ᠥᠯᠥᠭᠡᠢ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠥᠯᠥᠭᠡᠢ ᠨᠢ ᠤᠪᠰᠤ ᠠᠶᠢᠮᠠᠭ ᠤᠨ ᠰᠤᠮᠤ ᠶᠤᠮ᠃ ᠪᠠᠷᠠᠭᠤᠨ ᠲᠠᠯ᠎ᠠ ᠪᠠᠷ ᠢᠶᠠᠨ ᠡᠮᠦᠨᠡᠭᠣᠪᠢ ᠰᠤᠮᠤ᠂ ᠵᠡᠭᠦᠨ ᠲᠠᠯ᠎ᠠ ᠪᠠᠷ ᠢᠶᠠᠨ ᠨᠠᠷᠠᠨᠪᠤᠯᠠᠭ ᠰᠤᠮᠤᠡᠮᠦᠨ᠎ᠡ ᠲᠠᠯ᠎ᠠ ᠪᠠᠷ ᠢᠶᠠᠨ ᠬᠣᠪᠳᠣ ᠠᠶᠢᠮᠠᠭ ᠤᠨ ᠮᠢᠩᠭ᠎ᠠ ᠳᠤ᠂ ᠳᠥᠷᠦᠭᠡᠨ ᠰᠤᠮᠤ ᠨᠤᠭᠤᠳ ᠲᠠᠢ ᠬᠢᠯᠢᠯᠡᠳᠡᠭ᠃ ᠲᠤᠰ ᠰᠤᠮᠤ ᠶᠢᠨ ᠵᠠᠰᠠᠭ ᠳᠠᠷᠤᠭ᠎ᠠ ᠨᠢ ᠳ᠃ᠸᠠᠩᠴᠢᠨᠬᠦᠦ᠃ ᠤᠯᠠᠭᠠᠨᠪᠠᠭᠠᠲᠤᠷ ᠬᠣᠲᠠ ᠠᠴᠠ 1500 ᠺᠢᠯᠣᠮᠧᠲ᠋ᠷ ᠵᠠᠶᠢᠲᠠᠢ ᠶᠤᠮ᠃

ᠪᠠᠶᠢᠭᠠᠯᠢ ᠶᠢᠨ ᠦᠵᠡᠰᠬᠦᠯᠡᠩᠲᠦ ᠭᠠᠵᠠᠷ ᠤᠳ Áàéãàëèéí ¿çýñãýëýíò ãàçðóóä ᠥᠭᠭᠢᠶᠡᠮᠦᠷ ᠦᠨ ᠬᠥᠬᠡ ᠦᠵᠦᠭᠦᠷ ᠦᠨ ᠪᠢᠴᠢᠭ ᠲᠦ ᠬᠠᠳᠠᠨ ᠨᠤᠭᠤᠳ


ᠥᠭᠭᠢᠶᠡᠮᠦᠷ ᠦᠨ ᠬᠥᠬᠡ ᠦᠵᠦᠭᠦᠷ ᠬᠡᠮᠡᠬᠦ ᠪᠢᠴᠢᠭᠲᠦ ᠠᠭᠤᠯᠠ ᠬᠠᠳᠠ ᠨᠢ ᠡᠷᠲᠡ ᠳᠡᠭᠡᠷ᠎ᠡ ᠦᠶ᠎ᠡ ᠳᠦ ᠥᠭᠭᠢᠶᠡᠮᠦᠷ ᠭᠡᠳᠡᠭ ᠨᠡᠷ᠎ᠡ ᠶᠢ ᠠᠪᠤᠭᠰᠠᠨ ᠢᠶᠠᠷ ᠡᠪᠦᠭᠡ ᠳᠡᠭᠡᠳᠦᠰ ᠢ ᠪᠤᠷᠬᠠᠨ ᠪᠣᠯᠬᠤ ᠳᠤ ᠨᠢ ᠨᠤᠲᠤᠭᠯᠠᠭᠤᠯᠵᠤ ᠪᠠᠶᠢᠳᠠᠭ ᠭᠠᠵᠠᠷ ᠶᠤᠮ᠃ ᠳᠡᠭᠡᠷ᠎ᠡ ᠦᠶ᠎ᠡ ᠳᠦ ᠬᠢᠲᠠᠳ ᠤᠨ ᠬᠠᠷ᠎ᠠ ᠴᠡᠷᠢᠭ ᠦᠳ ᠨᠤᠲᠤᠭ ᠪᠤᠴᠠᠵᠤ ᠶᠠᠪᠤᠭᠠᠳ ᠭᠡᠳᠡᠰᠦᠨ ᠦ ᠬᠢᠵᠢᠭ ᠡᠪᠡᠳᠴᠢᠨ ᠲᠤᠰᠴᠤ ᠬᠢᠶᠠᠷᠠᠵᠤ ᠪᠠᠶᠢᠬᠤ ᠳᠤ ᠨᠢᠭᠡ ᠰᠢᠨᠵᠢᠭᠡᠴᠢ ᠶᠢ ᠡᠨᠡ ᠡᠪᠡᠳᠴᠢᠨ ᠢ ᠡᠳᠡᠭᠡᠭᠡᠬᠦ ᠮᠥᠩᠬᠡ ᠶᠢᠨ ᠤᠰᠤ ᠷᠠᠰᠢᠶᠠᠨ ᠢ ᠰᠢᠨᠵᠢᠵᠤ ᠢᠷ ᠭᠡᠬᠦ ᠳᠦ ᠤᠭ ᠰᠢᠨᠵᠢᠭᠡᠴᠢ ᠨᠢ ᠥᠭᠭᠢᠶᠡᠮᠦᠷ ᠦᠨ ᠬᠠᠷ᠎ᠠ ᠠᠭᠤᠯᠠᠨ ᠳᠡᠭᠡᠷ᠎ᠡ ᠭᠠᠷᠴᠤ ᠬᠠᠷᠠᠬᠤ ᠳᠤ ᠪᠠᠷᠠᠭᠤᠨ ᠬᠣᠶᠢᠳᠤ ᠵᠦᠭ ᠲᠤ ᠥᠨᠳᠥᠷ ᠠᠭᠤᠯᠠ ᠶᠢᠨ ᠥᠪᠥᠷ ᠲᠦ ᠭᠠᠯ ᠰᠢᠲᠠᠵᠤ ᠬᠠᠷᠠᠭᠳᠠᠭᠰᠠᠨ ᠭᠡᠳᠡᠭ᠃ᠲᠡᠷᠡ ᠭᠠᠯ ᠢ ᠴᠢᠭᠯᠡᠨ ᠣᠴᠢᠬᠤ ᠳᠤ ᠠᠭᠤᠯᠠ ᠶᠢᠨ ᠣᠷᠣᠢ ᠳᠡᠭᠡᠷ᠎ᠡ ᠭᠡᠷ ᠰᠢᠭ ᠬᠠᠳᠠᠨ ᠠᠭᠤᠢ ᠳᠤ ᠷᠠᠰᠢᠶᠠᠨ ᠤᠰᠤ ᠪᠠᠶᠢᠭᠰᠠᠨ ᠢ ᠠᠪᠴᠤ ᠢᠷᠡᠵᠦ ᠴᠡᠷᠢᠭ ᠦᠳ ᠲᠦ ᠥᠭᠬᠦ ᠳᠦ ᠤᠭ ᠡᠪᠡᠳᠴᠢᠨ ᠡᠳᠡᠭᠡᠷᠡᠭᠰᠡᠨ᠃ ᠡᠨᠡ ᠲᠤᠬᠠᠢ ᠶᠢ ᠪᠠᠨ ᠬᠢᠲᠠᠳ ᠴᠡᠷᠢᠭ ᠦᠳ ᠮᠠᠭᠲᠠᠵᠤ ᠪᠢᠴᠢᠭᠰᠡᠨ ᠬᠠᠳᠠᠨ ᠤ ᠪᠢᠴᠢᠭ ᠶᠤᠮ᠃ ᠪᠠᠶᠠᠨ ᠪᠤᠯᠠᠭ᠎ᠠ ᠶᠢᠨ ᠠᠮᠠᠨ ᠤ ᠰᠡᠨᠵᠢ ᠴᠣᠬᠢᠶ᠎ᠠ ᠴᠠᠬᠢᠷ ᠬᠠᠳᠠ

ᠤᠪᠰᠤ ᠠᠶᠢᠮᠠᠭ ᠤᠨ ᠥᠯᠥᠭᠡᠢ ᠰᠤᠮᠤ ᠶᠢᠨ ᠨᠤᠲᠤᠭ ᠡᠨᠡ ᠬᠠᠳᠠ ᠨᠢ ᠪᠠᠶᠢᠭᠠᠯᠢ ᠶᠢᠨ ᠨᠢᠭᠡᠨ ᠥᠪᠡᠷᠮᠢᠴᠡ ᠲᠣᠭᠲᠠᠴᠠ ᠲᠠᠢ ᠠᠭᠤᠯᠠ ᠬᠠᠳᠠ ᠶᠤᠮ ᠡᠨᠡ ᠬᠠᠳᠠ ᠨᠢ ᠪᠠᠶᠢᠭᠠᠯᠢ ᠶᠢᠨ ᠨᠠᠷᠠ ᠰᠠᠯᠬᠢᠨ ᠳᠤ ᠢᠳᠡᠭᠳᠡᠵᠦ ᠬᠡᠳᠦᠢ ᠡᠶᠢᠮᠦ ᠪᠣᠯᠤᠭᠰᠠᠨ ᠴᠤ ᠣᠳᠣ ᠶᠢ ᠬᠦᠷᠲᠡᠯ᠎ᠡ ᠪᠠᠶᠢᠭᠠᠯᠢ ᠶᠢᠨ ᠡᠨᠡ ᠲᠥᠷᠬᠥ ᠪᠡᠨ ᠠᠯᠠᠳᠠᠯ ᠦᠭᠡᠢ ᠣᠷᠣᠰᠢᠨ ᠲᠣᠭᠲᠠᠨᠠᠵᠤ ᠢᠷᠡᠭᠰᠡᠨ᠃ ᠰᠡᠨᠵᠢ ᠴᠠᠬᠢᠷ ᠨᠢ ᠡᠷᠭᠢᠨ ᠲᠣᠭᠣᠷᠢᠨ ᠳᠤ ᠪᠠᠨ ᠭᠣᠵᠣᠭᠣᠷ ᠴᠠᠬᠢᠷ , ᠵᠡᠯ᠎ᠡ ᠴᠠᠬᠢᠷ , ᠡᠭᠦᠳᠡᠨ ᠴᠠᠬᠢᠷ , ᠠᠪᠳᠠᠷ᠎ᠠ ᠴᠠᠬᠢᠷ ᠵᠡᠷᠭᠡ ᠴᠠᠬᠢᠷ ᠠᠤᠯᠠᠯᠠᠰ ᠤᠳ ᠢᠶᠠᠷ ᠬᠦᠷᠢᠶᠡᠯᠡᠭᠳᠡᠨ ᠣᠷᠣᠰᠢᠨ᠎ᠠ᠃ ᠡᠨᠡ ᠬᠠᠳᠠ ᠠᠭᠤᠯᠠ ᠨᠢ ᠵᠢᠯ ᠦᠨ ᠳᠥᠷᠪᠡᠨ ᠤᠯᠠᠷᠢᠯ ᠳᠤ ᠨᠤᠲᠤᠭ ᠤᠨ ᠮᠠᠯ ᠪᠡᠯᠴᠢᠭᠡᠷᠯᠡᠳᠡᠭ ᠠᠮᠲᠠᠯᠢᠭ ᠰᠣᠷᠯᠢᠭ ᠥᠪᠦᠰᠲᠡᠢ ᠠᠶᠠᠯᠠᠯ ᠵᠢᠭᠤᠯᠴᠢᠯᠠᠯ ᠤᠨ ᠪᠥᠰᠡ ᠨᠤᠲᠤᠭ ᠲᠤ ᠣᠷᠣᠭᠤᠯᠬᠤ ᠳᠤ ᠲᠣᠬᠢᠷᠠᠮᠵᠢᠲᠠᠢ ᠭᠠᠵᠠᠷ ᠶᠤᠮ᠃ ᠷᠠᠰᠢᠶᠠᠨᠲ ᠤᠨ ᠷᠠᠰᠢᠶᠠᠨ


ᠲᠠᠶᠢᠯᠪᠤᠷᠢ

ᠷᠠᠰᠢᠶᠠᠨ ᠤ ᠬᠠᠳᠠᠨ ᠳᠡᠭᠡᠷᠡᠬᠢ ᠲᠣᠳᠣ ᠮᠣᠩᠭᠣᠯ ᠪᠢᠴᠢᠭ

ᠷᠠᠰᠢᠶᠠᠨ ᠤ ᠬᠠᠳᠠᠨ ᠳᠡᠭᠡᠷᠡᠬᠢ ᠬᠢᠲᠠᠳ ᠪᠢᠴᠢᠭ ᠤᠪᠰᠤ ᠠᠶᠢᠮᠠᠭ ᠤᠨ ᠥᠯᠥᠭᠡᠢ ᠰᠤᠮᠤ ᠶᠢᠨ ᠨᠤᠲᠤᠭ ᠲᠤ ᠪᠤᠢ᠃ᠡᠨᠡ ᠷᠠᠰᠢᠶᠠᠨ ᠢ ᠬᠢᠲᠠᠳ ᠤᠨ ᠬᠠᠷ᠎ᠠ ᠴᠡᠷᠢᠭ ᠦᠳ ᠮᠠᠨ ᠤ ᠨᠤᠲᠤᠭ ᠲᠤ ᠳᠠᠶᠢᠲᠤᠵᠤ ᠶᠠᠪᠤᠭᠠᠳ ᠪᠤᠴᠠᠵᠤ ᠶᠠᠪᠤᠬᠤ ᠵᠠᠮ ᠳᠤ ᠭᠡᠳᠡᠰᠦᠨ ᠦ ᠬᠢᠵᠢᠭ ᠡᠪᠡᠳᠴᠢᠨ ᠳᠦ ᠨᠡᠷᠪᠡᠭᠳᠡᠵᠦ ᠨᠢᠭᠡᠨ ᠰᠢᠨᠵᠢᠭᠡᠴᠢ ᠪᠡᠨ ᠥᠭᠭᠢᠶᠡᠮᠦᠷ ᠦᠨ ᠬᠠᠷ᠎ᠠ ᠠᠭᠤᠯᠠᠨ ᠳᠡᠭᠡᠷ᠎ᠡ ᠰᠥᠨᠢ ᠭᠠᠷᠬᠤ ᠳᠤ ᠬᠣᠶᠢᠳᠤ ᠵᠦᠭ ᠲᠤ ᠥᠨᠳᠥᠷ ᠠᠭᠤᠯᠠ ᠶᠢᠨ ᠥᠪᠥᠷ ᠲᠦ ᠭᠠᠯ ᠬᠠᠷᠠᠭᠰᠠᠨ ᠢᠶᠠᠷ ᠣᠴᠢᠵᠤ ᠦᠵᠡᠬᠦ ᠳᠦ ᠷᠠᠰᠢᠶᠠᠨ ᠤᠰᠤ ᠪᠠᠶᠢᠭᠰᠠᠨ ᠢ ᠠᠪᠴᠤ ᠢᠷᠡᠵᠦ ᠴᠡᠷᠢᠭ ᠦᠳ ᠢ ᠡᠳᠡᠭᠡᠭᠡᠭᠰᠡᠨ ᠲᠡᠦᠬᠡ ᠲᠡᠢ ᠭᠡᠳᠡᠭ᠃ ᠡᠨᠡ ᠲᠤᠬᠠᠢ ᠶᠢ ᠪᠠᠨ 200 ᠵᠢᠯ ᠦᠨ ᠡᠮᠦᠨ᠎ᠡ ᠷᠠᠰᠢᠶᠠᠨ ᠤ ᠣᠷᠴᠢᠮ ᠤᠨ ᠬᠠᠳᠠᠨ ᠳᠡᠭᠡᠷ᠎ᠡ ᠬᠢᠲᠠᠳ ,ᠮᠠᠨᠵᠤ ᠪᠢᠴᠢᠭ ᠢᠶᠡᠷ ᠪᠠᠶᠠᠷᠯᠠᠵᠤ ᠪᠠᠬᠠᠳᠤᠨ ᠮᠠᠭᠲᠠᠵᠤ ᠪᠢᠴᠢᠭᠰᠡᠨ ᠪᠠᠶᠢᠳᠠᠭ᠃ .ᠴᠦᠷᠴᠢᠭᠢᠷ ᠬᠡᠮᠡᠬᠦ ᠠᠭᠤᠯᠠ ᠨᠢ ᠳᠠᠯᠠᠢ ᠶᠢᠨ ᠲᠦᠪᠰᠢᠨ ᠡᠴᠡ ᠳᠡᠭᠡᠭᠰᠢ 1994 ᠮ ᠥᠨᠳᠥᠷ ᠲᠦ ᠣᠷᠣᠰᠢᠳᠠᠭ ᠡᠨᠡ ᠠᠭᠤᠯᠠ ᠶᠢᠨ ᠣᠷᠣᠢ ᠳᠤ ᠬᠠᠳᠠᠨ ᠤ ᠨᠦᠬᠡᠨ ᠠᠭᠤᠢ ᠳᠤ ᠲᠣᠭᠣᠭ᠎ᠠ ᠬᠡᠯᠪᠡᠷᠢ ᠳᠦ ᠬᠠᠳᠠᠨ ᠳᠤ ᠲᠣᠭᠲᠠᠭᠰᠠᠨ ᠪᠠᠶᠢᠳᠠᠭ᠃ ᠡᠨᠡ ᠷᠠᠰᠢᠶᠠᠨ ᠢ ᠠᠪᠴᠤ ᠤᠤᠭᠤᠬᠤ ᠳᠤ ᠬᠠᠳᠠ ᠬᠢᠰᠠ ᠶᠢ ᠲᠤᠭᠤᠯᠤᠨ ᠮᠠᠰᠢ ᠬᠡᠴᠡᠭᠦᠦ ᠪᠡᠷᠬᠡ ᠵᠠᠮ ᠢᠶᠠᠷ ᠶᠠᠪᠤᠵᠤ ᠣᠴᠢᠳᠠᠭ . ᠡᠨᠡᠬᠦ ᠵᠠᠮ ᠢ ᠲᠤᠭᠤᠯᠵᠤ ᠣᠴᠢᠬᠤ ᠳᠤ ᠬᠦᠮᠦᠨ ᠦ ᠬᠠᠮᠤᠭ ᠮᠠᠭᠤ ᠡᠨᠧᠷᠭᠢ ᠠᠷᠢᠯᠵᠤ ᠷᠠᠰᠢᠶᠠᠨ ᠳᠡᠭᠡᠷ᠎ᠡ ᠣᠴᠢᠬᠤ ᠳᠤ ᠶᠠᠮᠠᠷᠴᠤ ᠮᠠᠭᠤ ᠡᠨᠧᠺᠭᠢ ᠭᠦᠢ ᠪᠣᠯᠵᠤ ᠬᠦᠷᠡᠳᠡᠭ ᠭᠡᠵᠦ ᠨᠤᠲᠤᠭ ᠤᠨ ᠬᠥᠭᠰᠢᠳᠡ ᠶᠠᠷᠢᠳᠠᠭ᠃ ᠷᠠᠰᠢᠶᠠᠨᠲ ᠤᠨ ᠷᠠᠰᠢᠶᠠᠨ ᠨᠢ ᠥᠯᠥᠭᠡᠢ ᠰᠤᠮᠤ ᠶᠢᠨ ᠲᠥᠪ ᠡᠴᠡ 15 ᠺᠢᠯᠣᠮᠧᠲ᠋ᠷ ᠣᠷᠣᠰᠢᠳᠠᠭ᠃ ᠡᠨᠡᠬᠦ ᠷᠠᠰᠢᠶᠠᠨ ᠨᠢ ᠪᠡᠶ᠎ᠡ ᠶᠢᠨ ᠳᠣᠲᠣᠷ᠎ᠠ ᠡᠷᠬᠡᠲᠡᠨ ᠳᠦ ᠰᠠᠶᠢᠨ ᠵ᠃ᠨᠢ ᠡᠯᠢᠭᠡ ,ᠰᠥᠰᠥ᠂ᠰᠢᠷ᠎ᠠ᠂ᠬᠣᠳᠣᠭᠣᠳᠣ ,ᠵᠢᠷᠦᠬᠡ᠂ ᠬᠡᠷᠡᠬᠦ᠂ᠡᠮᠡᠭᠲᠡᠢ ᠬᠦᠮᠦᠨ ᠦ ᠰᠠᠪᠠᠨ ᠤ ᠡᠪᠡᠳᠴᠢᠨ ᠳᠦ ᠤᠤᠭᠤᠵᠤ ᠬᠡᠷᠡᠭᠯᠡᠬᠦ ᠳᠦ ᠰᠠᠶᠢᠨ ᠭᠡᠵᠦ ᠣᠷᠣᠰ ᠤᠨ ᠰᠤᠳᠤᠯᠭᠠᠨ ᠤ ᠡᠺᠰᠫᠧᠳᠢᠽ ᠢᠯᠡᠷᠡᠭᠦᠯᠵᠦ ᠬᠠᠳᠠᠨ ᠳᠡᠭᠡᠷ᠎ᠡ ᠴᠡᠩᠬᠡᠷ ᠪᠤᠳᠤᠭ ᠢᠶᠠᠷ ᠪᠢᠴᠢᠭᠰᠡᠨ ᠪᠠᠶᠢᠳᠠᠭ᠃ ᠡᠨᠡ ᠷᠠᠰᠢᠶᠠᠨ ᠢ ᠰᠢᠨᠵᠢᠯᠡᠭᠰᠡᠨ ᠣᠷᠣᠰ ᠡᠮᠡᠭᠲᠡᠢ ᠷᠠᠰᠢᠶᠠᠨ ᠤ ᠲᠣᠭᠣᠭᠠᠨ ᠳᠤ ᠰᠠᠭᠤᠵᠤ ᠪᠤᠵᠠᠷᠯᠠᠭᠰᠠᠨ ᠠᠴᠠ ᠪᠣᠯᠵᠤ ᠨᠠᠰᠤ ᠪᠠᠷᠵᠢ ᠡᠭᠦᠨ ᠡᠴᠡ ᠪᠣᠯᠵᠤ ᠳᠡᠭᠡᠷᠡᠬᠢ ᠷᠠᠰᠢᠶᠠᠨ ᠰᠢᠷᠭᠢᠵᠦ 30 ᠍ ᠊ᠭᠠᠳ ᠵᠢᠯ ᠦᠨ ᠳᠠᠷᠠᠭ᠎ᠠ ᠭᠠᠷᠴᠤ ᠣᠳᠣᠭᠬᠦᠷᠲᠡᠯᠡᠬᠣᠪᠳᠣ ᠶᠢᠨ ᠮᠢᠩᠭᠠᠳ , ᠤᠪᠰᠤ ᠤᠨ ᠥᠯᠥᠭᠡᠢ , ᠡᠮᠦᠨᠡᠭᠣᠪᠢ ᠰᠤᠮᠤ ᠶᠢᠨ ᠢᠷᠭᠡᠳ ᠡᠮᠴᠢᠯᠡᠭᠡ ᠰᠤᠪᠢᠯᠭᠠᠨ ᠳᠤ ᠪᠠᠨ ᠬᠡᠷᠡᠭᠯᠡᠵᠦ ᠢᠷᠡᠭᠰᠡᠨ


ᠷᠠᠰᠢᠶᠠᠨ ᠳᠡᠭᠡᠷᠡᠬᠢ ᠬᠠᠳᠠᠨ ᠤ ᠬᠢᠲᠠᠳ ᠪᠢᠴᠢᠭ ᠦᠳ


ᠬᠢᠲᠠᠳ ᠪᠢᠴᠢᠭ ᠢ ᠮᠣᠩᠭᠣᠯᠴᠢᠯᠠᠪᠠᠰᠤ 1.ᠣᠷᠴᠢᠨ ᠲᠣᠭᠣᠷᠢᠨ ᠳᠤ ᠡᠷᠡᠭᠦᠯ ᠮᠡᠨᠳᠦ ᠶᠢ ᠥᠷᠥᠰᠢᠶᠡᠲᠦᠭᠡᠢ 2.ᠨᠠᠳᠠ ᠳᠤ ᠵᠠᠶᠠᠭ᠎ᠠ ᠪᠤᠶᠠᠨ ᠡᠷᠡᠭᠦᠯ ᠮᠡᠨᠳᠦ ᠶᠢ ᠬᠠᠶᠢᠷᠠᠯᠠᠭᠲᠤᠨ 3.ᠣᠷᠣᠢ ᠳᠡᠭᠡᠷ᠎ᠡ ᠴᠢᠨᠢ ᠭᠠᠷᠴᠤ ᠷᠠᠰᠢᠶᠠᠨ ᠠᠴᠠ ᠴᠢᠨᠢ ᠤᠶ᠎ᠠ ᠣᠷᠭᠢᠯ ᠤᠨ ᠴᠢᠨᠢ ᠥᠨᠳᠥᠷ ᠤᠲᠠᠢ ᠱᠠᠩ ᠠᠴᠠ ᠥᠭᠡᠷ᠎ᠡ ᠦᠭᠡᠢ ᠡᠨᠡ ᠭᠠᠵᠠᠷ ᠠᠴᠠ ᠬᠣᠶᠠᠷ ᠤᠳᠠᠭ᠎ᠠ ᠳᠠᠶᠢᠨ ᠳᠤ ᠶᠠᠪᠤᠬᠤ ᠳᠤ ᠪᠠᠨ ᠡᠶᠢᠮᠦ ᠰᠠᠶᠢᠬᠠᠨ ᠭᠠᠵᠠᠷ ᠢ ᠦᠵᠡᠵᠦ ᠰᠡᠳᠬᠢᠯ ᠮᠢᠨᠢ ᠪᠠᠶᠠᠰᠤᠭᠠᠳ ᠡᠭᠦᠨ ᠢ ᠪᠢᠴᠢᠪᠡᠢ 《ᠪᠠ – ᠬᠠᠨ –᠎ᠠ》 ᠬᠡᠮᠡᠨ ᠭᠠᠷ ᠤᠨ ᠢᠶᠠᠨ ᠦᠰᠦᠭ ᠢ ᠵᠢᠷᠤᠵᠠᠢ᠃ 4. 《ᠲᠩᠷᠢ ᠡᠴᠡ ᠥᠷᠥᠰᠢᠶᠡᠭᠰᠡᠨ ᠷᠠᠰᠢᠶᠠᠨ ᠡᠭᠦᠨ ᠡᠴᠡ ᠤᠭᠤᠬᠤᠶ᠎ᠠ ᠤᠨ ᠳᠤ ᠡᠳ᠋ᠯᠡᠭᠰᠡᠨ ᠲᠡᠢ ᠠᠳᠠᠯᠢ ᠮᠢᠨᠦ ᠡᠷᠡᠭᠦᠯ ᠮᠡᠨᠳᠦ ᠤᠯᠠᠮ ᠤᠯᠠᠮ ᠢᠶᠠᠷ ᠨᠡᠮᠡᠭᠳᠡᠵᠦ ᠪᠠᠶᠢᠨ᠎ᠠ᠃ ᠳᠢᠶᠠᠨᠴᠢ ᠶᠢᠨ ᠡᠨᠡ ᠠᠭᠤᠯᠠᠨ ᠳᠤ ᠠᠮᠢᠨᠳᠠᠪᠠ ᠪᠤᠷᠬᠠᠨ ᠷᠠᠰᠢᠶᠠᠨ ᠤ ᠳᠦᠷᠢ ᠪᠡᠷ ᠰᠤᠳᠠᠰᠤ ᠪᠠᠷ ᠦᠯᠡᠳᠡᠵᠡᠢ᠃ ᠴᠡᠴᠡᠭ ᠨᠠᠪᠴᠢ ᠡᠮᠦᠰ ᠤᠷᠭᠤᠮᠠᠯ ᠤᠨ ᠴᠢᠨᠢ ᠦᠵᠡᠰᠬᠦᠯᠡᠩ ᠳ᠋ᠢᠸᠠᠵᠠᠨ ᠲᠠᠢ ᠠᠳᠠᠯᠢ ᠰᠣᠨᠢᠨ ᠭᠠᠶᠢᠬᠠᠮᠰᠢᠭᠲᠤ ᠭᠠᠯᠠᠭᠤ ᠰᠢᠪᠠᠭᠤᠳ ᠲᠥᠷᠦᠯᠡᠬᠦ ᠶᠣᠰᠣ ᠪᠠᠨ ᠳᠠᠭᠠᠵᠤ ᠣᠭᠲᠠᠷᠭᠤᠢ ᠳᠤ ᠦᠶᠡᠯᠡᠨ ᠨᠢᠰᠳᠡᠭ ᠦᠨ ᠠᠳᠠᠯᠢ ᠡᠨᠡ ᠭᠠᠵᠠᠷ ᠤᠨ ᠵᠢᠭᠦᠷᠲᠡᠨ ᠰᠢᠪᠠᠭᠤᠳ ᠬᠦᠷᠲᠡᠯ᠎ᠡ ᠵᠢᠷᠤᠮ ᠢ ᠳᠠᠭᠠᠵᠤ ᠨᠢᠰᠬᠦ ᠨᠢ ᠰᠣᠨᠢᠨ᠃ ᠳᠠᠶᠢᠨ ᠳᠤ ᠶᠠᠪᠤᠬᠤ ᠵᠠᠮ ᠤᠨ ᠳᠠᠯᠢᠮ ᠳᠤ ᠢᠷᠡᠵᠦ ᠪᠤᠷᠬᠠᠨ ᠤ ᠷᠠᠰᠢᠶᠠᠨ ᠡᠭᠦᠨ ᠡᠴᠡ ᠬᠦᠷᠢᠲᠦᠵᠦ ᠰᠣᠨᠢᠷᠬᠠᠪᠠᠢ᠃ ᠥᠯᠵᠡᠢ ᠬᠤᠲᠤᠭ ᠤᠨ ᠨᠠᠰᠤᠨ ᠰᠡᠭᠦᠳᠡᠷ ᠨᠡᠮᠡᠬᠦ ᠲᠩᠷᠢ ᠲᠡᠳᠬᠦᠭᠰᠡᠨ ᠬᠠᠭᠠᠨ ᠤ 19 ᠍ ᠳᠦᠭᠡᠷ ᠣᠨ》 ᠬᠡᠮᠡᠵᠡᠢ᠃ 5.》 ᠡᠵᠡᠨ ᠦ ᠵᠠᠷᠯᠢᠭ ᠢᠶᠠᠷ ᠭᠤᠷᠪᠠᠨ ᠵᠡᠷᠭᠡ ᠨᠡᠮᠡᠭᠰᠡᠨ ᠭᠠᠪᠢᠶ᠎ᠠ ᠶᠢ ᠪᠠᠨ ᠨᠢᠭᠡᠨ ᠤᠳᠠᠭ᠎ᠠ ᠲᠡᠮᠳᠡᠭᠯᠡᠭᠦᠯᠦᠭᠰᠡᠨ 8 ᠍ ᠳᠦᠭᠡᠷ ᠵᠡᠷᠭᠡ ᠶᠢᠨ ᠪᠢᠴᠢᠭᠡᠴᠢ ᠭᠠᠯᠳᠠᠨ- ᠪᠠ ᠬᠠᠨ᠎ᠠ ᠪᠠᠨ ᠪᠢ ᠪᠡᠷ᠎ᠡ ᠴᠡᠷᠢᠭ ᠳᠠᠶᠢᠨ ᠤ ᠠᠵᠢᠯ ᠢᠶᠠᠷ ᠬᠣᠶᠠᠷ ᠳ᠋ᠡᠬᠢ ᠶᠠᠪᠤᠯᠲᠠ ᠪᠠᠷ ᠢᠶᠠᠨ ᠡᠭᠦᠨ ᠢ ᠡᠪᠡᠰᠦᠨ ᠦ ᠰᠢᠭᠦᠳᠡᠷᠢ ᠤᠨᠠᠬᠤ ᠠᠴᠠ ᠬᠣᠶᠠᠷ ᠬᠣᠨᠣᠭ ᠤᠨ ᠡᠮᠦᠨ᠎ᠡ ᠪᠢᠴᠢᠪᠡᠢ᠃ ᠪᠢ ᠪᠢᠴᠢᠭ ᠦᠨ ᠡᠷᠳᠡᠮ ᠢᠶᠡᠷ ᠮᠡᠬᠦᠰ ᠲᠤᠯᠠ ᠤᠩᠰᠢᠭᠴᠢ ᠣᠯᠠᠨ ᠥᠷᠥᠰᠢᠶᠡᠨ ᠰᠣᠶᠣᠷᠬᠠᠮᠤᠢ》 ᠭᠡᠵᠡᠢ 6.》ᠰᠢᠨ᠎ᠡ ᠵᠢᠯ ᠦᠨ ᠪᠠᠶᠠᠷ ᠢ ᠦᠢᠯᠡᠳᠬᠦᠢ ᠶᠢᠨ ᠳᠣᠣᠷ᠎ᠠ ᠭᠡᠭᠡᠨ ᠭᠡᠷᠡᠯ ᠳᠦ ᠵᠠᠮ ᠳᠤ ᠣᠷᠣᠯ᠎ᠠ᠃ ᠱᠠᠰ-ᠰᠢ ᠨᠤᠲᠤᠭ ᠤᠨ ᠮᠠᠭᠤ ᠱᠠᠪᠢ ᠮᠥᠷᠭᠥᠯ ᠦᠨ ᠶᠣᠰᠣᠭᠠᠷ ᠡᠨᠳᠡ ᠢᠷᠡᠯ᠎ᠡ᠃ ᠨᠠᠮᠠᠢ ᠳᠠᠭᠠᠭᠤᠯᠤᠨ ᠢᠷᠡᠭᠰᠡᠨ ... ᠪᠢᠷ ᠪᠡᠬᠡ ᠪᠡᠷ ᠪᠢ ᠡᠨᠡ ᠤᠴᠢᠷ ᠢ ᠲᠦᠮᠡᠨ ᠵᠢᠯ ᠦᠨ ᠳᠤᠷᠠᠰᠬᠠᠯ ᠪᠣᠯᠭᠠᠵᠤ ᠪᠢᠴᠢᠪᠡᠢ》 ᠴᠢᠩ ᠤᠯᠤᠰ ᠤᠨ ᠲᠥᠷᠥ ᠭᠡᠷᠡᠯ ᠬᠠᠭᠠᠨ ᠤ᠃.. ᠣᠨ (ᠣᠨ ᠤ ᠲᠣᠭ᠎ᠠ ᠦᠰᠦᠭ ᠪᠠᠯᠠᠷᠬᠠᠢ ᠪᠣᠯᠵᠠᠢ) ᠸᠠᠩ ᠺᠠ ᠰᠢ – ᠳᠤᠩ ᠬᠡᠮᠡᠵᠡᠢ ᠲᠡᠮᠡᠭᠡᠨ ᠬᠣᠩᠰᠢᠶᠠᠷ

