡᠨ "ᠦᠽᠧᠮᠧᠷᠴᠢ" ᠢᠯᠢ "ᠦᠴᠵᠤᠮᠤᠷᠴᠢᠨ" ᠭᠡᠵᠦ ᠲᠡᠮᠳᠡᠭᠯᠡᠭᠰᠡᠨ ᠪᠠᠶᠢᠨ᠎ᠠ᠃ ᠪ᠃ᠷᠢᠨᠴᠢᠨ ᠡᠨᠡᠬᠦ ᠦᠭᠡ ᠶᠢᠨ ᠢᠵᠠᠭᠤᠷ ᠭᠠᠷᠤᠯ ᠤᠨ ᠲᠤᠬᠠᠢ ᠦᠵᠦᠮᠦᠴᠢᠨ ᠭᠡᠳᠡᠭ ᠨᠢ ᠬᠠᠷᠠᠬᠤ ᠶᠢᠨ "ᠦᠵᠡᠮᠦᠷᠢᠴᠢ" ᠭᠡᠳᠡᠭ ᠦᠭᠡ ᠡᠴᠡ ᠡᠭᠦᠰᠦᠯᠲᠡᠢ ᠭᠡᠵᠦ ᠦᠭᠦᠯᠡᠭᠰᠡᠨ ᠢ ᠬᠠᠶᠢᠬᠤᠷᠬᠤ ᠦᠭᠡᠢ ᠪᠠᠶᠢᠵᠤ ᠦᠯᠦ ᠪᠣᠯᠤᠨ᠎ᠠ᠃ ᠮᠥᠨ ᠠᠮᠲᠠᠯᠢᠭ ᠰᠠᠶᠢᠬᠠᠨ ᠵᠢᠮᠢᠰ ᠤᠷᠭᠤᠳᠠᠭ "ᠦᠵᠦᠮ ᠬᠠᠶᠢᠷᠬᠠᠨ" ᠠᠭᠤᠯᠠ ᠳᠠᠶᠠᠩᠫᠠᠩ ᠤᠨ ᠳᠠᠪᠠᠭᠠᠨ ᠠᠴᠠ ᠤᠷᠤᠭᠰᠢ ᠲᠥᠭᠡᠳᠭᠡᠨ ᠬᠡᠮᠡᠬᠦ ᠠᠯᠲᠠᠨ ᠤ ᠠᠭᠤᠷᠬᠠᠢ ᠲᠠᠢ ᠭᠠᠵᠠᠷ ᠪᠤᠢ ᠭᠡᠳ ᠲᠡᠭᠦᠨ ᠦ ᠪᠠᠷᠠᠭᠤᠨ ᠤᠷᠳᠤ ᠤᠷᠤᠰᠢᠬᠤ ᠭᠠᠭᠴᠠ ᠱᠣᠪᠬᠣ ᠠᠭᠤᠯᠠ ᠶᠢ "ᠦᠵᠦᠮ ᠠᠭᠤᠯᠠ" ᠭᠡᠵᠦ ᠨᠡᠷᠡᠯᠡᠭᠳᠡᠭ᠃ ᠳᠡᠭᠡᠷᠡᠬᠢ ᠨᠤᠲᠤᠭ ᠢᠶᠠᠷ ᠠᠮᠢᠳᠤᠷᠠᠵᠤ ᠪᠠᠶᠢᠭᠰᠠᠨ ᠬᠡᠰᠡᠭ ᠮᠣᠩᠭᠣᠯᠴᠤᠳ ᠲᠡᠷᠡ ᠠᠭᠤᠯᠠᠨ ᠳᠤ ᠤᠷᠭᠤᠭᠰᠠᠨ ᠵᠡᠷᠯᠢᠭ ᠦᠵᠦᠮ ᠢ ᠲᠡᠭᠦᠵᠦ ᠬᠡᠷᠭᠡᠯᠡᠳᠡᠭ ᠪᠠᠶᠢᠭᠰᠠᠨ ᠤᠴᠢᠷ ᠦᠵᠦᠮᠦᠴᠢᠨ ᠨᠡᠷ᠎ᠡ ᠲᠡᠢ ᠪᠣᠯᠵᠠᠢ ᠭᠡᠰᠡᠨ ᠲᠠᠶᠢᠯᠪᠤᠷᠢ ᠪᠤᠢ᠃ ᠵᠠᠷᠢᠮ ᠦᠵᠦᠮᠦᠴᠢᠨ ᠬᠦᠮᠦᠰ ᠦᠨ ᠶᠠᠷᠢᠵᠤ ᠪᠤᠢ ᠪᠠᠷ ᠲᠡᠳᠡ ᠬᠥᠪᠰᠥᠭᠥᠯ ᠠᠶᠢᠮᠠᠭ ᠲᠤ ᠪᠠᠶᠢᠭᠰᠠᠨ ᠵᠢᠮᠢᠰ ᠶᠡᠬᠡ ᠲᠡᠢ ᠨᠢᠭᠡᠨ ᠠᠭᠤᠯᠠᠨ ᠠᠴᠠ ᠳᠤᠮᠳᠠᠳᠤ ᠵᠠᠭᠤᠨ ᠤ ᠦᠶ᠎ᠡ ᠳᠦ ᠥᠪᠥᠷ ᠮᠣᠩᠭᠣᠯ ᠳᠤ ᠨᠡᠭᠦᠨ ᠣᠴᠢᠵᠠᠢ᠃[1]

ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. МҮТВ

ᠪᠢᠴᠢᠭᠡᠰᠦ