ᠥᠯᠵᠡᠶᠢᠲᠦ ᠰᠤᠮᠤ (ᠠᠷᠤᠬᠠᠩᠭᠠᠢ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠥᠯᠵᠡᠶᠢᠲᠦ ᠰᠤᠮᠤ
ᠰᠤᠮᠤ
ᠤᠯᠤᠰ ᠣᠷᠣᠨ Flag of Mongolia.svg ᠮᠣᠩᠭᠣᠯ
ᠠᠶᠢᠮᠠᠭ Arhangai.gif ᠠᠷᠤᠬᠠᠩᠭᠠᠢ
ᠰᠤᠮᠤ ᠥᠯᠵᠡᠶᠢᠲᠦ
ᠪᠠᠭ (4) 1. ᠢᠮᠠᠭᠠᠲᠤ
2. ᠪᠣᠳᠣᠩ ᠳᠤ
3. ᠪᠠᠶᠢᠰᠢᠷ
4. ᠬᠥᠰᠢᠶ᠎ᠡ ᠳᠦ
ᠭᠠᠵᠠᠷ ᠨᠤᠲᠤᠭ 1,700 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠣᠨ ᠳᠤ 2,831 ᠬᠦᠮᠦᠨ [1]
ᠨᠤᠲᠤᠭ ᠤᠨ ᠣᠯᠠᠨ ᠥᠯᠵᠡᠶᠢᠲᠦ ᠶᠢᠨ ᠬᠢᠨ
ᠡᠨᠡ ᠨᠢ ᠵᠥᠪᠬᠡᠨ ᠮᠣᠩᠭᠣᠯ ᠤᠯᠤᠰ ᠶᠢᠨ ᠰᠠᠭᠤᠷᠢᠨ ᠢᠷᠭᠡᠨ ᠦ ᠲᠣᠭ᠎ᠠ᠃ ᠡᠭᠦᠨ ᠳᠦ ᠭᠠᠳᠠᠭᠠᠳᠤ ᠶᠢᠨ ᠬᠠᠷᠢᠶᠠᠲᠤ ᠢᠷᠭᠡᠨ᠂ ᠭᠠᠳᠠᠭᠠᠳᠤ ᠳᠤ ᠣᠷᠣᠰᠢᠨ ᠰᠠᠭᠤᠭ᠎ᠠ ᠮᠣᠩᠭᠣᠯ ᠤᠯᠤᠰ ᠶᠢᠨ ᠢᠷᠭᠡᠨ ᠪᠠᠭᠠᠳᠤᠭ᠎ᠠ ᠦᠭᠡᠢ᠃
ᠮᠣᠩᠭᠣᠯ ᠤᠯᠤᠰ ᠤᠨ ᠠᠷᠤᠬᠠᠩᠭᠠᠢ ᠠᠶᠢᠮᠠᠭ ᠳᠠᠬᠢ
ᠥᠯᠵᠡᠶᠢᠲᠦ ᠰᠤᠮᠤ᠂ ᠲᠡᠭᠦᠨ ᠦ ᠲᠥᠪ ᠬᠥᠰᠢᠶ᠎ᠡ ᠳᠦ ᠭᠠᠴᠠᠭ᠎ᠠ
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠠᠷᠤᠬᠠᠩᠭᠠᠢ ᠶᠢᠨ ᠥ ᠤᠨᠠᠭᠤᠷᠪᠠᠲᠤᠴᠡᠩᠭᠡᠯ