ᠲᠡᠮᠡᠭᠡᠨ ᠬᠡᠯᠪᠡᠷᠢ ᠳᠦ ᠲᠣᠭᠲᠠᠭᠰᠠᠨ ᠠᠭᠤᠯᠠ ᠬᠠᠳᠠ

ᠤᠪᠰᠤ ᠠᠶᠢᠮᠠᠭ ᠤᠨ ᠥᠯᠥᠭᠡᠢ ᠰᠤᠮᠤ ᠶᠢᠨ ᠪᠠᠷᠠᠭᠤᠨ ᠤᠯᠠᠭᠠᠨ ᠤ ᠠᠭᠤᠯᠠᠨ ᠳᠤ ᠲᠡᠮᠡᠭᠡᠨ ᠬᠣᠩᠰᠢᠶᠠᠷ ᠭᠡᠳᠡᠭ ᠠᠰᠤᠷᠤ ᠲᠣᠮᠣ ᠴᠢᠯᠠᠭᠤᠨ ᠲᠣᠭᠲᠠᠴᠠ ᠪᠠᠶᠢᠳᠠᠭ᠃ ᠡᠨᠡ ᠨᠢ ᠬᠦᠷᠮᠡᠲᠦ ᠶᠢᠨ ᠬᠥᠨᠳᠡᠢ ᠶᠢᠨ ᠡᠬᠢᠨ ᠪᠤᠷᠭᠠᠰᠤᠲᠠᠢ ᠶᠢᠨ ᠡᠬᠢᠨ ᠷᠦᠦ ᠳᠠᠪᠠᠬᠤ ᠳᠠᠪᠠᠭᠠᠨ ᠤ ᠬᠣᠶᠢᠳᠤ ᠲᠠᠯ᠎ᠠ ᠳᠤ ᠣᠴᠣᠶᠢᠵᠤ ᠰᠠᠭᠤᠭᠰᠠᠨ ᠣᠷᠣᠢ ᠪᠤᠤᠷ᠎ᠠ ᠰᠢᠭ᠂ᠦᠯᠢᠭᠡᠷ ᠳᠣᠮᠣᠭ ᠲᠤ ᠭᠠᠷᠳᠠᠭ ᠤᠰᠤ ᠪᠠᠨ ᠤᠤᠭᠤᠵᠤ ᠡᠪᠡᠷ ᠢᠶᠡᠨ ᠬᠦᠯᠢᠶᠡᠭᠰᠡᠨ ᠲᠡᠮᠡᠭᠡ ᠰᠢᠭ ᠬᠠᠷᠠᠭᠳᠠᠬᠤ ᠨᠢ ᠪᠠᠶᠢᠭᠠᠯᠢ ᠳᠡᠯᠡᠬᠡᠢ ᠪᠢᠳᠡᠨ ᠳᠦ ᠰᠣᠨᠢᠨ ᠰᠠᠶᠢᠬᠠᠨ ᠭᠠᠶᠢᠬᠠᠮᠰᠢᠭ ᠢᠶᠠᠨ ᠦᠯᠡᠳᠡᠭᠡᠭᠰᠡᠨ ᠭᠡᠵᠦ ᠬᠡᠯᠡᠵᠦ ᠪᠣᠯᠤᠨ᠎ᠠ᠃ ᠡᠨᠡ ᠦᠵᠡᠰᠬᠦᠯᠡᠩᠲᠦ ᠲᠣᠭᠲᠠᠴᠠ ᠨᠢ ᠠᠶᠠᠯᠠᠯ ᠵᠢᠭᠤᠯᠴᠢᠳ ᠤᠨ ᠰᠣᠨᠢᠷᠬᠠᠯ ᠢ ᠲᠠᠲᠠᠵᠤ ᠴᠢᠳᠠᠬᠤᠶᠢᠴᠠ ᠥᠪᠡᠷᠮᠢᠴᠡ ᠣᠨᠴᠠᠯᠢᠭ ᠪᠦᠬᠦᠢ ᠭᠠᠶᠢᠬᠠᠮᠰᠢᠭᠲᠤ ᠪᠠᠶᠢᠭᠠᠯᠢ ᠶᠤᠮ᠃ ᠰᠤᠨᠳᠤᠤᠯᠲᠤ ᠶᠢᠨ ᠭᠣᠣᠯ ᠤᠨ ᠳᠡᠭᠡᠳᠦ ᠷᠠᠰᠢᠶᠠᠨ

ᠰᠤᠨᠳᠤᠤᠯᠲᠤ ᠶᠢᠨ ᠭᠣᠣᠯ ᠤᠨ ᠳᠡᠭᠡᠳᠦ ᠷᠠᠰᠢᠶᠠᠨ ᠤ ᠪᠤᠷᠭᠠᠰᠤ


ᠤᠪᠰᠤ ᠠᠶᠢᠮᠠᠭ ᠤᠨ ᠥᠯᠥᠭᠡᠢ ᠶᠢᠨ ᠰᠤᠮᠤ ᠶᠢᠨ ᠲᠥᠪ ᠡᠴᠡ 14 ᠺᠢᠯᠣᠮᠧᠲ᠋ᠷ ᠪᠠᠷᠠᠭᠤᠨ ᠤᠯᠠᠭᠠᠨ ᠤ ᠠᠭᠤᠯᠠᠨ ᠳᠤ . ᠶᠠᠲᠤᠭᠠᠷ ᠠᠭᠤᠯᠠ ᠶᠢᠨ ᠪᠠᠷᠠᠭᠤᠨ ᠥᠪᠥᠷ ᠳᠢᠶᠠᠨᠴᠢ ᠶᠢᠨ ᠠᠭᠤᠢ ᠶᠢᠨ ᠤᠷᠳᠤ ᠡᠪᠦᠷ ᠲᠦ ᠴᠣᠬᠢᠶ᠎ᠠ ᠬᠠᠳᠠᠨ ᠳᠤᠮᠳᠠ ᠠᠴᠠ ᠭᠠᠷᠴᠤ ᠬᠦᠮᠦᠨ ᠦ ᠪᠡᠶ᠎ᠡ ᠡᠷᠬᠡᠲᠡᠨ ᠦ ᠳᠦᠷᠰᠦ ᠪᠦᠬᠦᠢ ᠣᠯᠠᠨ ᠬᠡᠯᠪᠡᠷᠢ ᠶᠢᠨ ᠬᠠᠳᠠᠨ ᠠᠴᠠ ᠤᠷᠤᠰᠤᠨ ᠭᠠᠷᠳᠠᠭ ᠥᠪᠡᠷᠮᠢᠴᠡ ᠲᠣᠭᠲᠠᠴᠠ ᠲᠠᠢ ᠣᠯᠠᠨ ᠲᠥᠷᠥᠯ ᠦᠨ ᠷᠠᠰᠢᠶᠠᠨ ᠪᠤᠢ᠃ ᠡᠭᠦᠨ ᠳᠦ ᠬᠦᠮᠦᠨ ᠦ ᠬᠥᠮᠥᠰᠬᠡᠲᠡᠢ ᠬᠣᠶᠠᠷ ᠨᠢᠳᠦ ᠰᠢᠭ ᠬᠡᠯᠪᠡᠷᠢ ᠲᠡᠢ ᠬᠠᠳᠠᠨ ᠳᠤ ᠲᠣᠭᠲᠠᠭᠰᠠᠨ ᠷᠠᠰᠢᠶᠠᠨ ᠢ ᠨᠢᠳᠦᠨ ᠳᠦ ᠲᠦᠷᠬᠢᠵᠦ ,ᠤᠭᠢᠶᠠᠵᠤ ,ᠤᠤᠭᠤᠳᠠᠭ ᠨᠢᠳᠦᠨ ᠦ ᠬᠠᠷ᠎ᠠ ᠨᠢᠳᠦᠨ ᠦ ᠡᠪᠡᠳᠴᠢᠨ ᠳᠦ ᠬᠡᠷᠡᠭᠯᠡᠳᠡᠭ᠃ ᠬᠦᠮᠦᠨ ᠦ ᠬᠣᠳᠣᠭᠣᠳᠣ ᠬᠡᠯᠪᠡᠷᠢ ᠲᠡᠢ ᠬᠠᠳᠠᠨ ᠳᠤ ᠲᠣᠭᠲᠠᠭᠰᠠᠨ ᠷᠠᠰᠢᠶᠠᠨ ᠢ ᠵᠤᠨ ᠤ ᠤᠯᠠᠷᠢᠯ ᠳᠤ ᠳᠣᠲᠣᠷ᠎ᠠ ᠨᠢ ᠵᠢᠪᠡᠷ ᠲᠡᠢ ᠰᠢᠷᠭᠤᠯᠵᠢ ᠮᠠᠶ᠋ᠢᠭ ᠤᠨ ᠥᠲᠥ ᠬᠣᠷᠣᠬᠠᠢ ᠲᠠᠢ ᠡᠳᠡᠭᠡᠷ ᠠᠮᠢᠲᠠᠳ ᠲᠠᠢ ᠨᠢ ᠬᠠᠮᠲᠤ ᠷᠠᠰᠢᠶᠠᠯᠠᠵᠤ ᠤᠤᠭᠤᠬᠤ ᠳᠤ ᠡᠯᠢᠭᠡ ᠰᠥᠰᠥ ᠬᠣᠳᠣᠭᠣᠳᠣᠨ ᠳᠤ ᠮᠠᠰᠢ ᠰᠠᠶᠢᠨ . ᠡᠬᠡ ᠶᠢᠨ ᠤᠮᠠᠢ ᠰᠢᠭ ᠬᠠᠳᠠᠨ ᠤ ᠨᠦᠬᠡᠨ ᠡᠴᠡ ᠤᠨᠳᠤᠷᠴᠢ ᠭᠠᠷᠳᠠᠭ ᠷᠠᠰᠢᠶᠠᠨ ᠢ ᠡᠮᠡᠭᠲᠡᠢ ᠬᠦᠮᠦᠨ ᠦ ᠰᠠᠪᠠ ,ᠳᠣᠲᠣᠷ ᠡᠷᠬᠡᠲᠡᠨ ᠦ ᠡᠪᠡᠳᠴᠢᠨ ᠳᠦ ᠮᠠᠰᠢ ᠰᠠᠶᠢᠨ ᠭᠡᠵᠦ ᠬᠡᠷᠡᠭᠯᠡᠳᠡᠭ . ᠮᠥᠨ ᠬᠦᠮᠦᠨ ᠦ ᠪᠥᠭᠡᠷ᠎ᠡ ᠬᠡᠯᠪᠡᠷᠢ ᠲᠡᠢ ᠬᠣᠶᠠᠷ ᠪᠥᠭᠡᠷᠡᠭ ᠬᠠᠳᠤᠨ ᠳᠣᠣᠷ᠎ᠠ ᠠᠴᠠ ᠭᠠᠷᠳᠠᠭ ᠷᠠᠰᠢᠶᠠᠨ ᠢ ᠪᠥᠭᠡᠷ᠎ᠡ , ᠴᠠᠷᠴᠠᠭ ᠤᠨ ᠡᠪᠡᠳᠴᠢᠨ ᠳᠦ ᠬᠡᠷᠡᠭᠯᠡᠳᠡᠭ᠃ ᠡᠨᠡ ᠷᠠᠰᠢᠶᠠᠨ ᠨᠢ ᠣᠯᠠᠨ ᠲᠥᠷᠥᠯ ᠦᠨ ᠮᠢᠺᠷᠣ᠋ ᠡᠯᠮᠧᠨᠲ ᠲᠡᠢ ᠵᠠᠩᠴᠢᠪᠯᠠᠩᠭ᠎ᠠ ᠶᠢᠨ ᠷᠠᠰᠢᠶᠠᠨ ᠠᠴᠠ ᠳᠤᠲᠠᠬᠤ ᠪᠠᠷ ᠦᠭᠡᠢ ᠭᠡᠵᠦ ᠡᠷᠳᠡᠮᠲᠡᠳ ᠲᠣᠭᠲᠠᠭᠠᠭᠰᠠᠨ ᠪᠠᠶᠢᠳᠠᠭ᠃ ᠷᠠᠰᠢᠶᠠᠨ ᠢ ᠬᠡᠷᠡᠭᠯᠡᠬᠦ ᠠᠷᠭ᠎ᠠ: ᠵᠤᠨ ᠤ ᠳᠡᠯᠭᠡᠷ ᠰᠠᠶᠢᠬᠠᠨ ᠴᠠᠭ ᠲᠤ ᠪᠤᠶᠤ 08 ᠰᠠᠷ᠎ᠠ ᠶᠢᠨ 01 ᠍ ᠨ ᠡᠴᠡ 09 ᠰᠠᠷ᠎ᠠ ᠶᠢᠨ 01 ᠍ ᠤ ᠬᠣᠭᠣᠷᠣᠨᠳᠣ ᠭᠡᠷ ᠣᠷᠣᠨ ᠪᠠᠶᠢᠷᠢ ᠲᠠᠢ ᠣᠴᠢᠵᠤ 7 ᠬᠣᠨᠣᠭ ᠤᠨ ᠬᠤᠭᠤᠴᠠᠭ᠎ᠠ ᠪᠠᠷ ᠲᠠᠪᠠᠯᠠᠵᠤ ᠤᠤᠭᠤᠭᠠᠳ ᠪᠡᠶ᠎ᠡ ᠪᠡᠨ ᠳᠤᠯᠠᠭᠠᠨ ᠪᠠᠶᠢᠯᠭᠠᠵᠤ ᠬᠣᠨᠢᠨ ᠤ ᠮᠢᠬ᠎ᠠ ᠬᠡᠷᠡᠭᠯᠡᠵᠦ 7 ᠬᠣᠨᠣᠭ ᠷᠠᠰᠢᠶᠠᠨ ᠤ ᠴᠡᠭᠡᠷ ᠳᠢᠭᠯᠢᠮ ᠢ ᠬᠠᠲᠠᠭᠤ ᠪᠠᠷᠢᠵᠤ ᠴᠠᠭᠠᠨ ᠢᠳᠡᠭᠡ ᠬᠡᠷᠡᠭᠯᠡᠬᠦ ᠦᠭᠡᠢ ᠪᠠᠶᠢᠨ᠎ᠠ᠂ ᠳᠡᠭᠡᠷᠡᠬᠢ ᠭᠠᠮ ᠢ ᠰᠠᠶᠢᠨ ᠪᠠᠷᠢᠪᠠᠯ ᠡᠨᠡ ᠷᠠᠰᠢᠶᠠᠨ ᠤ ᠦᠢᠯᠡᠴᠢᠯᠡᠭᠡ ᠰᠠᠶᠢᠨ ᠪᠣᠯᠠᠢ ᠡᠨᠡ ᠷᠠᠰᠢᠶᠠᠨ ᠢ ᠤᠤᠭᠤᠭᠰᠠᠨ ᠬᠦᠮᠦᠨ ᠭᠤᠷᠪᠠᠨ ᠵᠢᠯ ᠲᠠᠰᠤᠷᠠᠯᠲᠠ ᠦᠭᠡᠢ ᠤᠤᠭᠤᠪᠠᠯ ᠲᠤᠬᠠᠢ ᠶᠢᠨ ᠡᠪᠡᠳᠴᠢᠨ ᠢ ᠪᠦᠷᠢᠨ ᠢᠯᠠᠭᠠᠷᠢᠰᠢᠭᠤᠯᠵᠤ ᠴᠢᠳᠠᠨ᠎ᠠ᠃

