ᠥᠯᠵᠡᠶᠢᠲᠦ ᠰᠤᠮᠤ (ᠳᠤᠮᠳᠠᠭᠤᠪᠢ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠥᠯᠵᠡᠶᠢᠲᠦ ᠨᠢ ᠳᠤᠮᠳᠠᠭᠤᠪᠢ ᠠᠶᠢᠮᠠᠭ ᠤᠨ ᠰᠤᠮᠤ ᠶᠤᠮ᠃

ᠥᠯᠵᠡᠶᠢᠲᠦ ᠰᠤᠮᠤ ᠶᠢᠨ ᠲᠠᠨᠢᠯᠴᠠᠭᠤᠯᠭ᠎ᠠ

ᠲᠦᠰᠢᠶᠡᠲᠦ ᠬᠠᠨ ᠠᠶᠢᠮᠠᠭ ᠤᠨ ᠭᠣᠪᠢ ᠲᠦᠰᠢᠶ᠎ᠡ ᠭᠦᠨ ᠦ ᠬᠣᠰᠢᠭᠤ ᠨᠢ 1924 ᠣᠨ ᠳᠤ ᠶᠠᠪᠤᠭᠳᠠᠭᠰᠠᠨ ᠵᠠᠰᠠᠭ ᠵᠠᠬᠢᠷᠭᠠᠨ ᠤ ᠵᠣᠬᠢᠶᠠᠨ ᠪᠠᠶᠢᠭᠤᠯᠤᠯᠲᠠ ᠪᠠᠷ ᠠᠶᠢᠮᠠᠭ ᠬᠣᠱᠤᠳ ᠤᠨ ᠨᠡᠷ᠎ᠡ ᠶᠢ ᠰᠤᠯᠢᠵᠤ ᠪᠣᠭᠳᠠᠬᠠᠨ ᠠᠶᠢᠮᠠᠭ ᠤᠨ ᠳᠡᠯᠭᠡᠷᠬᠠᠩᠭᠠᠢ ᠤᠤᠯ ᠤᠨ ᠬᠣᠰᠢᠭᠤᠨ ᠤ ᠥᠯᠵᠡᠶᠢᠲᠦ ᠰᠤᠮᠤ ᠶᠢ 《ᠥᠪᠥᠷ ᠳᠡᠷᠡᠰᠦᠨ᠎ᠡ ᠤᠰᠤ》 ᠍ ᠍ ᠳᠦ ᠰᠦ᠋ᠷᠦᠩᠬᠣᠷ ᠵᠠᠩᠭᠢ ᠬᠡᠮᠡᠬᠦ ᠳᠠᠷᠭ᠎ᠠ ᠲᠠᠢ ᠪᠠᠷ ᠪᠠᠶᠢᠭᠤᠯᠤᠭᠰᠠᠨ ᠠᠴᠠ ᠬᠣᠶᠢᠰᠢ ᠭᠦᠨ ᠦᠨᠡᠭᠡᠳ᠂ ᠲᠠᠭᠲᠤ ᠵᠡᠷᠭᠡ ᠭᠠᠵᠠᠷ ᠤᠳ ᠲᠤ ᠲᠥᠪᠯᠡᠷᠡᠵᠦ ᠣᠳᠣ ᠶᠢᠨ ᠷᠠᠰᠢᠶᠠᠨ ᠳᠤ ᠬᠡᠮᠡᠬᠦ ᠠᠭᠤᠯᠠ ᠤᠰᠤ ᠲᠠᠢ ᠭᠠᠵᠠᠷ ᠢ ᠲᠦᠰᠢᠭᠯᠡᠵᠦ ᠲᠥᠪᠯᠡᠷᠡᠨ ᠬᠥᠭᠵᠢᠵᠦ ᠪᠠᠶᠢᠨ᠎ᠠ᠃ ᠭᠣᠪᠢ ᠶᠢᠨ ᠬᠢᠨ ᠤ ᠬᠡᠯᠡᠳᠡᠭ ᠢᠶᠡᠷ 《ᠲᠡᠮᠡᠭᠡᠨ ᠦ ᠨᠢᠷᠤᠭᠤᠨ ᠳᠡᠭᠡᠷ᠎ᠡ ᠶᠠᠪᠤᠭᠰᠠᠨ》 ᠲᠤᠰ ᠰᠤᠮᠤ ᠶᠢᠨ ᠲᠡᠦᠬᠡ ᠢᠩᠭᠢᠵᠦ ᠡᠬᠢᠯᠡᠭᠰᠡᠨ ᠪᠦᠯᠦᠭᠡ᠃

1956 ᠣᠨ ᠠᠴᠠ ᠡᠬᠢᠯᠡᠨ ᠨᠤᠲᠤᠭ ᠤᠨ ᠠᠷᠠᠳ ᠤᠳ 《ᠢᠯᠠᠯᠲᠠ》 , 《ᠬᠣᠶᠠᠳᠤᠭᠠᠷ ᠲᠠᠪᠤᠨ ᠵᠢᠯ》,》ᠳᠠᠶᠢᠴᠢᠨ ᠨᠥᠬᠥᠷᠯᠡᠯ᠂ 《ᠬᠥᠭᠵᠢᠯ ᠦᠨ ᠵᠠᠮ》, 《ᠰᠢᠨ᠎ᠡ ᠥᠷᠨᠢᠯᠲᠡ》, 《ᠭᠤᠴᠢᠨ ᠳᠣᠯᠣᠭᠠᠨ ᠵᠢᠯ》 ᠨᠢᠭᠡᠳᠦᠯ ᠦᠳ ᠢ ᠪᠤᠢ ᠪᠣᠯᠭᠠᠵᠠᠢ᠃ 1961 ᠣᠨ ᠳᠤ ᠥᠯᠵᠡᠶᠢᠲᠦ᠂ ᠪᠤᠶᠠᠨᠲᠤ ᠣᠪᠣᠭ᠎ᠠ ᠰᠤᠮᠤ᠂ ᠲᠡᠳᠡᠭᠡᠷ ᠦᠨ 6 ᠨᠢᠭᠡᠳᠦᠯ ᠢ ᠨᠢᠭᠡᠳᠬᠡᠵᠦ᠂ ᠥᠯᠵᠡᠶᠢᠲᠦ ᠰᠤᠮᠤ᠂ 《ᠬᠣᠶᠠᠳᠤᠭᠠᠷ ᠲᠠᠪᠤᠨ ᠵᠢᠯ》 ᠨᠢᠭᠡᠳᠦᠯ ᠬᠡᠮᠡᠨ ᠨᠡᠷᠡᠯᠡᠭᠰᠡᠨ ᠲᠡᠦᠬᠡ ᠲᠡᠢ᠃ ᠥᠯᠵᠡᠶᠢᠲᠦ ᠰᠤᠮᠤ ᠨᠢ ᠬᠣᠶᠢᠳᠤ ᠲᠠᠯ᠎ᠠ ᠪᠠᠷ ᠢᠶᠠᠨ ᠥᠪᠡᠷ ᠦᠨ ᠠᠶᠢᠮᠠᠭ ᠤᠨ ᠬᠤᠯᠠ ᠳᠤ᠂ ᠯᠠᠭᠤᠰᠠ᠂ ᠰᠠᠶᠢᠨᠴᠠᠭᠠᠨ᠂ ᠵᠡᠭᠦᠨ ᠲᠠᠯ᠎ᠠ ᠪᠠᠷ ᠢᠶᠠᠨ ᠭᠤᠷᠪᠠᠨᠰᠠᠶᠢᠬᠠᠨ᠂ ᠥᠨᠳᠥᠷᠰᠢᠯ᠂ ᠳᠣᠷᠣᠨᠠᠭᠣᠪᠢ ᠠᠶᠢᠮᠠᠭ ᠤᠨ ᠮᠠᠨᠳᠤᠬᠤ ᠰᠤᠮᠤ ᠳᠤ᠂ ᠤᠷᠢᠳᠤ ᠲᠠᠯ᠎ᠠ ᠪᠠᠷ ᠢᠶᠠᠨ ᠡᠮᠦᠨᠡᠭᠣᠪᠢ ᠠᠶᠢᠮᠠᠭ ᠤᠨ ᠮᠠᠩᠯᠠᠢ᠂ ᠴᠣᠭᠲᠤ ᠴᠡᠴᠡᠢ᠂ ᠴᠣᠭᠲᠤ ᠣᠪᠣᠭ᠎ᠠ ᠰᠤᠮᠤᠳ ᠲᠠᠢ ᠬᠢᠯᠢᠯᠡᠨ ᠣᠷᠣᠰᠢᠳᠠᠭ᠃ ᠰᠤᠮᠤ ᠶᠢᠨ ᠲᠥᠪ ᠷᠠᠰᠢᠶᠠᠨ ᠳᠤ ᠨᠢ ᠤᠯᠠᠭᠠᠨᠪᠠᠭᠠᠲᠤᠷ ᠬᠣᠲᠠ ᠠᠴᠠ 365 ᠺᠢᠯᠣᠮᠧᠲ᠋ᠷ᠂ ᠠᠶᠢᠮᠠᠭ ᠤᠨ ᠢᠶᠠᠨ ᠲᠥᠪ ᠡᠴᠡ 100 ᠺᠢᠯᠣᠮᠧᠲ᠋ᠷ ᠳᠦ ᠪᠠᠶᠢᠷᠢᠯᠠᠳᠠᠭ᠃ ᠰᠤᠮᠤ ᠨᠢ ᠵᠡᠭᠦᠨ ᠡᠴᠡ ᠪᠡᠨ ᠪᠠᠷᠠᠭᠤᠨ ᠬᠢᠯᠢ ᠬᠦᠷᠲᠡᠯ᠎ᠡ 220 ᠺᠢᠯᠣᠮᠧᠲ᠋ᠷ᠂ ᠬᠣᠶᠢᠨ᠎ᠠ ᠠᠴᠠ ᠪᠠᠨ ᠤᠷᠳᠤ ᠬᠢᠯᠢ ᠬᠦᠷᠲᠡᠯ᠎ᠡ 160 ᠺᠢᠯᠣᠮᠧᠲ᠋ᠷ ᠰᠤᠨᠵᠤ ᠲᠣᠭᠲᠠᠭᠰᠠᠨ 1542.1 ᠮᠢᠩᠭᠠᠨ ᠭᠠ ᠨᠤᠲᠤᠭ ᠳᠡᠪᠢᠰᠬᠡᠷ ᠲᠡᠢ᠃ ᠡᠨᠡ ᠨᠢ ᠳᠤᠮᠳᠠᠭᠤᠪᠢ ᠠᠶᠢᠮᠠᠭ ᠤᠨ ᠨᠡᠶᠢᠲᠡ ᠨᠤᠲᠤᠭ ᠤᠨ 1-5 ᠍ ᠍ ᠲᠡᠢ ᠲᠡᠩᠴᠡᠬᠦ ᠥᠷᠭᠡᠨ ᠠᠭᠤᠳᠠᠮ ᠨᠤᠲᠤᠭ ᠶᠤᠮ᠃ ᠰᠤᠮᠤ ᠵᠠᠰᠠᠭ ᠵᠠᠬᠢᠷᠭᠠᠨ ᠤ ᠨᠢᠭᠡᠴᠡ ᠪᠣᠯᠬᠤ 8 ᠪᠠᠭ ᠲᠠᠢ ᠪᠠᠶᠢᠭᠰᠠᠨ ᠢᠶᠠᠨ 2004 ᠣᠨ ᠳᠤ 6 ᠪᠠᠭ ᠪᠣᠯᠭᠠᠨ ᠵᠣᠬᠢᠶᠠᠨ ᠪᠠᠶᠢᠭᠤᠯᠵᠤ 1.2 ᠍ ᠍ ᠳᠦᠭᠡᠷ ᠪᠠᠭ ᠤᠳ ᠬᠡᠰᠦᠷᠡᠭᠡᠳ᠂ 3 ᠍ ᠍ ᠳᠦᠭᠡᠷ ᠪᠠᠭ ᠲᠠᠭᠲᠤ ᠳᠤ᠂ 4.5.6 ᠍ ᠍ ᠳᠦᠭᠡᠷ ᠪᠠᠭ ᠤᠳ ᠳᠡᠷᠲᠦ ᠳᠦ ᠪᠤᠶᠤ ᠰᠤᠮᠤ ᠶᠢᠨ ᠲᠥᠪ ᠲᠦ ᠲᠥᠪᠯᠡᠷᠡᠵᠦ ᠪᠠᠶᠢᠨ᠎ᠠ᠃ ᠰᠤᠮᠤ ᠶᠢᠨ ᠡᠷᠦᠬᠡ ᠬᠦᠮᠦᠨ ᠠᠮᠠ᠂ ᠮᠠᠯ ᠰᠦᠷᠦᠭ 1973 ᠣᠨ ᠤ 3 ᠍ ᠍ ᠳᠦᠭᠡᠷ ᠰᠠᠷ᠎ᠠ ᠳᠤ ᠥᠯᠵᠡᠶᠢᠲᠦ ᠰᠤᠮᠤ 2 ᠲᠦᠮᠡᠨ ᠲᠡᠮᠡᠭᠡ ᠲᠡᠢ ᠪᠣᠯᠵᠤ ᠮᠣᠩᠭᠣᠯ ᠤᠯᠤᠰ ᠤᠨ ᠲᠡᠦᠬᠡᠨ ᠳᠦ ᠠᠩᠬ᠎ᠠ ᠤᠳᠠᠭ᠎ᠠ 《ᠲᠡᠮᠡᠭᠡᠴᠢᠳ ᠦᠨ ᠪᠠᠶᠠᠷ》 ᠍ ᠍ ᠢ ᠬᠢᠵᠦ᠂ ᠡᠨᠡ ᠦᠶ᠎ᠡ ᠪᠡᠷ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠷᠢᠶᠠᠨ ᠤ ᠤᠯᠤᠰ ᠲᠥᠷᠥ ᠶᠢᠨ ᠲᠣᠪᠴᠢᠶ᠎ᠠ ᠶᠢᠨ ᠭᠡᠰᠢᠭᠦᠨ᠂ ᠨᠠᠮ ᠤᠨ ᠲᠥᠪ ᠬᠣᠷᠢᠶᠠᠨ ᠤ ᠨᠠᠷᠢᠨ ᠪᠢᠴᠢᠭ ᠦᠨ ᠳᠠᠷᠤᠭ᠎ᠠ ᠨ᠃ᠵᠠᠭᠸᠠᠷᠠᠯ᠂ ᠬᠥᠳᠡᠭᠡ ᠠᠵᠤ ᠠᠬᠤᠢ ᠶᠢᠨ ᠶᠠᠮᠤ ᠤ ᠰᠠᠶᠢᠳ ᠮ᠃ᠳᠠᠰᠢ ᠨᠠᠷ ᠢᠷᠡᠵᠦ ᠣᠷᠣᠯᠴᠠᠵᠤ ᠪᠠᠶᠢᠯ᠎ᠠ᠃ 1999-2000 ᠣᠨ ᠳᠤ ᠲᠣᠬᠢᠶᠠᠭᠰᠠᠨ ᠭᠠᠨ ᠵᠤᠳᠠᠨ ᠤ ᠤᠷᠰᠢᠭ ᠢᠶᠠᠷ ᠲᠤᠰ ᠰᠤᠮᠤ ᠶᠢᠨ ᠨᠡᠶᠢᠲᠡ ᠮᠠᠯ ᠰᠦᠷᠦᠭ ᠦᠨ ᠲᠣᠭ᠎ᠠ ᠲᠣᠯᠣᠭᠠᠢ ᠣᠭᠴᠣᠮ ᠪᠠᠭᠤᠷᠠᠭᠰᠠᠨ ᠪᠢᠯᠡ᠃ ᠨᠥᠭᠦᠭᠡᠲᠡᠶᠢᠭᠦᠷ ᠲᠡᠮᠡᠭᠡᠨ ᠰᠦᠷᠦᠭ ᠦᠨ ᠲᠣᠭ᠎ᠠ ᠲᠣᠯᠣᠭᠠᠢ ᠪᠠᠭᠤᠷᠠᠭᠰᠠᠭᠠᠷ ᠪᠠᠶᠢᠭ᠎ᠠ ᠠᠨᠢᠰᠤ ᠰᠡᠳᠬᠢᠯ ᠡᠮᠵᠡᠭᠯᠡᠭᠦᠯᠦᠭᠰᠡᠨ ᠨᠢᠭᠡ ᠠᠰᠠᠭᠤᠳᠠᠯ ᠶᠤᠮ᠃ ᠲᠡᠮᠡᠭᠡ ᠶᠢ ᠥᠰᠬᠡᠬᠦ ᠵᠣᠷᠢᠯᠭ᠎ᠠ ᠪᠠᠷ ᠣᠷᠣᠨ ᠨᠤᠲᠤᠭ ᠠᠴᠠ ᠪᠣᠳᠣᠯᠭ᠎ᠠ ᠪᠣᠯᠪᠠᠰᠤᠷᠠᠭᠤᠯᠵᠤ᠂ ᠦᠢᠯᠡ ᠠᠵᠢᠯᠯᠠᠭ᠎ᠠ ᠶᠢ ᠴᠢᠭᠯᠡᠭᠦᠯᠵᠦ ᠡᠬᠢᠯᠡᠭᠡᠳ ᠪᠠᠶᠢᠨ᠎ᠠ᠃ ᠰᠤᠮᠤᠨ ᠳᠠᠬᠤ ᠦᠢᠯᠡ ᠠᠵᠢᠯᠯᠠᠭ᠎ᠠ ᠶᠠᠪᠤᠭᠤᠯᠵᠤ ᠪᠤᠢ ᠪᠠᠶᠢᠭᠤᠯᠤᠯᠭ᠎ᠠ ᠨᠤᠭᠤᠳ: ᠰᠤᠮᠤ ᠶᠢᠨ ᠢᠷᠭᠡᠨ ᠦ ᠲᠥᠯᠥᠭᠡᠯᠡᠭᠴᠢᠳ ᠦᠨ ᠬᠤᠷᠠᠯ ᠤᠨ ᠰᠢᠨ᠎ᠡ ᠦᠨᠳᠦᠰᠦᠨ ᠬᠠᠤᠯᠢ ᠶᠢᠨ ᠳᠠᠭᠠᠤ ᠡᠮᠬᠢᠯᠡᠨ ᠵᠣᠬᠢᠶᠠᠨ ᠪᠠᠶᠢᠭᠤᠯᠤᠭᠳᠠᠵᠤ᠂ ᠡᠳᠦᠭᠡ 20 ᠲᠥᠯᠥᠭᠡᠯᠡᠭᠴᠢ᠂ ᠣᠷᠣᠨ ᠲᠣᠭᠠᠨ ᠤ ᠪᠤᠰᠤ 7 ᠲᠡᠷᠢᠭᠦᠯᠡᠭᠴᠢ᠂ ᠢᠷᠭᠡᠨ ᠦ ᠲᠥᠯᠥᠭᠡᠯᠡᠭᠴᠢᠳ ᠦᠨ ᠬᠤᠷᠠᠯ ᠤᠨ ᠲᠡᠷᠢᠭᠦᠯᠡᠭᠴᠢᠳ ᠦᠨ ᠳᠠᠷᠤᠭ᠎ᠠ 1, ᠢᠷᠭᠡᠨ ᠦ ᠲᠥᠯᠥᠭᠡᠯᠡᠭᠴᠢᠳ ᠦᠨ ᠬᠤᠷᠠᠯ ᠶᠢᠨ ᠨᠠᠷᠢᠨ ᠪᠢᠴᠢᠭ ᠦᠨ ᠳᠠᠷᠤᠭ᠎ᠠ 1 ᠭᠡᠰᠡᠨ ᠪᠥᠷᠢᠯᠳᠦᠬᠡᠬᠦᠨ ᠲᠡᠢ ᠪᠡᠷ ᠠᠵᠢᠯᠯᠠᠳᠠᠭ᠃ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ 12 ᠬᠦᠮᠦᠨ ᠦ ᠪᠦᠷᠢᠯᠳᠦᠬᠦᠨ ᠲᠡᠢ ᠪᠠᠶᠢᠭ᠎ᠠ ᠶᠢᠨ ᠳᠣᠲᠣᠷ᠎ᠠ ᠤᠳᠤᠷᠢᠳᠬᠤ ᠠᠵᠢᠯᠲᠠᠨ 3, ᠭᠦᠢᠴᠡᠳᠭᠡᠬᠦ 5, ᠦᠢᠯᠡᠴᠢᠯᠡᠬᠦ 4 ᠠᠵᠢᠯᠲᠠᠨ ᠲᠠᠢ ᠪᠠᠷ ᠲᠤᠰ ᠲᠤᠰ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃ ᠮᠥᠨ ᠨᠡᠶᠢᠭᠡᠮ ᠤᠨ ᠳᠠᠭᠠᠳᠬᠠᠯ ᠤᠨ᠂ ᠲᠠᠲᠠᠪᠤᠷᠢ ᠶᠢᠨ ᠪᠣᠯᠤᠨ ᠲᠥᠰᠥᠯ ᠬᠥᠲᠥᠯᠪᠦᠷᠢ ᠶᠢᠨ ᠰᠠᠯᠪᠤᠷᠢ ᠨᠤᠭᠤᠳ ᠠᠵᠢᠯᠯᠠᠵᠤ ᠪᠠᠶᠢᠨ᠎ᠠ᠃ ᠠᠯᠤᠰᠯᠠᠭᠳᠠᠭᠰᠠᠨ ᠪᠠᠭ ᠤᠳ ᠤᠨ ᠲᠥᠪᠡᠳ ᠪᠣᠭᠣᠨᠢ ᠳᠣᠯᠢᠭᠠᠨ ᠤ ᠷᠠᠳᠢᠣ᠋ ᠬᠣᠯᠪᠣᠭ᠎ᠠ᠂ ᠰᠤᠶᠤᠯ ᠤᠨ ᠲᠣᠬᠢᠵᠢᠭᠤᠯᠤᠭᠰᠠᠨ ᠲᠥᠪ ᠦᠳ᠂ ᠬᠤᠳᠠᠯᠳᠤᠭᠠᠨ ᠤ ᠴᠡᠭ᠂ ᠡᠪᠡᠰᠦ ᠲᠡᠵᠢᠭᠡᠯ ᠦᠨ ᠠᠭᠤᠯᠬᠤ᠂ ᠹᠣᠨᠳ᠋ ᠍ ᠍ ᠲᠠᠢ ᠠᠴᠠ ᠭᠠᠳᠠᠨ᠎ᠠ ᠪᠤᠶᠠᠨᠲᠤ ᠳᠤ ᠬᠦᠮᠦᠨ ᠦ ᠪᠠᠭ᠎ᠠ ᠡᠮᠴᠢ ᠶᠢᠨ ᠰᠠᠯᠪᠤᠷᠢ᠂ ᠰᠢᠲᠠᠬᠤᠨ ᠲᠦᠭᠡᠭᠡᠬᠦ ᠰᠲ᠋ᠠᠨᠼ ᠲᠣᠭᠲᠠᠮᠠᠯ ᠠᠵᠢᠯᠯᠠᠵᠤ ᠪᠠᠶᠢᠨ᠎ᠠ᠃ ᠬᠡᠦᠬᠡᠳ ᠦᠨ ᠴᠡᠴᠡᠷᠯᠢᠭ ᠨᠢ ᠠᠩᠬ᠎ᠠ 1963 ᠣᠨ ᠳᠤ 2 ᠣᠷᠣᠨ ᠲᠣᠭᠠᠲᠠᠢ ᠪᠠᠷ ᠡᠭᠦᠰᠬᠡᠨ ᠪᠠᠶᠢᠭᠤᠯᠤᠭᠳᠠᠭᠰᠠᠨ ᠪᠣᠯ 1970 ᠣᠨ ᠳᠤ 5 ᠠᠵᠢᠯᠲᠠᠨ ᠲᠠᠢ᠂ 25 ᠬᠡᠦᠬᠡᠳ ᠲᠡᠢ᠂ 1974 ᠣᠨ ᠳᠤ 7 ᠣᠷᠣᠨ ᠲᠣᠭ᠎ᠠ ᠲᠠᠢ᠂ 50 ᠬᠡᠦᠬᠡᠳ ᠲᠡᠢ ᠭᠡᠬᠦ ᠵᠡᠷᠭᠡ ᠪᠡᠷ ᠥᠷᠭᠡᠵᠢᠭᠰᠡᠨ ᠠᠶᠤᠨ᠎ᠠ᠃ ᠣᠳᠣ ᠶᠢᠨ ᠦᠢᠯᠡ ᠠᠵᠢᠯᠯᠠᠭ᠎ᠠ ᠶᠠᠪᠤᠭᠤᠯᠵᠤ ᠪᠤᠢ ᠪᠠᠷᠢᠯᠭ᠎ᠠ ᠶᠢ 1990 ᠣᠨ ᠳᠤ ᠠᠰᠢᠭᠯᠠᠯᠲᠠ ᠳᠤ ᠣᠷᠣᠭᠤᠯᠵᠠᠢ᠃ ᠥᠨᠥᠳᠥᠷ ᠦᠨ ᠪᠠᠶᠢᠳᠠᠯ ᠢᠶᠠᠷ 90 ᠬᠡᠦᠬᠡᠳ ᠦᠨ ᠬᠦᠴᠦᠨ ᠴᠢᠳᠠᠯ ᠲᠠᠢ᠂ 12 ᠠᠵᠢᠯᠲᠠᠨ ᠲᠠᠢ ᠪᠠᠷ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃ 2006 ᠣᠨ ᠳᠤ 108 ᠬᠡᠦᠬᠡᠳ ᠢ ᠴᠡᠴᠡᠷᠯᠢᠭ ᠲᠦ ᠬᠠᠮᠤᠷᠤᠭᠤᠯᠤᠭᠰᠠᠨ ᠪᠥᠭᠡᠳ ᠪᠠᠭ ᠤᠨ ᠲᠥᠪ ᠦᠳ ᠲᠦ 《ᠭᠡᠷ ᠴᠡᠴᠡᠷᠯᠢᠭ》 ᠍ ᠍ ᠢ ᠠᠵᠢᠯᠯᠠᠭᠤᠯᠤᠭᠰᠠᠨ ᠢᠶᠠᠷ ᠰᠤᠷᠭᠠᠭᠤᠯᠢ ᠶᠢᠨ ᠡᠮᠦᠨᠡᠬᠢ ᠨᠠᠰᠤᠨ ᠤ ᠬᠡᠦᠬᠡᠳ ᠦᠨ ᠴᠡᠴᠡᠷᠯᠢᠭ ᠲᠦᠬᠠᠮᠤᠷᠤᠭᠳᠠᠯ ᠳᠤ ᠥᠰ ᠥᠰᠴᠦ ᠪᠠᠶᠢᠨ᠎ᠠ᠃ ᠲᠤᠰ ᠰᠤᠮᠤ 1939 ᠣᠨ ᠳᠤ ᠳᠠᠯᠠᠢ ᠶᠢᠨ ᠬᠡᠶᠢᠳ ᠦᠨ ᠰᠠᠭᠤᠷᠢᠨ ᠳᠡᠭᠡᠷ᠎ᠡ ᠪᠠᠶᠢᠬᠤ ᠳᠤ ᠪᠠᠨ ᠥᠨᠥ ᠶᠢᠨ ᠰᠤᠶᠤᠯ ᠤᠨ ᠲᠥᠪ ᠦᠨ ᠡᠬᠢ ᠡᠭᠦᠰᠪᠦᠷᠢ ᠶᠢᠨ ᠠᠩᠬ᠎ᠠ ᠲᠠᠯᠪᠢᠵᠠᠢ᠃ 1945 ᠣᠨ ᠳᠤ ᠤᠯᠠᠭᠠᠨ ᠭᠡᠷ ᠢ 《ᠤᠯᠠᠭᠠᠨ ᠪᠤᠯᠤᠨ》 ᠪᠣᠯᠭᠠᠨ ᠥᠷᠭᠡᠵᠢᠭᠦᠯᠵᠦ ᠣᠷᠣᠨ ᠲᠣᠭᠠᠨ ᠤ ᠡᠷᠬᠢᠯᠡᠭᠴᠢ ᠲᠣᠮᠢᠯᠠᠨ ᠠᠵᠢᠯᠯᠠᠭᠤᠯᠤᠭᠰᠠᠨ ᠪᠠᠶᠢᠨ᠎ᠠ᠃ ᠥᠨᠥ ᠶᠢᠨ ᠰᠤᠶᠤᠯ ᠤᠨ ᠲᠥᠪ ᠦᠨ ᠪᠠᠷᠢᠯᠭ᠎ᠠ 1974 ᠣᠨ ᠳᠤ ᠠᠰᠢᠭᠯᠠᠯᠲᠠ ᠳᠤ ᠣᠷᠣᠭᠰᠠᠨ᠂ 1977 ᠣᠨ ᠳᠤ ᠺᠯᠥ᠋ᠪ ᠤᠨ ᠳᠡᠷᠭᠡᠳᠡ 《ᠰᠣᠷᠢᠨᠵᠢᠨ》 ᠠᠷᠠᠳ ᠤᠨ ᠲᠢᠶᠠᠲ᠋ᠷ ᠢ ᠪᠠᠶᠢᠭᠤᠯᠵᠠᠢ᠃ ᠥᠨᠥᠳᠥᠷ ᠰᠤᠶᠤᠯ ᠤᠨ ᠲᠥᠪ 5 ᠣᠷᠣᠨ ᠲᠣᠭᠠᠲᠠᠢ ᠪᠠᠷ ᠢᠷᠭᠡᠳ ᠲᠦ ᠦᠢᠯᠡᠴᠢᠯᠡᠵᠦ ᠪᠠᠶᠢᠨ᠎ᠠ᠃ ᠥᠯᠵᠡᠶᠢᠲᠦ ᠰᠤᠮᠤ ᠶᠢᠨ ᠬᠦᠮᠦᠨ ᠡᠮᠨᠡᠯᠭᠡ ᠠᠩᠬ᠎ᠠ 1937 ᠣᠨ ᠤ 5 ᠰᠠᠷ᠎ᠠ ᠳᠤ ᠪᠠᠶᠢᠭᠤᠯᠤᠭᠳᠠᠭᠰᠠᠨ ᠲᠡᠦᠬᠡ ᠲᠡᠢ᠃ 1966 ᠣᠨ ᠳᠤ ᠶᠡᠬᠡ ᠡᠮᠴᠢ ᠶᠢᠨ ᠰᠠᠯᠪᠤᠷᠢ ᠪᠣᠯᠵᠤ ᠣᠳᠣ ᠲᠤᠰ¥ᠰ ᠰᠤᠮᠤ ᠶᠢᠨ ᠡᠮᠨᠡᠯᠭᠡ 12 ᠣᠷᠣᠲᠠᠢ ᠪᠠᠷ᠂ ᠪᠤᠶᠠᠨᠲᠤ ᠳᠤ 2 ᠣᠷᠣ ᠲᠠᠢ ᠪᠠᠭ᠎ᠠ ᠡᠮᠴᠢ ᠶᠢᠨ ᠰᠠᠯᠪᠤᠷᠢ ᠲᠤᠰ ᠲᠤᠰ ᠠᠵᠢᠯᠯᠠᠵᠤ᠂ ᠪᠦᠭᠦᠳᠡ 19 ᠠᠵᠢᠯᠲᠠᠨ ᠲᠠᠢ ᠪᠠᠶᠢᠨ᠎ᠠ᠃ 6 ᠪᠠᠭ ᠤᠨ 4 ᠪᠠᠭ ᠨᠢ ᠪᠡᠶ᠎ᠡ ᠳᠠᠭᠠᠭᠰᠠᠨ ᠪᠠᠭ ᠤᠨ ᠠᠭ᠎ᠠ᠎ᠡ ᠪᠠᠭ᠎ᠠ ᠡᠮᠴᠢ ᠲᠡᠢ᠃ 1.2 ᠪᠠᠭ ᠳᠤᠮᠳᠠ ᠶᠢᠨ ᠡᠮᠴᠢ ᠲᠡᠢ ᠪᠥᠭᠡᠳ ᠪᠤᠰᠤᠳ ᠪᠠᠭ ᠤᠳ ᠰᠤᠮᠤ ᠶᠢᠨ ᠲᠥᠪ ᠦᠨ ᠬᠦᠮᠦᠨ ᠡᠮᠨᠡᠯᠭᠡ ᠳᠦ ᠬᠠᠷᠢᠶᠠᠯᠠᠭᠳᠠᠳᠠᠭ ᠪᠣᠯᠤᠨ᠎ᠠ᠃ ᠰᠤᠮᠤ ᠶᠢᠨ ᠮᠠᠯ ᠡᠮᠨᠡᠯᠭᠡ ᠨᠢ 1937 ᠣᠨ ᠳᠤ ᠠᠩᠬ᠎ᠠ ᠭᠦᠨ ᠦᠨᠡᠭᠡ ᠲᠡᠢ ᠳᠦ 5 ᠬᠠᠨᠠᠲᠤ ᠭᠡᠷ ᠢ ᠪᠠᠷᠢᠵᠤ᠂ ᠰᠠᠨᠢᠲ᠋ᠠᠷ ᠪᠠᠯᠳᠠᠨᠳᠣᠷᠵᠢ ᠭᠡᠳᠡᠭ ᠬᠦᠮᠦᠨ ᠠᠵᠢᠯᠯᠠᠵᠤ ᠪᠠᠶᠢᠪᠠ᠃ 1959 ᠣᠨ ᠳᠤ ᠶᠡᠬᠡ ᠡᠮᠴᠢ ᠶᠢᠨ ᠰᠠᠯᠪᠤᠷᠢ ᠪᠣᠯᠤᠭᠰᠠᠨ᠃ ᠲᠤᠰ ᠮᠠᠯ ᠡᠮᠨᠡᠯᠭᠡ 1999 ᠣᠨ ᠳᠤ ᠬᠤᠪᠴᠠᠯᠠᠭᠳᠠᠵᠤ ᠡᠳᠦᠭᠡ 《 ᠠᠯᠲᠠᠭᠠᠨ᠎ᠠ ᠥᠯᠵᠡᠶᠢᠲᠦ》, 《ᠶᠤᠸᠠᠮᠪᠤᠤ ᠳᠤ ᠪᠤᠯᠠᠭ》 ᠭᠡᠰᠡᠨ 2 ᠮᠠᠯ ᠡᠮᠨᠡᠯᠭᠡ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃ ᠡᠨᠳᠡ ᠳᠤᠷᠠᠳᠬᠤ ᠳᠤ ᠲᠤᠰ ᠰᠤᠮᠤᠨ ᠳᠤ ХААН ᠪᠣᠯᠤᠨ ᠮᠣᠩᠭᠣᠯ ᠰᠢᠤᠳᠠᠨ ᠪᠠᠩᠬᠢᠨ ᠤ ᠰᠠᠯᠪᠤᠷᠢ ᠨᠤᠭᠤᠳ ᠤᠨ ᠦᠢᠯᠡᠴᠢᠯᠡᠭᠡ ᠲᠣᠭᠲᠠᠮᠠᠯᠵᠢᠵᠤ᠂ ᠬᠠᠰ ᠪᠠᠩᠬᠢᠨ ᠤ ᠶᠠᠪᠤᠭᠤᠯ ᠤᠨ ᠦᠢᠯᠡᠴᠢᠯᠡᠭᠡ ᠶᠢ ᠨᠡᠪᠲᠡᠷᠡᠭᠦᠯᠦᠭᠡᠳ ᠪᠠᠶᠢᠨ᠎ᠠ᠃ ᠡᠭᠦᠨ ᠦ ᠵᠡᠷᠭᠡᠴᠡᠭᠡ МЦХ᠂ ᠱᠤᠤᠳᠠᠩ ᠤᠨ ᠦᠢᠯᠡᠴᠢᠯᠡᠭᠡ 《ᠡᠪ ᠮᠠᠨᠳᠤᠯ》, 《ᠪᠢᠪᠠ》, 《ᠥᠩ ᠳᠦ ᠥᠯᠵᠡᠶᠢᠲᠦ》 ᠵᠡᠷᠭᠡ ᠬᠤᠪᠢ ᠤᠨ ᠬᠡᠪᠰᠢᠯ ᠦᠨ ᠣᠯᠠᠨ ААН, ХХК ᠍ ᠍ ᠤᠳ᠂ ᠲᠥᠷᠥ ᠶᠢᠨ ᠪᠤᠰᠤ ᠪᠠᠶᠢᠭᠤᠯᠤᠯᠭ᠎ᠠ ᠤᠳ᠂ ХЗХ᠂ ᠮᠠᠯᠴᠢᠳ ᠤᠨ ᠰᠠᠶᠢᠨ ᠳᠤᠷ᠎ᠠ ᠶᠢᠨ ᠪᠦᠯᠦᠭ ᠨᠥᠬᠥᠷᠯᠡᠯ ᠦᠳ ᠦᠢᠯᠡ ᠠᠵᠢᠯᠯᠠᠭ᠎ᠠ ᠶᠠᠪᠤᠭᠤᠯᠳᠠᠭ᠃ ᠰᠤᠮᠤ ᠨᠢᠭᠡᠳᠦᠯ ᠦᠨ ᠳᠠᠷᠤᠭ᠎ᠠ ᠪᠠᠷ ᠠᠵᠢᠯᠯᠠᠵᠤ ᠪᠠᠶᠢᠭᠰᠠᠨ ᠬᠦᠮᠦᠰ: 1924-1927 ᠣᠨ ᠳᠤ ᠰᠤᠮᠤ ᠶᠢᠨ ᠳᠠᠷᠤᠭ᠎ᠠ ᠪᠠᠷ ᠠᠵᠢᠯᠯᠠᠵᠤ ᠪᠠᠶᠢᠭᠰᠠᠨ ᠰᠦ᠋ᠷᠦᠩᠬᠣᠷ ᠵᠠᠩᠭᠢᠶᠠᠰᠤ ᠬᠣᠶᠢᠰᠢ ᠰᠤᠮᠤ ᠨᠢᠭᠡᠳᠦᠯ ᠦᠨ ᠳᠠᠷᠤᠭ᠎ᠠ᠂ ᠵᠠᠰᠠᠭ ᠳᠠᠷᠤᠭ᠎ᠠ᠂ ᠢᠷᠭᠡᠨ ᠦ ᠲᠥᠯᠥᠭᠡᠯᠡᠭᠴᠢᠳ ᠦᠨ ᠬᠤᠷᠠᠯ ᠤᠨ ᠲᠡᠷᠢᠭᠦᠯᠡᠭᠴᠢᠳ ᠦᠨ ᠳᠠᠷᠤᠭ᠎ᠠ ᠵᠡᠷᠭᠡ ᠳᠦ 40 ᠣᠷᠴᠢᠮ ᠬᠦᠮᠦᠨ ᠠᠵᠢᠯᠯᠠᠵᠤ ᠪᠠᠶᠢᠭᠰᠠᠨ ᠪᠣᠯᠤᠯᠲᠠᠢ᠃ ᠲᠡᠳᠡᠨ ᠡᠴᠡ ᠳᠤᠷᠠᠳᠪᠠᠯ: ᠰᠤᠮᠤ ᠶᠢᠨ ᠨᠢᠭᠡᠳᠦᠯ ᠦᠨ ᠳᠠᠷᠤᠭ᠎ᠠ ᠪᠠᠷ ᠤ᠃ᠡᠷᠡᠨ ᠳᠤ ᠪᠠᠨ᠂ ᠮᠥᠩᠬᠡ ᠪᠡᠨ᠂ ᠬ᠃ᠫᠦᠨᠴᠠᠭᠳᠠᠰᠢ᠂ ᠫ᠃ᠪᠠᠲᠤ ᠪᠠᠨ᠂ ᠴᠦᠯᠲᠦᠮ᠂ ᠵᠢᠭᠮᠡᠳᠰᠡᠷᠡᠩ᠂ ᠵᠢᠭᠵᠢᠳᠠᠵᠠᠪ᠂ ᠳᠠᠯᠬ᠎ᠠ᠂ ᠮᠠᠵᠠᠵᠠᠮᠪᠠ᠂ ᠫᠠᠯᠮᠠᠳᠣᠷᠵᠢ᠂ ᠯᠤᠪᠰᠠᠩᠪᠠᠯᠳᠠᠨ᠂ ᠨ᠃ᠨᠠᠮᠰᠢᠷ᠂ ᠰ᠃ᠬᠠᠯᠵᠠᠨᠬᠦᠦ᠂ ᠨ᠃ᠰᠠᠮᠫᠢᠯᠨᠣᠷᠪᠤ᠂ ᠳ᠃ᠰᠤᠮᠢᠶᠠᠰᠦ᠋ᠷᠦᠩ ᠨᠠᠷ᠂ ᠢᠷᠭᠡᠨ ᠦ ᠲᠥᠯᠥᠭᠡᠯᠡᠭᠴᠢᠳ ᠦᠨ ᠬᠤᠷᠠᠯ ᠤᠨ ᠲᠡᠷᠢᠭᠦᠯᠡᠭᠴᠢᠳ ᠦᠨ ᠳᠠᠷᠤᠭ᠎ᠠ ᠪᠠᠷ ᠪ᠃ᠨᠠᠷᠠᠨᠲᠤᠶᠠᠭ᠎ᠠ᠂ ᠨ᠃ᠴᠡᠪᠡᠭᠮᠡᠳ᠂ ᠳ᠃ᠪᠠᠶᠠᠷᠰᠠᠶᠢᠬᠠᠨ ᠨᠠᠷ ᠤᠨ ᠬᠦᠮᠦᠰ ᠠᠵᠢᠯᠯᠠᠵᠤ ᠪᠠᠶᠢᠴᠠᠢ᠃ 1963 ᠣᠨ ᠳᠤ ᠤᠰᠤ ᠴᠠᠭ ᠠᠭᠤᠷ ᠤᠨ ᠬᠠᠷᠠᠭᠤᠯ ᠠᠩᠬ᠎ᠠ ᠠᠵᠢᠯ ᠳᠤ ᠣᠷᠣᠭᠰᠠᠨ᠃ ᠷ᠃ᠠᠪᠤᠷᠢᠮᠡᠳ᠂ ᠳᠣᠯᠣᠭᠠᠷᠰᠦ᠋ᠷᠦᠩ᠂ ᠴᠤ᠃ᠪᠠᠯᠵᠢᠮ ᠢᠶᠠᠨ᠂ ᠪᠠᠲᠤᠪᠤᠶᠠᠨ ᠨᠠᠷ ᠠᠵᠢᠯᠯᠠᠵᠤ ᠪᠠᠶᠢᠭᠰᠠᠨ᠃ ᠨᠤᠲᠤᠭ ᠠᠴᠠ ᠲᠥᠷᠥᠨ ᠭᠠᠷᠤᠭᠰᠠᠨ ᠠᠯᠳᠠᠷᠲᠠᠨ ᠨᠤᠭᠤᠳ: ᠳᠡᠯ ᠬᠥᠨᠵᠢᠯᠡ ᠶᠢᠨ ᠤᠤᠯ᠂ ᠳᠡᠩ ᠰᠢᠷᠭᠤᠤᠯ ᠤᠨ ᠭᠣᠪᠢ᠂ ᠬᠠᠶᠢᠷᠬᠠᠨ ᠲᠣᠪᠣᠷᠤᠤ ᠳᠤ᠂ ᠬᠠᠵᠠᠭᠤ ᠭᠤᠷᠪᠠᠨ ᠬᠡᠰ ᠨᠤᠲᠤᠭ ᠲᠠᠢ ᠥᠯᠵᠡᠶᠢᠲᠦ ᠰᠤᠮᠤ ᠠᠴᠠ ᠠᠵᠢᠯ ᠦᠢᠯᠡᠰ᠂ ᠠᠪᠢᠶᠠᠰ ᠴᠢᠳᠠᠯ ᠢᠶᠠᠷ ᠢᠶᠠᠨ ᠲᠣᠳᠣᠷᠠᠭᠰᠠᠳ ᠣᠯᠠᠨ᠃ ᠮᠣᠩᠭᠣᠯ ᠤᠯᠤᠰ ᠤᠨ 18 ᠳᠠᠬᠢ ᠶᠡᠷᠦᠩᠬᠡᠢ ᠰᠠᠶᠢᠳ᠂ ᠤᠯᠤᠰ ᠤᠨ ᠶᠡᠬᠡ ᠬᠤᠷᠠᠯ ᠶᠢᠨ ᠭᠡᠰᠢᠭᠦᠨ᠂ ᠪᠠᠷᠢᠯᠭ᠎ᠠ ᠬᠣᠲᠠ ᠪᠠᠶᠢᠭᠤᠯᠤᠯᠲᠠ ᠶᠢᠨ ᠰᠠᠶᠢᠳ᠂ ᠳᠤᠮᠳᠠᠭᠤᠪᠢ ᠠᠶᠢᠮᠠᠭ ᠤᠨ ᠨᠤᠲᠤᠭ ᠤᠨ ᠵᠥᠪᠯᠡᠯ ᠦᠨ ᠳᠠᠷᠤᠭ᠎ᠠ ᠵ᠃ᠨᠠᠷᠠᠨᠴᠠᠴᠤᠷᠠᠯᠲᠤ᠂ ᠮᠣᠩᠭᠣᠯ ᠤᠯᠤᠰ ᠤᠨ ᠪᠠᠭᠠᠲᠤᠷ ᠲᠦᠪᠳᠡᠩ ᠦᠨ ᠪᠣᠷᠣ᠂ ᠬᠥᠳᠡᠯᠮᠦᠷᠢ ᠶᠢᠨ ᠪᠠᠭᠠᠲᠤᠷ ᠲᠡᠮᠡᠭᠡᠴᠢᠨ ᠳ᠃ᠴᠢᠨ ᠳᠦ᠂ ᠣᠶᠣᠳᠠᠯᠴᠢᠨ ᠳ᠃ᠳᠠᠰᠢᠨᠢᠮ᠎ᠠ᠂ ᠲᠥᠷᠥ ᠶᠢᠨ ᠱᠠᠩᠨᠠᠯᠲᠤ ᠵᠣᠬᠢᠶᠠᠯᠴᠢ ᠳ᠃ᠨᠢᠮ᠎ᠠ ᠪᠠᠨ᠂ ᠮᠣᠩᠭᠣᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ ᠪ᠃ᠰᠤᠮᠢᠶ᠎ᠠ᠂ ᠮᠣᠩᠭᠣᠯ ᠤᠯᠤᠰ ᠤᠨ ᠭᠠᠪᠢᠶᠠᠲᠤ ᠬᠠᠤᠯᠢᠴᠢ ᠳ᠃ᠵᠤᠨᠳᠤᠢ᠂ ᠮᠣᠩᠭᠣᠯ ᠤᠯᠤᠰ ᠤᠨ ᠠᠪᠤᠷᠭᠤ ᠮᠠᠯᠴᠢᠨ ᠪ᠃ᠠᠳᠠᠯᠢᠪᠰᠢ᠂ ᠲ᠃ᠴᠢᠮ᠎ᠡ ᠳᠦ᠂ ᠴ᠃ᠭᠦᠨᠳᠦᠰᠠᠮᠪᠠ᠂ ᠰ᠃ᠳᠠᠰᠢᠳᠣᠷᠵᠢ᠂ ᠮᠣᠩᠭᠣᠯ ᠤᠯᠤᠰ ᠤᠨ ᠭᠠᠪᠢᠶᠠᠲᠤ ᠮᠠᠯᠴᠢᠨ ᠬ᠃ᠣᠳᠬᠣᠨ᠂ ᠬ᠃ᠪᠠᠶᠠᠨᠵᠢᠷᠭᠠᠯ᠂ ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠯᠠ᠃ᠪᠤᠶᠠᠨᠬᠡᠰᠢᠭ᠂ ᠭ᠃ᠳᠠᠮᠪᠢᠵᠠᠨᠼᠠᠨ᠂᠎ᠠ᠃ᠨᠡᠷᠡᠭᠦᠢ᠂ ᠰᠠᠨᠳᠠᠭ᠂᠎ᠠ᠃ᠫᠧᠯᠵᠡᠢ᠂ ᠨ᠃ᠳᠠ ᠶᠢᠷᠠᠨᠵᠠ᠂ ᠪ᠃ᠰᠠᠷᠠᠨᠲᠤᠶᠠᠭ᠎ᠠ᠂ ᠵ᠃ᠳᠦᠩᠵᠢᠮ᠎ᠠ᠂ ᠴ᠃ᠴᠢᠯᠠᠭᠤᠨᠴᠡᠴᠡᠭ᠂ ᠮᠣᠩᠭᠣᠯ ᠤᠯᠤᠰ ᠤᠨ ᠭᠠᠪᠢᠶᠠᠲᠤ ᠪᠠᠭᠰᠢ ᠴ᠃ᠴᠣᠶᠢᠵᠠᠮᠰᠤ᠂ ᠲᠡᠦᠬᠡ ᠶᠢᠨ ᠤᠬᠠᠭᠠᠨ ᠤ ᠳ᠋ᠣᠺᠲ᠋ᠣᠷ ᠫᠷᠣᠹᠧᠰᠰᠣᠷ ᠳ᠃ ᠬᠡᠦᠬᠡᠨᠪᠠᠭᠠᠲᠤᠷ ᠨᠠᠷ ᠤᠨ ᠠᠯᠳᠠᠷᠲᠠᠨ ᠭᠠᠪᠢᠶᠠᠲᠠᠨ ᠨᠤᠭᠤᠳ ᠣᠯᠠᠨ ᠢᠶᠠᠷ ᠲᠥᠷᠥᠨ ᠭᠠᠷᠤᠭᠰᠠᠨ ᠪᠢᠯᠡ᠃ ᠮᠥᠨ ᠲᠠᠪᠤᠨ ᠵᠢᠯ ᠦᠨ ᠭᠠᠪᠰᠢᠭᠠᠶᠢᠴᠢᠳ 274 ᠪᠤᠢ ᠪᠥᠭᠡᠳ ᠨᠡᠶᠢᠲᠡ ᠳᠦ ᠪᠡᠨ ᠮᠣᠩᠭᠣᠯ ᠤᠯᠤᠰ ᠤᠨ ᠲᠥᠷᠥ ᠶᠢᠨ ᠳᠡᠭᠡᠳᠦ ᠱᠠᠩᠨᠠᠯ᠂ ᠣᠳᠣᠨ ᠮᠧᠳᠠᠯ ᠢᠶᠠᠷ ᠱᠠᠩᠨᠠᠭᠳᠠᠭᠰᠠᠨ ᠬᠦᠮᠦᠨ 350 ᠭᠠᠷᠤᠢ ᠪᠠᠶᠢᠨ᠎ᠠ᠃ ᠤᠷᠭᠤᠮᠠᠯ᠂ ᠠᠨ ᠠᠮᠢᠲᠠᠨ: ᠨᠠᠮᠬᠠᠨ ᠭᠦᠪ ᠢᠶᠡᠨ ᠲᠣᠯᠣᠭᠠᠳ᠂ ᠬᠡᠭᠡᠷ᠎ᠡ ᠲᠠᠯ᠎ᠠ ᠬᠣᠣᠰᠯᠠᠭᠰᠠᠨ ᠨᠤᠲᠤᠭ ᠤᠨ ᠬᠣᠶᠢᠳᠤ ᠲᠠᠯ᠎ᠠ ᠪᠠᠷ ᠪᠤᠲᠠ᠂ ᠬᠠᠷᠭᠠᠨ᠎ᠠ᠂ ᠲᠠᠭᠠᠨ᠎ᠠ᠂ ᠬᠢᠯᠭᠠᠨ᠎ᠠ᠂ ᠬᠢᠵᠠᠷ᠎ᠠ ᠡᠪᠡᠰᠦ ᠭᠣᠣᠯᠯᠠᠨ ᠤᠷᠭᠤᠳᠠᠭ ᠡᠯᠡᠰᠦᠷᠬᠡᠭ ᠬᠥᠷᠥᠰᠥᠲᠡᠢ ᠬᠣᠭᠣᠯᠠᠢ ᠬᠥᠨᠳᠡᠢ᠂ ᠲᠣᠭᠣᠷᠢᠮ᠂ ᠴᠠᠪ ᠰᠠᠷᠬᠢᠶᠠᠭ᠂ ᠬᠠᠳᠤᠨ ᠠᠭᠤᠯᠠ ᠡᠯᠪᠡᠭ ᠲᠡᠢ ᠡᠮᠦᠨᠡᠲᠦ ᠲᠠᠯ᠎ᠠ ᠪᠠᠷ ᠬᠠᠶᠢᠯᠠᠰᠤ ᠮᠣᠳᠣ᠂ ᠵᠠᠭ᠂ ᠤᠯᠠᠭᠠᠨ ᠪᠣᠷᠣ ᠪᠤᠳᠤᠷᠭᠠᠨ᠎ᠠ᠂ ᠪᠠᠭᠠᠯᠤᠤᠷ᠂ ᠰᠤᠨᠳᠤᠤᠯᠠ᠂ ᠰᠢᠷ᠎ᠠ ᠮᠣᠳᠣ᠂ ᠬᠣᠲᠢᠷ᠂ ᠵᠠᠭᠰᠠᠭᠠᠯ᠂ ᠰᠢᠪᠠᠭ ᠮᠡᠲᠦ ᠤᠷᠭᠤᠮᠠᠯ ᠬᠦᠨᠡᠰᠦᠨ ᠦ ᠪᠣᠯᠤᠨ ᠡᠮ ᠦᠨ ᠠᠨᠠᠷ ᠲᠠᠢ ᠭᠣᠶᠣᠣ᠂ ᠴᠤᠯᠢᠬᠢᠷ᠂ ᠵᠡᠭᠡᠷ᠎ᠡ ᠶᠢᠨ ᠤᠮᠳᠠᠭ᠎ᠠ᠂ ᠰᠢᠬᠢᠷ ᠡᠪᠡᠰᠦ᠂ ᠬᠠᠷᠮᠠᠭ᠂ ᠲᠡᠮᠡᠭᠡᠨ ᠬᠥᠬᠡ᠂ ᠬᠦᠮᠦᠰ ᠵᠡᠷᠭᠡ ᠣᠯᠠᠨ ᠲᠥᠷᠥᠯ ᠦᠨ ᠤᠷᠭᠤᠮᠠᠯ ᠤᠷᠭᠤᠨ᠎ᠠ᠃ ᠭᠣᠪᠢ ᠶᠢᠨ ᠡᠨᠡ ᠰᠢᠷᠭᠠᠯ ᠬᠥᠷᠦᠭᠰᠡᠨ ᠳᠦ ᠢᠳᠡᠭᠡᠰᠢᠭᠰᠡᠨ ᠠᠷᠭᠠᠯᠢ᠂ ᠶᠠᠩᠭᠢᠷ᠂ ᠤᠭᠠᠯᠵᠠ ᠬᠠᠷ᠎ᠠ ᠰᠡᠭᠦᠯᠲᠦ᠂ ᠵᠡᠭᠡᠷ᠎ᠡ᠂ ᠦᠨᠡᠭᠡ᠂ ᠬᠢᠷᠰᠠ᠂ ᠴᠢᠨᠣ᠎ᠠ ᠠᠨ ᠠᠮᠢᠲᠠᠳ ᠨᠤᠲᠤᠭᠯᠠᠨ᠎ᠠ᠃ ᠮᠥᠨ ᠲᠠᠰ᠂ ᠪᠦᠷᠭᠦᠳ᠂ ᠬᠠᠷᠠᠴᠠ ᠶᠢ᠂ ᠨᠣᠭᠲᠣᠷᠣ᠂ ᠤᠭᠤᠯᠢ᠂ ᠰᠢᠷ᠎ᠠ ᠰᠢᠪᠠᠭᠤ ᠵᠡᠷᠭᠡ ᠬᠡᠭᠡᠷ᠎ᠡ ᠲᠠᠯ᠎ᠠ ᠶᠢᠨ ᠵᠢᠭᠦᠷᠲᠡᠨ ᠰᠢᠪᠠᠭᠤᠳ ᠨᠡᠩ ᠣᠯᠠᠨ᠃ ᠮᠥᠨ ᠴᠢᠯᠠᠭᠤᠵᠢᠭ᠌ᠰᠠᠨ ᠮᠣᠳᠣ᠂ ᠡᠷᠲᠡᠨ ᠦ ᠠᠮᠢᠲᠠᠨ ᠤ ᠶᠠᠰᠤ ᠵᠡᠷᠭᠡ ᠣᠯᠳᠠᠪᠤᠷᠢ ᠨᠤᠭᠤᠳ ᠡᠯᠪᠡᠭ ᠲᠡᠢ ᠨᠤᠲᠤᠭ᠃ ᠪᠠᠶᠢᠭᠠᠯᠢ ᠶᠢᠨ ᠪᠠᠶᠠᠯᠢᠭ᠂ ᠦᠵᠡᠰᠬᠦᠯᠡᠩᠲᠦ ᠭᠠᠵᠠᠷ ᠤᠳ: ᠥᠯᠵᠡᠶᠢᠲᠦ ᠰᠤᠮᠤ ᠶᠢᠨ ᠨᠤᠲᠤᠭ ᠨᠢ ᠴᠠᠭᠠᠨ ᠰᠤᠪᠤᠷᠭ᠎ᠠ᠂ ᠥᠭᠡᠰᠢ ᠮᠠᠩᠬᠠᠨ ᠤ ᠡᠯᠡᠰᠦ᠂ ᠬᠡᠪᠲᠡᠭᠡ ᠪᠣᠰᠤᠭ᠎ᠠ᠂ ᠠᠯᠠᠭ ᠵᠠᠩᠳᠤᠩ ᠤᠨ ᠠᠭᠤᠢ ᠨᠤᠭᠤᠳ᠂ ᠥᠰᠬᠦ ᠨᠣᠮᠣᠭᠠᠨ ᠤ ᠭᠣᠪᠢ᠂ ᠳᠡᠯ ᠦᠨ ᠬᠥᠨᠵᠢᠯᠡ ᠶᠢᠨ ᠠᠭᠤᠯᠠ᠂ ᠮᠣᠷᠢᠨ ᠲᠣᠯᠣᠭᠠᠢ ᠶᠢᠨ ᠴᠠᠪ᠂ ᠮᠣᠨᠲᠣᠶᠢᠨ ᠬᠠᠶᠢᠯᠠᠰᠤᠲᠤ ᠠᠮᠠ ᠵᠡᠷᠭᠡ ᠪᠠᠶᠢᠭᠠᠯᠢ ᠶᠢᠨ ᠦᠵᠡᠰᠬᠦᠯᠡᠩ ᠭᠠᠵᠠᠷ ᠤᠳ ᠣᠯᠠᠨ ᠲᠠᠢ ᠪᠢᠯᠡ᠃ ᠦᠵᠡᠰᠬᠦᠯᠡᠩᠲᠦ ᠴᠠᠭᠠᠨ ᠰᠤᠪᠤᠷᠭ᠎ᠠ ᠶᠢ ᠲᠦᠰᠢᠭᠯᠡᠨ ᠵᠢᠭᠤᠯᠴᠢᠨ ᠤ ᠪᠠᠭᠠᠵᠢ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃ ᠮᠥᠨ ᠪᠠᠶᠢᠭᠠᠯᠢ ᠶᠢᠨ ᠪᠠᠶᠠᠯᠢᠭ ᠶᠡᠬᠡ ᠲᠡᠢ᠃ ᠲᠤᠬᠠᠶᠢᠯᠠᠪᠠᠯ᠃ ᠪᠤᠶᠠᠨᠲᠤ ᠠᠴᠠ ᠡᠬᠢᠯᠡᠭᠡᠳ ᠲᠥᠬᠥᠮ ᠦᠨ ᠬᠣᠭᠣᠯᠠᠢ᠂ ᠮᠥᠩᠬᠡᠷᠡᠬᠦ᠂ ᠠᠶᠠᠭ᠎ᠠ ᠰᠢᠨᠠᠭ᠎ᠠ ᠶᠢᠨ ᠬᠣᠭᠣᠯᠠᠢ᠂ ᠴᠠᠭᠠᠨ ᠰᠤᠪᠤᠷᠭ᠎ᠠ ᠬᠦᠷᠲᠡᠯᠡᠬᠢ ᠲᠠᠯᠠᠪᠠᠢ ᠳᠤ ᠤᠷᠠᠨ᠂ ᠵᠡᠰ᠂ ᠨᠡᠭᠦᠷᠡᠰᠦᠨ ᠦ᠂ ᠲᠥᠬᠥᠮ ᠬᠠᠪᠢ ᠳᠤ ᠨᠧᠹᠲ ᠦᠨ᠂ ᠳᠡᠯ ᠬᠥᠭᠵᠢᠯ ᠦᠨ ᠬᠡᠴᠡ ᠳᠦ ᠠᠯᠲᠠ᠂ ᠬᠥᠲᠥᠯ ᠤᠰᠤᠨ ᠠᠴᠠ ᠴᠠᠩ ᠳᠤ᠂ ᠴᠠᠭᠠᠨ ᠤᠰᠤ ᠬᠦᠷᠲᠡᠯᠡᠬᠢ ᠭᠠᠵᠠᠷ ᠲᠤ ᠬᠠᠶᠢᠯᠤᠭᠤᠷ ᠵᠣᠩᠰᠢᠨ ᠤ᠂ ᠵᠠᠮ ᠤᠨ ᠰᠡᠭᠦᠵᠢ ᠶᠢᠨ ᠠᠷᠠᠳ ᠱᠣᠬᠣᠢ ᠶᠢᠨ ᠴᠢᠯᠠᠭᠤᠨ ᠤ ᠣᠷᠳᠣ᠂ ᠤᠯᠠᠭᠠᠨ᠂ ᠨᠣᠭᠣᠭᠠᠨ ᠰᠢᠷ᠎ᠠ᠂ ᠬᠦᠷᠢᠨ ᠭᠡᠬᠦ ᠮᠡᠲᠦ ᠵᠣᠰᠣ ᠬᠠᠮᠢᠭ᠎ᠠ ᠰᠠᠶᠢᠭᠦᠢ ᠲᠠᠭᠠᠷᠠᠯᠳᠤᠨ᠎ᠠ᠃ ᠡᠨᠡᠬᠦ ᠪᠠᠶᠠᠯᠢᠭ ᠢ ᠠᠰᠢᠭᠯᠠᠨ ᠦᠢᠯᠡᠳᠪᠦᠷᠢᠯᠡᠯ᠂ ᠦᠢᠯᠡᠴᠢᠯᠡᠭᠡ ᠡᠷᠬᠢᠯᠡᠬᠦ ᠳᠦ ᠪᠦᠷᠢᠨ ᠪᠣᠯᠤᠮᠵᠢ ᠲᠠᠢ ᠶᠠᠭᠤᠮ᠎ᠠ᠃

ᠪᠢᠴᠢᠭᠡᠰᠦ