ᠬᠠᠶᠢᠷᠬᠠᠨ᠂ ᠪᠤᠯᠠᠭᠠᠨ ᠤ ᠰᠠᠶᠢᠬᠠᠨᠮᠣᠭᠠᠳ
ᠭᠡᠰᠡᠨ ᠲᠠᠪᠤᠨ ᠰᠤᠮᠤ ᠲᠠᠢ ᠬᠠᠶᠠᠭ᠎ᠠ ᠵᠠᠯᠭᠠᠳᠠᠭ

ᠥᠯᠵᠡᠶᠢᠲᠦ ᠰᠤᠮᠤ ᠨᠢ ᠠᠷᠤᠬᠠᠩᠭᠠᠢ ᠠᠶᠢᠮᠠᠭ ᠤᠨ ᠰᠤᠮᠤ ᠶᠤᠮ᠃ ᠲᠤᠰ ᠰᠤᠮᠤ ᠨᠢ 1720 ᠺᠢᠯᠣᠮᠧᠲ᠋ᠷ2 ᠪᠦᠬᠦᠢ ᠨᠤᠲᠤᠭ ᠳᠡᠰᠭᠡᠷ ᠲᠡᠢ᠃ 2006 ᠣᠨ ᠤ ᠪᠠᠶᠢᠳᠠᠯ ᠢᠶᠠᠷ 3,126 ᠬᠦᠮᠦᠨ ᠠᠮᠠ ᠲᠠᠢ᠂ ᠮᠠᠯ ᠰᠦᠷᠦᠭ ᠦᠨ ᠨᠡᠶᠢᠲᠡ ᠲᠣᠭ᠎ᠠ ᠲᠣᠯᠣᠭᠠᠢ 2006 ᠣᠨ ᠤ ᠪᠠᠶᠢᠳᠠᠯ ᠢᠶᠠᠷ 126,295 ᠪᠠᠶᠢᠨ᠎ᠠ᠃ ᠨᠤᠲᠤᠭ ᠤᠨ ᠵᠠᠬᠢᠷᠭᠠᠨ ᠤ ᠪᠦᠲᠦᠴᠡ ᠶᠢᠨ ᠬᠤᠪᠢ ᠳᠤ ᠪᠣᠳᠣᠩ ᠳᠤ, ᠢᠮᠠᠭᠠᠲᠤ, ᠪᠠᠶᠢᠰᠢᠷ, ᠬᠥᠰᠢᠶ᠎ᠡ ᠳᠦ ᠭᠡᠰᠡᠨ 4 ᠪᠠᠭ ᠲᠠᠢ .1931 ᠣᠨ ᠳᠤ ᠪᠠᠲᠤᠴᠡᠩᠭᠡᠯ ᠤᠤᠯ ᠤᠨ ᠬᠣᠰᠢᠭᠤᠨ ᠠᠴᠠ ᠪᠠᠶᠢᠭᠤᠯᠤᠭᠳᠠᠭᠰᠠᠨ᠃ ᠥᠯᠵᠡᠶᠢᠲᠦ ᠰᠤᠮᠤ ᠶᠢᠨ ᠨᠤᠲᠤᠭ ᠨᠢ ᠬᠠᠭᠤᠴᠢᠨ ᠢᠶᠠᠷ ᠪᠢᠰᠢᠷᠡᠯᠲᠦ ᠪᠡᠶᠢᠰᠡ ᠶᠢᠨ ᠬᠣᠰᠢᠭᠤ ᠪᠥᠭᠡᠳ ᠣᠳᠣ ᠶᠢᠨ ᠠᠷᠤᠬᠠᠩᠭᠠᠢ ᠠᠶᠢᠮᠠᠭ ᠤᠨ ᠲᠥᠪ ᠡᠴᠡ 140 ᠺᠢᠯᠣᠮᠧᠲ᠋ᠷ ᠵᠠᠶᠢᠲᠠᠢ ᠣᠷᠣᠰᠢᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠶᠢᠨ ᠨᠣᠶᠠᠨ ᠬᠠᠨ ᠠᠶᠢᠮᠠᠭ ᠤᠨ ᠬᠠᠷᠢᠶᠠᠨ ᠳᠤ ᠬᠠᠯᠬ᠎ᠠ ᠬᠣᠰᠢᠭᠤᠨ ᠤ ᠲᠣᠭᠠᠨ ᠳᠤ ᠣᠷᠣᠵᠤ 1762 ᠣᠨ ᠳᠤ ᠪᠠᠶᠢᠭᠤᠯᠤᠭᠳᠠᠭᠰᠠᠨ ᠥᠭᠡᠯᠡᠳ ᠦᠨ ᠡᠮᠦᠨᠡᠲᠦ ᠬᠣᠰᠢᠭᠤ 1912-1923 ᠣᠨ ᠳᠤ ᠪᠢᠰᠢᠷᠡᠯᠲᠦ ᠪᠡᠶᠢᠰᠡ ᠶᠢᠨ ᠬᠣᠰᠢᠭᠤ ᠭᠡᠵᠦ ᠨᠡᠷᠡᠯᠡᠭᠳᠡᠵᠦ ᠪᠠᠶᠢᠰᠤᠨ ᠢᠶᠠᠨ 1924 ᠣᠨ ᠴᠡᠴᠡᠷᠯᠢᠭ ᠮᠠᠨᠳᠤᠯ ᠠᠶᠢᠮᠠᠭ ᠤᠨ ᠪᠠᠶᠠᠨᠪᠠᠶᠢᠰᠢᠷ ᠬᠣᠰᠢᠭᠤ ᠨᠡᠷ᠎ᠡ ᠲᠡᠢ ᠪᠣᠯᠤᠭᠰᠠᠨ ᠪᠥᠭᠡᠳ 1931 ᠣᠨ ᠠᠴᠠ ᠣᠳᠣ ᠶᠢᠨ ᠠᠷᠤᠬᠠᠩᠭᠠᠢ ᠠᠶᠢᠮᠠᠭ ᠤᠨ ᠥᠯᠵᠡᠶᠢᠲᠦ ᠰᠤᠮᠤ ᠪᠣᠯᠤᠭᠰᠠᠨ᠃ ᠣᠯᠠᠩᠬᠢ ᠪᠠᠷᠠᠭᠤᠨ ᠮᠣᠩᠭᠣᠯ ᠤᠨ ᠳᠥᠷᠪᠡᠨ ᠣᠶᠢᠷᠠᠳ ᠍ ᠤᠨ ᠥᠭᠡᠯᠡᠳ ᠶᠠᠰᠤᠲᠠᠨ ᠶᠤᠮ᠃ ᠥᠯᠵᠡᠶᠢᠲᠦ ᠰᠤᠮᠤ ᠠᠯᠲᠠᠨ ᠵᠤᠤ ᠪᠤᠷᠬᠠᠨ ᠰᠢᠲᠦᠭᠡᠨ ᠲᠡᠢ᠃ ᠲᠡᠭᠦᠨ ᠳᠦ ᠪᠡᠨ ᠵᠣᠷᠢᠭᠤᠯᠵᠤ ᠰᠢᠨ ᠦ 15, ᠨᠠᠮᠤᠷ ᠤᠨ ᠳᠤᠮᠳᠠ ᠰᠠᠷ᠎ᠠ ᠶᠢᠨ 15 ᠮᠣᠷᠢ ᠤᠷᠤᠯᠳᠤᠳᠠᠵᠤ᠂ ᠪᠥᠬᠡ ᠪᠠᠷᠢᠯᠳᠤᠭᠤᠯᠵᠤ᠂ ᠬᠤᠷᠠᠯ ᠨᠣᠮ ᠬᠤᠷᠠᠵᠤ ᠨᠠᠭᠠᠳᠤᠮ ᠬᠢᠳᠡᠭ᠃ᠠᠯᠲᠠᠨ ᠵᠤᠤ ᠪᠤᠷᠬᠠᠨ ᠨᠢ 1640 ᠣᠨ ᠤ ᠦᠶ᠎ᠡ ᠳᠦ ᠣᠶᠢᠷᠠᠳ ᠤᠨ ᠵᠠᠶ᠎ᠠ ᠪᠠᠨᠳᠢᠳᠠ ᠨᠠᠮᠬᠠᠶᠢᠵᠠᠨᠼᠠᠨ ᠲᠥᠪᠡᠳ ᠡᠴᠡ ᠠᠯᠲᠠ ᠪᠠᠷ ᠵᠤᠤ ᠪᠤᠷᠬᠠᠨ ᠬᠢᠯᠭᠡᠵᠦ ᠠᠷᠪᠢᠨᠠᠭᠠᠯᠠᠭᠤᠯᠤᠨ ᠵᠠᠯᠠᠵᠤ ᠢᠷᠡᠭᠰᠡᠨ ᠲᠡᠦᠬᠡ ᠲᠡᠢ᠃ ᠵᠤᠤ ᠪᠤᠷᠬᠠᠨ ᠭᠡᠳᠡᠭ ᠨᠢ ᠪᠤᠷᠬᠠᠨ ᠪᠠᠭᠰᠢ ᠶᠢᠨ ᠥᠪᠡᠷᠦᠢ ᠨᠢ ᠠᠮᠢᠳᠤ ᠰᠡᠷᠡᠭᠦᠨ ᠳᠦ ᠪᠦᠲᠦᠭᠡᠭᠰᠡᠨ ᠪᠤᠷᠬᠠᠨ ᠪᠠᠭᠰᠢ ᠶᠢᠨ ᠳᠦᠷᠢ ᠶᠤᠮ᠃ 1640-1930 ᠠᠭ᠎ᠠ ᠳᠤ ᠣᠨ ᠬᠦᠷᠲᠡᠯ᠎ᠡ ᠰᠢᠲᠦᠵᠦ ᠪᠠᠶᠢᠭᠰᠠᠨ᠃ ᠬᠤᠪᠢᠰᠬᠠᠯ ᠤᠨ ᠦᠶ᠎ᠡ ᠳᠦ ᠵᠤᠤ ᠪᠤᠷᠬᠠᠨ ᠠᠯᠠᠭ᠎ᠠ ᠪᠣᠯᠤᠭᠰᠠᠨ᠃1997 ᠣᠨ ᠳᠤ ᠪᠠᠽᠠᠷ ᠮᠠᠨᠵᠢᠭ ᠢᠶᠠᠨ ᠨᠤᠲᠤᠭ ᠤᠰᠤᠨ ᠤ ᠠᠷᠠᠳ ᠲᠦᠮᠡᠨ ᠦ ᠲᠤᠰᠯᠠᠵᠤᠮ ᠲᠠᠢ ᠪᠠᠷ ᠠᠬᠢᠨ ᠪᠦᠲᠦᠭᠡᠭᠰᠡᠨ ᠲᠡᠦᠬᠡ ᠲᠡᠢ᠃

ᠪᠠᠷᠢᠮᠲᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠠᠯᠲᠠᠨ ᠵᠤᠤ ᠪᠤᠷᠬᠠᠨ ᠨᠠᠳᠠ ᠳᠤ ᠪᠤᠢ᠃ ᠬᠤᠪᠢᠰᠬᠠᠯ ᠤᠨ ᠦᠶ᠎ᠡ ᠳᠦ ᠨᠢᠭᠤᠵᠤ ᠬᠠᠭᠠᠵᠤ ᠠᠪᠴᠤ ᠦᠯᠡᠳᠡᠭᠰᠡᠨ ᠶᠤᠮ ᠪᠢᠯᠡ

ᠠᠷᠤᠬᠠᠩᠭᠠᠢ ᠠᠶᠢᠮᠠᠭ ᠤᠨ ᠥᠯᠵᠡᠶᠢᠲᠦ ᠰᠤᠮᠤ 172034 ᠭᠠ ᠭᠠᠵᠠᠷ ᠨᠤᠲᠤᠭ ᠲᠠᠢ 2014 ᠣᠨ ᠤ ᠪᠠᠶᠢᠳᠠᠯ ᠢᠶᠠᠷ 3333 ᠬᠦᠮᠦᠨ ᠠᠮᠠ ᠲᠠᠢ᠂ 1088 ᠡᠷᠦᠬᠡ ᠲᠡᠢ᠂ 214 ᠮᠢᠩᠭᠠᠨ ᠲᠣᠯᠣᠭᠠᠢ ᠮᠠᠯ ᠲᠣᠭᠠᠯᠠᠭᠤᠯᠤᠯ᠎ᠠ᠃
  1. ᠮᠣᠩᠭᠣᠯ ᠤᠯᠤᠰ ᠤᠨ 2010 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠳᠦᠩ (ᠰᠤᠮᠤ᠂ ᠳᠡᠭᠦᠷᠭᠡ ᠪᠡᠷ)

ᠪᠢᠴᠢᠭᠡᠰᠦ