ᠳᠢᠶᠠᠨ ᠤ ᠠᠭᠤᠢ


ᠠᠭᠤᠢ ᠳᠣᠲᠣᠷ᠎ᠠ ᠠᠴᠠ ᠠᠪᠤᠭᠰᠠᠨ ᠵᠢᠷᠤᠭ




ᠠᠭᠤᠢ ᠶᠢᠨ ᠭᠠᠳᠠᠨ᠎ᠠ ᠠᠴᠠ ᠠᠪᠤᠭᠰᠠᠨ ᠵᠢᠷᠤᠭ


ᠤᠪᠰᠤ ᠠᠶᠢᠮᠠᠭ ᠤᠨ ᠥᠯᠥᠭᠡᠢ ᠰᠤᠮᠤ ᠶᠢᠨ ᠪᠠᠷᠠᠭᠤᠨ ᠤᠯᠠᠭᠠᠨ ᠳᠤ ᠶᠠᠲᠤᠭᠠᠷ ᠠᠭᠤᠯᠠ ᠶᠢᠨ ᠪᠠᠷᠠᠭᠤᠨ ᠡᠭᠡᠮ᠎ᠡ ᠳᠦ ᠢᠷᠭᠠᠢ ᠲᠠᠢ ᠲᠠᠭ ᠤᠨ ᠡᠬᠢᠨ ᠳᠦ ᠪᠠᠶᠢᠳᠠᠭ᠃ ᠡᠨᠡ ᠠᠭᠤᠢ ᠶᠢᠨ ᠥᠨᠳᠥᠷ ᠨᠢ 8 ᠮ , ᠥᠷᠭᠡᠨ ᠨᠢ 4 ᠮ , ᠤᠷᠲᠤ ᠨᠢ 10 ᠮ ᠲᠣᠮᠣ ᠠᠭᠤᠢ ᠪᠤᠢ ᠠᠭᠤᠢ ᠳᠣᠲᠣᠷ᠎ᠠ ᠳᠡᠭᠡᠷ᠎ᠡ ᠦᠶ᠎ᠡ ᠳᠦ ᠳᠢᠶᠠᠨᠴᠢ ᠯᠠᠮᠠ ᠨᠠᠷ ᠨᠣᠮ ᠪᠢᠰᠢᠯᠭᠠᠵᠤ ᠵᠤᠯᠠ ᠬᠥᠵᠢ ᠪᠠᠷᠢᠵᠤ ᠪᠠᠶᠢᠭᠰᠠᠨ ᠭᠡᠳᠡᠭ᠃ᠦᠨᠡᠬᠡᠷ ᠦᠨ ᠵᠤᠯᠠ ᠪᠠᠷᠢᠵᠤ ᠪᠠᠶᠢᠭᠰᠠᠨ ᠭᠡᠮᠡᠷ ᠬᠠᠳᠠᠨ ᠤ ᠨᠦᠬᠡ ᠴᠤ ᠪᠤᠢ . ᠮᠥᠨ ᠳᠡᠭᠡᠷ᠎ᠡ ᠦᠶᠡᠰ ᠬᠣᠶᠢᠰᠢ ᠨᠤᠲᠤᠭ ᠤᠨ ᠢᠷᠭᠡᠳ ᠴᠠᠭ ᠬᠦᠨᠳᠦᠷᠡᠭᠰᠡᠨ ᠵᠢᠯ ᠴᠥᠭᠡᠨ ᠲᠣᠭᠠᠨ ᠤ ᠮᠠᠯ ᠢᠶᠠᠨ ᠡᠪᠦᠯᠵᠢᠭᠦᠯᠵᠦ ᠣᠨ ᠳᠤ ᠮᠡᠨᠳᠦ ᠣᠷᠣᠭᠤᠯᠵᠤ ᠢᠷᠡᠭᠰᠡᠨ ᠡᠨᠡ ᠠᠭᠤᠢ ᠳᠤ 100 ᠭᠠᠷᠤᠢ ᠲᠣᠭᠠᠨ ᠤ ᠪᠣᠭ ᠴᠢᠯᠦᠭᠡᠲᠡᠢ ᠪᠠᠭᠠᠳᠬᠤ ᠲᠣᠮᠣ ᠠᠭᠤᠢ ᠶᠤᠮ᠃ ᠣᠳᠣ ᠠᠭᠤᠢ ᠳᠣᠲᠣᠷ᠎ᠠ ᠮᠠᠯ ᠤᠨ ᠬᠡᠪᠲᠡᠷᠢ ᠥᠳᠬᠡ ᠪᠠᠭᠤᠴᠠ ᠲᠠᠢ ᠪᠣᠯᠤᠭᠰᠠᠨ ᠪᠠᠶᠢᠨ᠎ᠠ᠃ ᠡᠨᠡ ᠠᠭᠤᠢ ᠶᠢ ᠠᠰᠢᠭᠯᠠᠨ ᠪᠠᠶᠢᠭᠠᠯᠢ ᠶᠢᠨ ᠦᠵᠡᠰᠬᠦᠯᠡᠩ ᠠᠨ ᠠᠮᠢᠲᠠᠨ᠂ ᠷᠠᠰᠢᠶᠠᠨ ᠰᠤᠪᠢᠯᠠᠯ ᠢ ᠠᠰᠢᠭᠯᠠᠨ ᠠᠶᠠᠯᠠᠯ ᠵᠢᠭᠤᠯᠴᠢᠯᠠᠯ ᠤᠨ ᠪᠥᠰᠡ ᠨᠤᠲᠤᠭ ᠪᠠᠶᠢᠭᠤᠯᠬᠤ ᠪᠣᠯᠤᠮᠵᠢ ᠨᠥᠬᠥᠴᠡᠯ ᠪᠦᠷᠢᠨ ᠪᠤᠢ


ᠮᠥᠩᠭᠥ ᠠᠪᠬᠤ ᠪᠠᠷ ᠤᠬᠠᠵᠤ᠂ ᠲᠦᠩᠬᠦᠭᠰᠡᠨ ᠪᠠᠶᠢᠳᠠᠯ


ᠤᠪᠰᠤ ᠠᠶᠢᠮᠠᠭ ᠤᠨ ᠥᠯᠥᠭᠡᠢ ᠰᠤᠮᠤ ᠠᠴᠠ 16 ᠺᠢᠯᠣᠮᠧᠲ᠋ᠷ ᠪᠠᠶᠢᠳᠠᠭ᠃ ᠮᠣᠩᠭᠣᠯᠴᠤᠳ ᠮᠠᠨᠵᠤ ᠴᠢᠩ ᠤᠯᠤᠰ ᠤᠨ ᠳᠠᠷᠤᠯᠠᠯ ᠳᠤ ᠪᠠᠶᠢᠬᠤ ᠦᠶ᠎ᠡ ᠳᠦ ᠭᠡᠨ᠎ᠡ ᠡᠨᠡ ᠭᠠᠵᠠᠷ ᠬᠢᠲᠠᠳ ᠬᠤᠳᠠᠯᠳᠤᠭᠠᠴᠢᠳ ᠫᠦᠰᠡ ᠪᠠᠷᠢᠵᠤ ᠠᠷᠠᠯᠵᠢᠶ᠎ᠠ ᠮᠠᠶᠢᠮᠠᠭ᠎ᠠ ᠶᠢ ᠪᠠᠨ ᠶᠠᠪᠤᠭᠤᠯᠳᠠᠭ ᠪᠠᠶᠢᠴᠠᠢ᠃ ᠭᠡᠲᠡᠯ᠎ᠡ ᠭᠠᠢ ᠭᠠᠷᠴᠤ ᠮᠣᠩᠭᠣᠯᠴᠤᠳ ᠪᠣᠰᠤᠯᠭ᠎ᠠ ᠭᠠᠷᠭᠠᠵᠤ ᠮᠠᠨᠵᠤ ᠶᠢᠨ ᠰᠠᠶᠢᠳ ᠠᠮᠪᠠᠨ᠂ ᠬᠤᠳᠠᠯᠳᠤᠭᠠᠴᠢᠳ ᠰᠠᠨᠳᠤᠷᠤᠯᠳᠤᠵᠤ ᠭᠡᠨ᠎ᠡ ᠤᠴᠢᠷ ᠨᠢ ᠲᠡᠳᠡ ᠨᠠᠷ ᠨᠢᠭᠡ ᠲᠣᠮᠣ ᠲᠣᠭᠣᠢ ᠳᠡᠭᠦᠷᠬᠦᠶᠢᠴᠡ ᠬᠡᠮᠵᠢᠶᠡᠨ ᠦ ᠮᠥᠩᠭᠥᠨ ᠭᠤᠯᠳᠤᠮᠠᠢ ᠲᠠᠢ ᠪᠠᠶᠢᠭᠰᠠᠨ . ᠲᠡᠭᠦᠨ ᠢ ᠪᠡᠨ ᠠᠪᠴᠤ ᠶᠠᠪᠤᠵᠤ ᠴᠢᠳᠠᠬᠤ ᠦᠭᠡᠢ ᠳᠦ ᠬᠦᠷᠴᠦ ᠮᠠᠰᠢ ᠲᠣᠮᠣ ᠬᠥᠭᠡᠭᠡᠲᠡᠢ ᠬᠠᠷ᠎ᠠ ᠲᠣᠭᠣᠭᠠᠨ ᠳᠤ ᠬᠢᠵᠦ ᠳᠠᠬᠢᠨ ᠨᠢᠭᠡ ᠲᠣᠭᠣᠭ᠎ᠠ ᠪᠠᠷ ᠬᠥᠮᠥᠷᠢᠨ ᠲᠣᠮᠣ ᠬᠠᠳᠠᠨ ᠳᠣᠣᠷ᠎ᠠ ᠪᠤᠯᠠᠵᠠᠢ . ᠢᠩᠭᠢᠵᠦ ᠪᠤᠯᠠᠬᠤ ᠳᠤ ᠪᠠᠨ ᠪᠠᠷᠠᠭᠤᠨ ᠵᠦᠭ ᠡᠴᠡ ᠮᠤᠬᠤᠷ ᠬᠠᠷ᠎ᠠ ᠪᠤᠬ᠎ᠠ ᠤᠨᠤᠭᠰᠠᠨ ᠬᠦᠮᠦᠨ ᠢᠷᠡᠵᠦ ᠠᠪᠤᠨ᠎ᠠ ᠭᠡᠵᠦ ᠰᠢᠪᠰᠢᠯᠭᠡ ᠤᠩᠰᠢᠭᠠᠳ ᠬᠢᠭᠰᠡᠨ ᠭᠡᠳᠡᠭ᠃/ᠣᠳᠣ ᠦᠶ᠎ᠡ ᠳᠦ ᠪᠣᠯ ᠮᠠᠰᠢᠨ ᠲᠧᠭᠨᠢᠭ ᠲᠡᠢ ᠬᠦᠮᠦᠨ ᠢᠷᠡᠵᠦ ᠠᠪᠤᠨ᠎ᠠ ᠭᠡᠰᠡᠨᠲᠡᠭᠦᠬᠦ ᠲᠡᠢ ᠭᠡᠨ᠎ᠡ/ ᠲᠡᠷᠡ ᠴᠠᠭ ᠠᠴᠠ ᠬᠣᠶᠢᠰᠢ ᠲᠡᠷᠡ ᠠᠭᠤᠯᠠ ᠶᠢ ᠮᠥᠩᠭᠥᠲ ᠤᠨ ᠠᠭᠤᠯᠠ ᠬᠡᠮᠡᠨ ᠨᠡᠷᠡᠶᠢᠳᠬᠦ ᠪᠣᠯᠵᠠᠢ᠃ ᠲᠠ ᠪᠦᠬᠦᠨ ᠳᠦ ᠰᠣᠨᠢᠷᠬᠠᠭᠤᠯᠬᠤ ᠳᠤ ᠲᠡᠷᠡ ᠬᠠᠳᠤᠨ ᠳᠣᠣᠷ᠎ᠠ ᠠᠴᠠ ᠮᠥᠩᠭᠥ ᠶᠢ ᠠᠪᠬᠤ ᠭᠡᠵᠦ ᠣᠯᠠᠨ ᠬᠦᠮᠦᠨ ᠣᠷᠣᠯᠳᠤᠵᠤ ᠤᠬᠠᠵᠤ ᠲᠦᠩᠬᠦᠭᠰᠡᠨ ᠪᠣᠯᠪᠠᠴᠤ ᠮᠥᠩᠭᠥᠨ ᠳᠦ ᠳᠥᠬᠥᠭᠡᠳ ᠢᠷᠬᠡ ᠪᠡᠷ ᠮᠥᠩᠭᠥ ᠳᠠᠷᠤᠭᠰᠠᠨ ᠬᠠᠳᠠ ᠳᠣᠭᠣᠭᠰᠢ ᠰᠠᠭᠤᠨ᠎ᠠ ᠳᠠᠷᠤᠳᠠᠭ ᠠᠵᠡᠢ᠃ ᠲᠡᠷᠡ ᠬᠦᠷᠮ᠎ᠡ ᠨᠢ ᠮᠥᠩᠭᠥᠲᠦ ᠶᠢᠨ ᠠᠭᠤᠯᠠ ᠶᠢᠨ ᠠᠮᠠᠨ ᠳᠤ ᠪᠠᠶᠢᠳᠠᠭ ᠶᠤᠮ᠃ Email ThisBlogThis!Share to TwitterShare to Facebook

ᠪᠢᠴᠢᠭᠡᠰᠦ